— ᠪᠠᠳᠠᠶ ᠶ᠋ᠢᠨ ᠵᠢᠷᠠᠨ ᠤ᠋ ᠡᠯᠡᠰᠦ — ᠡᠯᠡᠰᠦᠨ ᠴᠤᠬᠢᠶ᠎ᠠ ᠨᠠᠭᠤᠷᠪᠦᠷᠢᠳᠦ ᠵᠢ ᠰᠤᠶᠤᠯᠤᠨ ᠥᠪ ᠢ᠋ᠶ᠋ᠡᠷ ᠪᠦᠷᠢᠳᠬᠡᠬᠦᠯᠦᠭᠰᠡᠨ ᠲᠤᠬᠠᠢ ᠱᠢᠷᠢᠰ ᠮᠡᠳᠡᠭᠡᠯᠡᠯ (ᠬᠣᠶᠠᠷ)
2017 ᠣᠨ ᠳ᠋ᠦ ᠳᠡᠯᠡᠬᠡᠢ ᠶ᠋ᠢᠨ ᠥᠪ ᠲᠦ᠍ ᠪᠦᠷᠢᠳᠬᠡᠬᠦᠯᠬᠦ ᠪᠡᠷ ᠡᠷᠡᠮᠡᠯᠵᠡᠬᠦ ᠠᠵᠢᠯ ᠢ᠋ ᠡᠬᠢᠯᠡᠭᠦᠯᠦᠭ᠌ᠰᠡᠨ ᠡᠴᠡ 2024 ᠣᠨ ᠳ᠋ᠦ ᠠᠮᠵᠢᠯᠳᠠ ᠲᠠᠢ ᠪᠦᠷᠢᠳᠭᠡᠬᠦᠯᠬᠦ ᠬᠦᠷᠳᠡᠯ᠎ᠠ 7 ᠵᠢᠯ ᠤ᠋ᠨ ᠴᠠᠬ ᠬᠤᠭᠤᠴᠠᠭ᠎ᠠ ᠪᠠ ᠴᠢᠷᠮᠠᠢᠯᠭ᠎ᠠ ᠬᠡᠷᠡᠭᠰᠡᠭᠰᠡᠨ ᠪᠤᠯ᠂ ᠡᠨᠡ ᠬᠦ᠌ ᠪᠠᠢᠭᠠᠯᠢ ᠶ᠋ᠢᠨ ᠦᠨᠡᠳᠦ ᠦᠪ ᠢ᠋ ᠬᠠᠷᠢᠨ 20 ᠭᠠᠷᠤᠢ ᠵᠢᠯ ᠰᠠᠬᠢᠨ ᠬᠠᠮᠠᠭᠠᠯᠠᠭᠰᠠᠭᠠᠷ ᠢᠷᠡᠭᠰᠡᠨ ᠶᠤᠮ᠃
ᠪᠠᠳᠠᠶ ᠶ᠋ᠢᠨ ᠵᠢᠷᠠᠨ ᠤ᠋ ᠡᠯᠡᠰᠦ — ᠡᠯᠡᠰᠦᠨ ᠴᠤᠬᠢᠶ᠎ᠠ ᠨᠠᠭᠤᠷᠪᠦᠷᠢᠲᠦ ᠵᠢᠨ ᠳᠡᠯᠡᠬᠡᠢ ᠶ᠋ᠢᠨ ᠥᠪ ᠲᠦ᠍ ᠨᠡᠷ᠎ᠡ ᠳᠤᠷᠠᠳᠤᠭ᠍ᠳᠠᠭᠰᠠᠨ ᠭᠠᠵᠠᠷ ᠤ᠋ᠨ ᠶᠡᠷᠦᠩᠬᠡᠶ ᠲᠠᠯᠠᠪᠠᠶ ᠨᠢ 1617405.8 ᠾᠧᠺᠲ᠋ᠠᠷ ᠪᠤᠢ᠃ ᠡᠨᠳᠡ ᠳᠡᠯᠡᠬᠡᠶ ᠳᠡᠭᠡᠷᠡᠬᠢ ᠬᠠᠮᠤᠭ ᠤ᠋ᠨ ᠥᠨᠳᠥᠷ ᠡᠯᠡᠰᠦᠨ ᠴᠤᠬᠢᠶ᠎ᠠ ᠰᠦᠨᠳᠡᠷᠯᠡᠵᠦ᠂ ᠪᠠᠳᠠᠢ ᠶ᠋ᠢᠨ ᠵᠢᠷᠠᠨ ᠤ᠋ ᠡᠯᠡᠰᠦ ᠵᠢᠨ 《ᠳᠥᠷᠪᠡᠨ ᠭᠠᠢᠬᠠᠮᠰᠢᠭ》 ᠬᠡᠮᠡᠭᠳᠡᠭᠰᠡᠨ ᠬᠠᠴᠢᠨ ᠴᠤᠬᠢᠶ᠎ᠠ᠂ ᠳᠠᠭᠤᠲᠤ ᠡᠯᠡᠰᠦ᠂ ᠨᠠᠭᠤᠷ ᠪᠦᠷᠢᠲᠦ᠂ ᠬᠤᠪᠢᠯᠭᠠᠨ ᠪᠤᠯᠠᠭ ᠪᠠᠢᠵᠤ᠂ ᠶᠡᠬᠡ ᠬᠡᠮᠵᠢᠶᠡᠨ ᠤ᠋ ᠪᠠᠯᠠᠷᠯᠢᠭ ᠵᠠᠭ ᠪᠠ ᠤᠷᠲᠦ ᠰᠡᠬᠦᠯᠳᠦ ᠵᠡᠭᠡᠷ᠎ᠠ᠂ ᠤᠭᠠᠯᠵᠠ᠂ ᠶᠠᠩᠬᠢᠷ ᠵᠡᠷᠭᠡ ᠬᠣᠪᠣᠷ ᠴᠤᠬᠠᠭ ᠬᠡᠭᠡᠷ᠎ᠡ ᠶ᠋ᠢᠨ ᠠᠮᠢᠲᠠᠳ ᠪᠠᠢᠳᠠᠭ᠃ ᠡᠨᠳᠡ ᠡᠴᠡ ᠪᠠᠰᠠ ᠲᠡᠮᠡᠭᠡᠨ ᠬᠢᠷᠭᠤᠤᠯ ᠤ᠋ᠨ ᠥᠨᠳᠡᠭᠡ ᠶ᠋ᠢᠨ ᠴᠢᠯᠠᠭᠤᠵᠢᠮᠠᠯ ᠪᠠ ᠠᠪᠤᠷᠭᠤ ᠭᠦᠷᠪᠡᠯ ᠤ᠋ᠨ ᠴᠢᠯᠠᠭᠤᠵᠢᠮᠠᠯ ᠤᠯᠳᠠᠵᠦ᠂ 3000 — 5000 ᠵᠢᠯ ᠤ᠋ᠨ ᠡᠮᠦᠨᠡᠬᠢ ᠬᠥᠮᠦᠨ ᠲᠥᠷᠥᠯᠬᠢᠲᠡᠨ ᠤ᠋ ᠠᠵᠤ ᠠᠮᠢᠳᠤᠷᠠᠯ ᠤ᠋ᠨ ᠤᠯᠠ ᠮᠦᠷ ᠵᠢᠴᠢ ᠤᠷᠲᠦ ᠤᠳᠠᠭᠠᠨ ᠲᠡᠦᠬᠡ ᠵᠢ ᠦᠵᠡᠬᠦᠯᠦᠭᠰᠡᠨ ᠮᠠᠨᠳᠤᠯ ᠠᠭᠤᠯᠠ ᠶ᠋ᠢᠨ ᠬᠠᠲᠠᠨ ᠵᠢᠷᠤᠭ ᠢ᠋ ᠴᠦ᠍ ᠢᠯᠡᠷᠡᠭᠦᠯᠵᠠᠢ᠃ 《ᠲᠡᠭᠦᠨ ᠤ᠋ ᠦᠪᠡᠷᠮᠢᠴᠡ ᠭᠤᠤ᠎ᠠ ᠵᠦᠢ ᠶ᠋ᠢᠨ ᠦᠨ᠎ᠡ ᠦᠷᠳᠡᠭ ᠪᠣᠯᠤᠨ ᠭᠠᠵᠠᠷ ᠵᠦᠢᠭᠠᠵᠠᠷ ᠤ᠋ᠨ ᠭᠠᠳᠠᠷᠭᠤ ᠶ᠋ᠢᠨ ᠦᠨ᠎ᠡ ᠦᠷᠳᠡᠭ ᠨᠢ ᠪᠦᠬᠦ᠌ ᠳᠡᠯᠡᠬᠡᠢ ᠳ᠋ᠦ ᠬᠣᠪᠣᠷᠬᠠᠨ ᠶᠤᠮ》 ᠭᠡᠵᠦ 46 ᠳ᠋ᠤᠭᠠᠷ ᠬᠤᠭᠤᠴᠠᠭᠠᠨ ᠤ᠋ ᠳᠡᠯᠡᠬᠡᠢ ᠶ᠋ᠢᠨ ᠥᠪ ᠤ᠋ᠨ ᠶᠡᠬᠡ ᠬᠤᠷᠠᠯ ᠤ᠋ᠨ ᠳᠤᠮᠳᠠᠳᠤ ᠤᠯᠤᠰ ᠤ᠋ᠨ ᠲᠥᠯᠥᠭᠡᠯᠡᠭ᠌ᠴᠢᠳ ᠤ᠋ᠨ ᠪᠦᠯᠬᠦᠮ ᠤ᠋ᠨ ᠬᠡᠰᠢᠬᠦᠨ᠂ ᠳᠤᠮᠳᠠᠳᠤ ᠤᠯᠤᠰ ᠤ᠋ᠨ ᠠᠯᠳᠠᠷᠲᠤ ᠦᠵᠡᠮᠵᠢ ᠶ᠋ᠢᠨ ᠣᠷᠣᠨ ᠤ᠋ ᠨᠡᠢᠭᠡᠮᠯᠢᠭ ᠤ᠋ᠨ ᠥᠪ ᠰᠤᠶᠤᠯ ᠤ᠋ᠨ ᠭᠠᠳᠠᠭᠠᠳᠤ ᠬᠠᠷᠢᠯᠴᠠᠭᠠᠨ ᠤ᠋ ᠭᠠᠵᠠᠷ ᠤ᠋ᠨ ᠡᠷᠬᠢᠯᠡᠭ᠌ᠴᠢ ᠶᠠᠩ ᠽᠢ ᠶᠠᠨ ᠬᠡᠯᠡᠨ᠎ᠠ᠃
