《ᠵᠡᠭᠦᠨ ᠠᠽᠢᠶ᠎ᠠ ᠶ᠋ᠢᠨ ᠴᠤᠩᠬᠤ》 ᠬᠡᠮᠡᠬᠦ ᠰᠠᠢᠬᠠᠨ ᠠᠯᠳᠠᠷ ᠲᠠᠢ ᠮᠠᠨᠵᠤᠤᠷ ᠬᠤᠳᠠ ᠪᠤᠯ ᠤᠷᠤᠰ ᠪᠠ ᠮᠤᠩᠭᠤᠯ ᠤᠯᠤᠰ ᠲᠠᠢ ᠬᠢᠯᠢᠯᠡᠭᠰᠡᠨ ᠰᠤᠶᠤᠯ ᠤ᠋ᠨ ᠤᠤᠷ ᠳᠤᠨᠳᠠᠰᠤ ᠪᠡᠷ ᠭᠦᠨ ᠵᠤᠵᠠᠭᠠᠨ᠂ ᠬᠠᠷᠢ ᠨᠤᠳᠤᠭ ᠤ᠋ᠨ ᠬᠡᠪ ᠨᠠᠮᠪᠠ ᠪᠡᠷ ᠦᠨᠢᠷ ᠦᠳᠭᠡᠨ ᠬᠤᠳᠠ ᠪᠠᠢᠵᠤ᠂ ᠡᠴᠢᠨ᠎ᠠ ᠴᠢᠬᠢᠮᠠᠢ ᠲᠡᠦᠬᠡ ᠰᠤᠶᠤᠯ ᠬᠢᠭᠡᠳ ᠤᠳᠤ ᠦᠶ᠎ᠠ ᠶ᠋ᠢᠨ ᠪᠤᠯᠪᠠᠰᠤᠨ ᠡᠨᠳᠡ ᠰᠤᠯᠪᠢᠴᠡᠨ ᠠᠭᠤᠰᠤᠯᠴᠠᠵᠤ᠂ ᠡᠨᠡ ᠬᠦ᠌ ᠬᠢᠯᠢ ᠬᠢᠵᠠᠭᠠᠷ ᠤ᠋ᠨ ᠵᠢᠵᠢᠭ ᠬᠤᠳᠠ ᠶ᠋ᠢ ᠦᠪᠡᠷᠮᠢᠴᠡ ᠳᠠᠳᠠᠬᠤ ᠬᠦᠴᠦᠨ ᠲᠠᠢ ᠪᠤᠯᠭᠠᠵᠠᠢ᠃
ᠡᠨᠡ ᠬᠦ᠌ ᠦᠪᠡᠷᠮᠢᠴᠡ ᠡᠬᠢ ᠪᠠᠶᠠᠯᠢᠭ ᠤ᠋ᠨ ᠳᠠᠪᠠᠭᠤᠯᠢᠭ ᠢ᠋ ᠬᠡᠷᠬᠢᠨ ᠨᠡᠩ ᠰᠠᠢᠨ ᠶ᠋ᠢᠡᠷ ᠡᠬᠡ ᠤᠯᠤᠰ ᠤ᠋ᠨ ᠤᠮᠠᠷᠠᠳᠦ ᠬᠢᠯᠢ ᠶ᠋ᠢᠨ ᠦᠵᠡᠰᠭᠦᠯᠡᠩᠳᠦ ᠰᠠᠢᠬᠠᠨ ᠦᠵᠡᠮᠵᠢ ᠶ᠋ᠢᠨ ᠤᠷᠤᠨ ᠪᠤᠯᠭᠠᠨ ᠴᠤᠭᠴᠠᠯᠠᠬᠤ ᠪᠤᠢ ? ᠮᠠᠨᠵᠤᠤᠷ ᠤ᠋ᠨ ᠬᠢᠯᠢ ᠶ᠋ᠢᠨ ᠪᠤᠭᠤᠮᠳᠠ ᠶ᠋ᠢᠨ ᠢᠵᠢ ᠬᠡᠤᠬᠡᠯᠳᠠᠢ ᠶ᠋ᠢᠨ ᠦᠵᠡᠮᠵᠢ ᠶ᠋ᠢᠨ ᠤᠷᠤᠨ ᠤ᠋ ᠬᠠᠮᠢᠶᠠᠷᠤᠯᠳᠠ ᠶ᠋ᠢᠨ ᠬᠢᠵᠠᠭᠠᠷᠳᠦ ᠺᠤᠮᠫᠠᠨᠢ ᠡᠨᠡ ᠲᠤᠬᠠᠢ ᠢᠳᠡᠪᠬᠢᠳᠠᠢ ᠰᠦᠪᠡᠭᠴᠢᠯᠡᠯᠳᠡ ᠪᠠ ᠦᠢᠯᠡᠳᠦᠯᠭᠡ ᠬᠢᠵᠠᠢ᠃ ᠡᠨᠡ ᠵᠢᠯ ᠮᠠᠨᠵᠤᠤᠷ ᠤ᠋ᠨ ᠬᠢᠯᠢ ᠶ᠋ᠢᠨ ᠪᠤᠭᠤᠮᠳᠠ ᠶ᠋ᠢᠨ ᠢᠵᠢ ᠬᠡᠤᠬᠡᠯᠳᠠᠢ ᠶ᠋ᠢᠨ ᠦᠵᠡᠮᠵᠢ ᠶ᠋ᠢᠨ ᠤᠷᠤᠨ ᠤ᠋ ᠬᠠᠮᠢᠶᠠᠷᠤᠯᠳᠠ ᠶ᠋ᠢᠨ ᠬᠢᠵᠠᠭᠠᠷᠳᠦ ᠺᠤᠮᠫᠠᠨᠢ ᠨᠢ 《2024·ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠰᠤᠶᠤᠯ ᠤ᠋ᠨ ᠠᠵᠤ ᠠᠬᠤᠢᠯᠠᠯ ᠤ᠋ᠨ ᠠᠷᠪᠠᠨ ᠬᠦᠴᠦᠷᠬᠡᠭ》 ᠶ᠋ᠢᠡᠷ ᠦᠨᠡᠯᠡᠭᠳᠡᠭᠰᠡᠨ ᠪᠢᠯᠡ᠃
ᠬᠤᠪᠢᠰᠬᠠᠯ ᠤ᠋ᠨ ᠦᠯᠢᠭᠡᠷ ᠢ᠋ ᠰᠠᠢᠳᠦᠷ ᠶᠠᠷᠢᠵᠤ ᠰᠤᠶᠤᠯ ᠤ᠋ᠨ ᠰᠢᠮ᠎ᠠ ᠰᠢᠭᠦᠰᠦ ᠶ᠋ᠢ ᠪᠠᠳᠤᠯᠠᠨ ᠬᠠᠮᠠᠭᠠᠯᠠᠨ᠎ᠠ
《ᠳᠠᠪᠤᠳᠤᠭᠠᠷ ᠦᠶ᠎ᠠ ᠶ᠋ᠢᠨ ᠤᠯᠤᠰ ᠤ᠋ᠨ ᠡᠭᠦᠳᠡ ᠶ᠋ᠢᠨ ᠳᠤᠤᠷ᠎ᠠ ᠵᠤᠭᠰᠤᠬᠤ ᠳ᠋ᠤ ᠨᠠᠮᠤᠷ ᠤ᠋ᠨ ᠰᠢᠷᠭᠠᠯ ᠨᠠᠷᠠ ᠬᠡᠷᠡᠮ ᠳᠡᠭᠡᠷ᠎ᠠ ᠲᠤᠰᠴᠤ᠂ ᠰᠡᠭᠦᠳᠡᠭᠡᠨᠡᠬᠦ ᠭᠡᠷᠡᠯ ᠰᠡᠭᠦᠳᠡᠷ ᠨᠢ ᠵᠠᠭᠤᠨ ᠵᠢᠯ ᠤ᠋ᠨ ᠲᠡᠦᠬᠡ ᠪᠦᠬᠦᠢ ᠬᠢᠯᠢ ᠶ᠋ᠢᠨ ᠬᠤᠳᠠ ᠶ᠋ᠢᠨ ᠲᠡᠦᠬᠡᠨ ᠬᠤᠪᠢᠰᠤᠯᠳᠠ ᠶ᠋ᠢ ᠭᠦᠤᠷᠨᠢᠵᠦ ᠪᠠᠢᠭ᠎ᠠ ᠮᠡᠳᠦ ᠰᠠᠨᠠᠭᠳᠠᠬᠤ ᠶᠤᠮ 》 ᠭᠡᠵᠦ ᠬᠤᠶᠠᠷ ᠬᠡᠤᠭᠡᠳ ᠶ᠋ᠢᠡᠨ ᠳᠠᠭᠠᠭᠤᠯᠵᠤ ᠤᠯᠤᠰ ᠤ᠋ᠨ ᠡᠭᠦᠳᠡ ᠶ᠋ᠢᠨ ᠦᠵᠡᠮᠵᠢ ᠶ᠋ᠢᠨ ᠤᠷᠤᠨ ᠳ᠋ᠤ ᠵᠢᠭᠤᠯᠴᠢᠯᠠᠬᠤ ᠵᠢᠶᠠᠩᠰᠤ ᠮᠤᠵᠢ ᠶ᠋ᠢᠨ ᠵᠢᠭᠤᠯᠴᠢᠯᠠᠭᠴᠢ ᠵᠠᠩ ᠱᠤ᠌ ᠵᠢᠶᠦ᠋ᠨ ᠬᠤᠪᠢᠰᠬᠠᠯ ᠤ᠋ᠨ ᠦᠯᠢᠭᠡᠷ ᠢ᠋ ᠰᠤᠨᠤᠰᠴᠤ᠂ ᠬᠤᠪᠢᠰᠬᠠᠯ ᠤ᠋ᠨ ᠲᠡᠦᠬᠡ ᠰᠤᠶᠤᠯ ᠢ᠋ ᠤᠢᠯᠠᠭᠠᠵᠤ ᠶᠠᠪᠤᠭᠰᠠᠨ ᠲᠦᠷᠦᠭᠳᠡᠯ ᠶ᠋ᠢᠡᠨ ᠶᠠᠷᠢᠨ᠎ᠠ᠃
ᠬᠤᠪᠢᠰᠬᠠᠯ ᠤ᠋ᠨ ᠬᠦᠮᠦᠵᠢᠯ ᠤ᠋ᠨ ᠦᠵᠡᠰᠭᠦᠯᠡᠩ ᠤ᠋ᠨ ᠤᠷᠳᠤᠨ ᠪᠠ ᠳᠤᠮᠳᠠᠳᠤ ᠤᠯᠤᠰ ᠤ᠋ᠨ ᠡᠪ ᠬᠠᠮᠳᠤ ᠨᠠᠮ ᠤ᠋ᠨ ᠵᠢᠷᠭᠤᠳᠤᠭᠠᠷ ᠶᠡᠬᠡ ᠬᠤᠷᠠᠯ ᠤ᠋ᠨ ᠦᠵᠡᠰᠭᠦᠯᠡᠩ ᠤ᠋ᠨ ᠤᠷᠳᠤᠨ ᠨᠢ ᠵᠢᠭᠤᠯᠴᠢᠯᠠᠭᠰᠠᠳ ᠲᠤ᠌ ᠬᠤᠪᠢᠰᠬᠠᠯ ᠤ᠋ᠨ ᠰᠤᠶᠤᠯ ᠬᠢᠭᠡᠳ ᠲᠡᠦᠬᠡ ᠭᠦᠢᠴᠡᠳ ᠠᠭᠤᠰᠤᠯᠴᠠᠭᠰᠠᠨ ᠬᠦᠮᠦᠨᠤ ᠰᠡᠳᠬᠢᠯ ᠢ᠋ ᠲᠤᠩᠰᠤᠯᠭᠠᠮ᠎ᠠ ᠦᠵᠡᠭᠳᠡᠯ ᠢ᠋ ᠳᠡᠯᠭᠡᠨ ᠬᠠᠷᠠᠭᠤᠯᠤᠨ᠎ᠠ᠃ ᠡᠨᠳᠡᠬᠢ ᠦᠵᠡᠮᠵᠢ ᠪᠠ ᠪᠤᠳᠠᠰ ᠨᠢᠭᠡᠪᠤᠷᠢ ᠨᠢ 20 ᠳ᠋ᠤᠭᠠᠷ ᠵᠠᠭᠤᠨ ᠤ᠋ ᠬᠤᠷᠢᠭᠠᠳ ᠤᠨ ᠤ᠋ ᠦᠶ᠎ᠠ ᠳ᠋ᠤ ᠳᠤᠮᠳᠠᠳᠤ ᠤᠯᠤᠰ ᠤ᠋ᠨ ᠡᠪ ᠬᠠᠮᠳᠤ ᠨᠠᠮ ᠤ᠋ᠨ ᠠᠬᠠᠮᠠᠳ ᠨᠢᠭᠡ ᠦᠶ᠎ᠠ ᠶ᠋ᠢᠨ ᠡᠭᠦᠰᠭᠡᠨ ᠪᠠᠢᠭᠤᠯᠤᠭᠴᠢ ᠪᠠ ᠤᠳᠤᠷᠢᠳᠤᠭᠴᠢ ᠨᠠᠷ ᠮᠠᠨᠵᠤᠤᠷ ᠶ᠋ᠢᠡᠷ ᠳᠠᠮᠵᠢᠨ ᠵᠦᠪᠯᠡᠯᠳᠦ ᠬᠤᠯᠪᠤᠭᠠᠳᠤ ᠤᠯᠤᠰ ᠪᠠ ᠡᠪ ᠬᠠᠮᠳᠤ ᠶ᠋ᠢᠨ ᠢᠨᠲᠧᠷᠨᠠᠼᠢᠤᠨᠠᠯ ᠳ᠋ᠤ ᠬᠦᠷᠴᠤ᠂ ᠬᠤᠪᠢᠰᠬᠠᠯ ᠤ᠋ᠨ ᠦᠨᠡᠨ ᠶᠤᠰᠤ ᠶ᠋ᠢ ᠡᠷᠢᠯᠬᠢᠯᠡᠨ᠂ ᠳᠤᠮᠳᠠᠳᠤ ᠶ᠋ᠢᠨ ᠦᠨᠳᠦᠰᠦᠳᠡᠨ ᠢ᠋ ᠠᠪᠤᠷᠠᠵᠤ ᠰᠢᠨ᠎ᠠ ᠳᠤᠮᠳᠠᠳᠤ ᠤᠯᠤᠰ ᠢ᠋ ᠪᠠᠢᠭᠤᠯᠤᠭᠰᠠᠨ ᠭᠡᠷᠡᠯ ᠰᠠᠴᠤᠷᠠᠩᠭᠤᠢ ᠲᠡᠦᠬᠡ ᠶ᠋ᠢ ᠳᠠᠬᠢᠨ ᠢᠯᠡᠷᠡᠭᠦᠯᠵᠤ ᠪᠠᠢᠯ᠎ᠠ᠃ ᠡᠨᠡ 2 ᠦᠵᠡᠰᠭᠦᠯᠡᠩ ᠤ᠋ᠨ ᠤᠷᠳᠤᠨ ᠪᠤᠯ ᠤᠯᠤᠰ ᠶ᠋ᠢᠡᠨ ᠬᠠᠢᠷᠠᠯᠠᠬᠤ ᠦᠵᠡᠯ ᠤ᠋ᠨ ᠬᠦᠮᠦᠵᠢᠯ ᠤ᠋ᠨ ᠴᠢᠬᠤᠯᠠ ᠰᠠᠭᠤᠷᠢᠨ ᠪᠠ ᠬᠤᠪᠢᠰᠬᠠᠯ ᠤ᠋ᠨ ᠬᠦᠮᠦᠵᠢᠯ ᠤ᠋ᠨ ᠵᠢᠭᠤᠯᠴᠢᠯᠠᠯ ᠤ᠋ᠨ ᠰᠤᠳᠤᠨ ᠦᠵᠡᠮᠵᠢ ᠶ᠋ᠢᠨ ᠤᠷᠤᠨ ᠪᠠᠢᠵᠤ᠂ ᠦᠢ ᠤᠯᠠᠨ ᠬᠤᠳᠠ ᠶ᠋ᠢᠨ ᠠᠷᠠᠳ ᠪᠤᠯᠤᠨ ᠵᠢᠭᠤᠯᠴᠢᠯᠠᠭᠴᠢ ᠶ᠋ᠢᠨ ᠠᠩᠬᠠᠷᠤᠯ ᠢ᠋ ᠳᠠᠳᠠᠭᠰᠠᠭᠠᠷ ᠢᠷᠡᠵᠠᠢ᠃
