ᠦᠨᠳᠤᠰᠤᠨ ᠪᠠᠢᠳᠠᠯ —
ᠵᠤᠬᠢᠶᠠᠨ ᠪᠦᠳᠤᠬᠡᠭᠰᠡᠡ ᠴᠠᠭ᠄ 1977 ᠤᠨ
ᠦᠬᠡ᠄ ᠾᠦᠸᠸ ᠬᠤᠸᠠ
ᠠᠶᠠ᠄ ᠠᠯᠳᠠᠠᠠᠠᠭᠤᠯᠠ
ᠵᠤᠬᠢᠶᠠᠨ ᠪᠦᠳᠤᠬᠡᠭᠰᠡᠡ ᠬᠡᠯᠪᠡᠷᠢ ᠄ ᠾᠦᠸᠸ ᠬᠤᠸᠠ ᠬᠢᠳᠡᠳ ᠬᠡᠯᠡ ᠪᠡᠷ ᠵᠤᠬᠢᠶᠠᠨ ᠪᠦᠳᠤᠬᠡᠵᠤ᠂ ᠡᠷᠳᠡᠮᠳᠤ ᠮᠤᠩᠭᠤᠯᠴᠢᠯᠠᠪᠠ
ᠠᠶᠠ ᠵᠢᠨ ᠤᠨᠴᠠᠯᠢᠬ ᠄ ᠠᠯᠠᠱᠠ ᠠᠷᠠᠳᠤᠨ ᠲᠠᠭᠤᠤ ᠵᠢᠨ ᠠᠶᠠ ᠡᠴᠨ ᠡᠰᠢᠯᠡᠪᠡ
ᠲᠠᠭᠤᠤ ᠵᠢᠨ ᠲᠦᠷᠦᠯ ᠄ ᠵᠤᠬᠢᠶᠠᠯᠤᠨ ᠲᠠᠭᠤᠤ


ᠦᠯᠢᠬᠡᠷ —
5 ᠰᠠᠷᠠ ᠵᠢᠨ 30ᠤ᠋ ᠡᠳᠤᠷ᠂ 《ᠦᠵᠡᠰᠬᠦᠯᠡᠩᠳᠤ ᠰᠠᠢᠬᠠᠨ ᠮᠢᠨᠤ ᠨᠤᠳᠤᠭ》 ᠬᠡᠮᠡᠬᠦ ᠲᠠᠭᠤᠤ ᠵᠢ ᠰᠤᠷᠪᠤᠯᠵᠢᠯᠠᠬᠤ ᠪᠡᠷ ᠪᠢᠳᠠ ᠪᠡᠬᠡᠵᠢᠩᠢ ᠵᠤᠷᠢᠯᠠ᠃ 《ᠰᠠᠨᠠᠭᠰᠠᠨ ᠪᠦᠬᠦᠨ ᠰᠠᠨᠠᠭᠠ ᠪᠡᠷ》 ᠬᠡᠳᠡᠭ ᠵᠢᠡᠷ ᠾᠦᠸᠸ ᠬᠤᠸᠠ ᠵᠢᠨ ᠬᠦᠤ ᠵᠸᠩ ᠾᠦᠸᠸ ᠠᠪᠤ ᠵᠢᠨ ᠵᠢᠠᠨ ᠪᠢᠴᠢᠭᠰᠡᠡ ᠲᠠᠭᠤᠤ ᠵᠢᠨ ᠦᠬᠡ ᠵᠢᠨ ᠤᠷᠠᠨ ᠪᠢᠴᠢᠯᠬᠡ (ᠪᠢᠴᠢᠬᠡᠰᠤ)᠂ ᠠᠯᠳᠠᠠᠠᠠᠭᠤᠯᠠ ᠵᠢᠨ ᠬᠦᠤ ᠬᠤᠷᠴᠢᠨᠬᠦᠤ ᠠᠪᠤ ᠵᠢᠨ ᠵᠢᠠᠨ ᠪᠢᠴᠢᠭᠰᠡᠡ ᠲᠠᠭᠤᠤ ᠵᠢᠨ ᠨᠤᠲᠤᠨ ᠭᠠᠷ ᠪᠢᠴᠢᠮᠠᠯ᠂ ᠲᠠᠳᠮᠠ ᠵᠢᠨ ᠬᠦᠤ ᠮᠠᠭᠳᠠᠭᠠᠯ ᠡᠵᠢ ᠵᠢᠨ ᠵᠢᠠᠨ ᠲᠠᠭᠤᠯᠠᠭᠰᠠᠠ ᠰᠤᠷᠢᠨᠵᠢᠨ ᠪᠦᠰᠡ ᠵᠢ ᠠᠪᠴᠢᠷᠠᠨ ᠪᠢᠳᠠᠨᠤ ᠰᠤᠷᠪᠤᠯᠵᠢᠯᠠᠭᠠ ᠵᠢ ᠬᠦᠯᠢᠶᠡᠯᠠ᠃
ᠵᠸᠩ ᠾᠦᠸᠸ ᠵᠢᠨ ᠡᠷᠬᠢᠴᠡᠬᠦᠯᠬᠦ ᠪᠡᠷ᠂ 1975 ᠣᠨᠤ 8 ᠰᠠᠷᠠᠳᠤ ᠾᠦᠸᠸ ᠬᠤᠸᠠ ᠱᠢᠯᠢᠶ᠋ᠢᠨ ᠭᠣᠣᠯᠤᠨ ᠵᠡᠬᠦᠨ ᠦᠵᠤᠮᠤᠴᠢᠨᠤ ᠲᠠᠯᠠ ᠨᠤᠲᠤᠭ ᠲᠦ᠍ ᠢᠷᠡᠭᠡᠳ ᠦᠵᠡᠰᠭᠦᠯᠡᠩᠲᠦ ᠰᠠᠢᠬᠠᠨ ᠦᠩᠬᠡ ᠦᠵᠡᠮᠵᠢᠳᠤ ᠰᠤᠭᠲᠤᠭᠤᠷᠠᠵᠤ᠂ ᠬᠥᠳᠡᠭᠡ ᠨᠤᠲᠤᠭᠤᠨ ᠬᠥᠮᠦᠰᠦᠨ ᠬᠠᠯᠠᠭᠤᠨ ᠵᠣᠴᠢᠨᠰᠠᠭ ᠵᠠᠩ ᠴᠢᠨᠠᠷ ᠲᠸ᠋ ᠲᠤᠭᠳᠤᠯᠤᠨ᠂ ᠮᠠᠷᠳᠠᠭᠳᠠᠰᠢ ᠦᠭᠡᠢ ᠲᠤᠷᠠᠳᠬᠠᠯ ᠦᠯᠡᠳᠡᠭᠡᠵᠡᠢ᠃ ᠬᠣᠶᠠᠷ ᠵᠢᠯᠦᠨ ᠬᠢᠨᠢ ᠳᠠᠷᠠᠭᠠ ᠡᠨᠡ ᠬᠦ᠌ ᠳᠤᠷᠠᠳᠬᠠᠯ ᠲᠠᠢ ᠮᠦᠷᠳᠡᠬᠡᠨ ᠮᠠᠷᠳᠠᠭᠳᠠᠰᠢ ᠦᠬᠡᠢ ᠦᠩᠬᠡᠷᠡᠯᠳᠡ ᠪᠡᠨ ᠡᠷᠬᠢᠴᠡᠬᠦᠯᠵᠤ᠂ 《ᠦᠵᠡᠰᠭᠦᠯᠡᠩᠲᠦ ᠰᠠᠢᠬᠠᠨ ᠮᠢᠨᠤ ᠨᠤᠳᠤᠭ》 ᠤ᠋ᠨ ᠲᠠᠭᠤᠤ ᠵᠢᠨ ᠦᠬᠡ ᠵᠢ ᠨᠢᠬᠡ ᠯᠠ ᠠᠮᠢᠰᠬᠤᠭᠠ ᠪᠡᠷ ᠪᠢᠴᠢᠵᠤ ᠭᠠᠷᠭᠠᠵᠠᠢ᠃
