ᠮᠦᠽᠧᠶ᠎ᠶᠢᠨ ᠥᠵᠡᠰᠬᠥᠯᠠᠡᠭ ᠎ᠤᠨ ᠴᠤᠬᠯᠠᠭᠠᠨ ᠬᠥᠬᠡᠬᠤᠳᠠ᠎ᠶᠢ ᠨᠠᠷ᠎ᠠ ᠠᠯᠳᠠᠷᠰᠢᠭᠤᠯᠤᠯ᠎ᠠ — ᠠᠷᠪᠠᠳᠤᠭᠠᠷ ᠬᠤᠭᠤᠴᠠᠭᠠᠨ᠎ᠤ 《ᠲᠤᠮᠳᠠᠳᠤ ᠤᠯᠤᠰ ᠎ᠤᠨ ᠮᠦᠽᠧᠶ ᠵᠢᠴᠢ ᠬᠠᠮᠢᠶ᠎ᠠ ᠪᠦᠬᠦᠢ ᠦᠢᠯᠡᠳᠭᠦᠨ ᠬᠢᠭᠡᠳ ᠮᠡᠷᠭᠡᠵᠢᠯ᠎ᠤᠨ ᠦᠵᠡᠰᠭᠦᠯᠡᠩ᠎ᠦᠨ ᠴᠤᠭ᠍ᠯᠠᠭᠠᠨ》 ᠲᠡᠭᠦᠰᠭᠦ ᠲᠠᠱᠢᠷᠠᠮ᠎ᠳᠤ
2024-08-29 09:32:47
ᠵᠣᠬᠢᠶᠠᠭ᠍ᠴᠢ᠄
ᠸᠠᠩ ᠽᠦᠩ ᠱᠢᠤᠢ ᠶᠤᠸᠠᠢ
ᠣᠩᠱᠢᠭ᠍ᠰᠠᠨ ᠣᠳᠠᠭ᠎ᠠ᠄
★★★☆☆

8 ᠰᠠᠷ᠎ᠠ᠎ᠶ᠋ᠢᠨ 23 ᠎ᠡᠴᠠ 26 ᠎ᠤ᠋ ᠡᠳᠦᠷ ᠪᠣᠯᠲᠠᠯ᠎ᠠ᠂ ᠬᠥᠬᠡᠬᠣᠲᠠ ᠵᠢᠨ ᠴᠡᠯᠡᠭᠡᠷ ᠲᠠᠯ᠎ᠠ᠎ᠶ᠋ᠢᠨ ᠣᠯᠠᠨ ᠤᠯᠤᠰ ᠎ᠤᠨ ᠬᠤᠷᠠᠯ ᠦᠵᠡᠰᠭᠦᠯᠡᠩ ᠎ᠦᠨ ᠲᠥᠪ᠎ᠲᠦ᠂ ᠪᠥᠬᠥ᠌ ᠤᠯᠤᠰ ᠎ᠤᠨ 552 ᠮᠦᠽᠧᠶ ᠵᠢᠴᠢ ᠬᠠᠮᠢᠶ᠎ᠠ ᠪᠥᠬᠥᠶ ᠠᠵᠤ ᠠᠬᠤᠢᠯᠠᠯ ᠬᠠᠮᠲᠤ ᠴᠤᠭᠯᠠᠷᠠᠵᠤ᠂ ᠦᠵᠡᠰᠭᠦᠯᠡᠩ᠎ᠢᠶᠡᠷ ᠲᠤᠭᠤᠷᠢᠨ ᠦᠵᠡᠭᠰᠡᠳ 35 ᠲᠦᠮᠡᠨ ᠬᠥᠮᠦᠨ ᠤᠳᠠᠭ᠎ᠠ ᠬᠥᠷᠴᠠᠢ᠃ ᠡᠨᠡ ᠬᠤᠭᠤᠴᠠᠭᠠᠨ᠎ᠳᠤ᠂ ᠬᠥᠬᠡᠬᠣᠲᠠ ᠵᠢᠨ ᠬᠦᠯᠢᠶᠡᠨ ᠠᠪᠤᠭᠰᠠᠨ ᠤᠯᠤᠰ ᠎ᠤᠨ ᠳᠣᠲᠣᠭᠠᠳᠤ᠎ᠶ᠋ᠢᠨ ᠵᠢᠭᠤᠯᠴᠢᠯᠠᠭ᠍ᠰᠠᠳ᠎ᠤᠨ ᠲᠤᠭ᠎ᠠ 237.9 ᠲᠦᠮᠡᠨ ᠬᠥᠮᠦᠨ ᠤᠳᠠᠭ᠎ᠠ ᠬᠦᠷᠴᠦ᠂ ᠤᠯᠤᠰ᠎ᠤᠨ ᠳᠣᠲᠣᠭᠠᠳᠤ᠎ᠶ᠋ᠢᠨ ᠵᠢᠭᠤᠯᠴᠢᠯᠠᠭ᠍ᠰᠠᠳ᠎ᠤᠨ ᠪᠥᠬᠥ᠌ ᠵᠠᠷᠤᠳᠠᠯ  48.98 ᠳ᠋ᠦᠩᠱᠢᠭᠤᠷ ᠲᠥᠭᠥᠷᠢᠭ ᠬᠥᠷᠴᠠᠢ᠃

ᠲᠤᠰ ᠬᠤᠭᠤᠴᠠᠭᠠᠨ᠎ᠤ 《ᠲᠤᠮᠳᠠᠳᠤ ᠤᠯᠤᠰ᠎ᠤᠨ ᠮᠦᠽᠧᠶ ᠵᠢᠴᠢ ᠬᠠᠮᠢᠶ᠎ᠠ ᠪᠦᠬᠦᠢ ᠦᠢᠯᠡᠳᠭᠦᠨ ᠬᠢᠭᠡᠳ ᠮᠡᠷᠭᠡᠵᠢᠯ᠎ᠤᠨ ᠦᠵᠡᠰᠭᠦᠯᠡᠩ᠎ᠦᠨ ᠴᠤᠭ᠍ᠯᠠᠭᠠᠨ》ᠨᠢ ᠬᠣᠶᠠᠷ ᠱᠢᠨ᠎ᠡ ᠲᠡᠮᠳᠡᠭ᠌ᠯᠡᠯ ᠎ᠢ ᠡᠭᠦᠳᠪᠡ᠄ ᠡᠷᠬᠢᠯᠡᠭᠰᠡᠨ 20 ᠵᠢᠯ᠎ᠦᠨ ᠲᠤᠷᠱᠢ ᠦᠵᠡᠰᠭᠦᠯᠡᠩ ᠳ᠋ᠤ ᠤᠷᠤᠯᠴᠠᠭᠰᠠᠨ ᠮᠦᠽᠧᠢ ᠵᠢᠴᠢ ᠬᠠᠮᠢᠶ᠎ᠠ ᠪᠦᠬᠦᠢ ᠠᠵᠤ ᠠᠬᠤᠢᠯᠠᠯ᠎ᠤᠨ ᠲᠤᠭ᠎ᠠ ᠬᠠᠮᠤᠭ᠎ᠤᠨ ᠤᠯᠠᠨ᠂ ᠲᠣᠭᠣᠷᠢᠨ ᠦᠵᠡᠭ᠌ᠰᠡᠨ ᠬᠥᠮᠦᠨ᠎ᠦ ᠲᠣᠭ᠎ᠠ ᠬᠠᠮᠤᠭ ᠎ᠤᠨ ᠤᠯᠠᠨ ᠪᠤᠯᠤᠯ᠎ᠠ᠃

ᠬᠥᠬᠡᠬᠣᠲᠠ ᠵᠢᠨ ᠬᠢᠨ ᠬᠡᠳᠦᠨ ᠲᠠᠯᠠᠪᠤᠷ ᠬᠥᠭ᠌ᠵᠢᠶᠡᠨᠲᠦ ᠲᠠᠭᠤᠤ ᠬᠥᠭᠵᠢᠮ ᠎ᠤᠨ ᠦᠳᠡᠱᠢᠯᠡᠭᠡ᠎ᠶ᠋ᠢᠨ ᠳᠠᠷᠠᠭ᠎ᠠ᠂ ᠪᠠᠰᠠ ᠨᠢᠭᠡ ᠤᠳᠠᠭ᠎ᠠ ᠵᠢᠨ ᠭᠡᠷᠡᠯ ᠭᠢᠯᠪᠠᠭᠠᠲᠤ ᠴᠠᠭ ᠮᠥᠴᠡ᠎ᠪᠡᠨ ᠤᠭ᠍ᠲᠤᠨ ᠠᠪᠴᠢᠷᠠᠯ᠎ᠠ᠃

ᠡᠨᠡ ᠪᠣᠯ ᠨᠢᠭᠡᠨ ᠮᠢᠩᠭᠠᠨ ᠤᠨ ᠎ᠢ ᠠᠯᠤᠰᠯᠠᠭ᠍ᠰᠠᠨ ᠰᠣᠶᠣᠯ᠎ᠤᠨ ᠦᠪᠡᠳᠡᠭ᠌ᠰᠢ ᠨᠠᠢᠷ ᠪᠤᠯᠤᠨ᠎ᠠ᠂ ᠪᠦᠬᠦ᠌ ᠤᠯᠤᠰ᠎ᠤᠨ ᠮᠦᠽᠧᠢ ᠎ᠳᠤ ᠬᠠᠳᠠᠭᠠᠯᠠᠭ᠍ᠳᠠᠵᠤ ᠪᠠᠢᠭ᠎ᠠ ᠬᠣᠪᠣᠷ ᠨᠠᠨᠳᠢᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠲᠦᠪᠯᠡᠷᠡᠩᠭᠦᠢ ᠲᠡᠯᠭᠡᠨ ᠦᠵᠡᠭᠦᠯᠦᠭᠰᠡᠨ ᠲᠡᠦᠬᠡ᠎ᠶ᠋ᠢᠨ ᠳᠤᠷᠠᠰᠭᠠᠯᠲᠤ ᠵᠦᠢᠯᠡᠰ ᠪᠠ ᠮᠦᠽᠧᠢ ᠵᠢᠨ ᠲᠤᠮᠤ ᠴᠤᠭᠯᠠᠭᠠᠨ ᠪᠤᠯᠤᠨ᠎ᠠ᠂ ᠨᠢᠭᠡᠨ ᠵᠠᠭᠤ ᠮᠢᠩᠭᠠᠨ ᠵᠢᠯ᠎ᠦᠨ ᠲᠤᠷᠱᠢᠬᠢ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠤᠨ ᠲᠤᠬᠠᠢ ᠤᠳᠤ ᠦᠶ᠎ᠡ᠎ᠶ᠋ᠢᠨ ᠦᠵᠡᠭᠦᠯᠭᠡ ᠪᠣᠯᠤᠨ᠎ᠠ᠃

ᠦᠵᠡᠰᠬᠦᠯᠡᠩ᠎ᠤᠨ ᠴᠤᠬᠯᠠᠭᠠᠨ ᠢᠷᠡᠵᠦ ᠬᠥᠬᠡᠬᠣᠲᠠ 《ᠬᠠᠯᠠᠮᠰᠢᠯ》 ᠪᠤᠯᠤᠯ᠎ᠠ

ᠣᠷᠴᠢᠮ ᠎ᠤᠨ ᠬᠡᠳᠦᠨ ᠡᠳᠦᠷ ᠮᠦᠽᠧᠢ ᠭᠡᠬᠦ ᠦᠭᠡ ᠬᠦᠬᠡᠬᠤᠲᠠ᠎ᠳᠤ ᠬᠠᠯᠠᠮᠰᠢᠯ ᠪᠤᠯᠤᠯ᠎ᠠ᠃ ᠴᠥᠭᠡᠨ ᠪᠤᠰᠤ ᠬᠥᠬᠡᠬᠣᠲᠠ᠎ᠶ᠋ᠢᠨ ᠠᠷᠠᠳ ᠬᠠᠷᠢᠯᠴᠠᠨ ᠠᠭᠤᠯᠵᠠᠬᠤ᠎ᠳᠠᠭᠠᠨ᠄  《ᠦᠵᠡᠰᠭᠦᠯᠡᠩ᠎ᠦᠨ ᠴᠤᠭ᠍ᠯᠠᠭᠠᠨ᠎ᠢᠶᠡᠷ ᠲᠤᠭᠤᠷᠢᠨ ᠦᠵᠡᠭᠰᠡᠨ ᠦᠦ?》 ᠭᠡᠵᠦ ᠵᠤᠭᠤᠭᠳᠠᠳᠠᠭ᠃

ᠬᠥᠬᠡᠬᠣᠲᠠ᠎ᠳᠤ ᠶᠠᠪᠤᠭᠳᠠᠭᠰᠠᠨ 《ᠠᠷᠪᠠᠳᠤᠭᠠᠷ ᠬᠤᠭᠤᠴᠠᠭᠠᠨ ᠎ᠤ ᠳᠤᠮᠳᠠᠳᠤ ᠤᠯᠤᠰ᠎ᠤᠨ ᠮᠦᠽᠧᠢ ᠵᠢᠴᠢ ᠬᠠᠮᠢᠶ᠎ᠠ ᠪᠦᠬᠦᠢ ᠦᠢᠯᠡᠳᠬᠦᠨ ᠬᠢᠭᠡᠳ ᠮᠡᠷᠭᠡᠵᠢᠯ᠎ᠦᠨ ᠦᠵᠡᠰᠭᠦᠯᠡᠩ ᠎ᠤᠨ ᠴᠤᠭᠯᠠᠭᠠᠨ》 ᠤ᠋ ᠭᠣᠣᠯ ᠰᠡᠳᠦᠪ ᠨᠢ 《ᠮᠦᠽᠧᠢ᠎ᠶ᠋ᠢᠨ ᠴᠢᠨᠠᠷ ᠰᠠᠢᠲᠠᠢ ᠬᠥᠭ᠌ᠵᠢᠯᠲᠡ᠄ ᠬᠦᠮᠦᠵᠢᠯ ᠪᠠ ᠰᠤᠳᠤᠯᠭᠠᠨ᠎ᠢ ᠵᠡᠷᠭᠡ᠎ᠪᠡᠷ ᠴᠢᠬᠤᠯᠠᠴᠢᠯᠠᠵᠤ  ᠲᠤᠭᠠᠴᠢᠯᠠᠯᠲᠠ ᠪᠠ ᠪᠤᠲᠠᠲᠤ ᠠᠬᠤᠢ ᠎ᠶ᠋ᠢ ᠠᠭᠤᠰᠤᠯᠴᠠᠭᠤᠯᠤᠶ᠎ᠠ》 ᠭᠡᠬᠦ ᠪᠤᠯᠤᠨ᠎ᠠ᠃

ᠭᠤᠸᠠᠩᠳᠦ᠋ᠩ ᠮᠤᠵᠢ᠎ᠶ᠋ᠢᠨ ᠮᠦᠽᠧᠢ ᠵᠢᠨ ᠡᠮᠦᠨ᠎ᠡ ᠲᠠᠮᠠᠭ᠎ᠠ ᠳᠠᠷᠤᠬᠤ ᠪᠡᠷ ᠢᠷᠡᠭᠰᠡᠨ ᠬᠦᠮᠦᠰ 30 ᠭᠠᠷᠤᠢ ᠮᠸᠲᠷ ᠤᠷᠳᠤ ᠮᠥᠷᠯᠡᠨ ᠬᠦᠯᠢᠶᠡᠵᠦ᠍ ᠪᠠᠢᠪᠠ᠃ ᠡᠭᠦᠨ᠎ᠤ ᠳᠣᠲᠣᠷ᠎ᠠ ᠨᠢᠭᠡ ᠥᠨᠳᠥᠷ ᠨᠢᠭᠡ ᠪᠣᠭᠣᠨᠢ ᠠᠬ᠎ᠠ ᠳᠡᠭᠦᠦ ᠬᠣᠶᠠᠭᠤᠯᠠ ᠪᠠᠢᠯ᠎ᠠ᠂ ᠨᠢᠭᠡ᠎ᠨᠢ ᠤᠳᠠᠯ ᠦᠭᠡᠢ ᠶᠡᠬᠡ ᠰᠤᠷᠭᠠᠭᠤᠯᠢ᠎ᠳᠤ ᠣᠷᠣᠵᠥ᠂ ᠨᠥᠬᠥᠬᠡ᠎ᠨᠢ ᠶᠠᠭ ᠪᠠᠭ᠎ᠠ ᠰᠤᠷᠭᠠᠭᠤᠯᠢ᠎ᠳᠤ ᠰᠤᠷᠤᠯᠴᠠᠵᠤ ᠪᠠᠢᠨ᠎ᠠ᠂ ᠬᠤᠶᠠᠭᠤᠯᠨ ᠪᠡᠨ ᠲᠣᠰ ᠪᠣᠢ᠍ᠷᠢ ᠨᠢᠭᠡᠨ ᠲᠠᠮᠠᠭ᠎ᠠ ᠳᠠᠷᠤᠬᠤ ᠳᠡᠪᠲᠡᠷ ᠠᠳᠭᠤᠵᠤ ᠪᠠᠢᠯ᠎ᠠ᠃ ᠠᠬ᠎ᠠ ᠳᠡᠭᠦᠦ ᠬᠣᠶᠠᠭᠤᠯᠠ ᠪᠡᠨ ᠠᠯᠢ ᠡᠷᠲᠡ ᠡᠴᠡ ᠲᠦᠯᠦᠪᠯᠡᠭᠡ ᠲᠠᠢ ᠪᠠᠢᠵᠠᠢ᠄ ᠦᠵᠡᠰᠭᠦᠯᠡᠩ᠎ᠦᠨ ᠴᠤᠭᠯᠠᠭᠠᠨ᠎ᠤ ᠬᠠᠮᠤᠭ᠎ᠤᠨ ᠰᠡᠭᠦᠯᠴᠢ᠎ᠶ᠋ᠢᠨ ᠨᠢᠭᠡ ᠡᠳᠦᠷ ᠶᠡᠷᠦ ᠨᠢ ᠬᠥᠮᠦᠨ ᠴᠥᠭᠡᠨ ᠪᠠᠢᠳᠠᠭ᠂ ᠲᠤᠭᠤᠷᠢᠨ ᠦᠵᠡᠬᠦ᠎ᠳᠤ ᠲᠤᠬᠢᠷᠠᠮᠵᠢᠲᠠᠢ᠃ ᠠᠬ᠎ᠠ ᠨᠢ ᠪᠤᠯᠤᠭᠰᠠᠨ ᠨᠠᠨ ᠬᠤᠤ ᠯᠢᠨ᠂  《ᠦᠵᠡᠰᠭᠦᠯᠡᠩ᠎ᠤᠨ ᠴᠤᠭᠯᠠᠭᠠᠨ ᠡᠢᠮᠦ᠍ ᠬᠥᠭ᠌ᠵᠢᠶᠡᠨ᠎ᠲᠡᠶ ᠭᠡᠵᠦ᠍ ᠪᠣᠳᠣᠵᠤ ᠣᠯᠤᠭ᠍ᠰᠠᠨ ᠦᠭᠡᠢ᠂ ᠬᠠᠮᠤᠭ᠎ᠤᠨ ᠰᠡᠭᠦᠯᠴᠢ᠎ᠶ᠋ᠢᠨ ᠡᠳᠦᠷ ᠪᠠᠰᠠ ᠡᠢᠮᠦ᠍ ᠣᠯᠠᠨ ᠬᠥᠮᠦᠨ ᠪᠠᠢᠨ᠎ᠠ᠃ ᠭᠡᠪᠡᠴᠦ᠍ ᠡᠨᠳᠡ ᠢᠷᠡᠭᠡᠳ ᠲᠤᠩ ᠰᠠᠢᠬᠠᠨ ᠰᠠᠨᠠᠭ᠍ᠳᠠᠵᠤ ᠪᠠᠢᠨ᠎ᠠ᠂ ᠦᠵᠡᠰᠭᠦᠯᠡᠩ᠎ᠤᠨ ᠴᠤᠭᠯᠠᠭᠠᠨ ᠲᠡᠭᠡᠷ᠎ᠡ ᠲᠤᠭᠠᠴᠢᠯᠠᠭᠰᠠᠨ ᠮᠡᠷᠭᠡᠵᠢᠯ᠎ᠤᠨ ᠲᠤᠬᠠᠢ ᠲᠡᠯᠭᠡᠨ ᠦᠵᠡᠭᠦᠯᠭᠡ ᠮᠠᠰᠢ ᠤᠯᠠᠨ ᠪᠠᠢᠨ᠎ᠠ》 ᠭᠡᠵᠡᠢ᠃

ᠬᠦᠮᠦᠨ ᠬᠠᠷ᠎ᠠ ᠴᠤᠭᠯᠠᠷᠠᠵᠤ ᠨᠠᠢᠷ ᠬᠦᠭᠵᠢᠶᠡᠨ᠎ᠢᠶᠡᠷ ᠪᠢᠯᠬᠠᠮ᠎ᠠ ᠦᠵᠡᠰᠭᠦᠯᠡᠩ᠎ᠦᠨ ᠲᠠᠯᠠᠪᠠᠶ ᠵᠢᠨ ᠦᠵᠡᠭᠳᠡᠯ ᠎ᠲᠠᠶ ᠠᠳᠠᠯᠢᠳᠭᠠᠪᠠᠯ᠂ ᠳᠤᠮᠳᠠᠳᠤ ᠤᠯᠤᠰ᠎ᠤᠨ ᠠᠷᠠᠳ᠎ᠤᠨ ᠬᠤᠪᠢᠰᠭᠠᠯᠲᠤ ᠴᠡᠷᠢᠭ᠎ᠦᠨ ᠶᠠᠪᠤᠳᠠᠯ᠎ᠤᠨ ᠮᠦᠽᠧᠶ ᠎ᠶ᠋ᠢᠨ ᠦᠵᠡᠭᠦᠯᠭᠡ᠎ᠶ᠋ᠢᠨ ᠲᠣᠭᠣᠷᠢᠭ᠎ᠲᠤ ᠨᠠᠮ ᠵᠢᠮ ᠪᠠᠢᠯ᠎ᠠ᠃  ᠨᠢᠭᠡ ᠪᠦᠯᠦᠭ ᠪᠢᠴᠢᠬᠠᠨ ᠨᠠᠢᠵᠠ ᠎ᠨᠠᠷ ᠶᠠᠭ ᠳᠤᠮᠳᠠᠳᠤ ᠤᠯᠤᠰ᠎ᠤᠨ ᠵᠡᠪᠰᠡᠭ᠎ᠦᠨ ᠲᠡᠦᠬᠡ᠎ᠶ᠋ᠢᠨ ᠸᠢᠳᠢᠣ᠋ ᠦᠵᠡᠭᠦᠯᠭᠡ ᠎ᠶ᠋ᠢ ᠰᠡᠳᠭᠢᠯ ᠲᠠᠯᠪᠢᠨ ᠦᠵᠡᠵᠦ᠍ ᠪᠠᠢᠯ᠎ᠠ᠃

ᠥᠪᠥᠷ ᠮᠣᠩᠭᠣᠯ᠎ᠤᠨ ᠦᠵᠡᠭ᠌ᠴᠢᠳ᠎ᠦᠨ 《ᠦᠵᠡᠰᠭᠦᠯᠡᠩ᠎ᠦᠨ ᠴᠤᠭ᠍ᠯᠠᠭᠠᠨ》 ᠤ᠋ ᠲᠤᠬᠠᠢ ᠬᠠᠯᠠᠭᠤᠨ ᠰᠡᠳᠭᠢᠯᠭᠡ ᠨᠢ ᠬᠠᠭᠠᠨ᠎ᠤ ᠣᠷᠳᠣᠨ᠎ᠤ ᠮᠦᠽᠧᠢ᠎ᠶ᠋ᠢᠨ ᠨᠡᠢᠭᠡᠮ᠎ᠦᠨ ᠰᠤᠷᠭᠠᠨ ᠬᠥᠮᠦᠵᠢᠯ᠎ᠦᠨ ᠬᠡᠯᠲᠡᠰ᠎ᠤᠨ ᠹᠠᠨ ᠱᠢᠤᠸᠠᠢ ᠴᠦᠨ ᠪᠣᠯᠤᠨ ᠴᠦᠩᠴᠢᠩ᠎ᠦᠨ ᠬᠣᠩ ᠶᠠᠨ ᠰᠣᠶᠣᠯ᠎ᠤᠨ ᠠᠵᠤ ᠦᠢᠯᠡᠰ ᠎ᠦᠨ ᠪᠦᠯᠦᠭ᠌ᠯᠡᠯ᠎ᠦᠨ ᠳᠡᠳ᠋ ᠶᠡᠷᠦᠩᠬᠡᠢ ᠳᠠᠭᠠᠭᠠᠮᠠᠯ ᠴᠧᠨ ᠫᠸᠩ ᠢᠦᠢ᠎ᠶ᠋ᠢ ᠶᠡᠬᠡᠳᠡ ᠳᠣᠭ᠍ᠳᠣᠯᠤᠭᠤᠯᠪᠠ᠃

ᠹᠠᠨ ᠱᠢᠤᠸᠠᠢ ᠴᠦᠨ 《ᠲᠤᠮᠳᠠᠳᠤ ᠤᠯᠤᠰ᠎ᠤᠨ ᠮᠦᠽᠧᠶ ᠵᠢᠴᠢ ᠬᠠᠮᠢᠶ᠎ᠠ ᠪᠦᠬᠦᠢ ᠦᠢᠯᠡᠳᠭᠦᠨ ᠬᠢᠭᠡᠳ ᠮᠡᠷᠭᠡᠵᠢᠯ᠎ᠤᠨ ᠦᠵᠡᠰᠭᠦᠯᠡᠩ᠎ᠦᠨ ᠴᠤᠭ᠍ᠯᠠᠭᠠᠨ》 ᠳ᠋ᠤ ᠤᠯᠠᠨ ᠤᠳᠠᠭ᠎ᠠ ᠣᠷᠣᠯᠴᠠᠵᠤ᠂  ᠲᠤᠷᠱᠢᠯᠭ᠎ᠠ ᠪᠠᠶᠠᠯᠢᠭ ᠪᠠᠢᠯ᠎ᠠ᠃ 《8 ᠰᠠᠷ᠎ᠠ᠎ᠶ᠋ᠢᠨ 23 ᠤ᠋ ᠡᠳᠦᠷ᠂ ᠨᠢᠭᠡ ᠯᠡ ᠳᠣᠣᠷ᠎ᠠ ᠮᠠᠰᠢ ᠤᠯᠠᠨ ᠬᠥᠮᠦᠨ ᠴᠤᠬᠯᠠᠷᠠᠵᠠᠢ᠂ ᠲᠤᠬᠠᠢ᠎ᠶ᠋ᠢᠨ ᠭᠠᠵᠠᠷ᠎ᠤᠨ ᠦᠵᠡᠭ᠌ᠴᠢᠳ᠎ᠦᠨ ᠰᠣᠶᠣᠯ᠎ᠤᠨ ᠬᠠᠯᠠᠭᠤᠨ ᠰᠡᠳᠭᠢᠯᠭᠡ ᠡᠢᠮᠦ ᠦᠨᠳᠦᠷ ᠪᠠᠢᠬᠤ ᠵᠢ ᠪᠢ ᠦᠨᠡᠬᠡᠷ ᠪᠤᠳᠤᠵᠤ ᠤᠯᠤᠭᠰᠠᠨ ᠦᠭᠡᠢ》 ᠭᠡᠵᠦ᠍ ᠹᠠᠨ ᠱᠢᠤᠸᠠᠢ ᠴᠦᠨ ᠬᠡᠯᠡᠪᠡ᠃

ᠴᠧᠨ ᠫᠸᠩ ᠢᠦᠢ ᠣᠢᠯᠠᠭᠠᠯᠲᠠ ᠨᠡᠩ ᠭᠦᠨᠵᠡᠭᠡᠢ ᠪᠠᠢᠯ᠎ᠠ᠃ ᠲᠡᠭᠦᠨ ᠎ᠦ ᠲᠠᠨᠢᠯᠴᠠᠭᠤᠯᠤᠭ᠍ᠰᠠᠨ᠎ᠢᠶᠠᠷ᠂ ᠦᠵᠡᠰᠭᠦᠯᠡᠩ᠎ᠤᠨ ᠴᠤᠭᠯᠠᠭᠠᠨ ᠡᠬᠢᠯᠡᠭᠰᠡᠨ ᠡᠴᠡ ᠨᠡᠭᠠᠰᠢ᠂ ᠲᠡᠳᠡᠨ᠎ᠦ ᠪᠡᠯᠡᠳᠭᠡᠭᠰᠡᠨ 300 ᠲᠠᠮᠠᠭ᠎ᠠ ᠳᠠᠷᠤᠬᠤ ᠳᠡᠪᠲᠡᠷ᠎ᠢᠶᠡᠨ ᠪᠦᠬᠦᠨ᠎ᠢ ᠬᠤᠳᠠᠯᠳᠤᠨ ᠳᠠᠭᠤᠰᠭᠠᠵᠤ᠂ ᠯᠦᠸᠧ ᠭᠤᠸᠠᠩ ᠪᠢᠨ᠂ ᠶᠠᠩ ᠢ ᠶᠠᠨ᠎ᠤ ᠵᠣᠬᠢᠶᠠᠭ᠍ᠰᠠᠨ 《ᠬᠤᠩ ᠶᠠᠨ》 ᠭᠡᠬᠦ ᠨᠤᠮ᠎ᠢ ᠴᠤ᠌ 30 ᠭᠠᠷᠤᠶ ᠳᠡᠪᠲᠡᠷ ᠬᠤᠳᠠᠯᠳᠤᠨ ᠭᠠᠷᠭᠠᠵᠠᠶ᠃ 《ᠬᠥᠬᠡᠬᠣᠲᠠ᠎ᠶ᠋ᠢᠨ ᠬᠥᠮᠦᠰ᠎ᠦᠵᠡᠰᠭᠦᠯᠡᠩ᠎ᠤᠨ ᠴᠤᠭᠯᠠᠭᠠᠨ ᠎ᠳᠦ ᠣᠷᠣᠯᠴᠠᠬᠤ ᠎ᠶ᠋ᠢᠨ ᠬᠠᠮᠲᠤ ᠲᠠᠳᠠ ᠨᠠᠷ ᠪᠠᠰᠠ ᠪᠢᠳᠡᠨ ᠎ᠳᠦ ᠬᠣᠨᠢᠨ ᠮᠢᠬ᠎ᠠ ᠵᠡᠷᠭᠡ ᠲᠤᠬᠠᠢ ᠵᠢᠨ ᠭᠠᠵᠠᠷ ᠎ᠤᠨ ᠠᠮᠲᠠᠲᠤ ᠢᠳᠡᠭᠡᠨ ᠡᠴᠡ ᠲᠠᠨᠢᠯᠴᠠᠭᠤᠯᠤᠯ᠎ᠠ》  ᠭᠡᠵᠦ ᠴᠧᠨ ᠫᠸᠩ ᠢᠦᠢ ᠢᠨᠢᠶᠡᠮᠰᠦᠭ᠌ᠯᠡᠨ ᠬᠡᠯᠡᠨ᠎ᠡ᠃

ᠲᠣᠰ ᠬᠤᠭᠤᠴᠠᠭᠠᠨ᠎ᠤ  《ᠦᠵᠡᠰᠭᠦᠯᠡᠩ᠎ᠦᠨ ᠴᠤᠭ᠍ᠯᠠᠭᠠᠨ》 ᠳ᠋ᠤ᠌ ᠬᠠᠭᠠᠨ᠎ᠤ ᠣᠷᠳᠣᠨ᠎ᠤ ᠮᠦᠽᠧᠶ᠂ ᠳᠤᠮᠳᠠᠳᠤ ᠤᠯᠤᠰ ᠎ᠤᠨ ᠤᠯᠤᠰ᠎ᠤᠨ ᠮᠦᠽᠧᠶ᠂ ᠱᠠᠩᠬᠠᠶ ᠎ᠶ᠋ᠢᠨ ᠮᠦᠽᠧᠶ ᠵᠡᠷᠭᠡ ᠤᠯᠤᠰ ᠎ᠤᠨ ᠳᠣᠲᠣᠭᠠᠳᠤ᠎ᠶ᠋ᠢᠨ ᠬᠡᠳᠦᠨ ᠵᠠᠭᠤᠨ ᠮᠦᠽᠧᠶ ᠲᠡᠯᠭᠡᠨ ᠦᠵᠡᠭᠦᠯᠵᠦ᠂ ᠪᠥᠬᠥ᠌ ᠤᠯᠤᠰ᠎ᠤᠨ ᠮᠦᠽᠧᠶ᠎ᠶ᠋ᠢᠨ ᠬᠥᠭ᠌ᠵᠢᠯᠲᠡ᠎ᠶ᠋ᠢᠨ ᠦᠷ᠎ᠡ ᠪᠦᠲᠦᠭᠡᠯ᠎ᠦᠨ ᠦᠵᠡᠭᠦᠯᠭᠡ᠎ᠶ᠋ᠢᠨ ᠲᠣᠭᠣᠷᠢᠭ᠂ ᠪᠥᠬᠥ᠌ ᠤᠯᠤᠰ᠎ᠤᠨ ᠲᠡᠤᠬᠡ ᠵᠢᠨ ᠲᠤᠷᠠᠰᠬᠠᠯᠲᠤ ᠵᠦᠢᠯᠡᠰ ᠪᠠ ᠮᠦᠽᠧᠶ ᠵᠢᠨ ᠠᠵᠤ ᠠᠬᠤᠢᠯᠠᠯ ᠎ᠤᠨ ᠬᠥᠭ᠌ᠵᠢᠯᠲᠡ᠎ᠶ᠋ᠢᠨ ᠦᠷ᠎ᠡ ᠪᠦᠲᠦᠭᠡᠯ᠎ᠦᠨ ᠦᠵᠡᠭᠦᠯᠭᠡ᠎ᠶ᠋ᠢᠨ ᠲᠣᠭᠣᠷᠢᠭ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠪᠠ ᠬᠥᠬᠡᠬᠣᠲᠠ᠎ᠶ᠋ᠢᠨ ᠲᠡᠤᠬᠡ ᠵᠢᠨ ᠲᠤᠷᠠᠰᠬᠠᠯᠲᠤ ᠵᠦᠢᠯᠡᠰ ᠪᠠ ᠮᠦᠽᠧᠶ ᠵᠢᠨ ᠦᠶ᠋ᠯᠡᠰ᠎ᠦᠨ ᠶᠡᠷᠦᠩᠬᠡᠢᠯᠡᠭ᠌ᠰᠡᠨ ᠦᠵᠡᠭᠦᠯᠭᠡ᠎ᠶ᠋ᠢᠨ ᠲᠣᠭᠣᠷᠢᠭ ᠂ ᠮᠦᠽᠧᠶ᠎ᠶ᠋ᠢᠨ ᠲᠣᠭᠠᠴᠢᠯᠠᠭ᠍ᠰᠠᠨ ᠣᠶᠤᠨᠴᠢᠯᠠᠭ᠍ᠰᠠᠨ ᠲᠤᠰᠭᠠᠶ ᠰᠡᠳᠦᠪᠲᠦ ᠦᠵᠡᠭᠦᠯᠭᠡ᠎ᠶ᠋ᠢᠨ ᠲᠣᠭᠣᠷᠢᠭ᠂ ᠰᠣᠶᠣᠯ᠎ᠤᠨ ᠪᠦᠲᠦᠭᠡᠯᠴᠢ ᠦᠶ᠋ᠯᠡᠳᠬᠦᠨ ᠵᠢᠴᠢ ᠰᠡᠯᠡᠭᠦᠴᠡᠯ ᠦᠶ᠋ᠯᠡᠳᠦᠯᠴᠡᠬᠦ᠌ ᠲᠣᠭᠣᠷᠢᠭ᠎ᠢ ᠲᠤᠬᠢᠷᠠᠭᠤᠯᠵᠤ᠂ ᠱᠢᠷᠢᠰ ᠡᠷᠳᠡᠮ ᠱᠢᠨᠵᠢᠯᠡᠭᠡᠨ ᠎ᠦ  ᠠᠵᠢᠯᠯᠠᠭ᠎ᠠ᠂ 40 ᠭᠠᠷᠤᠶ ᠲᠠᠯᠠᠪᠤᠷ ᠣᠯᠠᠨ ᠨᠡᠢᠲᠡ᠎ᠶ᠋ᠢᠨ ᠠᠵᠢᠯᠯᠠᠭ᠎ᠠ ᠵᠢ ᠢᠵᠢ ᠪᠦᠷᠢᠳᠦᠭᠦᠯᠦᠨ ᠡᠷᠭᠢᠯᠡᠵᠠᠢ᠃ ᠥᠩᠭᠡᠷᠡᠭ᠌ᠰᠡᠨ ᠬᠤᠭᠤᠴᠠᠭᠠᠨ ᠎ᠤ ᠬᠢ᠎ᠲᠡᠶ ᠬᠠᠷᠢᠴᠠᠭᠤᠯᠪᠠᠯ᠂ ᠲᠣᠰ ᠬᠤᠭᠤᠴᠠᠭᠠᠨ᠎ᠤ  《ᠦᠵᠡᠰᠭᠦᠯᠡᠩ᠎ᠦᠨ ᠴᠤᠭ᠍ᠯᠠᠭᠠᠨ》 ᠨᠢ ᠲᠤᠰᠭᠠᠶ  ᠵᠥᠪᠯᠡᠯ ᠎ᠦᠨ ᠢᠳᠡᠪᠬᠢᠵᠢᠯ᠎ᠢ ᠪᠠᠳᠠᠷᠠᠭᠤᠯᠬᠤ᠎ᠶ᠋ᠢ ᠴᠢᠬᠤᠯᠠᠴᠢᠯᠠᠵᠤ᠂ ᠮᠦᠽᠧᠶ᠎ᠶ᠋ᠢᠨ ᠬᠦᠷᠢᠶᠡᠨ᠎ᠳᠡᠬᠢ ᠨᠡᠢᠭᠡᠮ᠎ᠦᠨ ᠠᠩᠬᠠᠷᠤᠯ᠎ᠳᠤ ᠰᠠᠨᠠᠭᠠᠴᠢᠯᠠᠭ᠎ᠠ᠎ᠡᠴᠡ᠎ᠪᠠᠨ ᠬᠠᠷᠢᠭᠤ ᠲᠤᠰᠭᠠᠵᠤ᠂ ᠴᠠᠭ ᠦᠶᠡᠴᠢ ᠴᠢᠨᠠᠷ᠂ ᠣᠷᠣᠨ ᠪᠦᠰᠡᠴᠢ ᠴᠢᠨᠠᠷ᠂ ᠣᠯᠠᠨ ᠲᠦᠮᠡᠨᠴᠢ ᠴᠢᠨᠠᠷ᠎ᠢ ᠨᠠᠩ ᠲᠣᠪᠣᠢᠮ᠎ᠠ ᠪᠣᠯᠭᠠᠵᠠᠶ᠃

《 ᠦᠵᠡᠰᠭᠦᠯᠡᠩ᠎ᠦᠨ ᠴᠤᠭ᠍ᠯᠠᠭᠠᠨ》 ᠎ᠢ᠋ ᠡᠷᠬᠢᠯᠡᠵᠤ ᠬᠥᠬᠡᠬᠣᠲᠠ ᠭᠡᠷᠡᠯ ᠭᠢᠯᠪᠠᠭ᠎ᠠ ᠪᠡᠨ ᠰᠠᠴᠤᠷᠠᠭᠤᠯᠤᠯ᠎ᠠ

《 ᠪᠢᠳᠡ ᠯᠠᠪᠲᠠᠶ ᠠᠷᠪᠠᠳᠤᠭᠠᠷ ᠬᠤᠭᠤᠴᠠᠭᠠᠨ᠎ᠤ 〈ᠲᠤᠮᠳᠠᠳᠤ ᠤᠯᠤᠰ᠎ᠤᠨ ᠮᠦᠽᠧᠶ  ᠵᠢᠴᠢ ᠬᠠᠮᠢᠶ᠎ᠠ ᠪᠦᠬᠦᠢ ᠦᠢᠯᠡᠳᠭᠦᠨ ᠬᠢᠭᠡᠳ ᠮᠡᠷᠭᠡᠵᠢᠯ᠎ᠤᠨ ᠦᠵᠡᠰᠭᠦᠯᠡᠩ᠎ᠦᠨ ᠴᠤᠭ᠍ᠯᠠᠭᠠᠨ〉 ᠢ᠋ ᠣᠲᠣ ᠪᠣᠯᠲᠠᠯᠠᠬᠢ ᠬᠠᠮᠤᠭ᠎ᠤᠨ ᠣᠨᠴᠠᠯᠢᠭ᠎ᠲᠠᠶ ᠨᠢᠭᠡ ᠬᠤᠭᠤᠴᠠᠭ᠎ᠠ ᠪᠣᠯᠭᠠᠨ ᠡᠷᠬᠢᠯᠡᠬᠦ᠎ᠪᠠᠷ ᠴᠢᠷᠮᠠᠢᠨ᠎ᠠ》ᠡᠨᠡ ᠪᠣᠯ ᠳᠤᠮᠳᠠᠳᠤ ᠤᠯᠤᠰ ᠎ᠤᠨ ᠮᠦᠽᠧᠢ ᠎ᠶ᠋ᠢᠨ ᠨᠡᠢᠭᠡᠮᠯᠢᠭ ᠎ᠦᠨ ᠨᠠᠷᠢᠨ ᠪᠢᠴᠢᠭ᠎ᠦᠨ ᠳᠠᠷᠤᠭ᠎ᠠ ᠯᠢ᠎ᠶ᠋ᠢᠨ ᠭᠤᠸᠠᠩ ᠎ᠤᠨ  ᠠᠷᠪᠠᠳᠤᠭᠠᠷ ᠬᠤᠭᠤᠴᠠᠭᠠᠨ᠎ᠤ 《ᠲᠤᠮᠳᠠᠳᠤ ᠤᠯᠤᠰ᠎ᠤᠨ ᠮᠦᠽᠧᠶ  ᠵᠢᠴᠢ ᠬᠠᠮᠢᠶ᠎ᠠ ᠪᠦᠬᠦᠢ ᠦᠢᠯᠡᠳᠭᠦᠨ ᠬᠢᠭᠡᠳ ᠮᠡᠷᠭᠡᠵᠢᠯ ᠎ᠤᠨ ᠦᠵᠡᠰᠭᠦᠯᠡᠩ᠎ᠦᠨ ᠴᠤᠭ᠍ᠯᠠᠭᠠᠨ》 ᠤ᠋ ᠰᠣᠨᠢᠨ ᠮᠡᠳᠡᠭᠡ ᠨᠡᠢᠲᠡᠯᠡᠬᠦ᠌ ᠬᠤᠷᠠᠯ ᠳᠡᠭᠡᠷᠡᠬᠢ ᠶᠠᠷᠢᠶ᠎ᠠ ᠪᠣᠯᠤᠨ᠎ᠠ᠃

ᠲᠤᠰ ᠬᠤᠭᠤᠴᠠᠭᠠᠨ᠎ᠤ ᠦᠵᠡᠰᠭᠦᠯᠡᠩ᠎ᠦᠨ ᠴᠤᠭ᠍ᠯᠠᠭᠠᠨ ᠎ᠳᠤ  ᠬᠢᠯᠠᠰ ᠴᠡᠭ ᠤᠯᠠᠨ ᠢᠯᠡᠷᠡᠪᠡ᠃

ᠨᠢᠭᠡᠨ ᠴᠢᠬᠤᠯᠠ ᠶᠡᠬᠡ ᠠᠯᠪᠠᠨ ᠮᠡᠳᠡᠭᠡ ᠨᠢ ᠪᠦᠬᠦ᠌ ᠤᠯᠤᠰ ᠎ᠤᠨ ᠮᠦᠽᠧᠶ᠎ᠶ᠋ᠢᠨ ᠠᠵᠢᠯᠲᠠᠨ᠎ᠤ ᠲᠤᠮᠳᠠ ᠨᠡᠢᠳᠡᠮ ᠲᠠᠮᠵᠢᠭᠳᠠᠯ᠎ᠠ᠃ ᠡᠬᠢᠯᠡᠯᠲᠡ᠎ᠶ᠋ᠢᠨ ᠶᠣᠰᠣᠯᠠᠯ᠎ᠤᠨ ᠲᠤᠬᠠᠢ ᠵᠢᠨ ᠡᠳᠦᠷ᠂ ᠳᠤᠮᠳᠠᠳᠤ ᠤᠯᠤᠰ᠎ᠤᠨ ᠮᠦᠽᠧᠶ᠎ᠶ᠋ᠢᠨ ᠨᠡᠢᠭᠡᠮᠯᠢᠭ᠎ᠡᠴᠡ ᠲᠠᠪᠤᠳᠤᠭᠠᠷ ᠪᠦᠯᠦᠭ᠎ᠦᠨ ᠤᠯᠤᠰ᠎ᠤᠨ ᠬᠣᠶᠠᠳᠤᠭᠠᠷ᠂ ᠭᠤᠷᠪᠠᠳᠤᠭᠠᠷ ᠳᠡᠰ ᠎ᠤᠨ ᠮᠦᠽᠧᠶ᠎ᠶ᠋ᠢᠨ ᠨᠡᠷᠡᠰ᠎ᠢ ᠨᠡᠢᠲᠡᠯᠡᠪᠡ᠃ ᠥᠪᠥᠷ ᠮᠣᠩᠭᠣᠯ᠎ᠤᠨ10 ᠮᠦᠽᠧᠶ ᠤᠯᠤᠰ᠎ᠤᠨ ᠬᠣᠶᠠᠳᠤᠭᠠᠷ᠂ ᠭᠤᠷᠪᠠᠳᠤᠭᠠᠷ ᠳᠡᠰ᠎ᠤᠨ ᠮᠦᠽᠧᠶ ᠵᠢᠨ ᠨᠡᠷᠡᠰ ᠲᠤ᠌ ᠵᠢᠭᠰᠠᠭᠠᠭᠳᠠᠪᠠ᠃ ᠤᠯᠤᠰ᠎ᠤᠨ ᠬᠣᠶᠠᠳᠤᠭᠠᠷ ᠳᠡᠰ᠎ᠤᠨ ᠮᠦᠽᠧᠶ᠎ᠳᠦ ᠵᠢᠭᠰᠠᠭᠠᠭᠳᠠᠭᠰᠠᠨ ᠨᠢ ᠄ ᠥᠪᠥᠷ ᠮᠣᠩᠭᠣᠯ᠎ᠤᠨ ᠰᠡᠴᠡᠨᠳᠠᠨ᠎ᠠ ᠤᠷᠠᠯᠢᠭ᠎ᠤᠨ ᠮᠦᠽᠧᠶ᠂ ᠬᠣᠷᠢᠨᠭᠡᠷ ᠱᠢᠶᠠᠨ᠎ᠤ ᠱᠧᠩ ᠯᠧ ᠮᠦᠽᠧᠶ᠂ ᠴᠡᠯᠡᠭᠡᠷ ᠲᠠᠯ᠎ᠠ ᠮᠦᠽᠧᠶ᠂ ᠨᠢᠩᠴᠧᠩ ᠱᠢᠶᠠᠨ᠎ᠤ ᠯᠢᠶᠣᠤ ᠤᠯᠤᠰ᠎ᠤᠨ ᠳᠤᠮᠳᠠ ᠨᠡᠢᠰᠯᠡᠯ ᠮᠦᠽᠧᠶ (ᠨᠢᠩᠴᠧᠩ ᠱᠢᠶᠠᠨ᠎ᠤ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠬᠠᠮᠠᠭᠠᠯᠠᠯᠲᠠ᠎ᠶ᠋ᠢᠨ ᠲᠥᠪ)᠂ ᠬᠤᠩᠱᠠᠨ ᠰᠣᠶᠣᠯ ᠮᠦᠽᠧᠶ᠂ ᠤᠯᠠᠭᠠᠨᠴᠠᠪ ᠬᠣᠲᠠ᠎ᠶ᠋ᠢᠨ ᠮᠦᠽᠧᠶ (ᠤᠯᠠᠭᠠᠨᠴᠠᠪ ᠬᠣᠲᠠ᠎ᠶ᠋ᠢᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠬᠠᠮᠠᠭᠠᠯᠠᠯᠲᠠ᠎ᠶ᠋ᠢᠨ ᠲᠥᠪ)᠂ ᠱᠢᠯᠢ᠎ᠶ᠋ᠢᠨ ᠭᠤᠤᠯ ᠮᠦᠽᠧᠶ (ᠱᠢᠯᠢ᠎ᠶ᠋ᠢᠨ ᠭᠤᠤᠯ ᠠᠢᠮᠠᠭ᠎ᠤᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠬᠠᠭᠤᠴᠢ ᠰᠤᠳᠤᠯᠤᠯ᠎ᠤᠨ ᠬᠠᠮᠠᠭᠠᠯᠠᠯᠲᠠ᠎ᠶ᠋ᠢᠨ ᠰᠤᠳᠤᠯᠭᠠᠨ᠎ᠤ ᠲᠥᠪ) ᠪᠣᠯᠤᠨ᠎ᠠ᠃ ᠤᠯᠤᠰ᠎ᠤᠨ ᠭᠤᠷᠪᠠᠳᠤᠭᠠᠷ ᠳᠡᠰ᠎ᠤᠨ ᠮᠦᠽᠧᠢ᠎ᠳᠦ ᠵᠢᠭᠰᠠᠭᠠᠭᠳᠠᠭᠰᠠᠨ ᠨᠢ᠄ ᠦᠬᠠᠢ ᠬᠤᠳᠠ᠎ᠶ᠋ᠢᠨ ᠬᠠᠢ᠌ᠷᠤᠪ᠎ᠤᠨ ᠲᠤᠬᠤᠢ ᠲᠣᠭᠣᠷᠢᠭ᠎ᠤᠨ ᠮᠦᠽᠧᠢ᠂ ᠴᠠᠬᠠᠷ ᠪᠠᠷᠠᠭᠤᠨ ᠭᠠᠷᠤᠨ ᠬᠣᠢᠲᠤ ᠬᠣᠱᠢᠭᠤᠨ᠎ᠤ ᠴᠠᠬᠠᠷ ᠰᠣᠶᠣᠯ᠎ᠤᠨ ᠮᠦᠽᠧᠢ᠂ ᠡᠵᠡᠨ᠎ᠡ ᠮᠦᠽᠧᠢ (ᠡᠵᠡᠨ᠎ᠡ ᠬᠣᠱᠢᠭᠤᠨ᠎ᠤ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠬᠠᠮᠠᠭᠠᠯᠠᠯᠲᠠ᠎ᠶ᠋ᠢᠨ ᠲᠥᠪ)  ᠪᠣᠯᠤᠨ᠎ᠠ᠃

