《ᠬᠣᠶᠠᠷ ᠠᠭᠤᠯᠠ》᠎ᠶ᠋ᠢᠨ ᠦᠶ᠋ᠯᠡᠳᠦᠯᠭᠡ ᠬᠥᠳᠡᠭᠡ ᠲᠣᠰᠭᠣᠨ᠎ᠳᠤ ᠬᠤᠪᠢᠷᠠᠯᠲᠠ ᠠᠪᠴᠢᠷᠠᠵᠦ ᠣᠪᠣᠭ᠎ᠠ ᠲᠣᠰᠭᠣᠨ᠎ᠤ ᠦᠯᠢᠭᠡᠷ ᠦᠷᠭᠦᠯᠵᠢᠯᠡᠨ ᠱᠢᠨᠡᠳᠴᠦ᠍ ᠪᠠᠢᠨ᠎ᠠ
2024-07-21 11:25:04
ᠵᠣᠬᠢᠶᠠᠭ᠍ᠴᠢ᠄
ᠵᠧᠩ ᠱᠢᠤᠸᠠᠢ ᠯᠢᠶᠠᠩ
ᠣᠩᠱᠢᠭ᠍ᠰᠠᠨ ᠣᠳᠠᠭ᠎ᠠ᠄
★★★☆☆

ᠵᠤᠨ᠎ᠤ ᠤᠯᠠᠷᠢᠯ᠎ᠤᠨ ᠳᠠᠯᠠᠨ ᠬᠠᠷ᠎ᠠ ᠠᠭᠤᠯᠠᠨ᠎ᠳᠤ᠂ ᠰᠥᠨᠢ᠎ᠳᠡᠭᠡᠨ ᠰᠠᠷᠠᠨ᠎ᠤ ᠭᠡᠷᠡᠯ ᠪᠠ ᠣᠳᠣᠨ ᠮᠡᠴᠢᠳ᠎ᠡᠴᠡ ᠥᠭᠡᠷ᠎ᠡ ᠶᠠᠮᠠᠷ ᠴᠤ᠌ ᠴᠢᠮᠡᠭᠡ ᠠᠨᠢᠷ ᠦᠭᠡᠢ᠂ ᠦᠳᠡᠰᠢ᠎ᠶ᠋ᠢᠨ ᠰᠠᠯᠬᠢ ᠡᠪᠡᠰᠦᠨ ᠦᠵᠦᠭᠦᠷ᠎ᠢ ᠢᠯᠪᠢᠭ᠌ᠰᠡᠨ ᠱᠠᠷ ᠱᠠᠷ ᠳᠠᠭᠤᠨ᠎ᠢ ᠬᠦᠷᠲᠡᠯ᠎ᠡ ᠲᠣᠪ ᠲᠣᠳᠣᠬᠠᠨ ᠰᠣᠨᠣᠰᠳᠠᠨ᠎ᠠ᠃ ᠠᠭᠤᠯᠠᠨ ᠬᠣᠷᠮᠣᠶ᠎ᠳᠠᠬᠢ ᠣᠪᠣᠭ᠎ᠠ ᠲᠣᠰᠭᠣᠨ ᠳ᠋ᠦ ᠪᠤᠯ ᠬᠠᠷᠢᠨ ᠡᠨᠡ ᠦᠶ᠎ᠡ᠎ᠳᠦ ᠬᠥᠮᠦᠨ᠎ᠬᠠᠷ᠎ᠠ ᠴᠤᠭᠯᠠᠷᠠᠵᠤ᠂ ᠲᠡᠷᠭᠡ ᠤᠨᠤᠭ᠎ᠠ ᠰᠦᠯᠵᠢᠯᠳᠦᠨ᠂ ᠬᠥᠷ ᠬᠥᠭ᠌ᠵᠢᠶᠡᠨ᠎ᠢᠶᠡᠷ ᠪᠢᠯᠬᠠᠨ᠎ᠠ᠃

ᠤᠪᠤᠭ᠎ᠠ ᠲᠤᠰᠬᠤᠨ ᠨᠢ ᠮᠠᠰᠢ 《ᠬᠠᠭᠤᠴᠢᠨ》᠂ ᠲᠡᠷᠡ ᠨᠢ ᠴᠢᠩ ᠤᠯᠤᠰ᠎ᠤᠨ ᠲᠩᠷᠢ ᠲᠡᠳᠬᠦᠭ᠌ᠴᠢ᠎ᠶ᠋ᠢᠨ ᠦᠶ᠎ᠡ᠎ᠳᠦ ᠪᠠᠢᠭᠤᠯᠤᠭ᠍ᠳᠠᠵᠤ᠂ ᠪᠠᠷᠤᠭ 300 ᠵᠢᠯ᠎ᠦᠨ ᠲᠡᠦᠬᠡ᠎ᠲᠡᠶ ᠪᠣᠯᠵᠠᠶ᠃ ᠤᠪᠤᠭ᠎ᠠ ᠲᠤᠰᠬᠤᠨ ᠨᠢ ᠪᠠᠰᠠ ᠮᠠᠰᠢ 《ᠰᠢᠨ᠎ᠡ》᠂ 《ᠰᠦᠯᠵᠢᠶᠡᠨ ᠬᠠᠯᠠᠮᠰᠢᠯ ᠲᠤᠰᠬᠤᠨ》 ᠵᠢᠡᠷ ᠰᠦᠯᠵᠢᠶᠡᠨ ᠲᠠᠪᠴᠠᠩ᠎ᠳᠤ ᠨᠡᠷ᠎ᠡ ᠠᠯᠳᠠᠷᠰᠢᠵᠤ᠂ ᠨᠡᠩ ᠴᠤ᠌ 《ᠬᠥᠬᠡᠮᠳᠦᠭ ᠨᠣᠭᠣᠭᠠᠨ ᠠᠭᠤᠯᠠ ᠤᠰᠤ ᠪᠣᠯ ᠳᠠᠷᠤᠢ ᠠᠯᠳᠠ ᠮᠥᠩᠭᠥᠨ ᠠᠭᠤᠯᠠ ᠮᠥᠨ》 ᠭᠡᠬᠦ ᠤᠢᠯᠠᠭᠠᠭᠳᠠᠬᠤᠨ᠎ᠤ ᠳᠠᠯᠠᠨ ᠬᠠᠷ᠎ᠠ ᠠᠭᠤᠯᠠ᠎ᠶ᠋ᠢᠨ ᠡᠮᠦᠨ᠎ᠡ ᠪᠡᠯ ᠳᠠᠭᠠᠤ᠎ᠶ᠋ᠢᠨ ᠠᠮᠢᠳᠤᠯᠢᠭ ᠦᠢᠯᠡᠳᠦᠯᠭᠡ᠎ᠶ᠋ᠢᠨ ᠬᠤᠷᠢᠶᠠᠩᠭᠤᠢ ᠳᠦᠷᠰᠦ ᠪᠤᠯᠵᠠᠢ᠃

