ᠦᠨᠳᠦᠷ ᠰᠦᠷᠯᠢᠭ ᠬᠢᠩᠭᠠᠨ ᠳᠠᠪᠠᠭ᠎ᠠ
2024-08-07 09:58:59
ᠵᠣᠬᠢᠶᠠᠭ᠍ᠴᠢ᠄
ᠠᠨᠠᠷ ᠂ ᠶᠠᠩ ᠸᠸᠨ ᠭᠤᠸᠠᠩ
ᠣᠩᠱᠢᠭ᠍ᠰᠠᠨ ᠣᠳᠠᠭ᠎ᠠ᠄
★★★☆☆

ᠦᠨᠳᠤᠰᠤᠨ ᠪᠠᠢᠳᠠᠯ —


ᠵᠤᠬᠢᠶᠠᠨ ᠪᠦᠲᠦᠭᠡᠭᠰᠡᠨ ᠴᠠᠬ᠄ 1952 ᠣᠨ

ᠦᠭᠡ ᠄ ᠸᠠᠩ ᠺᠸᠨ ᠪᠢᠴᠢᠵᠤ ᠂ ᠳ·ᠰᠸᠷᠠᠨᠪᠠᠳᠤ ᠮᠤᠡᠭᠭᠤᠯᠴᠢᠯᠠᠪᠠ

ᠠᠶ᠎ᠠ ᠄ ᠠᠷᠠᠳ᠎ᠤᠨ ᠳᠠᠭᠤᠤ

ᠵᠤᠬᠢᠶᠠᠨ ᠪᠦᠲᠦᠭᠡᠭᠰᠡᠨ ᠬᠡᠯᠪᠡᠷᠢ ᠄ ᠤᠷᠴᠤᠨᠴᠤᠳ ᠎ᠤᠨ ᠤᠯᠠᠮᠵᠢᠯᠠᠯᠳᠤ 《 ᠣᠷᠴᠣᠨ᠎ᠤ ᠪᠥᠵᠢᠭ᠎ᠦᠨ ᠠᠶᠠᠰ 》 ᠲᠡᠭᠡᠷ᠎ᠡ ᠰᠢᠨ᠎ᠡ ᠦᠭᠡ ᠵᠤᠬᠢᠶᠠᠵᠦ᠂ ᠬᠢᠳᠡᠳ ᠬᠡᠯᠡ ᠪᠡᠷ ᠵᠤᠬᠢᠶᠠᠨ ᠪᠦᠲᠦᠭᠡᠵᠦ ᠂ ᠲᠠᠬᠢᠭᠠᠳ ᠤᠷᠴᠤᠨ ᠬᠡᠯᠡ ᠪᠠ ᠮᠤᠩᠭᠤᠯ ᠬᠡᠯᠡ ᠪᠡᠷ ᠤᠷᠴᠢᠭᠤᠯᠤᠭᠳᠠᠵᠠᠢ

ᠠᠶ᠎ᠠ ᠵᠢᠨ ᠤᠨᠴᠠᠯᠢᠬ᠄ ᠠᠶᠠᠯᠭᠤ ᠬᠦᠭ ᠨᠢ ᠲᠡᠭᠵᠢᠨ ᠴᠤᠪᠤᠭᠤᠯᠢᠭ ᠂ ᠠᠷᠠᠳ᠎ᠤᠨ ᠳᠠᠭᠤᠤ ᠡᠴᠡ ᠡᠭᠦᠰᠦᠯ ᠲᠠᠢ ᠪᠦᠭᠡᠳ ᠠᠷᠠᠳ᠎ᠤᠨ ᠳᠠᠭᠤᠤ ᠵᠢᠨ ᠤᠨᠴᠠᠯᠢᠬ ᠵᠢᠨᠨ ᠬᠠᠳᠠᠭᠠᠯᠠᠵᠠᠢ