 ᠲᠤᠭᠠᠴᠢᠯᠠᠯᠲᠠ ᠤᠶᠤᠨᠴᠢᠯᠠᠯᠲᠠ ᠪᠡᠷ ᠳᠠᠮᠵᠢᠨ ᠲᠡᠦᠬᠡ᠎ᠶ᠋ᠢᠨ ᠳᠤᠷᠠᠰᠭᠠᠯᠲᠤ ᠵᠦᠢᠯᠡᠰ ᠱᠢᠨ᠎ᠡ ᠠᠮᠢᠯᠠᠯ ᠤᠯᠤᠯ᠎ᠠ᠃

ᠲᠤᠰ ᠬᠤᠭᠤᠴᠠᠭᠠᠨ᠎ᠤ ᠳᠤᠮᠳᠠᠳᠤ ᠤᠯᠤᠰ᠎ᠤᠨ ᠮᠦᠽᠧᠶ ᠵᠢᠴᠢ ᠬᠠᠮᠢᠶ᠎ᠠ ᠪᠦᠬᠦᠢ ᠦᠢᠯᠳᠭᠦᠨ ᠬᠢᠭᠡᠳ ᠮᠡᠷᠭᠡᠵᠢᠯ᠎ᠤᠨ ᠦᠵᠡᠰᠭᠦᠯᠡᠩ᠎ᠦᠨ ᠴᠤᠭ᠍ᠯᠠᠭᠠᠨ ᠨᠢ ᠲᠣᠭᠠᠴᠢᠯᠠᠭ᠍ᠰᠠᠨ ᠤᠶᠤᠨᠴᠢᠯᠠᠭᠰᠠᠨ ᠮᠡᠷᠭᠡᠵᠢᠯ᠎ᠢ ᠳᠤᠪᠤᠢᠯᠭᠠᠵᠤ᠂ ᠲᠤᠭᠠᠴᠢᠯᠠᠭᠰᠠᠨ ᠮᠡᠷᠭᠡᠵᠢᠯ᠎ᠦᠨ ᠮᠦᠽᠧᠶ᠎ᠳᠡᠬᠢ ᠬᠠᠮᠤᠭ᠎ᠤᠨ ᠱᠢᠨ᠎ᠡ ᠬᠡᠷᠡᠭ᠌ᠯᠡᠭᠡᠨ᠎ᠦ ᠵᠢᠱ᠌ᠢᠶ᠎ᠡ᠎ᠶ᠋ᠢ ᠳᠡᠯᠭᠡᠨ ᠦᠵᠡᠭᠦᠯᠵᠡᠶ᠃ ᠵᠣᠬᠢᠶᠠᠨ ᠪᠠᠢᠭᠤᠯᠬᠤ ᠺᠣᠮᠢᠰ᠎ᠤᠨ ᠬᠢᠨ ᠪᠥᠬᠥ᠌ ᠤᠯᠤᠰ᠎ᠤᠨ ᠬᠠᠮᠤᠭ᠎ᠤᠨ ᠬᠦᠷᠢᠶᠡᠯᠡᠯ᠎ᠲᠡᠶ ᠮᠦᠽᠧᠶ᠎ᠶ᠋ᠢᠨ ᠳᠣᠲᠣᠷᠠᠬᠢ ᠴᠢᠨᠠᠷ ᠰᠠᠢᠲᠠᠶ ᠲᠣᠭᠠᠴᠢᠯᠠᠭ᠍ᠰᠠᠨ ᠦᠵᠡᠭᠦᠯᠭᠡ ᠪᠠ ᠣᠶᠤᠨᠴᠢᠯᠠᠭ᠍ᠰᠠᠨ ᠪᠥᠲᠥᠭᠡᠨ ᠪᠠᠢᠭᠤᠯᠤᠯᠲᠠ᠎ᠶ᠋ᠢᠨ ᠦᠯᠢᠭᠡᠷ ᠵᠢᠱ᠌ᠢᠶ᠎ᠡ᠎ᠶ᠋ᠢ ᠱᠢᠯᠢᠨ ᠰᠣᠩᠭᠣᠵᠤ᠂ ᠲᠤᠰᠭᠠᠢᠯᠠᠨ ᠮᠦᠽᠧᠶ᠎ᠶ᠋ᠢᠨ ᠲᠣᠭᠠᠴᠢᠯᠠᠭ᠍ᠰᠠᠨ ᠣᠶᠤᠨᠴᠢᠯᠠᠭ᠍ᠰᠠᠨ ᠲᠤᠰᠭᠠᠶ ᠰᠡᠳᠦᠪᠲᠦ ᠦᠵᠡᠭᠦᠯᠭᠡ᠎ᠶ᠋ᠢᠨ ᠲᠣᠭᠣᠷᠢᠭ ᠭᠠᠷᠭᠠᠪᠠ᠃ ᠡᠬᠥᠨ᠎ᠳᠤ᠂ ᠨᠠᠨᠵᠢᠩ᠎ᠤᠨ ᠮᠦᠽᠧᠶ᠎ᠶ᠋ᠢᠨ 《ᠡᠯ᠎ᠡ ᠵᠦᠢᠯ᠎ᠤᠨ ᠭᠤᠶᠤ ᠡᠷᠳᠡᠨᠢᠰ — ᠲᠣᠭᠠᠴᠢᠯᠠᠭ᠍ᠰᠠᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠭᠤᠤ᠎ᠠ ᠰᠠᠢᠬᠠᠨ》᠂ ᠳ᠋ᠦᠨᠬᠤᠸᠠᠩ᠎ᠤᠨ ᠮᠦᠽᠧᠶ᠎ᠶ᠋ᠢᠨ  《ᠲᠣᠭᠠᠴᠢᠯᠠᠭ᠍ᠰᠠᠨ ᠳ᠋ᠦᠨᠬᠤᠸᠠᠩ》᠂ ᠶᠠᠩᠵᠸᠦ᠍᠎ᠶ᠋ᠢᠨ ᠳᠤᠮᠳᠠᠳᠤ ᠤᠯᠤᠰ᠎ᠤᠨ ᠶᠡᠬᠡ ᠲᠠᠲᠠᠮᠠᠯ ᠭᠤᠤᠯ᠎ᠤᠨ ᠮᠦᠽᠧᠶ᠎ᠶ᠋ᠢᠨ 《ᠲᠠᠲᠠᠮᠠᠯ ᠭᠤᠤᠯ᠎ᠤᠨ ᠳᠡᠭᠡᠷᠡᠬᠢ ᠣᠩᠭᠣᠴᠠ ᠰᠠᠯ》ᠤ᠋ᠨ ᠲᠣᠭᠠᠴᠢᠯᠠᠭ᠍ᠰᠠᠨ ᠦᠵᠡᠰᠭᠦᠯᠡᠩ᠂ ᠵᠧᠵᠢᠶᠠᠩ ᠮᠤᠵᠢ᠎ᠶ᠋ᠢᠨ ᠮᠦᠽᠧᠶ᠎ᠶ᠋ᠢᠨ 《ᠡᠭᠦᠯᠡᠨ ᠳᠡᠭᠡᠷᠡᠬᠢ ᠵᠧᠵᠢᠶᠠᠩ᠎ᠤᠨ ᠮᠦᠽᠧᠶ》  ᠵᠡᠷᠭᠡ ᠪᠤᠢ᠃

 ᠲᠣᠭᠠᠴᠢᠯᠠᠭ᠍ᠰᠠᠨ ᠤᠶᠤᠨᠴᠢᠯᠠᠭᠰᠠᠨ ᠬᠡᠯᠪᠡᠷᠢ ᠪᠡᠷ ᠮᠦᠽᠧᠢ᠎ᠵᠢᠨ ᠴᠠᠭ ᠦᠶ᠎ᠡ᠎ᠶ᠋ᠢᠨ ᠦᠨ᠎ᠡ ᠦᠷᠳᠡᠭ᠎ᠢ ᠤᠷᠢᠳ ᠡᠮᠦᠨ᠎ᠡ ᠪᠠᠢᠭ᠎ᠠ ᠦᠭᠡᠢ ᠪᠠᠢᠳᠠᠯ᠎ᠵᠢᠡᠷ ᠤᠯᠠᠨ ᠳ᠋ᠤ ᠬᠠᠷᠠᠭᠤᠯᠪᠠ᠃

 ᠣᠳᠣᠬᠠᠨ᠎ᠳᠤ ᠮᠦᠽᠧᠢ ᠨᠢ ᠰᠤᠷᠭᠠᠨ ᠬᠥᠮᠦᠵᠢᠯ᠎ᠦᠨ ᠬᠠᠷᠢᠭᠤᠴᠠᠯᠭ᠎ᠠ᠎ᠶ᠋ᠢ ᠡᠭᠦᠷᠭᠡᠯᠡᠵᠦ᠍ ᠪᠤᠢ᠂ ᠨᠡᠢᠭᠡᠮ ᠵᠢᠷᠤᠮᠲᠤ ᠬᠥᠮᠦᠵᠢᠯ᠎ᠦᠨ ᠠᠵᠢᠯᠯᠠᠭ᠎ᠠ ᠨᠢ ᠪᠠᠰᠠ ᠮᠦᠽᠧᠢ᠎ᠶ᠋ᠢᠨ ᠰᠤᠷᠭᠠᠨ ᠬᠥᠮᠦᠵᠢᠯ᠎ᠦᠨ ᠴᠢᠳᠠᠪᠬᠢ᠎ᠪᠠᠨ ᠪᠠᠳᠠᠷᠠᠭᠤᠯᠬᠤ ᠴᠢᠬᠤᠯᠠ ᠠᠷᠭ᠎ᠠ ᠬᠡᠯᠪᠡᠷᠢ ᠪᠣᠯᠤᠨ᠎ᠠ᠃ ᠲᠣᠰ ᠤᠳᠠᠭᠠᠨ᠎ᠤ ᠦᠵᠡᠰᠭᠦᠯᠡᠩ᠎ᠦᠨ ᠴᠤᠭ᠍ᠯᠠᠭᠠᠨ ᠨᠢ ᠮᠠᠰᠢ ᠣᠯᠠᠨ ᠲᠤᠰᠭᠠᠶ ᠮᠡᠷᠭᠡᠵᠢᠯ᠎ᠦᠨ ᠡᠷᠳᠡᠮ ᠱᠢᠨᠵᠢᠯᠡᠭᠡᠨ᠎ᠦ ᠠᠵᠢᠯᠯᠠᠭ᠎ᠠ᠎ᠡᠴᠡ ᠭᠠᠳᠠᠨ᠎ᠠ᠂ ᠪᠠᠰᠠ ᠮᠠᠰᠢ ᠣᠯᠠᠨ ᠭᠣᠢᠳᠠ ᠰᠠᠢᠬᠠᠨ ᠪᠠᠭᠠᠴᠤᠳ ᠬᠡᠦᠬᠡᠳ᠎ᠦᠨ ᠵᠢᠭᠠᠨ ᠰᠤᠳᠤᠯᠬᠤ ᠠᠵᠢᠯᠯᠠᠭ᠎ᠠ᠎ᠶ᠋ᠢ ᠨᠠᠷᠢᠨ ᠨᠢᠮᠪᠠᠶ ᠤᠬᠠᠭᠠᠯᠠᠨ ᠲᠥᠯᠥᠪᠯᠡᠵᠦ᠍᠂ ᠠᠳᠠᠯᠢ ᠪᠤᠰᠤ ᠨᠠᠰᠤᠨ ᠎ᠤ ᠣᠷᠣᠯᠴᠠᠭ᠍ᠴᠢ ᠎ᠳᠤ ᠰᠤᠷᠭᠠᠨ ᠬᠥᠮᠦᠵᠢᠯ᠎ᠦᠨ ᠠᠴᠢ ᠬᠣᠯᠪᠣᠭ᠍ᠳᠠᠯ ᠪᠠ ᠰᠣᠶᠣᠯ᠎ᠤᠨ ᠭᠦᠨᠵᠡᠭᠡᠶ ᠣᠢᠯᠠᠭᠠᠯᠲᠠ ᠬᠠᠩᠭᠠᠬᠤ᠎ᠪᠠᠷ ᠵᠣᠷᠢᠯᠭ᠎ᠠ᠎ᠪᠠᠨ ᠪᠣᠯᠭᠠᠭᠰᠠᠨ ᠪᠠᠢᠨ᠎ᠠ᠃ ᠡᠬᠥᠨ᠎ᠳᠤ᠂ ᠬᠠᠭᠠᠨ᠎ᠤ ᠣᠷᠳᠣᠨ᠎ᠤ ᠮᠦᠽᠧᠶ᠎ᠶ᠋ᠢᠨ 《ᠣᠷᠳᠣᠨ᠎ᠳᠤ ᠲᠠᠭᠠᠲᠠᠢ ᠰᠡᠷᠢᠭᠦᠴᠡᠨ ᠠᠮᠠᠷᠠᠬᠤ· ᠱᠢᠯ ᠮᠥᠰᠥᠨ ᠴᠣᠮᠣ ᠵᠢᠷᠤᠵᠤ ᠦᠢᠯᠡᠳᠬᠦ》 ᠠᠵᠢᠯᠯᠠᠭ᠎ᠠ ᠨᠢ ᠬᠠᠭᠠᠨ᠎ᠤ ᠣᠷᠳᠣᠨ᠎ᠤ ᠮᠦᠽᠧᠶ᠎ᠳᠦ ᠬᠠᠳᠠᠭᠠᠯᠠᠵᠤ ᠪᠠᠢᠭ᠎ᠠ ᠲᠩᠷᠢ ᠲᠡᠳᠬᠦᠭ᠌ᠴᠢ᠎ᠶ᠋ᠢᠨ ᠪᠣᠯᠣᠷ ᠴᠣᠮᠣ᠎ᠲᠠᠶ ᠤᠶᠠᠯᠳᠤᠭᠤᠯᠤᠨ᠂ ᠬᠦᠳᠡᠯᠦᠯᠴᠡᠵᠦ ᠪᠡᠶᠡᠴᠢᠯᠡᠨ ᠣᠢᠯᠠᠭᠠᠬᠤ ᠭᠣᠭ᠍ᠴᠣᠭ᠎ᠠ᠎ᠶ᠋ᠢ ᠲᠦᠯᠦᠪᠯᠡᠭᠰᠡᠨ ᠪᠠᠢᠨ᠎ᠠ᠃