《ᠡᠨᠳᠡ 〈ᠦᠷᠭᠦᠯᠵᠢ ᠬᠤᠪᠢᠷᠠᠵᠤ ᠦᠷᠭᠦᠯᠵᠢ  ᠱᠢᠨᠡᠳᠳᠡᠭ〉》

ᠠᠩᠬ᠎ᠠ ᠡᠬᠢᠨ ᠳ᠋ᠡᠭᠡᠨ᠂ ᠤᠪᠤᠭ᠎ᠠ ᠲᠣᠰᠭᠣᠨ ᠨᠢ ᠵᠢᠶᠠᠩᠨᠠᠨ᠎ᠤ ᠤᠰᠤᠷᠬᠠᠭ ᠤᠷᠤᠨ ᠱᠢᠭ᠋ ᠲᠣᠰᠭᠣᠨ᠎ᠤ ᠦᠵᠡᠮᠵᠢ᠎ᠪᠡᠷ᠎ᠵᠢᠡᠨ ᠬᠥᠬᠡᠬᠣᠲᠠ᠎ᠶ᠋ᠢᠨ ᠠᠷᠠᠳ᠎ᠤᠨ 《ᠨᠠᠢᠵᠠ᠎ᠶ᠋ᠢᠨ ᠲᠣᠭᠣᠷᠢᠭ》 ᠲᠤ᠌ ᠬᠠᠯᠠᠭᠤᠷᠠᠯ ᠪᠤᠯᠪᠠ᠃ ᠬᠣᠵᠢᠮ ᠨᠢ ᠬᠥᠮᠦᠰ ᠲᠡᠭᠦᠨ᠎ᠦ ᠦᠷᠭᠦᠯᠵᠢ ᠬᠤᠪᠢᠷᠠᠵᠤ ᠪᠠᠢᠬᠤ᠎ᠶ᠋ᠢ ᠣᠯᠵᠤ ᠮᠡᠳᠡᠪᠡ᠃

《ᠪᠢ 2018 ᠣᠨ᠎ᠳᠤ ᠤᠪᠤᠭ᠎ᠠ ᠲᠣᠰᠭᠣᠨ᠎ᠤ ᠣᠬᠣᠷ ᠸᠢᠳᠢᠣ᠋᠎ᠶ᠋ᠢ ᠦᠵᠡᠭ᠌ᠰᠡᠨ᠎ᠦ ᠲᠠᠷᠠᠭ᠎ᠠ ᠡᠨᠳᠡᠬᠢ᠎ᠶ᠋ᠢ ᠲᠣᠭᠣᠵᠠᠢ》 ᠬᠡᠵᠦ ᠱᠠᠨᠰᠢ ᠮᠤᠵᠢ᠎ᠶ᠋ᠢᠨ ᠲᠡᠮᠡᠭᠡᠲᠦ᠍᠎ᠡᠴᠡ ᠢᠷᠡᠭ᠌ᠰᠡᠨ ᠵᠢᠭᠤᠯᠴᠢᠯᠠᠭᠴᠢ ᠵᠧᠩ ᠶᠢᠦ ᠶᠢᠦ ᠶᠠᠷᠢᠯ᠎ᠠ ᠃ ᠲᠡᠷᠡ ᠬᠡᠯᠡᠬᠦ ᠳ᠋ᠡᠬᠡᠨ᠂ 《ᠪᠢ ᠨᠢᠭᠡ ᠤᠳᠠᠭ᠎ᠠ ᠢᠷᠡᠪᠡᠯ ᠪᠣᠯᠴᠢᠬᠠᠨ᠎ᠠ ᠭᠡᠵᠦ᠍ ᠪᠤᠳᠤᠵᠠᠢ᠂ ᠡᠨᠳᠡ ᠵᠢᠯ ᠪᠦᠷᠢ ᠨᠠᠳᠠ᠎ᠳᠤ ᠠᠳᠠᠯᠢ ᠦᠭᠡᠢ ᠲᠦᠷᠦᠭ᠌ᠳᠡᠯ ᠥᠭ᠌ᠭᠦᠨ᠎ᠡ ᠭᠡᠵᠦ᠍ ᠪᠤᠳᠤᠵᠤ ᠣᠯᠤᠭ᠍ᠰᠠᠨ ᠦᠭᠡᠢ》 ᠬᠡᠵᠠᠢ᠃

ᠵᠧᠩ ᠶᠢᠦ ᠶᠢᠦ ᠲᠠᠢ ᠠᠳᠠᠯᠢ᠎ᠪᠠᠷ᠂ ᠬᠥᠬᠡᠬᠣᠲᠠ᠎ᠶ᠋ᠢᠨ ᠲᠤᠬᠠᠢ᠎ᠶ᠋ᠢᠨ ᠭᠠᠵᠠᠷ᠎ᠤᠨ ᠵᠠᠩ ᠢᠦᠢ᠎ᠶ᠋ᠢᠨ ᠨᠢᠳᠦᠨ᠎ᠳᠦ᠂ ᠤᠪᠤᠭ᠎ᠠ ᠲᠣᠰᠭᠣᠨ ᠴᠤ᠌ ᠦᠷᠭᠦᠯᠵᠢ ᠰᠢᠨᠡᠳᠴᠦ ᠪᠠᠢᠬᠤ ᠵᠢ ᠤᠯᠵᠤ ᠬᠠᠷᠠᠳᠠᠭ᠂ ᠤᠴᠢᠷ ᠨᠢ ᠤᠪᠤᠭ᠎ᠠ ᠲᠣᠰᠭᠣᠨ ᠶᠡᠷᠦ ᠨᠢ 《ᠦᠰᠦᠨ ᠪᠣᠢᠵᠢᠵᠤ》  ᠪᠠᠢᠨ᠎ᠠ᠃

《ᠤᠷᠢᠳ᠎ᠢᠶᠠᠷ 〈ᠵᠢᠶᠠᠩᠨᠠᠨ᠎ᠤ ᠤᠰᠤᠷᠬᠠᠭ ᠤᠷᠤᠨ〉 ᠵᠢᠭᠤᠯᠴᠢᠯᠠᠯ᠎ᠤᠨ ᠬᠦᠷᠢᠶᠡᠯᠡᠩ ᠲᠣᠭᠣᠷᠢᠭ ᠪᠠᠢᠵᠤ᠂ ᠲᠠᠷᠠᠭ᠎ᠠ ᠨᠢ ᠲᠤᠤ ᠯᠢ ᠶᠤᠸᠠᠨ᠎ᠤ ᠠᠷᠠᠳ᠎ᠤᠨ ᠵᠠᠩ ᠦᠢᠯᠡ᠎ᠶ᠋ᠢᠨ ᠴᠤᠭ᠍ᠯᠠᠭᠠᠨ᠂ ᠤᠪᠤᠭ᠎ᠠ ᠲᠤᠰᠬᠤᠨ᠎ᠤ  ᠨᠢᠳᠦ᠂ ᠤᠪᠤᠭ᠎ᠠ ᠲᠤᠰᠬᠤᠨ᠎ᠤ ᠤᠰᠤᠨ᠎ᠤ ᠶᠢᠷᠲᠢᠨᠴᠦ᠍᠂ ᠰᠡᠭᠦᠯᠡᠷ ᠨᠢ ᠪᠠᠰᠠ ᠴᠡᠨᠭᠭᠡᠯ᠎ᠤᠨ ᠭᠠᠵᠠᠷ᠎ᠲᠠᠶ ᠪᠣᠯᠤᠭ᠍ᠰᠠᠨ ᠪᠥᠭᠡᠳ ᠳᠠᠭᠤᠤ ᠬᠥᠭ᠌ᠵᠢᠮ᠎ᠦᠨ ᠨᠠᠢᠷ ᠡᠷᠬᠢᠯᠡᠵᠦ᠍᠂ ᠵᠢᠯ ᠠᠯᠤᠰᠯᠠᠬᠤ ᠳ᠋ᠧᠩ᠎ᠦᠨ ᠦᠵᠡᠭᠦᠯᠭᠡ᠂ ᠬᠤᠸᠠᠷ ᠫᠤᠤᠵᠢᠩ᠎ᠤᠨ ᠦᠵᠡᠭᠦᠯᠭᠡ ᠬᠢᠵᠦ᠍᠂ ᠨᠢᠳᠤᠨᠤᠨ ᠵᠢᠯ᠎ᠦᠨ ᠴᠠᠭᠠᠨ ᠰᠠᠷ᠎ᠠ᠎ᠳᠤ ᠪᠠᠰᠠ ᠲᠡᠮᠦᠷ ᠳᠠᠪᠲᠠᠬᠤ ᠴᠡᠴᠡᠭ ᠱᠢᠨ᠎ᠡ᠎ᠪᠡᠷ ᠨᠡᠮᠡᠭ᠌ᠳᠡᠭ᠌ᠰᠡᠨ ᠪᠠᠢᠨ᠎ᠠ》 ᠭᠡᠵᠦ ᠵᠠᠩ ᠢᠦᠶ ᠤᠪᠤᠭ᠎ᠠ ᠲᠤᠰᠬᠤᠨ᠎ᠢ ᠳᠦᠷᠰᠦᠯᠡᠪᠡ᠃