ᠭᠡᠲᠡᠯ᠎ᠡ ᠡᠨᠡ ᠬᠦ᠌ ᠨᠢᠭᠤᠴᠠᠭᠠᠢ ᠮᠦᠷᠳᠡᠬᠡᠨ ᠦᠵᠡᠰᠭᠦᠯᠡᠩᠲᠦ ᠰᠠᠢᠬᠠᠨ ᠪᠠᠳᠠᠢ ᠶ᠋ᠢᠨ ᠵᠢᠷᠠᠨ ᠤ᠋ ᠡᠯᠡᠰᠦ ᠶ᠋ᠢᠨ ᠳᠣᠲᠣᠭᠠᠳᠤ ᠠᠮᠢ ᠠᠬᠤᠢ ᠶ᠋ᠢᠨ ᠱᠢᠰᠲ᠋ᠧᠮ ᠨᠢ ᠲᠤᠢᠯ ᠤ᠋ᠨ ᠬᠡᠪᠡᠷᠡᠭ ᠪᠠᠢᠵᠤ᠂ ᠡᠪᠳᠡᠭ᠌ᠳᠡᠬᠦ᠌ ᠳ᠋ᠦ ᠬᠦᠷᠪᠡᠯ ᠡᠷᠬᠢᠮ ᠨᠠᠨᠳᠢᠨ ᠪᠠᠢᠭᠠᠯᠢ ᠪᠣᠯᠤᠨ ᠰᠣᠶᠣᠯ ᠤ᠋ᠨ ᠥᠪ ᠨᠢ ᠡᠪᠳᠡᠭᠳᠡᠨ ᠰᠦᠢᠳᠴᠦ᠂ ᠬᠣᠪᠣᠷ ᠨᠠᠨᠳᠢᠨ ᠠᠮᠢᠳᠤ ᠪᠤᠳᠠᠰ ᠤ᠋ᠨ ᠲᠦᠷᠦᠯ ᠤ᠋ᠨ ᠡᠬᠢ ᠪᠠᠶᠠᠯᠢᠭ ᠨᠢ ᠴᠦ᠍ ᠳᠠᠭᠠᠯᠳᠤᠨ ᠤᠰᠠᠳᠭᠤ ᠠᠶᠤᠯᠳᠠᠢ ᠲᠠᠢ ᠶᠤᠮ᠃ 1999 ᠣᠨ ᠳ᠋ᠦ ᠪᠠᠳᠠᠶ ᠶ᠋ᠢᠨ ᠵᠢᠷᠠᠨ ᠤ᠋ ᠡᠯᠡᠰᠦᠨ ᠴᠥᠯᠨᠠᠭᠤᠷ ᠪᠦᠷᠢᠲᠦ ᠪᠠᠢᠭᠠᠯᠢ ᠶ᠋ᠢᠨ ᠬᠠᠮᠠᠭᠠᠯᠠᠯᠲᠠ ᠶ᠋ᠢᠨ ᠣᠷᠣᠨ ᠪᠠᠢᠭᠤᠯᠵᠤ᠂ ᠲᠠᠷᠠᠭ᠎ᠠ ᠨᠢ ᠶᠠᠪᠠᠷᠠᠢ ᠶ᠋ᠢᠨ ᠤᠭᠠᠯᠵᠠ ᠪᠣᠯᠤᠨ ᠳᠠᠩᠰᠤᠭ ᠤ᠋ᠨ ᠵᠠᠭ ᠤ᠋ᠨ ᠪᠠᠢᠭᠠᠯᠢ ᠶ᠋ᠢᠨ ᠬᠠᠮᠠᠭᠠᠯᠠᠯᠲᠠ ᠶ᠋ᠢᠨ ᠣᠷᠣᠨ ᠵᠢᠡᠷ ᠪᠦᠷᠢᠯᠳᠦᠭᠰᠡᠨ ᠥᠪᠥᠷ ᠮᠣᠩᠭᠣᠯ ᠤ᠋ᠨ ᠪᠠᠳᠠᠶ ᠶ᠋ᠢᠨ ᠵᠢᠷᠠᠨ ᠤ᠋ ᠥᠪᠡᠷᠲᠡᠭᠡᠨ ᠵᠠᠰᠠᠬᠤ ᠣᠷᠣᠨ ᠤ᠋ ᠲᠠᠰ ᠤ᠋ᠨ ᠪᠠᠢᠭᠠᠯᠢ ᠶ᠋ᠢᠨ ᠬᠠᠮᠠᠭᠠᠯᠠᠯᠲᠠ ᠶ᠋ᠢᠨ ᠣᠷᠣᠨ ᠵᠢᠴᠢ ᠪᠠᠳᠠᠶ ᠶ᠋ᠢᠨ ᠵᠢᠷᠠᠨ ᠤ᠋ ᠡᠯᠡᠰᠦᠨ ᠴᠥᠯ ᠤ᠋ᠨ ᠠᠯᠳᠠᠷᠲᠤ ᠦᠵᠡᠮᠵᠢ ᠶ᠋ᠢᠨ ᠣᠷᠣᠨ ᠬᠣᠢᠨ᠎ᠠ ᠬᠣᠢᠨ᠎ᠠ ᠡᠴᠡ ᠪᠠᠨ ᠪᠠᠢᠭᠤᠯᠤᠭ᠍ᠳᠠᠵᠠᠢ᠃