ᠳᠠᠭᠤᠤ ᠵᠢᠨ ᠲᠦᠷᠦᠯ᠄ ᠵᠤᠬᠢᠶᠠᠯ᠎ᠤᠨ ᠳᠠᠭᠤᠤ


QQ20240807-105701.png

QQ20240807-105601.png


ᠦᠯᠢᠭᠡᠷ —


ᠰᠡᠬᠦᠢᠨ ᠰᠦᠨᠳᠡᠷᠯᠡᠭᠰᠡᠨ ᠬᠢᠨᠭᠭᠠᠨ ᠲᠠᠪᠠᠭᠠᠨ᠎ᠳᠤ᠂ ᠨᠤᠮᠢᠨ ᠲᠤᠯᠬᠢᠶᠠᠨ ᠦᠶᠡᠯᠵᠡᠬᠦᠯᠦᠭᠰᠡᠨ ᠠᠬᠯᠠᠬ ᠤᠢ ᠲᠠᠢ᠂ ᠠᠬᠯᠠᠭ ᠤᠢ᠎ᠶᠢᠨ ᠬᠦᠨ᠎ᠳᠦ ᠡᠷᠡᠯᠭᠡᠭ ᠪᠠᠭᠠᠲᠤᠷᠯᠢᠭ ᠤᠷᠴᠤᠨᠴᠤᠳ ᠠᠪᠠ ᠬᠢᠵᠦ ᠠᠵᠦ ᠲᠦᠷᠦᠵᠦ ᠪᠤᠢ ᠁ ᠪᠠᠢᠳᠠᠯ᠎ᠢ 《ᠦᠨᠲᠦᠷ ᠰᠦᠷᠯᠢᠭ ᠬᠢᠨᠭᠭᠠᠨ ᠲᠠᠪᠠᠭ᠎ᠠ》 ᠭᠡᠮᠡᠬᠦ ᠲᠡᠭᠵᠢᠨ ᠴᠤᠪᠤᠭᠤᠯᠢᠭ᠂ ᠦᠬᠡ ᠦᠬᠦᠯᠡᠪᠦᠷᠢ ᠨᠢ ᠲᠦᠬᠦᠮ ᠤᠢᠯᠠᠭᠠᠮᠵᠢᠲᠠᠢ ᠬᠡᠦᠬᠡᠳ᠎ᠤᠨ ᠲᠠᠭᠤᠤ ᠡᠴᠡ ᠤᠯᠠᠨ ᠲᠦᠮᠡᠨ᠎ᠳᠤ ᠲᠠᠨᠢᠭᠤᠯᠤᠬᠰᠠᠨ ᠨᠢ ᠯᠠᠪᠳᠠᠢ᠃ ᠲᠤᠰ ᠲᠠᠭᠤᠤ᠎ᠶᠢ ᠰᠤᠨᠤᠰᠬᠤ ᠪᠦᠷᠢ ᠪᠤᠭᠤ᠎ᠶᠢᠨ ᠡᠪᠡᠷᠲᠦ ᠮᠠᠯᠠᠭᠠᠢ ᠵᠡᠬᠦᠵᠦ᠂ ᠠᠷᠠᠰᠦᠨ ᠬᠤᠪᠴᠠᠰᠦ ᠪᠡᠷ ᠭᠤᠶᠤᠯᠠᠨ᠂ ᠠᠪᠠ᠎ᠶᠢᠨ ᠫᠤᠤ ᠪᠠᠨ ᠡᠬᠦᠷᠦᠭᠡᠳ ᠠᠭᠤᠯᠠ ᠲᠠᠢᠭ᠎ᠠ ᠪᠡᠷ ᠶᠠᠪᠤᠭ᠎ᠠ ᠤᠷᠴᠤᠨᠴᠤᠳ ᠬᠠᠷᠠᠭᠠᠨ᠎ᠳᠤ ᠲᠤᠲᠤᠷᠬᠠᠤ ᠪᠦᠬᠡᠳ ᠲᠡᠲᠡᠨᠤᠰ᠎ᠤᠨ ᠡᠬᠡ ᠪᠠᠢᠭᠠᠯᠢ ᠲᠠᠢ ᠪᠠᠨ ᠡᠶ᠎ᠠ ᠵᠤᠬᠢᠴᠠᠩᠭᠤᠢ ᠤᠷᠤᠰᠢᠨ ᠲᠤᠭᠲᠠᠨᠢᠬᠰᠠᠭᠠᠷ ᠢᠷᠡᠭᠰᠡᠨ ᠪᠤᠷᠤᠭᠵᠢᠭᠤᠨ ᠠᠮᠢᠳᠤᠷᠠᠯ᠎ᠤᠨ ᠬᠦᠨ ᠤᠬᠠᠭᠠᠨ᠎ᠳᠤᠨᠢ ᠭᠠᠢᠬᠠᠯ ᠲᠦᠷᠦᠬᠦ ᠦᠬᠡᠢ ᠪᠠᠢᠬᠤ᠎ᠶᠢᠨ ᠠᠷᠭ᠎ᠠ ᠦᠬᠡᠢ᠃