ᠲᠣᠰᠭᠣᠨ᠎ᠤ ᠪᠠᠷᠠᠭᠤᠨ ᠲᠠᠯ᠎ᠠ ᠪᠣᠯ ᠪᠣᠷᠣᠭ᠍ᠵᠢᠭᠤᠨ ᠭᠤᠶᠤᠮᠰᠤᠭ ᠤᠯᠠᠮᠵᠢᠯᠠᠯᠲᠤ ᠬᠦᠷᠢᠶ᠎ᠡ ᠬᠠᠱᠢᠶ᠎ᠠ᠂ ᠲᠣᠰᠭᠣᠨ᠎ᠤ ᠵᠡᠭᠦᠨ ᠲᠠᠯ᠎ᠠ ᠨᠢ ᠧᠦ᠋ᠷᠣᠫᠠ ᠮᠠᠶᠢᠭ᠎ᠤᠨ ᠣᠳᠣ ᠦᠶ᠎ᠡ᠎ᠶ᠋ᠢᠨ ᠠᠰᠠᠷ ᠪᠠᠢᠵᠤ᠂ ᠬᠣᠶᠠᠷ ᠵᠦᠶ᠋ᠯ᠎ᠦᠨ ᠬᠡᠪ ᠨᠠᠮᠪᠠ ᠨᠢ ᠥᠴᠦᠬᠡᠨ ᠴᠦ᠍ ᠵᠥᠷᠢᠴᠡᠯᠳᠦᠬᠦ ᠦᠭᠡᠢ᠃ ᠠᠭᠤᠯᠠ ᠤᠰᠤᠨ᠎ᠤ ᠦᠵᠡᠮᠵᠢ ᠳᠤᠮᠳᠠ᠂ ᠤᠷᠢᠬᠠᠨ ᠰᠠᠯᠬᠢ ᠢᠯᠪᠢᠵᠦ᠍᠂ ᠨᠣᠮᠢᠨ ᠳᠣᠯᠭᠢᠶᠠᠨ ᠳᠣᠯᠭᠢᠶᠠᠯᠠᠨ᠂ 《ᠡᠭᠦᠯᠡ ᠮᠠᠨᠠᠨ》 ᠰᠤᠭᠤᠨᠠᠭᠯᠠᠨ᠎ᠠ᠃ 《ᠱᠠᠨ ᠰᠢ》 ᠵᠢᠨ ᠦᠨᠦᠷ ᠠᠮᠲᠠ᠎ᠪᠠᠷ ᠲᠡᠭᠦᠯᠳᠡᠷ ᠠᠷᠠᠳ᠎ᠤᠨ ᠵᠠᠩ ᠦᠢᠯᠡ᠎ᠶ᠋ᠢᠨ ᠴᠢᠭᠤᠯᠭᠠᠨ ᠪᠠ ᠬᠡᠳᠦ ᠠᠬᠤᠢᠴᠢ ᠬᠡᠪ ᠨᠠᠮᠪᠠ᠎ᠲᠠᠶ ᠤᠪᠤᠭ᠎ᠠ ᠤᠰᠤᠨ ᠶᠢᠷᠲᠢᠨᠴᠦ ᠨᠢ ᠬᠥᠷᠰᠢᠯᠡᠵᠦ᠂ 《ᠳ᠋ᠢᠰᠨᠢ》 ᠎ᠶ᠋ᠢᠨ ᠦᠨᠦᠷ ᠠᠮᠲᠠ᠎ᠲᠠᠶ ᠴᠡᠨᠭᠭᠡᠯ᠎ᠤᠨ ᠭᠠᠵᠠᠷ ᠨᠢ ᠤᠪᠤᠭ᠎ᠠ ᠲᠤᠰᠬᠤᠨ᠎ᠤ ᠨᠢᠳᠦ ᠲᠠᠢ ᠠᠪᠤᠯᠴᠠᠵᠤ᠂ ᠥᠪᠡᠷ᠎ᠤᠨ ᠭᠡᠰᠡᠨ ᠣᠨᠴᠠᠯᠢᠭ᠎ᠲᠠᠶ ᠪᠠᠢᠳᠠᠭ᠃

《ᠠᠮᠢ ᠠᠬᠤᠢ᠎ᠶ᠋ᠢ ᠤᠷᠢᠳ᠎ᠢᠶᠠᠷ ᠪᠣᠳᠣᠯᠬᠢᠯᠠᠵᠤ᠂ ᠪᠣᠬᠢᠷᠲᠤᠯ ᠦᠭᠡᠢ ᠬᠥᠭ᠌ᠵᠢᠭᠦᠯᠬᠦ᠌》 ᠪᠣᠯ  ᠤᠪᠤᠭ᠎ᠠ ᠲᠣᠰᠭᠣᠨ᠎ᠤ ᠢᠮᠠᠭ᠍ᠲᠠ ᠪᠠᠷᠢᠮᠳᠠᠯᠠᠭᠰᠠᠨ ᠪᠦᠲᠦᠭᠡᠨ ᠪᠠᠢᠭᠤᠯᠤᠯᠲᠠ᠎ᠶ᠋ᠢᠨ ᠣᠢᠯᠠᠭᠠᠭ᠍ᠳᠠᠬᠤᠨ ᠪᠣᠯᠤᠨ᠎ᠠ᠂ ᠤᠪᠤᠭ᠎ᠠ ᠲᠣᠰᠭᠣᠨ ᠠᠮᠢ ᠠᠬᠤᠢ᠎ᠶ᠋ᠢᠨ ᠳᠠᠪᠠᠭᠤᠯᠢᠭ᠎ᠢ ᠠᠵᠤ ᠠᠬᠤᠢ᠎ᠶ᠋ᠢᠨ ᠳᠠᠪᠠᠭᠤᠯᠢᠭ ᠪᠣᠯᠭᠠᠨ ᠬᠤᠪᠢᠷᠠᠭᠤᠯᠵᠤ᠂ ᠲᠠᠰᠤᠷᠠᠯᠲᠠ ᠦᠭᠡᠢ 《ᠳᠡᠰ ᠳᠡᠪᠱᠢᠭᠦᠯᠵᠦ᠍》᠂ 《ᠤᠯᠠᠨ ᠲᠠᠯ᠎ᠠ》 ᠵᠢ ᠢᠯᠡᠷᠡᠭᠦᠯᠵᠦ᠍᠂ 《ᠪᠣᠬᠢᠷᠲᠤᠯ ᠦᠭᠡᠢ》 ᠵᠢᠨ ᠰᠠᠭᠤᠷᠢ ᠳᠡᠭᠡᠷ᠎ᠡ ᠠᠵᠢᠯ ᠬᠢᠪᠡ᠃