ᠲᠤᠬᠠᠶᠶ᠋ᠢᠨ ᠦᠶᠡᠳᠤ ᠥᠪᠥᠷ ᠮᠣᠩᠭᠣᠯ ᠤ᠋ᠨ ᠴᠡᠷᠢᠭᠦᠨ ᠲᠣᠭᠣᠷᠢᠭᠤᠨ ᠤᠷᠠᠨ ᠰᠠᠢᠬᠠᠨᠤ ᠪᠦᠯᠬᠦᠮᠦᠨ ᠳᠡᠳ᠋ ᠳᠠᠷᠤᠭᠠ ᠪᠠᠢᠬᠰᠠᠨ ᠠᠮᠢᠨᠪᠦ᠋ᠬᠡ ᠠᠶᠠ ᠲᠠᠭᠠᠷᠠᠭᠤᠯᠵᠤ᠂ ᠳᠤᠰ ᠪᠦᠯᠬᠦᠮᠤᠨ ᠡᠮᠡᠭ᠌ᠲᠡᠶᠶ᠋ᠢᠨ ᠬᠠᠩᠭᠢᠨᠠᠮᠠ ᠬᠣᠭᠣᠯᠠᠶᠶ᠋ᠢᠨ ᠭᠣᠴᠣᠯᠠᠯ ᠲᠠᠭᠤᠴᠢᠨ ᠵᠢᠡᠷ ᠲᠠᠭᠤᠯᠠᠭᠤᠯᠬᠤ ᠪᠡᠷ ᠲᠤᠬᠳᠠᠵᠠᠢ᠃ ᠬᠡᠪᠡᠴᠤ ᠳᠤᠭᠯᠠᠯᠳᠠ ᠵᠢᠨ ᠠᠬᠤᠢ ᠲᠠᠯᠠᠪᠠᠢᠳᠤ ᠲᠡᠬᠦᠨᠤ ᠪᠠᠶᠠ ᠨᠢ ᠬᠡᠨᠡᠳᠳᠡ ᠡᠪᠬᠦᠢᠷᠡᠭᠰᠡᠡ ᠡᠴᠨ ᠲᠠᠭᠤᠯᠡᠵᠤ ᠲᠡᠢᠯᠦᠭᠰᠡᠡ ᠦᠬᠡᠢ᠃ 1977 ᠣᠨᠤ ᠴᠠᠭᠠᠨ ᠰᠠᠷᠠ᠂ ᠾᠦᠸᠸ ᠬᠤᠸᠠ ᠠᠯᠲᠠᠠᠠᠠᠭᠤᠯᠠ ᠶ᠋ᠢᠨ ᠬᠡᠷ ᠲᠤ᠌ 《ᠦᠵᠡᠰᠭᠦᠯᠡᠩᠲᠦ ᠰᠠᠢᠬᠠᠨ ᠮᠢᠨᠤ ᠨᠤᠳᠤᠭ》 ᠤ᠋ᠨ ᠲᠠᠭᠤᠤ ᠵᠢᠨ ᠦᠬᠡ ᠵᠢ ᠬᠦᠷᠬᠡᠵᠤ ᠤᠴᠢᠭᠠᠳ ᠬᠤᠶᠠᠭᠤᠯᠠ ᠲᠠᠭᠤᠤ ᠵᠢᠨ ᠨᠤᠲᠤᠨ ᠲᠤᠬᠠᠢ ᠶᠠᠷᠢᠯᠴᠠᠭᠠᠳ ᠵᠤᠴᠢᠨ ᠵᠢᠠᠨ ᠦᠳᠡᠬᠦ ᠬᠱᠠᠨ ᠠᠯᠲᠠᠠᠠᠠᠭᠤᠯᠠ ᠵᠢᠨ ᠴᠡᠭᠡᠵᠢᠨᠳᠤ ᠨᠢᠬᠡᠨ ᠭᠤᠶᠤ ᠠᠶᠠ ᠲᠠᠭᠤᠤ ᠪᠠᠭᠤᠭᠰᠠᠠ ᠪᠤᠯᠬᠤᠷ ᠵᠤᠴᠢᠨ ᠵᠢᠠᠨ ᠦᠳᠡᠯ ᠦᠭᠡᠢ ᠤᠷᠬᠢᠭᠠᠳ ᠪᠤᠰᠢᠭᠤᠬᠠᠨ ᠦᠷᠦᠭᠡᠨᠳᠡᠭᠡᠨ ᠤᠷᠤᠵᠦ᠂ ᠨᠤᠲ ᠪᠢᠴᠢᠵᠦ ᠡᠬᠢᠯᠡᠭᠰᠡᠨ ᠭᠡᠳᠡᠭ᠃