ᠲᠤᠰ ᠲᠠᠭᠤᠤ᠎ᠶᠢᠨ ᠵᠤᠬᠢᠶᠠᠨ ᠪᠦᠲᠦᠭᠡᠭᠰᠡᠨ ᠦᠯᠢᠬᠡᠷ᠎ᠢ ᠦᠭᠰᠦᠬᠦᠯᠦᠨ ᠶᠠᠷᠢᠬᠤ᠎ᠳᠤ᠂ ᠸᠠᠩ ᠺᠧᠨ ᠭᠡᠬᠦ ᠬᠢᠲᠠᠳ ᠦᠨᠲᠦᠰᠦᠳᠡᠨ᠎ᠤ ᠵᠦᠴᠦᠬᠡ᠎ᠶᠢᠨ ᠵᠤᠬᠢᠶᠠᠯᠴᠢ᠎ᠶᠢ ᠲᠤᠷᠠᠳᠬᠤ ᠶᠤᠰᠤᠲᠠᠢ᠃ 1947 ᠣᠨ᠎ᠤ ᠨᠠᠮᠤᠷ᠂ ᠵᠡᠭᠦᠨ ᠬᠣᠢᠲᠤ ᠣᠷᠣᠨ᠎ᠤ ᠴᠡᠷᠢᠭ ᠠᠩᠭᠢ᠎ᠳᠤ ᠲᠤᠮᠢᠯᠠᠬᠲᠠᠭᠠᠳ ᠪᠠᠢᠬᠰᠠᠨ ᠤᠶᠤᠲᠠᠨ ᠸᠠᠩ ᠺᠧᠨ ᠨᠢᠭᠡᠨ ᠤᠷᠴᠤᠨ ᠵᠠᠯᠠᠭᠤ᠎ᠶᠢᠨ 《ᠨᠠ ᠶᠠ ᠨᠠ ᠶᠠ ᠨᠠ ᠢ ᠶᠸ》 ᠬᠡᠬᠦ ᠲᠠᠭᠤᠤ᠎ᠶᠢᠨ ᠦᠬᠡ ᠦᠬᠡᠢ ᠪᠤᠯᠪᠠᠴᠦ᠂ ᠬᠦᠭᠵᠢᠯᠳᠡᠢ ᠴᠤᠪᠤᠭᠤᠯᠢᠭ ᠠᠶᠠᠯᠭᠤ  ᠭᠢᠡᠭᠰᠢᠬᠦ ᠵᠢ ᠰᠤᠨᠤᠰᠤᠭᠠᠳ ᠭᠦᠨ ᠰᠠᠭᠤᠬᠳᠠᠯ ᠲᠠᠢ ᠪᠤᠯᠵᠦ᠂ ᠲᠡᠬᠦᠨ ᠡᠴᠡ ᠤᠷᠴᠤᠨ ᠦᠨᠲᠦᠰᠦᠳᠡᠨ᠎ᠤ ᠦᠯᠢᠬᠡᠷ ᠲᠡᠦᠭᠡ᠂ ᠠᠮᠢᠲᠤᠷᠠᠯ ᠠᠬᠤᠢ᠎ᠶᠢ ᠨᠠᠷᠢᠯᠢᠭ ᠤᠢᠯᠠᠭᠠᠪᠡ᠃ 1952 ᠣᠨ᠎ᠳᠤ ᠵᠡᠭᠦᠨ ᠬᠣᠢᠲᠤ᠎ᠶᠢᠨ ᠪᠠᠭ᠍ᠰᠢ᠎ᠶᠢᠨ ᠶᠡᠬᠡ ᠰᠤᠷᠭᠠᠭᠤᠯᠢ᠎ᠶᠢᠨ ᠳᠠᠭᠤᠤ ᠬᠥᠭᠵᠢᠮ᠎ᠦᠨ ᠰᠠᠯᠪᠤᠷᠢ᠎ᠳᠤ ᠪᠠᠭᠰᠢᠯᠠᠵᠤ ᠪᠠᠢᠬᠰᠠᠨ ᠸᠠᠩ ᠺᠸᠨ ᠤᠷᠴᠤᠨ ᠦᠨᠳᠦᠰᠦᠲᠡᠨ᠎ᠤ ᠲᠤᠬᠠᠢ ᠳᠠᠭᠤᠤ ᠪᠢᠴᠢᠬᠦ ᠭᠡᠰᠡᠨ ᠪᠤᠳᠤᠯ ᠤᠷᠤᠭᠠᠳ ᠲᠠᠪᠤᠨ ᠵᠢᠯ᠎ᠤᠨ ᠡᠮᠦᠨ᠎ᠡ ᠦᠨᠦᠬᠢ ᠤᠷᠴᠤᠨ ᠵᠠᠯᠠᠭᠤ᠎ᠶᠢᠨ ᠬᠢᠩᠰᠢᠵᠦ ᠪᠠᠢᠬᠰᠠᠨ ᠠᠶ᠎ᠠ ᠲᠠᠷᠢᠬᠢᠨ᠎ᠳᠤᠨᠢ ᠳᠠᠬᠢᠨ ᠤᠷᠭᠤᠭᠰᠠᠨ ᠪᠦᠭᠡᠳ ᠲᠡᠬᠦᠨ᠎ᠤ ᠶᠠᠷᠢᠵᠦ ᠪᠠᠢᠬᠰᠠᠨ 《ᠦᠨᠳᠦᠷ ᠰᠦᠷᠯᠢᠭ ᠬᠢᠩᠭᠠᠨ ᠳᠠᠪᠠᠭ᠎ᠠ᠂ ᠤᠢ ᠰᠢᠭᠤᠢ᠂ ᠠᠩᠴᠢᠳ᠂ ᠠᠩ᠎ᠤᠨ ᠫᠤᠤ》 ᠵᠡᠷᠭᠡ ᠤᠷᠴᠤᠨ ᠦᠨᠲᠦᠰᠦᠳᠡᠨ᠎ᠤ ᠠᠮᠢᠲᠤᠷᠠᠯ ᠠᠬᠤᠢ ᠨᠢᠲᠤᠨ᠎ᠳᠤᠨᠢ ᠢᠯᠡᠷᠡᠭᠰᠡᠨ ᠡᠴᠡ ᠤᠷᠴᠤᠨᠴᠤᠳ᠎ᠤᠨ ᠤᠯᠠᠮᠵᠢᠯᠠᠯᠳᠤ 《ᠣᠷᠴᠣᠨ᠎ᠤ ᠪᠥᠵᠢᠭ᠎ᠦᠨ ᠠᠶᠠᠰ》 ᠲᠡᠭᠡᠷ᠎ᠡ ᠰᠢᠨ᠎ᠡ ᠦᠭᠡ ᠵᠤᠬᠢᠶᠠᠵᠦ᠂《ᠣᠷᠴᠣᠨ᠎ᠤ ᠪᠠᠭ᠎ᠠ ᠳᠠᠭᠤᠯᠠᠯ》ᠭᠡᠵᠦ ᠭᠠᠷᠴᠠᠭᠯᠠᠬᠰᠠᠨ ᠪᠤᠯ ᠬᠤᠵᠢᠮ᠎ᠤᠨ ᠤᠷᠠᠯᠢᠬᠴᠢᠳ ᠲᠤᠰ ᠲᠠᠭᠤᠤ᠎ᠶᠢᠨ ᠡᠬᠢᠨ᠎ᠤ ᠦᠬᠡ ᠪᠤᠯᠬᠤ 《ᠦᠨᠲᠦᠷ ᠰᠦᠷᠯᠢᠭ ᠬᠢᠨᠭᠭᠠᠨ ᠲᠠᠪᠠᠭ᠎ᠠ》 ᠪᠡᠷ 《ᠤᠷᠴᠦᠨ᠎ᠤ  ᠪᠠᠭ᠎ᠠ ᠳᠠᠭᠤᠯᠠᠯ》 ᠭᠡᠬᠦ ᠭᠠᠷᠴᠠᠭ᠎ᠢ ᠤᠷᠤᠯᠠᠭᠤᠯᠵᠠᠢ᠃