《 ᠡᠨᠡ ᠬᠦ᠌  ᠰᠡᠳᠭᠢᠯ ᠬᠤᠨᠤᠬᠰᠢᠳᠠᠭ ᠭᠠᠵᠠᠷ ᠪᠤᠯ ᠳᠠᠷᠤᠢ ᠮᠢᠨᠦ᠍ ᠨᠤᠲᠤᠭ》

《ᠦᠵᠡᠮᠵᠢ᠎ᠶ᠋ᠢᠨ ᠲᠠᠯ᠎ᠠ᠎ᠪᠠᠷ ᠣᠨᠴᠠ ᠰᠠᠢ᠌ᠨ 》ᠤᠪᠤᠭ᠎ᠠ ᠲᠣᠰᠭᠣᠨ ᠨᠢ 《ᠰᠣᠷᠢᠨᠵᠢᠨ ᠰᠣᠷᠣᠬᠤ ᠦᠢᠯᠡᠳᠦᠯ》 ᠲᠠᠢ ᠪᠠᠢᠵᠤ᠂ ᠵᠢᠭᠤᠯᠴᠢᠯᠠᠭᠰᠠᠳ᠎ᠢ ᠬᠦᠯᠢᠶᠡᠨ ᠠᠪᠬᠤ ᠬᠡᠮᠵᠢᠢ᠎ᠡ ᠵᠢᠯ ᠳᠠᠷᠠᠭᠠᠯᠠᠨ ᠨᠡᠮᠡᠭ᠌ᠳᠡᠵᠦ᠍᠂ ᠨᠡᠩ ᠴᠤ᠌ ᠮᠠᠰᠢ ᠤᠯᠠᠨ ᠭᠡᠷ ᠨᠤᠲᠤᠭ ᠡᠴᠡ ᠪᠠᠨ ᠬᠤᠯᠠᠳᠠᠭᠰᠠᠨ ᠬᠦᠮᠦᠰ᠎ᠢ ᠨᠤᠲᠤᠭ᠎ᠲᠤᠨᠢ ᠬᠠᠷᠢᠭᠤᠯᠵᠤ ᠦᠢᠯᠡᠰ ᠴᠣᠭ᠍ᠴᠠᠯᠠᠭᠤᠯᠪᠠ᠃ ᠰᠦᠨ ᠱᠢᠤᠸᠠᠢ ᠫᠢᠩ ᠪᠣᠯ ᠲᠡᠳᠡᠨ᠎ᠦ ᠳᠣᠲᠣᠷᠠᠬᠢ ᠨᠢᠭᠡ ᠨᠢ ᠪᠣᠯᠤᠨ᠎ᠠ᠃

2019 ᠣᠨ᠎ᠳᠤ᠂ ᠨᠤᠲᠤᠭ ᠤᠰᠤᠨ᠎ᠤ᠎ᠪᠠᠨ ᠨᠡᠷ᠎ᠡ ᠠᠯᠳᠠᠷᠰᠢᠭᠰᠠᠨ᠎ᠢ ᠦᠵᠡᠭᠡᠳ ᠰᠦᠨ ᠱᠢᠤᠸᠠᠢ ᠫᠢᠩ ᠨᠤᠲᠤᠭ᠎ᠲᠠᠭᠠᠨ ᠪᠤᠴᠠᠵᠤ ᠦᠢᠯᠡᠰ ᠪᠤᠰᠭᠠᠬᠤ᠎ᠪᠠᠷ ᠲᠣᠭ᠍ᠲᠠᠪᠠ᠃ ᠲᠣᠰᠭᠣᠨ᠎ᠤ 《ᠬᠣᠶᠠᠷ ᠵᠥᠪᠯᠡᠯ》 ᠨᠢ ᠲᠡᠭᠦᠨ᠎ᠦ ᠠᠵᠤ ᠠᠬᠤᠢ᠎ᠶ᠋ᠢᠨ ᠪᠣᠳᠠᠲᠤ ᠬᠦᠴᠦᠨ ᠪᠣᠯᠤᠨ ᠠᠵᠤ ᠦᠢᠯᠡᠰ᠎ᠦᠨ ᠬᠥᠭ᠌ᠵᠢᠯᠲᠡ᠎ᠶ᠋ᠢᠨ ᠬᠡᠷᠡᠭ᠌ᠴᠡᠭᠡ᠎ᠶ᠋ᠢ ᠦᠨᠳᠦᠰᠦᠯᠡᠵᠦ᠍᠂ ᠰᠦᠨ ᠱᠢᠤᠸᠠᠢ ᠫᠢᠩ᠎ᠢ ᠵᠢᠯᠣᠭᠣᠳᠴᠤ᠌ ᠪᠠᠢᠭᠠᠳ ᠤᠪᠤᠭ᠎ᠠ ᠲᠣᠰᠭᠣᠨ᠎ᠤ ᠴᠡᠩᠭᠡᠯ᠎ᠦᠨ ᠭᠠᠵᠠᠷ᠎ᠲᠤ ᠮᠥᠷᠭᠥᠯᠳᠦᠬᠦ᠌ ᠲᠡᠷᠭᠡ᠎ᠶ᠋ᠢᠨ ᠴᠡᠩᠭᠡᠯ᠎ᠦᠨ ᠬᠦᠷᠢᠶᠡᠯᠡᠩ᠎ᠦᠨ ᠲᠦᠷᠦᠯ ᠵᠦᠢᠯ᠎ᠢ ᠡᠷᠬᠢᠯᠡᠬᠦᠯᠵᠠᠢ᠃

2021 ᠣᠨ᠎ᠳᠤ ᠡᠵᠡᠩᠨᠡᠯᠲᠡ ᠬᠢᠭ᠌ᠰᠡᠨ᠎ᠡᠴᠡ ᠨᠠᠭᠠᠰᠢ᠂ ᠰᠦᠨ ᠱᠢᠤᠸᠠᠢ ᠫᠢᠩ᠎ᠦᠨ ᠵᠢᠯ ᠪᠦᠷᠢ᠎ᠶ᠋ᠢᠨ ᠣᠷᠣᠯᠭ᠎ᠠ 30 ᠲᠦᠮᠡᠨ ᠲᠥᠭᠥᠷᠢᠭ ᠣᠷᠴᠢᠮ᠎ᠳᠤ ᠬᠦᠷᠴᠡᠢ᠃

《ᠭᠠᠳᠠᠨ᠎ᠠ ᠬᠥᠯᠥᠰᠥᠨ ᠠᠵᠢᠯ ᠬᠢᠬᠦ ᠨᠢ ᠵᠦᠳᠡᠷᠡᠯ ᠲᠠᠢ ᠮᠥᠷᠲᠡᠭᠡᠨ ᠠᠪᠤ ᠡᠵᠢ᠎ᠪᠡᠨ ᠴᠤ᠌ ᠬᠠᠷᠠᠭᠠᠯᠵᠠᠵᠤ ᠳᠡᠢᠯᠬᠦ᠌ ᠦᠭᠡᠢ᠂ ᠵᠢᠯ᠎ᠳᠡᠭᠡᠨ ᠴᠤ᠌ ᠬᠡᠳᠦᠨ ᠵᠣᠭᠣᠰ ᠤᠯᠵᠤ ᠳᠡᠢᠯᠬᠦ᠌ ᠦᠭᠡᠢ》᠃ ᠰᠦᠨ ᠱᠢᠤᠸᠠᠢ ᠫᠢᠩ ᠰᠤᠷᠪᠤᠯᠵᠢᠯᠠᠭ᠍ᠴᠢ᠎ᠳᠤ᠂ 《ᠦᠨᠡᠨ᠎ᠳᠡᠭᠡᠨ ᠨᠤᠲᠤᠭ᠎ᠲᠠᠭᠠᠨ ᠪᠤᠴᠠᠵᠤ ᠦᠢᠯᠡᠰ ᠪᠤᠰᠬᠠᠬᠤ᠎ᠳᠦ ᠭᠡᠷ᠎ᠦᠨ ᠬᠥᠮᠦᠰ ᠮᠠᠰᠢ ᠰᠠᠨᠠᠭ᠎ᠠ ᠵᠣᠪᠠᠵᠤ ᠪᠠᠢᠭ᠍ᠰᠠᠨ ᠶᠤᠮ᠂ ᠭᠡᠪᠡᠴᠦ᠍ ᠪᠢ ᠮᠠᠨ᠎ᠤ ᠭᠠᠴᠠᠭᠠᠨ᠎ᠤ᠎ᠪᠠᠨ ᠬᠥᠭ᠌ᠵᠢᠯᠲᠡ᠎ᠳᠦ ᠢᠲᠡᠭᠡᠯ ᠳᠦᠭᠦᠷᠡᠩ ᠪᠠᠢᠨ᠎ᠠ》 ᠭᠡᠵᠦ ᠬᠡᠯᠡᠪᠡ᠃