ᠨᠢᠭᠡᠨ ᠲᠤᠭ᠎ᠠ ᠪᠠᠷᠢᠮᠳᠠ ᠪᠡᠷ ᠪᠦᠬᠦ᠌ ᠤᠯᠤᠰ᠎ᠤᠨ ᠦᠵᠡᠭ᠌ᠴᠢᠳ᠎ᠦᠨ ᠰᠣᠶᠣᠯ᠎ᠳᠤ ᠬᠠᠢᠷ᠎ᠠ ᠲᠠᠢ ᠦᠨᠡᠨᠴᠢ ᠱᠢᠳᠤᠷᠭᠤ ᠪᠠᠢᠬᠤ᠎ᠶ᠋ᠢ ᠲᠠᠢᠯᠪᠤᠷᠢᠯᠠᠪᠠ᠃

ᠪᠦᠷᠢᠳᠭᠡᠯ᠎ᠢ ᠦᠨᠳᠦᠰᠦᠯᠡᠪᠡᠯ᠂ 8 ᠰᠠᠷ᠎ᠠ᠎ᠶ᠋ᠢᠨ 26 ᠎ᠤ᠋ ᠡᠳᠦᠷ ᠪᠣᠯᠲᠠᠯ᠎ᠠ᠂ ᠲᠣᠭᠣᠷᠢᠨ ᠦᠵᠡᠭ᠌ᠰᠡᠨ ᠬᠥᠮᠦᠨ᠎ᠦ ᠶᠡᠷᠦᠩᠬᠡᠢ ᠲᠣᠭ᠎ᠠ ᠨᠢᠭᠡᠨᠲᠡ 35 ᠲᠦᠮᠡᠨ ᠬᠥᠮᠦᠨ ᠤᠳᠠᠭ᠎ᠠ᠎ᠳᠤ ᠬᠦᠷᠴᠦ᠍᠂ ᠦᠨᠭᠭᠡᠷᠡᠭᠰᠡᠨ ᠬᠤᠭᠤᠴᠠᠭᠠᠨ᠎ᠤ ᠳᠤᠮᠳᠠᠳᠤ ᠤᠯᠤᠰ᠎ᠤᠨ ᠮᠦᠽᠧᠶ ᠵᠢᠴᠢ ᠬᠠᠮᠢᠶ᠎ᠠ ᠪᠦᠬᠦᠢ ᠦᠢᠯᠳᠭᠦᠨ ᠬᠢᠭᠡᠳ ᠮᠡᠷᠭᠡᠵᠢᠯ᠎ᠤᠨ ᠦᠵᠡᠰᠭᠦᠯᠡᠩ᠎ᠦᠨ ᠴᠤᠭ᠍ᠯᠠᠭᠠᠨ᠎ᠤ ᠲᠡᠦᠬᠡ᠎ᠶ᠋ᠢᠨ ᠱᠢᠨ᠎ᠡ ᠲᠡᠮᠳᠡᠭ᠌ᠯᠡᠯ᠎ᠢ ᠡᠭᠦᠳᠴᠡᠢ᠃

 ᠲᠡᠦᠭᠡ ᠦᠵᠡᠰᠬᠦᠯᠡᠩ᠎ᠤᠨ ᠦᠢᠯᠡᠰ ᠬᠦᠴᠦᠷᠬᠡᠭᠵᠢᠵᠤ ᠬᠥᠬᠡᠬᠣᠲᠠ 《ᠬᠤᠪᠢᠷᠠᠯᠲᠠ》 ᠭᠠᠷᠤᠯ᠎ᠠ

 ᠰᠣᠶᠣᠯ᠎ᠤᠨ ᠠᠵᠤ ᠦᠶ᠋ᠯᠡᠰ᠎ᠢ ᠨᠢᠭ᠍ᠲᠠᠷᠠᠭᠤᠯᠤᠨ ᠬᠠᠷᠠᠭᠤᠯᠵᠤ᠂ ᠳᠤᠮᠳᠠᠳᠤ᠎ᠶ᠋ᠢᠨ ᠭᠤᠤ᠎ᠠ ᠰᠠᠢᠬᠠᠨ᠎ᠢ ᠰᠣᠨᠢᠷᠬᠠᠭᠤᠯᠪᠠ᠃

 20 ᠵᠢᠯ᠎ᠦᠨ ᠬᠦᠭᠵᠢᠯᠲᠡ ᠬᠤᠪᠢᠰᠤᠯᠲᠠ ᠵᠢ ᠦᠨᠭᠭᠡᠷᠡᠭᠦᠯᠵᠦ᠂ ᠳᠤᠮᠳᠠᠳᠤ ᠤᠯᠤᠰ᠎ᠤᠨ ᠮᠦᠽᠧᠶ ᠵᠢᠴᠢ ᠬᠠᠮᠢᠶ᠎ᠠ ᠪᠦᠬᠦᠢ ᠦᠢᠯᠳᠭᠦᠨ ᠬᠢᠭᠡᠳ ᠮᠡᠷᠭᠡᠵᠢᠯ᠎ᠤᠨ ᠦᠵᠡᠰᠭᠦᠯᠡᠩ᠎ᠦᠨ ᠴᠤᠭ᠍ᠯᠠᠭᠠᠨ ᠨᠢ ᠬᠥᠬᠡᠬᠣᠲᠠ᠎ᠳᠤ ᠶᠠᠪᠤᠭᠳᠠᠯ᠎ᠠ᠃ ᠡᠨᠡ ᠬᠦ᠌ ᠲᠡᠦᠬᠡ ᠰᠣᠶᠣᠯ᠎ᠤᠨ ᠨᠡᠷᠡᠳᠤ ᠬᠤᠳᠠ ᠨᠢ ᠢᠲᠡᠭᠡᠯ᠎ᠲᠡᠭᠦᠯᠳᠡᠷ᠎ᠵᠢᠡᠷ ᠪᠦᠬᠦ᠌ ᠪᠥᠮᠪᠥᠷᠴᠡᠭ᠎ᠦᠨ ᠮᠦᠽᠧᠢ᠎ᠶ᠋ᠢᠨ ᠠᠵᠢᠯ ᠲᠦᠷᠦᠯ᠎ᠦᠨ ᠲᠡᠷᠢᠭᠦᠨ ᠲᠡᠰ᠎ᠤᠨ ᠦᠵᠡᠰᠭᠦᠯᠡᠩ᠎ᠦᠨ ᠪᠤᠤᠬᠢᠶ᠎ᠠ᠎ᠶ᠋ᠢ ᠲᠤᠰᠴᠤ᠌᠂ ᠱᠢᠨ᠎ᠡ ᠴᠠᠭ ᠦᠶ᠎ᠡ᠎ᠶ᠋ᠢᠨ ᠰᠣᠶᠣᠯ᠎ᠤᠨ ᠤᠷᠤᠰᠭᠠᠯ᠎ᠳᠤ ᠠᠭᠤᠰᠤᠯᠴᠠᠪᠠ᠃