ᠤᠯᠠᠨ ᠦᠨᠳᠦᠰᠦᠳᠡᠨ ᠤᠷᠳᠤ ᠬᠤᠭᠤᠴᠠᠭ᠎ᠠ ᠪᠠᠷ ᠬᠤᠯᠢᠯᠳᠤᠨ ᠰᠠᠭᠤᠷᠢᠰᠢᠭᠰᠠᠨ ᠪᠤᠯᠬᠤᠷ ᠲᠡᠳᠡᠨ᠎ᠤ ᠲᠠᠭᠤᠤ ᠤᠷᠠᠯᠢᠬ ᠡᠴᠡ ᠡᠬᠢᠯᠡᠭᠡᠳ ᠠᠮᠢᠳᠤᠷᠠᠯ᠎ᠤᠨ ᠵᠠᠩ ᠲᠠᠳᠬᠠᠯ ᠬᠦᠷᠳᠡᠯ᠎ᠡ ᠪᠦᠷ ᠦᠪᠡᠷ ᠦᠪᠡᠷ᠎ᠢ ᠪᠡᠨ ᠨᠦᠯᠦᠭᠡᠯᠡᠵᠦ ᠪᠠᠢᠳᠠᠭ᠃ 《ᠦᠨᠲᠦᠷ ᠰᠦᠷᠯᠢᠭ ᠬᠢᠨᠭᠭᠠᠨ ᠲᠠᠪᠠᠭ᠎ᠠ》 ᠪᠠᠷ ᠵᠢᠱ᠌ᠢᠶᠡᠯᠡᠪᠡᠯ᠂ ᠲᠤᠰ ᠲᠠᠭᠤᠤ ᠬᠢᠳᠡᠳ ᠬᠡᠯᠡ ᠪᠡᠷ ᠵᠤᠬᠢᠶᠠᠭᠳᠠᠵᠦ᠂ ᠲᠠᠬᠢᠨ ᠤᠷᠴᠤᠨ ᠬᠡᠯᠡᠨ᠎ᠳᠤ ᠤᠷᠴᠢᠭᠤᠯᠤᠭᠳᠠᠨ ᠲᠠᠭᠤᠯᠠᠭᠳᠠᠵᠦ ᠪᠠᠢᠬᠰᠠᠨ ᠵᠢᠡᠨ ᠲᠤᠰ ᠲᠠᠭᠤᠤ ᠵᠢᠨ ᠠᠶ᠎ᠠ ᠲᠡᠭᠡᠷ᠎ᠡ ᠮᠤᠩᠭᠤᠯ ᠦᠨᠳᠦᠰᠦᠳᠡᠨ᠎ᠤ 《ᠵᠢᠷᠤᠭ᠎ᠠ ᠰᠠᠷᠠᠯ》 ᠬᠡᠬᠦ ᠲᠠᠭᠤᠤ ᠮᠡᠨᠳᠤᠯᠡᠵᠤ᠂ ᠦᠪᠦᠷ ᠮᠤᠩᠭᠤᠯ ᠤᠷᠤᠨ᠎ᠳᠤ ᠦᠷᠭᠡᠨ ᠵᠢᠡᠷ ᠲᠡᠯᠭᠡᠷᠡᠭᠰᠡᠨ ᠪᠦᠭᠡᠳ ᠪᠠᠭ᠎ᠠ ᠰᠤᠷᠭᠠᠭᠤᠯᠢ ᠵᠢᠨ ᠳᠠᠭᠤᠤ ᠬᠦᠭᠵᠢᠮ᠎ᠤᠨ ᠬᠢᠴᠢᠶᠡᠯ᠎ᠤᠨ ᠪᠢᠴᠢᠭ ᠲᠦ᠍ ᠰᠤᠩᠭᠤᠭᠳᠠᠨ ᠤᠷᠤᠵᠦ᠂ ᠭᠡᠳᠦᠨ ᠦᠶ᠎ᠡ ᠵᠢᠨ ᠬᠦᠮᠦᠰ᠎ᠤᠨ ᠪᠠᠭ᠎ᠠ ᠨᠠᠰᠤᠨ᠎ᠤ ᠲᠤᠷᠠᠳᠬᠠᠯ ᠪᠤᠯᠵᠦ ᠪᠠᠢᠭᠰᠠᠨ᠃