ᠰᠦᠨ ᠱᠢᠤᠸᠠᠢ ᠫᠢᠩ᠎ᠲᠡᠶ ᠠᠳᠠᠯᠢ ᠦᠭᠡᠢ ᠲᠠᠯ᠎ᠠ ᠭᠡᠪᠡᠯ᠂ ᠯᠢ ᠹᠸᠢ ᠪᠤᠯ ᠤᠪᠤᠭ᠎ᠠ ᠲᠣᠰᠭᠣᠨ᠎ᠤ ᠠᠷᠠᠳ ᠪᠢᠰᠢ᠂ ᠬᠠᠷᠢᠨ ᠶᠡᠬᠡ ᠰᠤᠷᠭᠠᠭᠤᠯᠢ᠎ᠵᠢᠨ ᠬᠤᠳᠠ ᠳ᠋ᠤ ᠬᠥᠯᠥᠰᠥᠨ ᠠᠵᠢᠯ ᠬᠢᠵᠦ᠍ ᠪᠠᠢᠭ᠍ᠰᠠᠨ 《ᠭᠠᠳᠠᠨ᠎ᠠ᠎ᠡᠴᠡ ᠢᠷᠡᠭ᠌ᠰᠡᠨ ᠡᠷᠦᠬᠡ》 ᠪᠣᠯᠤᠨ᠎ᠠ᠃ ᠤᠪᠤᠭ᠎ᠠ ᠲᠣᠰᠭᠣᠨ ᠨᠢ ᠴᠤᠤᠷᠢᠶ᠎ᠠ ᠲᠠᠪᠴᠠᠩ ᠵᠢᠡᠷ ᠲᠠᠮᠵᠢᠨ ᠪᠦᠬᠦ᠌ ᠰᠦᠯᠵᠢᠶᠡᠨ᠎ᠳᠦ ᠬᠠᠯᠠᠮᠰᠢᠬᠤ ᠦᠶ᠎ᠡ᠎ᠳᠦ᠂ ᠯᠢ ᠹᠸᠢ ᠬᠤᠳᠠᠯᠳ

《ᠤᠤᠯ ᠨᠢ ᠪᠢ ᠭᠠᠷᠠᠭ᠎ᠤᠨ ᠰᠡᠭᠦᠯᠴᠢ ᠪᠣᠯᠭᠠᠨ ᠤᠪᠤᠭ᠎ᠠ ᠲᠣᠰᠭᠣᠨ᠎ᠤ ᠤᠢ᠍ᠢᠷᠠᠯᠴᠠᠭᠠᠬᠢ ᠶᠡᠬᠡ ᠰᠤᠷᠭᠠᠭᠤᠯᠢ ᠵᠢᠨ ᠬᠤᠳᠠ᠎ᠡᠴᠡ ᠰᠤᠯᠠ ᠢᠳᠡᠭᠡᠨ ᠠᠪᠴᠢᠷᠠᠵᠤ ᠤᠪᠤᠭ᠎ᠠ ᠲᠤᠰᠬᠤᠨ ᠳ᠋ᠤ ᠬᠤᠳᠠᠯᠳᠤᠵᠤ᠂ ᠡᠳᠦᠢ ᠲᠡᠳᠦᠢ ᠵᠥᠷᠢᠶᠡᠲᠦ ᠦᠨ᠎ᠡ ᠣᠯᠳᠠᠭ ᠪᠠᠢᠵᠠᠢ᠃ ᠰᠡᠭᠦᠯᠡᠷ ᠨᠢ ᠮᠢᠨᠦ ᠮᠠᠢᠮᠠᠢ ᠤᠯᠠᠮ᠎ᠡᠴᠡ ᠤᠯᠠᠮ ᠰᠠᠢᠨ ᠪᠣᠯᠵᠤ᠂ ᠪᠢ ᠱᠢᠭᠤᠳ ᠨᠢᠭᠡ ᠳᠡᠯᠭᠡᠭᠦᠷ ᠲᠦᠷᠢᠶᠡᠰᠦᠯᠡᠵᠦ᠍ ᠤᠪᠤᠭ᠎ᠠ ᠲᠣᠰᠭᠣᠨ ᠳ᠋ᠤ ᠰᠠᠭᠤᠵᠠᠢ》᠃ ᠯᠢ ᠹᠧᠶ᠂ ᠬᠡᠳᠦᠢᠪᠡᠷ ᠲᠣᠰ ᠲᠣᠰᠭᠣᠨ᠎ᠤ ᠬᠥᠮᠦᠨ ᠪᠢᠰᠢ ᠪᠣᠯᠪᠠᠴᠤ᠌᠂ ᠲᠡᠷᠡ ᠤᠪᠤᠭ᠎ᠠ ᠲᠣᠰᠭᠣᠨ᠎ᠤ ᠤᠯᠠᠮ᠎ᠡᠴᠡ ᠤᠯᠠᠮ ᠬᠥᠭ᠌ᠵᠢᠬᠦ᠌᠎ᠶ᠋ᠢ ᠬᠦᠰᠡᠨ᠎ᠡ᠂ 《ᠱᠢᠯᠦᠭ᠎ᠲᠦ 〈ᠰᠡᠳᠭᠢᠯ ᠬᠤᠨᠤᠬᠰᠢᠳᠠᠭ ᠭᠠᠵᠠᠷ ᠪᠣᠯ ᠲᠠᠷᠤᠢ ᠨᠤᠲᠤᠭ ᠪᠤᠯᠤᠨ᠎ᠠ〉 ᠭᠡᠵᠦ ᠭᠠᠷᠴᠤ ᠪᠠᠢᠪᠠ᠃ ᠤᠪᠤᠭ᠎ᠠ ᠲᠣᠰᠭᠣᠨ ᠨᠢ ᠬᠡᠳᠦᠢᠪᠡᠷ ᠮᠢᠨᠦ᠍ ᠨᠤᠲᠤᠭ ᠪᠢᠰᠢ ᠪᠣᠯᠪᠠᠴᠤ᠌᠂ ᠲᠡᠷᠡ ᠨᠢ ᠮᠢᠨᠦ᠍ ᠰᠡᠳᠭᠢᠯ᠎ᠢ ᠠᠮᠤᠷᠵᠢᠭᠤᠯᠤᠨ᠎ᠠ᠂ ᠲᠡᠷᠡ ᠨᠢ ᠮᠢᠨᠦ᠍ ᠨᠤᠲᠤᠭ ᠮᠦᠨ》 ᠭᠡᠵᠦ ᠬᠡᠯᠡᠪᠡ᠃

《ᠲᠣᠰᠭᠣᠨ ᠪᠦᠬᠦᠯᠢ ᠴᠣᠭ᠍ᠴᠠ᠎ᠪᠠᠷ᠎ᠢᠶᠠᠨ ᠰᠠᠢᠵᠢᠷᠠᠵᠤ᠂ ᠮᠠᠨ᠎ᠤ ᠲᠣᠰᠭᠣᠨ᠎ᠤ ᠠᠷᠠᠳ᠎ᠤᠨ ᠠᠮᠢᠳᠤᠷᠠᠯ ᠴᠤ᠌ ᠳᠠᠭᠠᠯᠳᠤᠨ ᠰᠠᠢᠵᠢᠷᠠᠵᠠᠢ᠃ ᠪᠣᠳᠠᠲᠠᠢ ᠦᠢᠯᠡᠳᠪᠦᠷᠢᠯᠡᠯ᠎ᠦᠨ ᠳᠤᠮᠳᠠ᠂ ᠪᠢᠳᠠ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠦᠢᠯᠡᠳᠦᠯ᠎ᠢ ᠪᠠᠳᠠᠷᠠᠭᠤᠯᠵᠤ᠂ ᠲᠠᠷᠢᠶᠠᠴᠢᠳ ᠤ᠋ᠨ ᠶᠠᠭᠤ ᠬᠢᠬᠦ ᠵᠢ ᠬᠦᠳᠦᠯᠦᠠ ᠵᠢᠯᠣᠭᠤᠳᠤᠨ᠎ᠠ᠂ ᠶᠠᠭᠠᠬᠢᠵᠤ ᠬᠢᠬᠦ ᠵᠢ ᠨᠢ᠎ᠶ᠋ᠢᠭᠠᠨ ᠰᠤᠷᠭᠠᠨ᠎ᠠ》᠃ ᠤᠪᠤᠭ᠎ᠠ ᠲᠣᠰᠭᠣᠨ᠎ᠤ ᠨᠠᠮ᠎ᠤᠨ ᠶᠡᠷᠦᠩᠬᠡᠢ ᠡᠭᠦᠷ᠎ᠦᠨ ᠱᠦᠵᠢ᠂ ᠲᠣᠰᠭᠣᠨ᠎ᠤ ᠵᠥᠪᠯᠡᠯ᠎ᠦᠨ ᠡᠷᠬᠢᠯᠡᠭ᠌ᠴᠢ ᠯᠢ ᠾᠧᠩ ᠪᠢᠶᠤᠤ᠂ 《ᠡᠭᠦᠨ᠎ᠦ ᠬᠠᠮᠲᠤ᠂ ᠮᠠᠨ᠎ᠤ ᠲᠣᠰᠭᠣᠨ᠎ᠤ ᠺᠠᠳ᠋ᠷ ᠴᠤ᠌ ᠵᠠᠬ᠎ᠠ ᠳᠡᠯᠭᠡᠭᠦᠷ᠎ᠢ ᠣᠢᠯᠠᠭᠠᠵᠤ᠂ ᠵᠠᠬ᠎ᠠ ᠳᠡᠯᠭᠡᠭᠦᠷ᠎ᠦᠨ ᠬᠡᠷᠡᠭ᠌ᠴᠡᠭᠡ᠎ᠶ᠋ᠢ ᠦᠨᠳᠦᠰᠦᠯᠡᠨ ᠠᠵᠤ ᠦᠢᠯᠡᠰ᠎ᠦᠨ ᠪᠦᠲᠦᠴᠡ᠎ᠶ᠋ᠢ ᠡᠵᠡᠮᠳᠡᠵᠦ ᠪᠠᠢᠨ᠎ᠠ》 ᠭᠡᠵᠦ ᠬᠡᠯᠡᠪᠡ᠃

ᠡᠭᠦᠨ ᠡᠴᠡ ᠪᠤᠯᠵᠤ᠂ ᠤᠪᠤᠭ᠎ᠠ ᠲᠣᠰᠭᠣᠨ ᠤᠷᠢᠳ ᠬᠤᠵᠢᠳ ᠰᠣᠶᠣᠯ ᠵᠢᠭᠤᠯᠴᠢᠯᠠᠯ᠂ ᠺᠢᠨᠣ᠋ ᠲᠧᠯᠸᠢᠰ ᠵᠠᠭᠤᠴᠢᠯᠠᠭᠤᠷ᠂ ᠵᠣᠴᠢᠳ᠎ᠤᠨ ᠪᠠᠭᠤᠳᠠᠯ ᠢᠳᠡᠭᠡᠨ ᠤᠮᠳᠠᠭᠠᠨ ᠪᠣᠯᠤᠨ ᠠᠳᠠᠯ ᠠᠬᠤᠢ᠎ᠶ᠋ᠢᠨ ᠬᠠᠮᠢᠶᠠᠷᠤᠯᠲᠠ᠂ ᠤᠰᠤ ᠬᠠᠩᠭᠠᠬᠤ ᠢᠯᠴᠢ ᠬᠠᠩᠭᠠᠬᠤ ᠵᠡᠷᠭᠡ ᠠᠵᠤ ᠠᠬᠤᠢᠯᠠᠯ᠎ᠢ ᠪᠠᠢᠭᠤᠯᠵᠤ᠂ ᠠᠯᠢᠪᠠ ᠪᠦᠬᠦᠨ ᠲᠤᠰᠭᠠᠢᠵᠢᠭ᠍ᠰᠠᠨ᠂ ᠠᠵᠤ ᠦᠢᠯᠡᠰᠵᠢᠭ᠌ᠰᠡᠨ ᠴᠢᠭ᠌ᠯᠡᠯ ᠲᠡᠢᠰᠢ ᠬᠥᠭ᠌ᠵᠢᠪᠡ᠃

ᠰᠤᠷᠪᠤᠯᠵᠢᠯᠠᠭ᠍ᠴᠢ᠎ᠶ᠋ᠢᠨ ᠣᠢᠯᠠᠭᠠᠭ᠍ᠰᠠᠨ᠎ᠢᠶᠠᠷ᠂ ᠤᠪᠤᠭ᠎ᠠ ᠲᠣᠰᠭᠣᠨ ᠣᠳᠣᠬᠠᠨ᠎ᠳᠤ 6000 ᠭᠠᠷᠤᠢ ᠠᠵᠢᠯ᠎ᠤᠨ ᠪᠠᠢᠷᠢ ᠬᠠᠩᠭᠠᠵᠤ᠂ ᠲᠣᠰᠭᠣᠨ᠎ᠤ ᠬᠠᠮᠲᠤ᠎ᠶ᠋ᠢᠨ ᠪᠠᠢᠭᠤᠯᠤᠭ᠍ᠰᠠᠨ ᠰᠣᠶᠣᠯ ᠵᠢᠭᠤᠯᠴᠢᠯᠠᠯ᠎ᠤᠨ ᠠᠵᠤ ᠦᠢᠯᠡᠰ᠎ᠦᠨ ᠲᠠᠪᠴᠠᠩ᠎ᠤᠨ ᠵᠢᠯ᠎ᠦᠨ ᠣᠷᠣᠯᠭ᠎ᠠ 10.8 ᠳ᠋ᠦᠩᠱᠢᠭᠤᠷ ᠲᠥᠭᠥᠷᠢᠭ᠎ᠲᠦ ᠬᠦᠷᠴᠦ᠍᠂ ᠲᠣᠰᠭᠣᠨ᠎ᠤ ᠠᠷᠠᠳ᠎ᠤᠨ ᠬᠥᠮᠦᠨ ᠳᠤᠮᠳᠠᠴᠢ᠎ᠶ᠋ᠢᠨ ᠵᠢᠯ᠎ᠦᠨ ᠣᠷᠣᠯᠭ᠎ᠠ 2012 ᠣᠨ᠎ᠤ 1600 ᠲᠥᠭᠥᠷᠢᠭ᠎ᠡᠴᠡ 2023 ᠣᠨ᠎ᠤ 5 ᠲᠦᠮᠡ ᠭᠠᠷᠤᠢ ᠲᠥᠭᠥᠷᠢᠭ᠎ᠲᠦ ᠬᠦᠷᠴᠦ᠍᠂ 30 ᠭᠠᠷᠤᠢ ᠲᠠᠬᠢᠨ ᠨᠡᠮᠡᠭ᠌ᠳᠡᠵᠡᠢ᠃

《ᠲᠣᠰᠭᠣᠨ᠎ᠤ ᠠᠷᠠᠳ ᠬᠥᠳᠡᠯᠮᠦᠷᠢᠯᠡᠪᠡᠯ ᠣᠷᠣᠯᠭ᠎ᠠ᠎ᠲᠠᠶ᠂ ᠰᠠᠭᠤᠬᠤ᠎ᠳ᠋ᠤ ᠣᠷᠣᠨ ᠰᠠᠭᠤᠴᠠ᠎ᠲᠠᠶ᠂ ᠥᠲᠡᠯᠪᠡᠯ ᠠᠰᠠᠷᠠᠮᠵᠢ᠎ᠲᠠᠶ᠂ ᠡᠪᠡᠳᠴᠢᠯᠡᠪᠡᠯ ᠡᠮᠨᠡᠯᠭᠡ᠎ᠲᠡᠶ ᠪᠠᠢᠬᠤ᠎ᠶ᠋ᠢ ᠦᠨᠡᠨ ᠬᠦ᠌ ᠪᠡᠶᠡᠯᠡᠭᠦᠯᠵᠦ᠍᠂ ᠬᠥᠭ᠌ᠵᠢᠯᠲᠡ᠎ᠶ᠋ᠢᠨ ᠠᠱᠢᠭ᠎ᠢ ᠦᠨᠡᠨ ᠬᠦ᠌ ᠡᠳ᠋ᠯᠡᠪᠡ᠂ ᠲᠡᠳᠡ ᠥᠪᠡᠷ᠎ᠢ᠎ᠪᠡᠨ ᠤᠪᠤᠭ᠎ᠠ ᠲᠣᠰᠭᠣᠨ᠎ᠤ᠋ 〈ᠠᠵᠢᠯ ᠦᠢᠯᠡᠰ᠎ᠦᠨ ᠨᠢᠭᠡᠴᠢ ᠵᠢᠨ ᠪᠠᠢᠭᠤᠯᠤᠮᠵᠢ〉 ᠲᠠᠢ ᠬᠦᠮᠦᠨ ᠭᠡᠵᠦ᠍ ᠨᠠᠭᠠᠳᠤᠮ ᠬᠡᠯᠡᠵᠦ᠂ ᠤᠯᠠᠨ᠎ᠢᠶᠠᠷ᠎ᠢᠶᠠᠨ ᠦᠨᠡᠨ ᠰᠡᠳᠭᠢᠯ᠎ᠡᠴᠡ᠎ᠪᠡᠨ ᠨᠠᠮ᠎ᠤᠨ ᠠᠴᠢ᠎ᠳᠤ ᠲᠠᠯᠠᠷᠬᠠᠵᠤ᠂ ᠨᠠᠮ᠎ᠤᠨ ᠦᠭᠡ᠎ᠶ᠋ᠢ ᠰᠣᠨᠣᠰᠴᠤ᠌᠂ ᠨᠠᠮ᠎ᠢᠶᠠᠨ ᠳᠠᠭᠠᠵᠤ ᠶᠠᠪᠤᠨ᠎ᠠ》 ᠭᠡᠵᠦ ᠯᠢ ᠾᠧᠩ ᠪᠢᠶᠤᠤ ᠣᠮᠣᠭ᠍ᠰᠢᠨ ᠬᠡᠯᠡᠪᠡ᠃

ᠤᠪᠤᠭ᠎ᠠ ᠲᠤᠰᠬᠤᠨ 《ᠪᠠᠷᠳᠠᠮᠨᠠᠭᠰᠠᠨ》 ᠦᠭᠡᠢ

ᠲᠣᠰᠭᠣᠨ ᠤ᠋ ᠨᠡᠷ᠎ᠡ ᠮᠠᠨᠳᠤᠵᠤ᠂ ᠵᠣᠭᠣᠰᠣᠨ ᠴᠦᠩᠬᠦ᠌ ᠲᠦᠨᠲᠦᠢᠭᠰᠡᠨ ᠪᠤᠯᠪᠠᠴᠤ  ᠤᠪᠤᠭ᠎ᠠ ᠲᠤᠰᠬᠤᠨ 《ᠪᠠᠷᠳᠠᠮᠨᠠᠭᠰᠠᠨ》 ᠦᠭᠡᠢ ᠪᠢᠯᠠ᠃

ᠭᠠᠳᠠᠨ᠎ᠠ᠎ᠡᠴᠡ ᠢᠷᠡᠭ᠌ᠰᠡᠨ ᠵᠢᠭᠤᠯᠴᠢᠯᠠᠭ᠍ᠰᠠᠳ᠎ᠲᠤ ᠤᠪᠤᠭ᠎ᠠ ᠲᠣᠰᠭᠣᠨ ᠤ᠋ ᠴᠠᠭ ᠦᠶ᠎ᠡ᠎ᠶ᠋ᠢᠨ ᠬᠤᠪᠢᠷᠠᠯᠲᠠ᠎ᠶ᠋ᠢ ᠮᠡᠳᠡᠭᠦᠯᠬᠦ ᠪᠦᠭᠡᠳ ᠨᠡᠩ ᠴᠤ᠌ ᠲᠣᠰᠭᠣᠨ᠎ᠤ ᠠᠷᠠᠳ᠎ᠲᠤ ᠥᠪᠡᠷ᠎ᠦᠨ 《ᠦᠨᠳᠦᠰᠦ》 ᠪᠣᠯᠤᠨ 《ᠰᠦᠨᠡᠰᠦ》 ᠵᠢ ᠨᠢ ᠪᠠᠲᠤ ᠴᠡᠭᠡᠵᠢᠯᠡᠭᠦᠯᠬᠦ᠌ ᠬᠡᠷᠡᠭ᠌ᠲᠡᠢ᠃ ᠤᠪᠤᠭ᠎ᠠ ᠲᠣᠰᠭᠣᠨ ᠪᠠᠢᠭᠤᠯᠤᠭ᠍ᠳᠠᠭ᠍ᠰᠠᠨ ᠡᠬᠢᠨ᠎ᠦ ᠦᠶ᠎ᠡ᠎ᠳᠦ᠂ ᠣᠯᠠᠨ ᠨᠡᠢᠲᠡ᠎ᠳᠦ ᠡᠩ ᠲᠡᠷᠢᠭᠦᠨ᠎ᠳᠦ ᠰᠣᠶᠣᠯ᠎ᠤᠨ ᠶᠡᠬᠡ ᠬᠦᠷᠢᠶ᠎ᠡ᠎ᠶ᠋ᠢ ᠨᠡᠭᠡᠭᠡᠪᠡ᠃