 《ᠲᠤᠰ ᠬᠤᠭᠤᠴᠠᠭᠠᠨ᠎ᠤ ᠦᠵᠡᠰᠭᠦᠯᠡᠩ᠎ᠦᠨ ᠴᠤᠭ᠍ᠯᠠᠭᠠᠨ ᠳ᠋ᠤ 500 ᠭᠠᠷᠤᠢ ᠰᠣᠶᠣᠯ᠎ᠤᠨ ᠦᠵᠡᠰᠭᠦᠯᠡᠩ ᠵᠢᠴᠢ ᠰᠤᠷᠭᠠᠨ ᠬᠥᠮᠦᠵᠢᠯ᠂ ᠰᠣᠶᠣᠯ᠎ᠤᠨ ᠡᠭᠦᠳᠦᠯᠲᠡ᠂ ᠲᠣᠭᠠᠴᠢᠯᠠᠭ᠍ᠰᠠᠨ ᠨᠢᠭᠡᠴᠢ᠎ᠶ᠋ᠢᠨ ᠬᠢᠨ ᠬᠤᠷᠠᠨ ᠴᠤᠭᠯᠠᠷᠠᠵᠤ ᠤᠷᠤᠯᠴᠠᠨ᠂ ᠪᠦᠬᠦ᠌ ᠤᠯᠤᠰ᠎ᠤᠨ ᠰᠣᠶᠣᠯ᠎ᠤᠨ ᠦᠵᠡᠰᠭᠦᠯᠡᠩ᠎ᠦᠨ ᠡᠬᠢ ᠪᠠᠶᠠᠯᠢᠭ᠎ᠢ ᠠᠱᠢᠭ᠍ᠯᠠᠵᠤ᠂ ᠬᠥᠬᠡᠬᠣᠲᠠ ᠪᠣᠯᠤᠨ ᠪᠦᠬᠦ᠌ ᠤᠯᠤᠰ᠎ᠤᠨ ᠠᠷᠠᠳ ᠲᠦᠮᠡᠨ᠎ᠳᠦ ᠤᠷᠢᠳ ᠡᠮᠦᠨ᠎ᠡ ᠪᠠᠢᠭ᠎ᠠ ᠦᠭᠡᠢ 〈ᠰᠣᠶᠣᠯ᠎ᠤᠨ ᠦᠵᠡᠰᠭᠦᠯᠡᠩ᠎ᠤᠨ ᠠᠮᠳᠠᠳᠤ ᠬᠤᠭᠤᠯᠠ〉 ᠳᠡᠪᠰᠢᠭᠦᠯᠵᠦ᠂ ᠱᠢᠨ᠎ᠡ 〈ᠰᠣᠶᠣᠯ᠎ᠤᠨ ᠦᠵᠡᠰᠭᠦᠯᠡᠩ᠎ᠤᠨ ᠬᠠᠯᠠᠭᠤᠨ ᠦᠷᠨᠢᠯᠲᠡ〉 ᠵᠢ ᠪᠤᠢ ᠪᠤᠯᠭᠠᠭᠰᠠᠨ᠎ᠦ ᠬᠠᠮᠲᠤ᠂ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ ᠎ᠤᠨ ᠥᠪᠡᠷᠮᠢᠴᠡ ᠷᠢᠳᠢ ᠱᠢᠳᠢ᠎ᠶ᠋ᠢ ᠢᠯᠡᠷᠡᠭᠦᠯᠵᠦ᠍᠂ ᠮᠦᠽᠧᠢ᠎ᠶ᠋ᠢᠨ ᠰᠣᠶᠣᠯ᠎ᠤᠨ ᠡᠬᠢ ᠪᠠᠶᠠᠯᠢᠭ ᠎ᠢ ᠠᠱᠢᠭ᠍ᠯᠠᠨ ᠬᠤᠳᠠ᠎ᠶ᠋ᠢᠨ ᠰᠣᠶᠣᠯ ᠵᠢᠭᠤᠯᠴᠢᠯᠠᠯ᠎ᠤᠨ ᠬᠥᠭ᠌ᠵᠢᠯᠲᠡ᠎ᠶ᠋ᠢᠨ ᠱᠢᠨ᠎ᠡ ᠰᠡᠳᠭᠢᠴᠡ᠎ᠶ᠋ᠢ ᠨᠡᠭᠡᠭᠡᠪᠡ᠃ 〈ᠮᠦᠽᠧᠶ᠎ᠶ᠋ᠢᠨ ᠬᠣᠲᠠ〉 ᠶ᠋ᠢᠨ ᠪᠥᠲᠥᠭᠡᠨ ᠪᠠᠢᠭᠤᠯᠤᠯᠲᠠ᠎ᠶ᠋ᠢᠨ ᠰᠣᠯᠢᠯᠴᠠᠭ᠎ᠠ ᠪᠠ ᠦᠷ᠎ᠡ ᠪᠦᠲᠦᠭᠡᠯ᠎ᠦᠨ ᠦᠵᠡᠭᠦᠯᠭᠡ᠎ᠶ᠋ᠢᠨ ᠠᠵᠢᠯᠯᠠᠭ᠎ᠠ᠎ᠪᠠᠷ ᠳᠠᠮᠵᠢᠭᠤᠯᠤᠨ᠂ ᠪᠢᠳᠡ 50 ᠭᠠᠷᠤᠶ ᠬᠣᠲᠠ᠎ᠲᠠᠶ ᠰᠣᠯᠢᠯᠴᠠᠭ᠎ᠠ ᠲᠣᠯᠢᠳᠠᠯ ᠪᠠ ᠢᠷᠡᠭᠡᠳᠦᠶ᠎ᠶ᠋ᠢᠨ ᠪᠠᠷᠠᠯᠠᠯ ᠬᠢᠵᠡᠶ》 ᠭᠡᠵᠦ᠍ ᠬᠥᠬᠡᠬᠣᠲᠠ᠎ᠶ᠋ᠢᠨ ᠨᠠᠮ᠎ᠤᠨ ᠬᠣᠷᠢᠶᠠᠨ᠎ᠤ ᠤᠬᠠᠭᠤᠯᠬᠤ ᠬᠡᠯᠲᠡᠰ᠎ᠦᠨ ᠪᠠᠢᠩᠭᠤ᠎ᠶ᠋ᠢᠨ ᠳᠡᠳ᠋ ᠳᠠᠷᠤᠭ᠎ᠠ ᠯᠢ᠎ᠶ᠋ᠢᠨ ᠨᠠᠨ ᠬᠡᠯᠡᠪᠡ᠃

ᠳᠤᠮᠳᠠᠳᠤ ᠤᠯᠤᠰ᠎ᠤᠨ ᠮᠦᠽᠧᠶ ᠵᠢᠴᠢ ᠬᠠᠮᠢᠶ᠎ᠠ ᠪᠦᠬᠦᠢ ᠦᠢᠯᠳᠭᠦᠨ ᠬᠢᠭᠡᠳ ᠮᠡᠷᠭᠡᠵᠢᠯ᠎ᠤᠨ ᠦᠵᠡᠰᠭᠦᠯᠡᠩ᠎ᠦᠨ ᠴᠤᠭ᠍ᠯᠠᠭᠠᠨ ᠨᠢ ᠬᠥᠬᠡᠬᠣᠲᠠ᠎ᠳᠤ ᠶᠠᠭᠤ ᠠᠪᠴᠢᠷᠠᠭ᠍ᠰᠠᠨ ᠪᠤᠢ?

 — ᠡᠭᠦᠳᠡ ᠨᠡᠬᠡᠭᠡᠵᠦ ᠥᠭᠪᠡ᠃ ᠳᠤᠮᠳᠠᠳᠤ ᠤᠯᠤᠰ᠎ᠤᠨ ᠮᠦᠽᠧᠶ ᠵᠢᠴᠢ ᠬᠠᠮᠢᠶ᠎ᠠ ᠪᠦᠬᠦᠢ ᠦᠢᠯᠳᠭᠦᠨ ᠬᠢᠭᠡᠳ ᠮᠡᠷᠭᠡᠵᠢᠯ᠎ᠤᠨ ᠦᠵᠡᠰᠭᠦᠯᠡᠩ᠎ᠦᠨ ᠴᠤᠭ᠍ᠯᠠᠭᠠᠨ᠎ᠤ ᠲᠠᠪᠴᠠᠩ᠎ᠢᠶᠠᠷ ᠳᠠᠮᠵᠢᠨ᠂ ᠬᠡᠳᠦᠨ ᠵᠠᠭᠤᠨ ᠮᠦᠽᠧᠢ ᠪᠣᠯᠤᠨ ᠠᠵᠤ ᠠᠬᠤᠢᠯᠠᠯ ᠬᠥᠬᠡᠬᠣᠲᠠ᠎ᠳᠤ ᠬᠦᠷᠦᠯᠴᠡᠨ ᠢᠷᠡᠵᠦ᠍᠂ ᠤᠯᠠᠨ ᠵᠦᠢᠯ᠎ᠦᠨ ᠠᠷᠭ᠎ᠠ ᠬᠡᠯᠪᠡᠷᠢ᠎ᠪᠡᠷ ᠳᠤᠮᠳᠠᠳᠤ ᠤᠯᠤᠰ᠎ᠤᠨ ᠮᠦᠽᠧᠢ᠎ᠶ᠋ᠢᠨ ᠦᠢᠯᠡᠰ ᠪᠣᠯᠤᠨ ᠴᠠᠭ ᠦᠶ᠎ᠡ᠎ᠶ᠋ᠢᠨ ᠬᠥᠭ᠌ᠵᠢᠯᠲᠡ ᠬᠠᠮᠲᠤ᠎ᠠᠭᠤᠰᠤᠯᠴᠠᠵᠤ ᠬᠠᠮᠲᠤ ᠣᠷᠣᠱᠢᠵᠤ᠂ ᠲᠣᠭᠠᠴᠢᠯᠠᠭ᠍ᠰᠠᠨ ᠠᠵᠤ ᠠᠬᠤᠢ᠎ᠯᠤᠭ᠎ᠠ ᠰᠣᠯᠪᠢᠴᠠᠭ᠍ᠰᠠᠨ ᠠᠮᠢᠳᠤᠯᠢᠭ ᠪᠠᠢᠳᠠᠯ ᠎ᠢ ᠳᠡᠯᠭᠡᠨ ᠦᠵᠡᠭᠦᠯᠵᠡᠢ᠃

— ᠴᠣᠩᠬᠣᠪᠴᠢ ᠨᠡᠭᠡᠬᠡᠵᠦ ᠥᠭᠪᠡ᠃ ᠦᠵᠡᠰᠭᠦᠯᠡᠩ᠎ᠦᠨ ᠴᠤᠭ᠍ᠯᠠᠭᠠᠨ ᠤ᠋ ᠴᠤᠩᠬᠤᠪᠴᠢ ᠪᠡᠷ ᠳᠠᠮᠵᠢᠨ᠂ ᠪᠦᠬᠦ᠌ ᠪᠥᠮᠪᠥᠷᠴᠡᠭ ᠎ᠦᠨ ᠬᠠᠷᠠᠭ᠎ᠠ ᠬᠥᠬᠡᠬᠣᠲᠠ᠎ᠳᠤ ᠲᠥᠪᠯᠡᠷᠡᠵᠦ᠍᠂ ᠡᠷᠳᠡᠮ ᠱᠢᠨᠵᠢᠯᠡᠭᠡᠨ᠎ᠦ ᠲᠠᠢᠯᠤᠮᠵᠢ᠂ ᠶᠠᠷᠢᠶᠠᠨ ᠎ᠤ ᠲᠠᠪᠴᠠᠩ ᠪᠠ ᠰᠣᠶᠣᠯ ᠎ᠤᠨ ᠠᠵᠢᠯᠯᠠᠭ᠎ᠠ᠎ᠤᠯᠠᠨᠲᠠ ᠶᠠᠪᠤᠭᠳᠠᠵᠤ᠂ ᠨᠡᠢᠭᠡᠮ ᠎ᠦᠨ ᠬᠠᠷᠢᠯᠴᠠᠭᠠᠨ᠎ᠤ ᠵᠠᠭᠤᠴᠢᠯᠠᠭᠤᠷ ᠳᠡᠭᠡᠷᠡᠬᠢ ᠬᠥᠬᠡᠬᠣᠲᠠ᠎ᠶ᠋ᠢᠨ ᠳᠤᠮᠳᠠᠳᠤ ᠤᠯᠤᠰ᠎ᠤᠨ ᠮᠦᠽᠧᠶ ᠵᠢᠴᠢ ᠬᠠᠮᠢᠶ᠎ᠠ ᠪᠦᠬᠦᠢ ᠦᠢᠯᠳᠭᠦᠨ ᠬᠢᠭᠡᠳ ᠮᠡᠷᠭᠡᠵᠢᠯ᠎ᠤᠨ ᠦᠵᠡᠰᠭᠦᠯᠡᠩ᠎ᠦᠨ ᠴᠤᠭ᠍ᠯᠠᠭᠠᠨ ᠡᠷᠬᠢᠯᠡᠬᠰᠡᠨ ᠲᠤᠬᠠᠢ ᠶᠠᠷᠢᠯᠴᠠᠭ᠎ᠠ ᠮᠦᠨ ᠬᠦ᠌ ᠦᠷᠭᠦᠯᠵᠢᠯᠡᠭᠰᠡᠭᠡᠷ ᠪᠠᠢᠨ᠎ᠠ᠃

 — ᠬᠥᠭᠥᠷᠭᠡ ᠲᠠᠯᠪᠢᠵᠤ ᠥᠭᠪᠡ᠃ ᠦᠵᠡᠰᠭᠦᠯᠡᠩ᠎ᠦᠨ ᠴᠤᠭ᠍ᠯᠠᠭᠠᠨ ᠤ᠋ ᠠᠵᠠ ᠲᠣᠬᠢᠶᠠᠯ᠎ᠢ ᠠᠮᠵᠢᠭᠤᠯᠵᠤ᠂ ᠬᠥᠬᠡᠬᠣᠲᠠ ᠪᠦᠬᠦ᠌ ᠤᠯᠤᠰ ᠴᠢᠨᠠᠭ᠍ᠰᠢᠯᠠᠪᠠᠯ ᠳᠡᠯᠡᠬᠡᠢ᠎ᠶ᠋ᠢᠨ ᠰᠣᠶᠣᠯ᠎ᠤᠨ ᠦᠵᠡᠰᠭᠦᠯᠡᠩ᠎ᠦᠨ ᠦᠢᠯᠡᠰ᠎ᠲᠡᠶ ᠨᠡᠪᠲᠡᠷᠡᠯᠴᠡᠬᠦ᠌ ᠬᠥᠭᠥᠷᠭᠡ᠎ᠶ᠋ᠢ ᠪᠠᠢᠭᠤᠯᠵᠤ᠂ ᠲᠡᠦᠬᠡ ᠰᠣᠶᠣᠯ᠎ᠤᠨ ᠥᠪ᠎ᠢ ᠬᠠᠮᠠᠭᠠᠯᠠᠨ ᠤᠯᠠᠮᠵᠢᠯᠠᠬᠤ ᠪᠠ 《ᠮᠦᠽᠧᠢ᠎ᠶ᠋ᠢᠨ ᠬᠤᠳᠠ》 ᠵᠢ ᠡᠭᠦᠳᠦᠨ ᠪᠠᠢᠭᠤᠯᠬᠤ ᠲᠠᠯ᠎ᠠ᠎ᠪᠠᠷ ᠳᠠᠪᠠᠯᠲᠠ᠎ᠶ᠋ᠢᠨ ᠴᠢᠨᠠᠷᠲᠠᠢ ᠨᠢᠭᠡ ᠠᠯᠬᠤᠮ᠎ᠢ ᠠᠯᠬᠤᠪᠠ᠃