ᠲᠤᠰ ᠲᠠᠭᠤᠤ ᠣᠷᠴᠣᠨ ᠦᠨᠳᠦᠰᠦᠲᠡᠨ᠎ᠦ ᠠᠩ ᠠᠩᠨᠠᠯ᠎ᠤᠨ ᠠᠮᠢᠳᠤᠷᠠᠯ᠂ ᠠᠵᠢᠯᠴᠢ ᠬᠥᠳᠡᠯᠮᠦᠷᠢᠴᠢ ᠡᠷᠡᠯᠬᠡᠭ ᠪᠠᠭᠠᠲᠤᠷᠯᠢᠭ᠋ ᠵᠠᠩ ᠴᠢᠨᠠᠷ᠎ᠤᠨ ᠬᠢᠨᠢ ᠮᠠᠬᠲᠠᠭᠠᠯ ᠪᠤᠯᠵᠦ᠂ ᠡᠪ ᠬᠠᠮᠲᠤ ᠨᠠᠮ᠎ᠤᠨ ᠤᠲᠤᠷᠢᠲᠤᠯᠭ᠎ᠠ ᠲᠤᠤᠷ᠎ᠠ ᠰᠠᠢᠨ ᠰᠠᠢᠬᠠᠨ ᠠᠮᠢᠳᠤᠷᠠᠯ᠎ᠶ᠋ᠢᠡᠨ ᠡᠳ᠋ᠯᠡᠭᠡ ᠰᠢᠨ᠎ᠡ ᠠᠮᠢᠲᠤᠷᠠᠯ᠎ᠤᠨ ᠬᠢᠨᠢ ᠲᠠᠭᠤᠯᠠᠯ ᠪᠤᠯᠤᠭᠰᠠᠨ ᠪᠦᠭᠡᠳ ᠦᠨᠳᠦᠰᠦᠳᠡᠨ ᠨᠤᠭᠦᠳ᠎ᠤᠨ ᠪᠦᠯᠬᠦᠮᠳᠡᠯ ᠨᠢᠭᠳᠠᠷᠠᠯ᠎ᠤᠨ ᠡᠯᠴᠢ ᠪᠤᠯᠵᠦ᠂ ᠠᠯᠲᠠᠷᠲᠦ ᠲᠠᠭᠤᠴᠢᠨ ᠯᠢᠦᠢ ᠵᠢᠢ ᠬᠣᠩ᠂ ᠬᠠᠰᠠᠷ ᠬᠠᠮᠲᠤᠯᠢᠬ᠂ ᠣᠷᠴᠣᠨ ᠦᠨᠳᠦᠰᠦᠲᠡᠨ᠎ᠦ ᠨᠠᠢᠷᠠᠯ ᠳᠠᠭᠤᠤ᠎ᠶᠢᠨ ᠪᠦᠯᠭᠦᠮ᠂ ᠬᠦᠯᠦᠨ ᠪᠤᠢᠷ᠎ᠤᠨ ᠲᠠᠪᠤᠨ ᠲᠠᠩᠰᠤᠬ ᠬᠡᠤᠬᠡᠳ᠎ᠤᠨ  ᠨᠠᠢᠷᠠᠯ ᠳᠠᠭᠤᠤ ᠵᠢᠨ ᠪᠦᠯᠬᠦᠮ ᠵᠡᠷᠭᠡ ᠲᠠᠭᠤᠴᠢᠨ ᠪᠠ ᠬᠠᠮᠲᠤᠯᠢᠬ᠎ᠤᠳ ᠤᠷᠠᠯᠢᠬ᠎ᠤᠨ ᠲᠠᠢᠰᠠᠨ᠎ᠠ ᠬᠠᠩᠬᠢᠨᠠᠭᠤᠯᠤᠨ ᠲᠠᠭᠤᠯᠠᠬᠰᠠᠭᠠᠷ᠃