《20 ᠭᠠᠷᠤᠶ ᠵᠢᠯ ᠤ᠋ᠨ ᠲᠤᠷᠰᠢ᠂ ᠪᠢᠳᠡ ᠬᠠᠮᠠᠭᠠᠯᠠᠯᠲᠠ ᠶ᠋ᠢᠨ ᠣᠷᠣᠨ ᠤ᠋ ᠲᠥᠯᠥᠪᠵᠢᠭᠦᠯᠭᠡ ᠵᠢ ᠨᠠᠢᠷᠠᠭᠤᠯᠤᠨ ᠵᠣᠬᠢᠶᠠᠵᠤ᠂ ᠴᠠᠭᠳᠠᠨ ᠪᠠᠢᠴᠠᠭᠠᠵᠤ ᠬᠠᠮᠠᠭᠠᠯᠠᠬᠤ ᠵᠢ ᠴᠢᠩᠭᠠᠳᠭᠠᠨ᠂ ᠬᠠᠮᠠᠭᠠᠯᠠᠯᠲᠠ ᠶ᠋ᠢᠨ ᠣᠷᠣᠨ ᠳ᠋ᠦ ᠪᠡᠯᠴᠢᠭᠡᠷᠯᠡᠭᠦᠯᠬᠦ᠌ ᠵᠢ ᠴᠠᠭᠠᠵᠠᠯᠠᠬᠤ ᠪᠠ ᠮᠠᠯ ᠪᠡᠯᠴᠢᠭᠡᠷ ᠢ᠋ ᠲᠡᠩᠴᠡᠭᠦᠷᠢ ᠲᠡᠶ ᠪᠠᠢᠯᠭᠠᠬᠤ ᠲᠦᠷᠢᠮ ᠢ᠋ ᠴᠢᠩᠭ᠎ᠠ ᠬᠡᠷᠡᠭ᠌ᠵᠢᠭᠦᠯᠵᠦ᠍᠂ ᠲᠦᠪ ᠬᠡᠰᠡᠭ ᠲᠦ᠍ ᠡᠭᠦᠷᠢᠳᠡ ᠶ᠋ᠢᠨ ᠪᠠᠷᠢᠯᠭ᠎ᠠ ᠪᠠᠢᠭᠤᠯᠬᠤ ᠵᠢ ᠴᠠᠭᠠᠵᠠᠯᠠᠵᠤ᠂ ᠵᠢᠭᠤᠯᠴᠢᠯᠠᠯ ᠤ᠋ᠨ ᠵᠠᠮ ᠱᠤᠭᠤᠮ ᠢ᠋ ᠵᠢᠷᠤᠮᠵᠢᠭᠤᠯᠤᠨ᠂ ᠬᠦᠮᠦᠨ ᠤ᠋ ᠠᠵᠢᠯᠯᠠᠭ᠎ᠠ ᠡᠴᠡ ᠪᠤᠯᠤᠭᠰᠠᠨ ᠨᠦᠯᠦᠭᠡ ᠵᠢ ᠠᠯᠢ ᠴᠢᠳᠠᠬᠤᠪᠠᠷ ᠪᠠᠭᠠᠰᠭᠠᠵᠤ᠂ ᠡᠯᠡᠰᠦᠨ ᠴᠥᠯ ᠤ᠋ᠨ ᠤᠤᠯ ᠳᠦᠷᠰᠦ ᠪᠠᠢᠳᠠᠯ ᠢ᠋ ᠪᠠᠲᠤᠯᠠᠪᠠ》 ᠭᠡᠵᠦ᠍ ᠠᠯᠠᠱᠠ ᠶ᠋ᠢᠨ ᠡᠯᠡᠰᠦᠨ ᠴᠦᠯ ᠤ᠋ᠨ ᠳᠡᠯᠡᠬᠡᠢ ᠶ᠋ᠢᠨ ᠭᠠᠵᠠᠷ ᠱᠢᠨᠵᠢᠯᠡᠭᠡᠨ ᠤ᠋ ᠴᠡᠴᠡᠷᠯᠢᠭ ᠤ᠋ᠨ ᠠᠯᠠᠱᠠ ᠪᠠᠷᠠᠭᠤᠨ ᠬᠣᠱᠢᠭᠤᠨ ᠤ᠋ ᠬᠠᠮᠢᠶᠠᠷᠤᠯᠲᠠ ᠶ᠋ᠢᠨ ᠲᠣᠪᠴᠢᠶᠠᠨ ᠤ᠋ ᠳᠠᠷᠤᠭ᠎ᠠ ᠯᠢᠶᠠᠩ ᠪᠦᠦ ᠷᠦᠩ ᠬᠡᠯᠡᠨ᠎ᠠ᠃
2004 ᠣᠨ ᠳ᠋ᠦ ᠤᠢ ᠱᠢᠭᠤᠢ ᠨᠤᠲᠤᠭ ᠪᠡᠯᠴᠢᠭᠡᠷ ᠤ᠋ᠨ ᠱᠢᠰᠲ᠋ᠧᠮ ᠳ᠋ᠦ ᠠᠵᠢᠯᠯᠠᠵᠤ ᠪᠠᠢᠭ᠍ᠰᠠᠨ ᠯᠢᠦ ᠸᠧᠢ ᠪᠢᠨ ᠴᠠᠭᠳᠠᠨ ᠬᠠᠮᠠᠭᠠᠯᠠᠭ᠍ᠴᠢ ᠪᠤᠯᠵᠠᠢ᠃ ᠴᠠᠭᠳᠠᠨ ᠬᠠᠮᠠᠭᠠᠯᠠᠬᠤ ᠭᠠᠵᠠᠷ ᠤ᠋ᠨ ᠲᠠᠯᠠᠪᠠᠢ ᠶᠡᠬᠡ᠂ ᠡᠯᠡᠰᠦᠨ ᠴᠦᠯ ᠳ᠋ᠦ ᠲᠣᠭ᠍ᠲᠠᠪᠤᠷᠢ ᠦᠭᠡᠢ ᠡᠯᠧᠮᠧᠨ᠋ᠲ ᠤᠯᠠᠨ᠂ ᠴᠠᠭᠳᠠᠨ ᠪᠠᠢᠴᠠᠭᠠᠬᠤ ᠪᠦᠷᠢ ᠲᠤᠯᠤᠭ᠎ᠠ ᠨᠠᠢ᠍ᠮᠠᠨ ᠬᠥᠮᠦᠨ ᠬᠣᠶᠠᠷ ᠲᠡᠷᠭᠡ ᠪᠡᠷ ᠬᠠᠮᠲᠤ ᠶᠠᠪᠤᠵᠤ᠂ ᠴᠠᠭᠳᠠᠨ ᠬᠠᠮᠠᠭᠠᠯᠠᠬᠤ ᠳ᠋ᠦ ᠠᠳᠠᠭ ᠲᠠᠭᠠᠨ ᠨᠢᠭᠡ ᠭᠠᠷᠠᠭ ᠤ᠋ᠨ ᠴᠠᠭ ᠬᠡᠷᠡᠭ᠌ᠰᠡᠨᠡ᠃ ᠶᠠᠳᠠᠷᠠᠪᠠᠯ ᠲᠡᠷᠭᠡᠨ ᠳᠣᠲᠣᠷ᠎ᠠ ᠪᠠᠨ ᠠᠮᠠᠷᠠᠵᠦ᠂ ᠮᠠᠯᠵᠢᠬᠤ ᠡᠷᠦᠬᠡᠳᠠᠭᠠᠷᠠᠯᠳᠤᠪᠠᠯ ᠬᠠᠯᠠᠭᠤᠨ ᠤᠰᠤᠨ ᠳ᠋ᠦ ᠳᠡᠪᠲᠦᠭᠡᠭ᠌ᠰᠡᠨ ᠲᠦᠬᠦᠮ ᠬᠤᠭᠤᠯᠠ ᠤᠯᠤᠭᠠᠳ ᠢᠳᠡᠴᠢᠬᠡᠨᠠ᠂ ᠭᠡᠪᠡᠴᠦ᠍ ᠣᠯᠠᠩᠬᠢ ᠦᠶ᠎ᠡ ᠳ᠋ᠦ ᠬᠥᠮᠦᠨ ᠠᠮᠢᠲᠠᠨ ᠥᠬᠡᠶ ᠡᠵᠡᠭᠦᠶ ᠵᠡᠯᠢᠭᠦᠳ ᠭᠠᠵᠠᠷ ᠶᠠᠪᠤᠵᠤ᠂ ᠬᠦᠢᠳᠡᠨ ᠮᠠᠨᠲᠠᠸ᠋ ᠷᠠᠱᠢᠶᠠᠨ ᠤᠰᠤ ᠪᠡᠷ ᠴᠠᠭ ᠤ᠋ᠨ ᠬᠣᠭᠣᠯᠠ ᠪᠠᠨ ᠪᠤᠯᠭᠠᠳᠠᠭ ᠶᠤᠮ᠃
《ᠬᠠᠮᠤᠭ ᠤ᠋ᠨ ᠬᠡᠴᠡᠬᠦᠦ ᠨᠢ ᠵᠤᠨ᠂ ᠡᠯᠡᠰᠦᠨ ᠴᠦᠯ ᠤ᠋ᠨ ᠭᠠᠵᠠᠷ ᠤ᠋ᠨ ᠭᠠᠳᠠᠷᠭᠤ ᠶ᠋ᠢᠨ ᠳᠤᠯᠠᠭᠠᠨ ᠤ᠋ ᠬᠡᠮᠵᠢᠶ᠎ᠡ 40 ᠭᠷᠠᠳᠦ᠋ᠰ ᠢ᠋ ᠳᠠᠪᠠᠵᠦ ᠲᠡᠰᠪᠦᠷᠢᠯᠡᠬᠦᠶᠠ ᠪᠡᠷᠬᠡ᠃ ᠶᠡᠬᠡ ᠬᠠᠯᠠᠭᠤᠨ ᠳ᠋ᠤ ᠠᠶᠠᠯᠠᠬᠤ ᠪᠡᠷ ᠴᠠᠭᠳᠠᠨ ᠬᠠᠮᠠᠭᠠᠯᠠᠬᠤ ᠲᠡᠷᠭᠡ ᠪᠠᠰᠠ ᠪᠠᠢᠨ ᠪᠠᠢᠨ ᠲᠤᠭᠤᠢ ᠨᠢ ᠬᠠᠭᠠᠷᠠᠵᠦ᠂ ᠬᠦᠳᠡᠯᠭᠡᠭᠦᠷ ᠨᠢ ᠡᠪᠳᠡᠷᠡᠳᠡᠭ᠂ ᠠᠷᠪᠠ ᠬᠣᠨᠣᠭ ᠬᠠᠭᠠᠰ ᠰᠠᠷ᠎ᠠ ᠡᠯᠡᠰᠦᠨ ᠴᠥᠯ ᠡᠴᠡ ᠭᠠᠷᠴᠤ᠌ ᠳᠡᠢᠯᠬᠦ᠌ ᠦᠭᠡᠢ᠂ ᠠᠷᠭ᠎ᠠ ᠪᠤᠰᠤ ᠠᠪᠤᠷᠠᠯᠲᠠ ᠵᠢ ᠬᠦᠯᠢᠶᠡᠵᠦ ᠰᠠᠭᠤᠳᠠᠭ ᠤᠳᠠᠭ᠎ᠠ ᠴᠦ᠍ ᠭᠠᠷᠤᠭᠰᠠᠨ》ᠭᠡᠵᠦ ᠠᠯᠠᠱᠠ ᠪᠠᠷᠠᠭᠤᠨ ᠬᠣᠱᠢᠭᠤᠨ ᠤ᠋ ᠪᠠᠢᠭᠠᠯᠢ ᠶ᠋ᠢᠨ ᠬᠠᠮᠠᠭᠠᠯᠠᠯᠲᠠ ᠶ᠋ᠢᠨ ᠣᠷᠣᠨ ᠪᠠ ᠬᠡᠭᠡᠷ᠎ᠡ ᠶ᠋ᠢᠨ ᠠᠮᠢᠲᠠᠨ ᠤᠷᠭᠤᠮᠠᠯ ᠤ᠋ᠨ ᠬᠠᠮᠠᠭᠠᠯᠠᠯᠲᠠ ᠶ᠋ᠢᠨ ᠲᠥᠪ ᠤ᠋ᠨ ᠡᠷᠬᠢᠯᠡᠭ᠌ᠴᠢ ᠯᠢᠦ ᠸᠧᠶ ᠪᠢᠨ ᠬᠡᠯᠡᠨ᠎ᠠ᠃ ᠳᠡᠳᠡᠨ ᠳ᠋ᠦ ᠠᠪᠴᠤ ᠬᠡᠯᠡᠪᠡᠯ ᠤᠳᠠᠭ᠎ᠠ ᠪᠤᠯᠭᠠᠨ ᠤ᠋ ᠴᠠᠭ᠍ᠳᠠᠨ ᠬᠠᠮᠠᠭᠠᠯᠠᠯᠲᠠ ᠨᠢ ᠴᠥᠮ ᠪᠠᠷᠲᠠᠭ᠎ᠠ ᠲᠤᠭᠤᠯᠤᠭᠰᠠᠨ ᠠᠶᠠᠯᠠᠯ ᠪᠤᠯᠳᠠᠭ ᠶᠤᠮ᠃
ᠡᠢᠮᠦᠷᠬᠦᠤ ᠴᠠᠭᠳᠠᠨ ᠬᠠᠮᠠᠭᠠᠯᠠᠯᠳᠠ ᠵᠢ ᠰᠠᠷ᠎ᠠ ᠳ᠋ᠦ ᠠᠳᠠᠭ ᠲᠠᠭᠠᠨ ᠨᠢᠭᠡ ᠤᠳᠠᠭ᠎ᠠ ᠬᠢᠬᠦ᠌ ᠬᠡᠷᠡᠭ᠌ᠲᠡᠶ᠃ ᠬᠡᠳᠦᠢ ᠬᠠᠯᠠ ᠵᠦᠳᠡᠬᠦᠷᠢ ᠲᠠᠢ ᠪᠠᠢᠭᠰᠠᠨ ᠴᠦ᠍ ᠯᠢᠦ ᠸᠧᠶ ᠪᠢᠨ ᠢᠩᠭᠢᠵᠦ᠍ ᠠᠵᠢᠯ ᠤ᠋ᠨ ᠪᠠᠢᠷᠢ ᠪᠠᠨ 20 ᠵᠢᠯ ᠪᠠᠷᠢᠮᠲᠠᠯᠠᠪᠠ᠃ 20 ᠵᠢᠯ ᠤ᠋ᠨ ᠲᠤᠷᠰᠢ᠂ ᠲᠡᠷᠡ ᠬᠠᠮᠲᠤ ᠨᠥᠬᠥᠳ ᠲᠡᠶ ᠪᠡᠨ ᠮᠠᠯᠵᠢᠬᠤ ᠡᠷᠦᠬᠡ ᠳ᠋ᠦ ᠭᠦᠨᠵᠡᠭᠡᠢᠷᠡᠨ ᠪᠡᠯᠴᠢᠭᠡᠷᠯᠡᠭᠦᠯᠬᠦ᠌ ᠵᠢ ᠴᠠᠭᠠᠵᠠᠯᠠᠬᠤ ᠪᠠ ᠠᠮᠢ ᠠᠬᠤᠶ ᠵᠢ ᠬᠠᠮᠠᠭᠠᠯᠠᠬᠤ ᠮᠡᠳᠡᠯᠭᠡ ᠵᠢ ᠤᠬᠠᠭᠤᠯᠵᠤ᠂ ᠲᠣᠭ᠎ᠠ ᠲᠣᠮᠰᠢ ᠥᠬᠡᠶ ᠣᠯᠠᠨ ᠬᠡᠭᠡᠷ᠎ᠡ ᠶ᠋ᠢᠨ ᠠᠮᠢᠲᠠᠨ ᠢ᠋ ᠠᠪᠤᠷᠠᠨ ᠲᠤᠰᠠᠯᠠᠵᠤ᠂ ᠲᠣᠭ᠎ᠠ ᠲᠣᠮᠰᠢ ᠥᠬᠡᠶ ᠣᠯᠠᠨ ᠮᠠᠳᠠᠭ ᠲᠠᠢ ᠠᠰᠠᠭᠤᠳᠠᠯ ᠵᠢᠷᠤᠭ ᠢ᠋ ᠬᠠᠷᠭᠤᠭᠤᠯᠤᠨ ᠪᠠᠢᠴᠠᠭᠠᠭ᠍ᠰᠠᠨ ᠪᠥᠭᠡᠳ ᠪᠠᠰᠠ ᠬᠠᠮᠠᠭᠠᠯᠠᠯᠳᠠ ᠶ᠋ᠢᠨ ᠣᠷᠣᠨ ᠤ᠋ ᠬᠡᠭᠡᠷ᠎ᠡ ᠶ᠋ᠢᠨ ᠠᠮᠢᠲᠠᠨ ᠶᠠᠪᠤᠬᠤ ᠲᠤᠲᠤᠮ ᠣᠯᠠᠱᠢᠷᠠᠵᠤ᠂ ᠨᠠᠭᠤᠷ ᠴᠥᠭᠥᠷᠥᠮ ᠤ᠋ᠨ ᠡᠷᠬᠢᠨ ᠲᠣᠭᠣᠷᠢᠨ ᠤ᠋ ᠡᠪᠡᠰᠦ ᠤᠷᠭᠤᠮᠠᠯ ᠶᠠᠪᠤᠬᠤ ᠲᠤᠲᠤᠮ ᠢᠭ᠍ᠴᠤ ᠰᠠᠬᠤᠯᠢᠭ ᠪᠤᠯᠤᠭᠰᠠᠨ ᠢ᠋ ᠣᠯᠵᠤ ᠬᠠᠷᠠᠪᠠ᠃
ᠬᠠᠮᠠᠭᠠᠯᠠᠯᠳᠠ ᠶ᠋ᠢᠨ ᠣᠷᠣᠨ ᠳ᠋ᠦ 50 ᠭᠠᠷᠤᠶ ᠮᠠᠯᠵᠢᠬᠤ ᠡᠷᠦᠬᠡ ᠪᠠᠢᠳᠠᠭ᠂ ᠲᠠᠳᠠ ᠤᠯᠠᠮᠵᠢᠯᠠᠯᠲᠤ ᠠᠮᠢᠳᠤᠷᠠᠯ ᠤ᠋ᠨ ᠠᠷᠭ᠎ᠠ ᠬᠡᠯᠪᠡᠷᠢ ᠪᠠᠨ ᠬᠠᠳᠠᠭᠠᠯᠠᠵᠤ᠂ ᠪᠠᠢᠭᠠᠯᠢ ᠳ᠋ᠦ ᠡᠪᠳᠡᠯᠡᠭᠡ ᠬᠢᠬᠦ ᠥᠬᠡᠶ ᠪᠡᠷ ᠪᠠᠷᠠᠬᠤ ᠥᠬᠡᠶ ᠪᠠᠰᠠ ᠠᠮᠢ ᠠᠬᠤᠶ ᠶ᠋ᠢᠨ ᠢᠳᠡᠪᠬᠢᠲᠡᠶ ᠬᠠᠮᠠᠭᠠᠯᠠᠭ᠍ᠴᠢ ᠪᠣᠯᠵᠠᠶ᠃ ᠤᠯᠠᠭᠠᠨᠲᠠᠯᠠ ᠭᠠᠴᠠᠭᠠᠨ ᠳ᠋ᠦ ᠶᠠᠩᠬᠢᠷ ᠶᠡᠬᠡ ᠤᠯᠠᠨ ᠪᠠᠢᠳᠠᠭ᠂ ᠲᠤᠬᠠᠶ ᠶ᠋ᠢᠨ ᠭᠠᠵᠠᠷ ᠤ᠋ᠨ ᠮᠠᠯᠴᠢᠳ ᠨᠤᠲᠤᠭ ᠪᠡᠯᠴᠢᠭᠡᠷ ᠤ᠋ᠨ ᠢ᠋ᠶ᠋ᠡᠨ ᠨᠢᠭᠡ ᠬᠡᠰᠡᠭ ᠢ᠋ ᠲᠤᠰᠭᠠᠢᠯᠠᠨ ᠦᠯᠡᠳᠡᠭᠡᠵᠦ᠍ ᠶᠠᠩᠬᠢᠷ ᠤ᠋ᠨ ᠪᠡᠯᠴᠢᠬᠡᠷ ᠪᠤᠯᠭᠠᠪᠠ᠃ ᠬᠣᠭ ᠨᠣᠪᠰᠢ ᠪᠠᠢᠪᠠᠯ ᠭᠠᠷ ᠤ᠋ᠨ ᠠᠶ᠎ᠠ ᠪᠠᠷ ᠴᠡᠪᠡᠷᠯᠡᠳᠡᠭ ᠨᠢ ᠮᠠᠯᠴᠢᠳ ᠤ᠋ᠨ ᠲᠦᠭᠡᠮᠡᠯ ᠳᠠᠳᠭᠠᠯ ᠪᠣᠯᠵᠠᠶ᠃