  ᠬᠠᠯᠠᠮᠰᠢᠯ᠂ ᠲᠤᠳᠤᠨᠤ ᠬᠠᠢᠷ᠎ᠠ ᠰᠡᠳᠭᠢᠯᠭᠡ ᠪᠠ ᠢᠷᠡᠭᠡᠳᠦᠶ᠎ᠶ᠋ᠢᠨ ᠬᠢᠵᠠᠭᠠᠷ ᠦᠭᠡᠢ ᠪᠣᠯᠤᠯᠴᠠᠭ᠎ᠠ᠎ᠶ᠋ᠢ ᠠᠪᠴᠢᠷᠠᠵᠠᠶ ᠁

 ᠳᠤᠮᠳᠠᠳᠤ ᠤᠯᠤᠰ᠎ᠤᠨ ᠮᠦᠽᠧᠶ ᠵᠢᠴᠢ ᠬᠠᠮᠢᠶ᠎ᠠ ᠪᠦᠬᠦᠢ ᠦᠢᠯᠳᠭᠦᠨ ᠬᠢᠭᠡᠳ ᠮᠡᠷᠭᠡᠵᠢᠯ᠎ᠤᠨ ᠦᠵᠡᠰᠭᠦᠯᠡᠩ᠎ᠦᠨ ᠴᠤᠭ᠍ᠯᠠᠭᠠᠨ ᠢ᠋ ᠠᠮᠵᠢᠯᠲᠠ᠎ᠲᠠᠶ ᠡᠷᠬᠢᠯᠡᠭ᠌ᠰᠡᠨ ᠨᠢ ᠬᠥᠬᠡᠬᠣᠲᠠ᠎ᠶ᠋ᠢᠨ ᠮᠦᠽᠧᠢ᠎ᠶ᠋ᠢᠨ ᠪᠦᠯᠦᠭ᠌ᠯᠡᠯ᠎ᠦᠨ ᠴᠢᠨᠠᠷ ᠰᠠᠢᠲᠠᠢ ᠬᠥᠭ᠌ᠵᠢᠯᠲᠡ᠎ᠶ᠋ᠢᠨ ᠱᠢᠨ᠎ᠡ ᠡᠬᠢᠯᠡᠯᠲᠡ ᠪᠣᠯᠤᠭᠰᠠᠨ ᠪᠠᠢᠨ᠎ᠠ᠃

  ᠬᠥᠬᠡᠬᠣᠲᠠ᠎ᠶ᠋ᠢᠨ ᠨᠠᠮ᠎ᠤᠨ ᠬᠣᠷᠢᠶᠠᠨ᠎ᠤ ᠪᠠᠢᠩᠭᠤ᠎ᠶ᠋ᠢᠨ ᠭᠡᠱᠢᠭᠦᠨ᠂ ᠤᠬᠠᠭᠤᠯᠬᠤ ᠬᠡᠯᠲᠡᠰ᠎ᠦᠨ ᠳᠠᠷᠤᠭ᠎ᠠ ᠸᠠᠩ ᠢᠦᠢ ᠲᠢᠶᠠᠨ᠄ 《ᠠᠷᠪᠠᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠮᠦᠽᠧᠶ ᠵᠢᠴᠢ ᠬᠠᠮᠢᠶ᠎ᠠ ᠪᠦᠬᠦᠢ ᠦᠢᠯᠳᠭᠦᠨ ᠬᠢᠭᠡᠳ ᠮᠡᠷᠭᠡᠵᠢᠯ᠎ᠤᠨ ᠦᠵᠡᠰᠭᠦᠯᠡᠩ ᠎ᠦᠨ ᠴᠤᠭ᠍ᠯᠠᠭᠠᠨ ᠢ᠋ ᠬᠥᠬᠡᠬᠣᠲᠠ᠎ᠳᠤ ᠠᠮᠵᠢᠯᠲᠠ᠎ᠲᠠᠶ ᠡᠷᠬᠢᠯᠡᠭᠰᠡᠨ ᠨᠢ 〈ᠰᠣᠶᠣᠯ᠎ᠤᠨ ᠡᠭᠦᠷᠭᠡ〉 ᠵᠢ ᠮᠠᠰᠢ ᠰᠠᠢ᠌ᠨ ᠪᠡᠶᠡᠯᠡᠭᠦᠯᠦᠭᠰᠡᠨ᠎ᠵᠢᠡᠷ ᠪᠠᠷᠠᠬᠤ ᠦᠭᠡᠢ᠂ ᠪᠦᠬᠦ᠌ ᠤᠯᠤᠰ᠎ᠤᠨ ᠮᠦᠽᠧᠢ ᠵᠢᠴᠢ ᠬᠣᠯᠪᠣᠭ᠍ᠳᠠᠯ ᠪᠦᠬᠦᠢ ᠠᠵᠤ ᠠᠬᠤᠢᠯᠠᠯ᠎ᠤᠨ ᠬᠣᠭᠣᠷᠣᠨᠳᠣᠬᠢ ᠰᠣᠯᠢᠯᠴᠠᠭ᠎ᠠ ᠬᠠᠮᠲᠤᠷᠠᠯᠴᠠᠭ᠎ᠠ᠎ᠶ᠋ᠢ ᠠᠬᠢᠭᠤᠯᠪᠠ; ᠡᠭᠦᠨ᠎ᠦ ᠬᠠᠮᠲᠤ 〈ᠲᠠᠢᠰᠠ ᠵᠢᠭᠡᠯᠡᠵᠦ᠍ ᠰᠢ ᠳᠠᠭᠤᠯᠠᠬᠤ〉 ᠵᠢ ᠪᠡᠶᠡᠯᠡᠭᠦᠯᠵᠦ᠍᠂ ᠬᠥᠬᠡᠬᠣᠲᠠ᠎ᠶ᠋ᠢᠨ ᠰᠣᠶᠣᠯ ᠦᠵᠡᠰᠭᠦᠯᠡᠩ᠎ᠦᠨ ᠦᠢᠯᠡᠰ᠎ᠦᠨ ᠬᠥᠭ᠌ᠵᠢᠯᠲᠡ᠎ᠶ᠋ᠢᠨ ᠱᠢᠨ᠎ᠡ ᠠᠮᠵᠢᠯᠲᠠ᠎ᠶ᠋ᠢ ᠭᠦᠢᠴᠡᠳ ᠢᠯᠡᠷᠡᠭᠦᠯᠵᠦ᠍᠂ ᠤᠮᠠᠷᠠᠲᠤ ᠬᠢᠯᠢ᠎ᠶ᠋ᠢᠨ ᠰᠣᠶᠣᠯ᠎ᠤᠨ ᠨᠥᠯᠥᠭᠡᠯᠡᠬᠦ᠌ ᠬᠦᠴᠦᠨ᠎ᠢ ᠪᠦᠲᠦᠮᠵᠢᠲᠡᠢ ᠳᠡᠭᠡᠭ᠌ᠰᠢᠯᠡᠭᠦᠯᠪᠡ᠃ ᠲᠠᠷᠠᠭᠠᠴᠢ᠎ᠶ᠋ᠢᠨ ᠠᠯᠬᠤᠮ᠎ᠳᠤ᠂ ᠪᠢᠳᠡ ᠰᠢ ᠵᠢᠨ ᠫᠢᠩ᠎ᠦᠨ ᠰᠣᠶᠣᠯ᠎ᠤᠨ ᠦᠵᠡᠯ ᠰᠠᠨᠠᠭ᠎ᠠ᠎ᠶ᠋ᠢ ᠨᠠᠷᠢᠨ ᠬᠢᠨᠠᠮᠠᠭᠠᠶ ᠰᠤᠷᠤᠯᠴᠠᠨ ᠲᠤᠭᠤᠱᠢᠯᠠᠭᠤᠯᠵᠤ᠂ ᠲᠣᠰ ᠤᠳᠠᠭ᠎ᠠ᠎ᠶ᠋ᠢᠨ ᠳᠤᠮᠳᠠᠳᠤ ᠤᠯᠤᠰ᠎ᠤᠨ ᠮᠦᠽᠧᠶ ᠵᠢᠴᠢ ᠬᠠᠮᠢᠶ᠎ᠠ ᠪᠦᠬᠦᠢ ᠦᠢᠯᠳᠭᠦᠨ ᠬᠢᠭᠡᠳ ᠮᠡᠷᠭᠡᠵᠢᠯ᠎ᠤᠨ ᠦᠵᠡᠰᠭᠦᠯᠡᠩ᠎ᠦᠨ ᠴᠤᠭ᠍ᠯᠠᠭᠠᠨ ᠎ᠤ ᠡᠯᠪᠡᠭ ᠪᠠᠶᠠᠯᠢᠭ ᠦᠷ᠎ᠡ ᠪᠦᠲᠦᠭᠡᠯ᠎ᠢ ᠤᠨᠳᠤᠤᠱᠢᠭᠤᠯᠤᠨ ᠠᠱᠢᠭ᠍ᠯᠠᠵᠤ᠂ ᠴᠢᠨᠠᠷ ᠰᠠᠢᠲᠠᠶ ᠬᠥᠭ᠌ᠵᠢᠯᠲᠡ᠎ᠳᠦ ᠠᠩᠬᠠᠷᠤᠯ᠎ᠢᠶᠠᠨ ᠲᠥᠪᠯᠡᠷᠡᠭᠦᠯᠵᠦ᠍᠂ 〈ᠵᠢᠭᠠᠬᠤ ᠰᠤᠳᠤᠯᠬᠤ᠎ᠶ᠋ᠢ ᠵᠡᠷᠭᠡ᠎ᠪᠡᠷ ᠴᠢᠬᠤᠯᠠᠴᠢᠯᠠᠬᠤ᠂ ᠲᠣᠭᠠᠴᠢᠯᠠᠯᠲᠠ ᠪᠠ ᠪᠤᠲᠠᠲᠤ ᠠᠬᠤᠢ ᠵᠢ ᠠᠭᠤᠰᠤᠯᠴᠠᠭᠤᠯᠬᠤ〉 ᠲᠠᠯ᠎ᠠ᠎ᠪᠠᠷ ᠭᠦᠶ᠋ᠴᠡᠳ ᠠᠵᠢᠯ ᠬᠢᠵᠦ᠍᠂  〈ᠳᠣᠲᠣᠭᠠᠳᠤ᠎ᠵᠢᠨ ᠳᠠᠪᠠᠭᠤᠯᠢᠭ᠎ᠵᠢᠡᠨ ᠢᠯᠡᠷᠡᠭᠦᠯᠵᠦ ᠭᠠᠳᠠᠭᠠᠳᠤ ᠯᠤᠭ᠎ᠠ ᠬᠣᠯᠪᠣᠭᠠᠯᠠᠬᠤ᠂ ᠶᠠᠰᠤ ᠴᠢᠨᠠᠷ᠎ᠢ ᠳᠡᠭᠡᠭ᠌ᠰᠢᠯᠡᠭᠦᠯᠦᠨ ᠦᠷ᠎ᠡ ᠠᠱᠢᠭ᠎ᠢ ᠨᠡᠮᠡᠭ᠌ᠳᠡᠭᠦᠯᠬᠦ᠌〉ᠲᠠᠯ᠎ᠠ᠎ᠪᠠᠷ ᠶᠡᠬᠡ ᠬᠦᠴᠦ᠍ ᠣᠷᠣᠭᠤᠯᠵᠤ᠂ ᠣᠷᠣᠨ᠎ᠤ ᠲᠥᠪ᠎ᠦᠨ 〈ᠮᠦᠽᠧᠶ᠎ᠶ᠋ᠢᠨ ᠬᠣᠲᠠ〉 ᠶ᠋ᠢᠨ ᠪᠥᠲᠥᠭᠡᠨ ᠪᠠᠢᠭᠤᠯᠤᠯᠲᠠ᠎ᠶ᠋ᠢᠨ ᠯᠠᠪᠳᠠᠭᠤᠨ᠎ᠢᠶᠠᠷ ᠠᠯᠤᠰ᠎ᠢ ᠵᠣᠷᠢᠨ ᠤᠷᠤᠭ᠍ᠰᠢᠯᠠᠬᠤ᠎ᠶ᠋ᠢ ᠠᠬᠢᠭᠤᠯᠤᠨ᠎ᠠ》  ᠭᠡᠵᠦ ᠬᠡᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号