ᠦᠨᠡᠯᠡᠯᠲᠡ —


ᠳ·ᠰᠸᠷᠡᠨᠪᠠᠲᠤ (ᠬᠦᠯᠦᠨ ᠪᠤᠢᠷ ᠳᠡᠭᠡᠳᠦ ᠰᠤᠷᠭᠠᠭᠤᠯᠢ ᠵᠢᠨ ᠫᠷᠤᠹᠸᠰᠰᠤᠷ )

ᠲᠤᠰ ᠳᠠᠭᠤᠤ ᠨᠢ ᠤᠷᠴᠤᠨᠴᠤᠳ᠎ᠤᠨ ᠤᠯᠠᠮᠵᠢᠯᠠᠯᠲᠤ ᠳᠠᠭᠤᠤ ᠤᠷᠠᠯᠢᠬ᠎ᠤᠨ ᠰᠠᠭᠤᠷᠢᠨ ᠳᠡᠭᠡᠷ᠎ᠠ ᠵᠤᠬᠢᠶᠠᠬᠳᠠᠵᠤ᠂ ᠠᠷᠠᠳ᠎ᠤᠨ ᠳᠤᠮᠳᠠ ᠦᠷᠭᠡᠨ ᠵᠢᠨᠷ ᠳᠡᠯᠭᠡᠷᠡᠵᠦ ᠪᠢᠯᠡ᠃ ᠳᠠᠭᠤᠤ ᠵᠢᠨ ᠦᠭᠡ ᠠᠶ᠎ᠠ ᠨᠢ ᠵᠤᠬᠢᠴᠠᠩᠭᠤᠢ᠂ ᠳᠠᠭᠤᠤ ᠵᠢᠨ ᠦᠭᠡ ᠨᠢ ᠤᠷᠴᠤᠨᠴᠤᠳ᠎ᠤᠨ ᠠᠬᠤᠢ ᠠᠮᠢᠳᠤᠷᠠᠯ᠎ᠢ ᠦᠨᠡᠨ ᠪᠤᠲᠠᠲᠠᠢ᠂ ᠳᠦᠷᠰᠦᠯᠢᠭ ᠪᠦᠭᠡᠳ ᠠᠮᠢᠳᠤᠯᠢᠬ ᠵᠢᠨᠷ ᠬᠠᠷᠠᠭᠤᠯᠵᠤ ᠴᠢᠳᠠᠬᠰᠠᠨ ᠶᠤᠮ᠃ ᠲᠤᠰ ᠳᠠᠭᠤᠤ ᠵᠢ ᠳᠠᠩ ᠭᠠᠬᠴᠠ ᠦᠨᠳᠦᠰᠦᠲᠡᠨ᠎ᠤ ᠠᠷᠠᠳ᠎ᠤᠨ ᠳᠠᠭᠤᠤ ᠭᠡᠵᠦ ᠬᠡᠯᠡᠬᠦ ᠵᠢᠨ ᠠᠷᠭ᠎ᠠ ᠦᠭᠡᠢ᠂ ᠬᠠᠷᠢᠨ ᠤᠯᠠᠨ ᠦᠨᠳᠦᠰᠦᠲᠡᠨ᠎ᠤ ᠳᠠᠭᠤᠤ ᠤᠷᠠᠯᠢᠬ ᠠᠭᠤᠰᠤᠯᠴᠠᠵᠤ ᠬᠦᠭᠵᠢᠭᠰᠡᠨ ᠦᠷ᠎ᠡ ᠳ᠋ᠦᠩ ᠭᠡᠵᠦ ᠬᠡᠯᠡᠵᠦ ᠪᠤᠯᠤᠨ᠎ᠠ᠃


ᠠᠯᠳᠠᠷ —


ᠤᠷᠴᠤᠨ ᠦᠨᠳᠦᠰᠦᠲᠡᠨ᠎ᠤ ᠲᠦᠯᠦᠭᠡᠯᠡᠬᠦ ᠴᠢᠨᠠᠷᠲᠠᠢ ᠰᠤᠩᠭᠤᠳᠠᠭ ᠳᠠᠭᠤᠤ ᠪᠤᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2024 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号