2024 ᠣᠨ ᠤ᠋ 7 ᠰᠠᠷ᠎ᠠ ᠶ᠋ᠢᠨ 26 ᠤ᠋ ᠡᠳᠦᠷ᠂ ᠪᠠᠳᠠᠢ ᠶ᠋ᠢᠨ ᠵᠢᠷᠠᠨ ᠤ᠋ ᠡᠯᠡᠰᠦ — ᠡᠯᠡᠰᠦᠨ ᠴᠤᠬᠢᠶ᠎ᠠ ᠨᠠᠭᠤᠷ ᠪᠦᠷᠢᠲᠦ ᠵᠢ 《ᠳᠡᠯᠡᠬᠡᠶ ᠶ᠋ᠢᠨ ᠥᠪ ᠤ᠋ᠨ ᠨᠡᠷᠡᠰ ᠤ᠋ᠨ ᠵᠢᠭᠰᠠᠭᠠᠯᠳᠠ》 ᠳ᠋ᠤ ᠠᠮᠵᠢᠯᠲᠠ ᠲᠠᠶ ᠪᠦᠷᠢᠳᠭᠡᠬᠦᠯᠪᠡ᠃
《ᠳᠡᠯᠡᠬᠡᠶ ᠶ᠋ᠢᠨ ᠥᠪ ᠤ᠋ᠨ ᠨᠡᠷᠡᠰ ᠤ᠋ᠨ ᠵᠢᠭᠰᠠᠭᠠᠯᠳᠠ ᠳ᠋ᠤ ᠠᠮᠵᠢᠯᠲᠠ ᠲᠠᠶ ᠪᠦᠷᠢᠳᠭᠡᠬᠦᠯᠦᠭᠰᠡᠨ ᠨᠢ ᠠᠯᠠᠱᠠ ᠠᠢᠮᠠᠭ᠂ ᠲᠡᠷᠡᠴᠢᠯᠡᠨ ᠥᠪᠥᠷ ᠮᠣᠩᠭᠣᠯ ᠤ᠋ᠨ ᠶᠡᠬᠡ ᠶᠠᠪᠤᠳᠠᠯ ᠮᠥᠨ᠂ ᠪᠠᠰᠠ ᠴᠤ᠌ ᠳᠤᠮᠳᠠᠳᠤ ᠤᠯᠤᠰ ᠪᠣᠯᠤᠨ ᠳᠡᠯᠡᠬᠡᠢ ᠶ᠋ᠢᠨ ᠶᠡᠬᠡ ᠶᠠᠪᠤᠳᠠᠯ ᠮᠥᠨ᠃ ᠪᠢᠳᠡ ᠨᠡᠩ ᠤᠯᠠᠨ ᠰᠠᠢ᠌ᠨ ᠠᠷᠭ᠎ᠠ ᠵᠢ ᠰᠦᠪᠡᠭ᠌ᠴᠢᠯᠡᠨ᠂ ᠡᠨᠡ ᠬᠦ᠌ ᠬᠣᠪᠣᠷ ᠨᠠᠨᠳᠢᠨ ᠳᠡᠯᠡᠬᠡᠢ ᠶ᠋ᠢᠨ ᠪᠠᠢᠭᠠᠯᠢ ᠶ᠋ᠢᠨ ᠥᠪ ᠢ᠋ ᠦᠷᠭᠦᠯᠵᠢᠯᠡᠨ ᠰᠠᠢᠲᠤᠷ ᠬᠠᠮᠠᠭᠠᠯᠠᠵᠤ᠂ ᠰᠠᠢᠲᠤᠷ ᠦᠪᠯᠡᠨ᠂ ᠰᠠᠢᠲᠤᠷ ᠠᠱᠢᠭ᠍ᠯᠠᠵᠤ ᠂ ᠨᠡᠢᠭᠡᠮ᠂ ᠠᠵᠤ ᠠᠬᠤᠢ ᠪᠣᠯᠤᠨ ᠠᠮᠢ ᠠᠬᠤᠢ ᠶ᠋ᠢᠨ ᠦᠷᠭᠦᠯᠵᠢᠯᠡᠬᠦ᠌ ᠬᠥᠭ᠌ᠵᠢᠯᠲᠡ ᠵᠢ ᠤᠯᠠᠮ ᠠᠬᠢᠭᠤᠯᠤᠨ᠎ᠠ》 ᠭᠡᠵᠦ᠍ ᠯᠢᠶᠠᠩ ᠪᠦᠦ ᠷᠦᠩ ᠬᠡᠯᠡᠨ᠎ᠠ᠃