《ᠤᠪᠤᠭ᠎ᠠ ᠲᠣᠰᠭᠣᠨ᠎ᠤ ᠰᠣᠶᠣᠯ᠎ᠤᠨ ᠶᠡᠬᠡ ᠬᠦᠷᠢᠶ᠎ᠡ ᠮᠠᠰᠢ ᠭᠦᠨ ᠤᠳᠭ᠎ᠠ ᠠᠭᠤᠯᠭ᠎ᠠ᠎ᠲᠠᠶ᠂ ᠲᠣᠰᠭᠣᠨ᠎ᠤ ᠲᠡᠦᠬᠡ᠎ᠶ᠋ᠢᠨ ᠣᠷᠳᠣᠨ᠂ ᠦᠷ᠎ᠡ ᠪᠦᠲᠦᠭᠡᠯ᠎ᠦᠨ ᠣᠷᠳᠣᠨ ᠪᠠ ᠠᠷᠠᠳ᠎ᠤᠨ ᠵᠠᠩ ᠦᠢᠯᠡ᠎ᠶ᠋ᠢᠨ ᠣᠷᠳᠣᠨ ᠲᠠᠢ ᠪᠠᠢᠳᠠᠭ》᠃ ᠬᠥᠬᠡᠬᠣᠲᠠ᠎ᠳᠤ ᠠᠵᠢᠯ᠎ᠢᠶᠠᠷ ᠢᠷᠡᠭ᠌ᠰᠡᠨ ᠫᠸᠩ ᠠᠪᠤᠭᠠᠢ ᠤᠪᠤᠭ᠎ᠠ ᠲᠣᠰᠭᠣᠨ᠎ᠳᠤ ᠢᠷᠡᠭᠰᠡᠨ᠎ᠦ ᠲᠠᠷᠠᠭ᠎ᠠ᠂ ᠨᠢᠭᠡᠳᠦᠭᠡᠷ ᠦᠷᠳᠡᠭᠡ᠎ᠨᠢ ᠲᠠᠷᠤᠢ ᠰᠣᠶᠣᠯ᠎ᠤᠨ ᠶᠡᠬᠡ ᠬᠦᠷᠢᠶ᠎ᠡ ᠪᠡᠷ ᠲᠣᠭᠣᠷᠢᠨ ᠦᠵᠡᠵᠦ᠍᠂《ᠳᠣᠲᠣᠷᠠᠬᠢ ᠳᠡᠯᠭᠡᠨ ᠦᠵᠡᠭᠦᠯᠵᠦ᠍ ᠪᠠᠢᠭ᠎ᠠ ᠪᠣᠳᠠᠲᠤ ᠪᠣᠳᠠᠰ ᠨᠢᠭᠡᠪᠦᠷᠢ᠂ ᠭᠡᠷᠡᠯ ᠵᠢᠷᠤᠭ ᠨᠢᠭᠡᠪᠦᠷᠢ ᠨᠢ ᠪᠦᠷ ᠤᠪᠤᠭ᠎ᠠ ᠲᠤᠰᠬᠤᠨ ᠤ᠋ ᠠᠷᠠᠳ ᠤ᠋ᠨ ᠭᠡᠷ ᠣᠷᠣᠨ᠎ᠢᠶᠠᠨ ᠪᠦᠳᠦᠭᠡᠨ ᠪᠠᠢᠭᠤᠯᠬᠤ ᠬᠠᠲᠠᠭᠤ ᠪᠡᠷᠬᠡᠱᠢᠶᠡᠯ ᠪᠠ ᠵᠢᠳᠬᠦᠯ ᠴᠢᠷᠮᠠᠢᠯᠭ᠎ᠠ᠎ᠶ᠋ᠢ ᠭᠡᠷᠡᠴᠢᠯᠡᠵᠦ᠍ ᠪᠤᠢ》 ᠭᠡᠵᠦ ᠬᠡᠯᠡᠪᠡ᠃

ᠭᠠᠳᠠᠷ ᠣᠷᠣᠨ᠎ᠤ ᠵᠢᠭᠤᠯᠴᠢᠯᠠᠭᠰᠠᠳ᠎ᠢᠷᠡᠬᠦ ᠪᠡᠷ ᠪᠠᠷᠠᠬᠤ ᠦᠭᠡᠢ᠂ ᠮᠠᠰᠢ ᠣᠯᠠᠨ ᠤᠪᠤᠭ᠎ᠠ ᠲᠣᠰᠭᠣᠨ᠎ᠤ ᠠᠷᠠᠳ ᠪᠠᠰᠠ ᠦᠷᠭᠦᠯᠵᠢ ᠰᠣᠶᠣᠯ᠎ᠤᠨ ᠶᠡᠬᠡ ᠬᠦᠷᠢᠶ᠎ᠡ᠎ᠳᠦ ᠢᠷᠡᠵᠦ᠍ ᠲᠣᠭᠣᠷᠢᠳᠠᠭ᠃

《ᠮᠠᠨ᠎ᠤ ᠡᠨᠡ ᠶᠡᠬᠡ ᠬᠦᠷᠢᠶ᠎ᠡ᠎ᠶ᠋ᠢ ᠰᠠᠢᠬᠠᠨ ᠪᠠᠢᠭᠤᠯᠵᠠᠢ᠂ ᠳᠣᠲᠣᠷ᠎ᠠ ᠨᠢ ᠪᠦᠷ ᠲᠣᠰᠭᠣᠨ᠎ᠤ ᠬᠠᠭᠤᠴᠢᠨ ᠡᠳ᠋᠂ ᠬᠠᠭᠤᠴᠢᠨ ᠦᠯᠢᠭᠡᠷ ᠪᠤᠢ》᠃ ᠲᠣᠰᠭᠣᠨ᠎ᠤ ᠠᠷᠠᠳ ᠰᠦᠸᠸ ᠨᠢᠤᠢ ᠲᠣᠰᠭᠣᠨ᠎ᠤ ᠲᠡᠦᠬᠡ᠎ᠶ᠋ᠢᠨ ᠣᠷᠳᠣᠨ᠎ᠤ ᠬᠡᠷᠡᠯ ᠵᠢᠷᠤᠭ᠎ᠢ ᠬᠠᠷᠠᠭᠠᠳ ᠰᠤᠷᠪᠤᠯᠵᠢᠯᠠᠭ᠍ᠴᠢ᠎ᠳᠤ᠄《ᠡᠲᠡᠭᠡᠷ ᠬᠡᠷᠡᠯ ᠵᠢᠷᠤᠭ ᠡᠴᠡ ᠮᠠᠨ᠎ᠤ ᠦᠷ᠎ᠡ ᠬᠡᠦᠬᠡᠳ ᠥᠩᠭᠡᠷᠡᠭ᠌ᠰᠡᠨ᠎ᠦ ᠤᠪᠤᠭ᠎ᠠ ᠲᠤᠰᠬᠤᠨ ᠢ᠋ ᠮᠡᠳᠡᠵᠦ᠍ ᠪᠣᠯᠤᠨ᠎ᠠ᠃ ᠥᠩᠭᠡᠷᠡᠭᠡᠭ᠌ᠰᠡᠨ᠎ᠦ ᠬᠦᠴᠢᠷ ᠵᠣᠪᠠᠯᠠᠩ᠎ᠢ ᠴᠡᠭᠡᠵᠢᠯᠡᠪᠡᠯ ᠰᠠᠶᠢ ᠣᠳᠣ᠎ᠶ᠋ᠢᠨ ᠠᠮᠢᠳᠤᠷᠠᠯ᠎ᠤᠨ ᠰᠠᠢᠨ ᠰᠠᠢᠬᠠᠨ᠎ᠢ ᠮᠡᠳᠡᠨ᠎ᠡ》 ᠭᠡᠵᠦ ᠬᠡᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号