1979 ᠣᠨᠳᠤ ᠰᠢᠨᠡ ᠳᠤᠮᠳᠠᠳᠤ ᠤᠯᠤᠰ ᠪᠠᠢᠭᠤᠯᠤᠭ᠍ᠳᠠᠭ᠍ᠰᠠᠨ 30 ᠵᠢᠯᠦᠨ ᠣᠶ ᠵᠢ ᠪᠡᠯᠬᠡᠯᠡᠬᠦ ᠦᠪᠡᠳᠡᠭᠰᠢ ᠶᠤᠰᠤᠯᠠᠯ ᠲᠡᠭᠡᠷᠠ ᠲᠡᠳᠮᠠ ᠲᠤᠰ ᠲᠠᠭᠤᠤ ᠵᠢ ᠲᠠᠭᠤᠯᠠᠨ ᠠᠯᠳᠠᠷᠰᠢᠭᠤᠯᠵᠠᠢ᠃ ᠬᠤᠵᠢᠮ ᠨᠢ ᠭᠤᠸᠠᠩᠵᠸᠤᠳᠤ ᠪᠤᠯᠤᠭᠰᠠᠨ ᠨᠢᠭᠡᠨ ᠤᠳᠠᠭᠠ ᠵᠢᠨ ᠳᠤᠭᠯᠠᠯᠳᠠ ᠵᠢᠨ ᠲᠠᠷᠠᠭᠠ᠂ ᠨᠢᠭᠡᠨ ᠳᠤᠮᠳᠠᠳᠤᠶ᠋ᠢᠨ ᠬᠠᠷᠢᠶᠠᠲᠤ ᠲᠡᠳᠮᠠ ᠵᠢ ᠡᠷᠢᠵᠤ᠂ ᠳᠠᠭᠤᠤᠶ᠋ᠢᠨ ᠦᠭᠡᠶ᠋ᠢ ᠴᠤᠯ ᠨᠤᠲᠤᠭᠢᠶᠠᠨ ᠮᠠᠭ᠍ᠲᠠᠨ ᠳᠠᠭᠤᠯᠠᠬᠰᠠᠠ᠂ ᠪᠠᠢᠭᠠᠯᠢᠶ᠋ᠢ ᠮᠠᠭ᠍ᠲᠠᠨ ᠳᠠᠭᠤᠯᠠᠬᠰᠠᠠ ᠳᠠᠭᠤᠤᠶ᠋ᠢᠨ ᠦᠭᠡ ᠪᠣᠯᠭᠠᠨ ᠥᠭᠡᠷᠡᠴᠢᠯᠡᠬᠦ᠌ᠶ᠋ᠢ ᠰᠠᠨᠠᠭᠠᠴᠢᠯᠠᠭᠰᠠᠠ ᠡᠴᠨ ᠡᠨᠡ ᠰᠠᠨᠠᠯ ᠵᠢᠡᠷ ᠾᠦᠸᠸ ᠬᠤᠸᠠᠳᠠᠭᠤᠤᠶ᠋ᠢᠨ ᠦᠭᠡᠳᠦ ᠲᠡᠬᠢᠨ ᠵᠠᠰᠠᠪᠤᠷᠢ ᠤᠷᠤᠭᠤᠯᠤᠭᠰᠠᠨ ᠪᠦᠭᠡᠳ ᠦᠪᠤᠷ ᠮᠤᠩᠭᠤᠯᠤᠨ ᠤᠤᠯᠤᠨ ᠷᠠᠳᠢᠤ᠋ ᠬᠤᠷᠢᠶᠠᠨᠤ ᠤᠷᠠᠯᠢᠬᠤᠨ ᠪᠦᠯᠬᠦᠮᠤᠨ ᠨᠠᠢᠷᠠᠯ ᠲᠠᠭᠤᠴᠢᠳ ᠲᠠᠩ ᠨᠠᠢᠷᠠᠯ ᠲᠠᠭᠤᠤ ᠵᠢᠨ ᠬᠡᠯᠪᠡᠷᠢ ᠪᠡᠷ 《ᠦᠵᠡᠰᠭᠦᠯᠡᠩᠲᠦ ᠰᠠᠢᠬᠠᠨ ᠮᠢᠨᠦ ᠨᠤᠲᠤᠭ》 ᠢ᠋ ᠲᠠᠭᠤᠯᠠᠵᠤ᠂ ᠲᠡᠯᠡᠬᠡᠢ ᠵᠢᠨ ᠲᠠᠢᠰᠠᠨᠳᠤ ᠭᠠᠷᠭᠠᠪᠠ᠃
ᠦᠨᠡᠯᠡᠯᠳᠠ—
ᠰ·ᠡᠩᠬᠡᠪᠡᠶᠠᠷ (ᠦᠪᠤᠷ ᠮᠤᠩᠭᠤᠯᠤᠨ ᠤᠷᠠᠯᠢᠬ ᠵᠦᠴᠤᠬᠡ ᠵᠢᠨ ᠬᠦᠷᠢᠶᠠᠯᠠᠩᠤᠨ ᠨᠠᠢᠷᠠᠯ ᠲᠠᠭᠤᠤ ᠵᠢᠨ ᠪᠦᠯᠬᠦᠮᠤᠨ ᠤᠷᠠᠯᠢᠬᠤᠨ ᠶᠠᠷᠤᠩᠬᠡᠢ ᠬᠢᠨᠠᠭᠴᠢ᠂ ᠤᠯᠤᠰᠤᠨ ᠨᠢᠬᠡᠳᠤᠬᠡᠷ ᠲᠠᠰᠤᠨ ᠠᠶᠠ ᠵᠤᠬᠢᠶᠠᠭᠴᠢ)
ᠳᠤᠰ ᠲᠠᠭᠤᠤ ᠨᠢ ᠠᠯᠠᠱᠠ ᠵᠢᠨ ᠬᠡᠪ ᠨᠠᠮᠪᠠ ᠲᠠᠢ ᠪᠤᠯᠪᠠᠴᠤ ᠨᠠᠢᠳᠡᠯᠢᠭ᠂ ᠴᠠᠭ ᠦᠶᠠ ᠵᠢᠨ ᠬᠦᠭᠵᠢᠯᠳᠠ ᠵᠢ ᠲᠠᠭᠠᠵᠤ ᠤᠷᠠᠯᠡᠨ ᠪᠦᠳᠦᠬᠡᠵᠠᠢ᠃ ᠲᠠᠭᠤᠤ ᠵᠢᠨ ᠴᠢᠨᠠᠷ ᠴᠢᠨᠰᠠᠭᠠ᠂ ᠦᠨᠤᠷ ᠠᠮᠳᠠ ᠬᠦᠮᠤᠰᠤᠨ ᠰᠡᠳᠬᠢᠯᠳᠤ ᠬᠦᠷᠴᠡᠢ᠃ ᠡᠨᠡ ᠲᠠᠭᠤᠤ ᠲᠠᠢᠰᠠᠨᠤ ᠲᠠᠭᠤᠤ ᠪᠤᠯᠬᠤᠷ ᠲᠠᠳᠮᠠ ᠪᠠᠭᠰᠢ ᠲᠠᠭᠤᠯᠠᠵᠤ ᠪᠦᠬᠦ ᠤᠯᠤᠰ ᠲᠤ᠌ ᠠᠯᠳᠠᠷᠰᠢᠭᠤᠯᠤᠬᠰᠠᠠᠤ ᠲᠠᠷᠠᠭᠠ ᠦᠪᠤᠷ ᠮᠤᠩᠭᠤᠯᠤᠨ ᠵᠦᠩᠳᠡᠬᠡᠨ ᠤᠯᠠᠨ ᠲᠠᠭᠤᠴᠢᠨ ᠲᠠᠭᠤᠯᠠᠵᠠᠢ᠂ ᠡᠨᠡ ᠨᠢ ᠲᠠᠷᠤᠢ ᠳᠤᠰ ᠲᠠᠭᠤᠤ ᠵᠢᠨ ᠦᠨᠠ ᠴᠡᠨᠠ᠂ ᠲᠠᠭᠤᠤ ᠪᠤᠯ ᠠᠮᠢ ᠲᠠᠢ ᠪᠠᠢᠳᠠᠭ᠃ ᠠᠮᠢ ᠲᠠᠢ ᠤᠴᠢᠷ ᠡᠴᠨ ᠠᠮᠢᠨᠤ ᠬᠢᠨ ᠴᠠᠭᠠᠨᠠ ᠨᠢ ᠤᠷᠠᠯᠢᠬᠤᠨ ᠦᠨᠳᠤᠷ ᠲᠦᠪᠰᠢᠨ ᠲᠠᠢ᠃ ᠲᠠᠭᠤᠤ ᠵᠢᠨ ᠠᠭᠤᠯᠭᠠ ᠨᠢ ᠰᠠᠢᠬᠠᠨ᠂ ᠨᠤᠳᠤᠭ ᠤᠰᠤ ᠪᠡᠨ ᠮᠠᠭᠳᠠᠨ ᠲᠠᠭᠤᠯᠠᠵᠤ᠂ ᠵᠦᠪᠬᠡᠨ ᠦᠵᠡᠮᠵᠢ ᠲᠡᠳᠤᠢ ᠯᠠ ᠪᠢᠰᠢ ᠮᠠᠯᠴᠢᠨ ᠲᠦᠮᠡᠡᠤ ᠠᠵᠠ ᠵᠢᠷᠭᠠᠯ ᠲᠠᠢ᠂ ᠰᠠᠢᠨ ᠰᠠᠢᠬᠠᠨ ᠠᠮᠢᠳᠤᠷᠠᠯ ᠲᠠᠷᠠ ᠪᠦᠬᠦᠨᠢ ᠪᠠᠭᠳᠠᠭᠠᠭᠰᠠᠠ ᠶᠤᠮ᠃
ᠠᠯᠳᠠᠷ —
ᠰᠢᠨᠠ ᠳᠤᠮᠳᠠᠳᠤ ᠤᠯᠤᠰ ᠪᠠᠢᠭᠤᠯᠤᠭᠳᠠᠭᠰᠠᠠ 70 ᠵᠢᠯᠤᠨ ᠤᠢ ᠵᠢ ᠪᠡᠯᠬᠡᠯᠡᠬᠦ 100 ᠰᠤᠩᠭᠤᠳᠠᠭ ᠲᠠᠭᠤᠤ᠂1980 ᠤᠨᠳᠤ ᠣᠯᠠᠨ ᠣᠯᠣᠰᠤᠨ ᠬᠣᠯᠪᠣᠭᠠᠲᠣ ᠪᠠᠢᠭᠣᠯᠭᠠᠶᠢᠨ ᠰᠣᠷᠭᠠᠨ ᠬᠦᠮᠦᠵᠢᠯ ᠰᠢᠨᠵᠢᠯᠡᠬᠦ ᠣᠬᠠᠭᠠᠨ ᠰᠣᠶᠣᠯᠤᠨ ᠵᠣᠬᠢᠶᠠᠨ ᠪᠠᠢᠭᠣᠯᠣᠯᠲᠠ ᠳ᠋ᠦ᠍ 《ᠳᠡᠯᠡᠬᠡᠢᠶᠢᠨ ᠰᠢᠯᠢᠲᠡᠭ ᠲᠠᠭᠣᠣ》 ᠪᠡᠷ ᠦᠨᠡᠯᠡᠭᠲᠡᠨ ᠰᠣᠷᠬᠣ ᠪᠢᠴᠢᠭ ᠲᠦ᠍ ᠰᠣᠩᠭᠣᠬᠲᠠᠨ ᠣᠷᠣᠵᠦ᠂ 《ᠠᠽᠢᠶᠠ ᠲᠢᠪ ᠨᠣᠮᠣᠬᠠᠨ ᠲᠠᠯᠠᠢᠶᠢᠨ ᠲᠠᠭᠣᠣ ᠨᠣᠭᠣᠳ》 ᠲᠦ᠍ ᠲᠡᠬᠦᠪᠦᠷᠢᠯᠡᠭᠲᠡᠵᠡᠢ᠃