ᠤᠯᠤᠰ ᠤ᠋ᠨ ᠡᠭᠦᠳᠡ ᠶ᠋ᠢᠨ ᠵᠢᠭᠤᠯᠴᠢᠯᠠᠯ ᠤ᠋ᠨ ᠤᠷᠤᠨ ᠪᠤᠯ ᠮᠠᠨᠵᠤᠤᠷ ᠬᠤᠳᠠ ᠶ᠋ᠢᠨ ᠪᠡᠯᠭᠡ ᠳᠡᠮᠳᠡᠭ ᠤ᠋ᠨ ᠴᠢᠨᠠᠷᠳᠠᠢ ᠵᠢᠭᠤᠯᠴᠢᠯᠠᠯ ᠤ᠋ᠨ ᠦᠵᠡᠮᠵᠢ ᠶ᠋ᠢᠨ ᠤᠷᠤᠨ ᠪᠠᠢᠵᠤ ᠂ ᠳᠤᠮᠳᠠᠳᠤ ᠤᠷᠤᠰ ᠤ᠋ᠨ ᠬᠢᠯᠢ ᠶ᠋ᠢᠨ ᠵᠢᠭᠤᠯᠴᠢᠯᠠᠯ ᠤ᠋ᠨ ᠤᠷᠤᠨ ᠤ᠋ ᠴᠢᠬᠤᠯᠠ ᠪᠦᠷᠢᠯᠳᠦᠭᠦᠨ ᠬᠡᠰᠡᠭ ᠪᠤᠯᠤᠨ᠎ᠠ᠃ ᠦᠵᠡᠮᠵᠢ ᠶ᠋ᠢᠨ ᠤᠷᠤᠨ ᠳ᠋ᠤ ᠤᠯᠤᠰ ᠤ᠋ᠨ ᠡᠭᠦᠳᠡ᠂ ᠳᠤᠮᠳᠠᠳᠤ ᠤᠯᠤᠰ ᠤ᠋ᠨ ᠡᠪ ᠬᠠᠮᠳᠤ ᠨᠠᠮ ᠤ᠋ᠨ ᠵᠢᠷᠭᠤᠳᠤᠭᠠᠷ ᠶᠡᠬᠡ ᠬᠤᠷᠠᠯ ᠤ᠋ᠨ ᠦᠵᠡᠰᠭᠦᠯᠡᠩ ᠤ᠋ᠨ ᠤᠷᠳᠤᠨ᠂ ᠬᠤᠪᠢᠰᠬᠠᠯ ᠤ᠋ᠨ ᠬᠦᠮᠦᠵᠢᠯ ᠤ᠋ᠨ ᠦᠵᠡᠰᠭᠦᠯᠡᠩ ᠤ᠋ᠨ ᠤᠷᠳᠤᠨ᠂ 41 ᠳ᠋ᠤᠭᠡᠷ ᠨᠤᠮᠧᠷᠳᠦ ᠬᠢᠯᠢ ᠶ᠋ᠢᠨ ᠬᠦᠰᠢᠶ᠎ᠠ᠂ ᠬᠤᠪᠢᠰᠬᠠᠯ ᠤ᠋ᠨ ᠨᠢᠭᠤᠴᠠ ᠵᠠᠮ ᠤ᠋ᠨ ᠪᠠᠭᠤᠷᠢ᠂ ᠡᠩᠬᠡ ᠲᠠᠢᠪᠤᠩ ᠤ᠋ᠨ ᠡᠭᠦᠳᠡ ᠶ᠋ᠢᠨ ᠠᠭᠤᠳᠠᠮ ᠲᠠᠯᠠᠪᠠᠢ ᠵᠡᠷᠭᠡ ᠦᠵᠡᠮᠵᠢ ᠪᠤᠢ᠃ ᠡᠨᠳᠡ ᠵᠢᠭᠤᠯᠴᠢᠯᠠᠭᠰᠡᠳ ᠡᠭᠡᠭᠡ ᠯᠡ ᠪᠢᠳᠡᠭᠦᠮᠵᠢᠯᠡᠭᠡᠳ ᠤᠨ ᠤᠳᠠᠭᠰᠠᠨ ᠲᠡᠦᠬᠡ ᠶ᠋ᠢᠨ ᠨᠤᠮ ᠰᠤᠳᠤᠷ ᠢ᠋ ᠤᠷᠪᠠᠭᠤᠯᠬᠤ ᠮᠡᠳᠦ ᠵᠠᠭᠤᠨ ᠵᠢᠯ ᠤ᠋ᠨ ᠬᠤᠪᠢᠰᠬᠠᠯ ᠤ᠋ᠨ ᠰᠤᠶᠤᠯ ᠤ᠋ᠨ ᠳᠠᠳᠠᠬᠤ ᠬᠦᠴᠦᠨ ᠢ᠋ ᠤᠯᠵᠤ ᠮᠡᠳᠡᠷᠡᠨ᠎ᠠ ᠃ ᠲᠡᠦᠬᠡ ᠶ᠋ᠢᠨ ᠲᠤᠬᠠᠢ ᠬᠦᠦᠷᠨᠢᠯ ᠪᠠ ᠰᠤᠶᠤᠯ ᠤ᠋ᠨ ᠤᠯᠠᠮᠵᠢᠯᠠᠯ ᠪᠤᠯ ᠡᠨᠡ ᠬᠦ᠌ ᠬᠢᠯᠢ ᠶ᠋ᠢᠨ ᠬᠤᠳᠠ ᠶ᠋ᠢᠨ ᠡᠴᠢᠨ᠎ᠠ ᠭᠦᠨ ᠪᠦᠭᠡᠳ ᠰᠡᠳᠬᠢᠭᠦᠰᠢᠳᠠᠢ ᠦᠩᠭᠡ ᠪᠤᠳᠤᠭ ᠪᠢᠯᠡ᠃
ᠬᠠᠷᠢ ᠨᠤᠳᠤᠭ ᠤ᠋ᠨ ᠵᠠᠩ ᠵᠠᠩᠰᠢᠯ ᠢ᠋ ᠮᠡᠳᠡᠷᠡᠵᠦ ᠰᠤᠶᠤᠯ ᠤ᠋ᠨ ᠭᠤᠢᠳᠠ ᠰᠠᠢᠬᠠᠨ ᠢ᠋ ᠤᠢᠯᠠᠭᠠᠨᠠ
ᠢᠵᠢ ᠬᠡᠤᠬᠡᠯᠳᠠᠢ ᠶ᠋ᠢᠨ ᠦᠵᠡᠮᠵᠢ ᠶ᠋ᠢᠨ ᠤᠷᠤᠨ ᠤ᠋ ᠭᠤᠷᠪᠠᠨ ᠤᠯᠤᠰ ᠤ᠋ᠨ ᠪᠡᠯᠡᠭ·ᠢᠵᠢ ᠬᠡᠤᠬᠡᠯᠳᠠᠢ ᠶ᠋ᠢᠨ ᠬᠦᠭᠵᠢᠶᠠᠨᠳᠤ ᠵᠡᠭᠡᠯᠢ ᠬᠤᠳᠠᠯᠳᠤᠭᠠᠨ ᠤ᠋ ᠲᠦᠪ ᠲᠤ᠌᠂ ᠪᠡᠭᠡᠵᠢᠩ ᠡᠴᠡ ᠢᠷᠡᠭᠰᠡᠨ ᠵᠢᠭᠤᠯᠴᠢᠯᠠᠭᠴᠢ ᠯᠢ ᠵᠧᠨ ᠵᠧᠨ ᠯᠠᠩᠭᠦᠢ ᠶ᠋ᠢᠨ ᠲᠤᠳᠤᠷ᠎ᠠ ᠳᠡᠯᠭᠡᠵᠦ ᠪᠠᠢᠭ᠎ᠠ ᠭᠤᠴᠤ ᠰᠠᠢᠬᠠᠨ ᠬᠦᠯᠳᠡᠭᠡᠭᠦᠷ ᠤ᠋ᠨ ᠨᠠᠭᠠᠯᠳᠤᠭᠤᠷ᠂ ᠲᠤᠰᠤᠨ ᠪᠤᠳᠤᠭ ᠤ᠋ᠨ ᠵᠢᠷᠤᠭ᠂ ᠱᠠᠭᠠᠵᠠᠩ ᠬᠡᠷᠡᠭᠰᠡᠯ ᠵᠢᠴᠢ ᠮᠤᠳᠤ ᠪᠡᠷ ᠬᠢᠭᠰᠡᠨ ᠲᠤᠭᠯᠠᠭᠠᠮ ᠵᠡᠷᠭᠡ ᠰᠤᠶᠤᠯ ᠤ᠋ᠨ ᠪᠦᠲᠦᠭᠡᠯᠴᠢ ᠰᠡᠳᠬᠢᠭᠦᠢ ᠶ᠋ᠢᠨ ᠦᠢᠯᠡᠳᠭᠦᠨ ᠳ᠋ᠤ ᠭᠦᠨ᠎ᠠ ᠳᠠᠳᠠᠭᠳᠠᠪᠠ᠃ ᠡᠳᠡᠭᠡᠷ ᠭᠠᠷ ᠤᠷᠠᠯᠠᠯ ᠤ᠋ᠨ ᠪᠦᠲᠦᠭᠡᠭᠳᠡᠭᠦᠨ ᠨᠢ ᠤᠷᠠᠨ ᠲᠠᠷᠬᠠᠨ ᠤ᠋ ᠭᠠᠢᠬᠠᠯᠳᠠᠢ ᠤᠷ᠎ᠠ ᠮᠡᠷᠭᠡᠰᠢᠯ ᠪᠠ ᠬᠢᠵᠠᠭᠠᠯᠠᠰᠢ ᠦᠭᠡᠢ ᠪᠦᠲᠦᠭᠡᠯᠴᠢ ᠬᠦᠴᠦᠨ ᠢ᠋ ᠢᠯᠡᠷᠡᠭᠦᠯᠵᠤ ᠪᠠᠢᠬᠤ ᠪᠦᠭᠡᠳ ᠨᠡᠩ ᠴᠤ᠌ ᠮᠠᠨᠵᠤᠤᠷ ᠬᠤᠳᠠ ᠶ᠋ᠢᠨ ᠰᠤᠶᠤᠯ ᠵᠢᠭᠤᠯᠴᠢᠯᠠᠯ ᠤ᠋ᠨ ᠠᠵᠤ ᠦᠢᠯᠡᠰ ᠤ᠋ᠨ ᠤᠷᠤᠨ ᠨᠤᠳᠤᠭ ᠤ᠋ᠨ ᠤᠨᠴᠠᠯᠢᠭ ᠢ᠋ ᠲᠦᠯᠦᠭᠡᠯᠡᠨᠠ᠃ ᠳᠡᠯᠭᠡᠭᠦᠷ ᠤ᠋ᠨ ᠠᠵᠢᠯᠳᠠᠨ ᠲᠡᠭᠦᠨ ᠳ᠋ᠤ ᠡᠳᠡᠭᠡᠷ ᠤᠷᠠᠯᠢᠭ ᠤ᠋ᠨ ᠪᠦᠲᠦᠭᠡᠭᠳᠡᠭᠦᠨ ᠤ᠋ ᠠᠷᠤ ᠳ᠋ᠡᠬᠢ ᠰᠤᠶᠤᠯ ᠤ᠋ᠨ ᠦᠯᠢᠭᠡᠷ ᠢ᠋ ᠬᠠᠯᠠᠭᠤᠮᠰᠤᠭ ᠶ᠋ᠢᠡᠷ ᠶᠠᠷᠢᠵᠤ ᠦᠭᠬᠦᠨ᠂ ᠪᠠᠷᠠᠭ᠎ᠠ ᠬᠤᠳᠠᠯᠳᠤᠨ ᠠᠪᠬᠤ ᠶᠠᠪᠤᠳᠠᠯ ᠢ᠋ ᠨᠢᠭᠡ ᠤᠳᠠᠭᠠᠨ ᠤ᠋ ᠰᠤᠶᠤᠯ ᠢ᠋ ᠪᠡᠶᠡᠴᠢᠯᠡᠨ ᠤᠢᠯᠠᠭᠠᠬᠤ ᠵᠢᠭᠤᠯᠴᠢᠯᠠᠯ ᠪᠤᠯᠭᠠᠪᠠ᠃
《ᠬᠦᠮᠦᠰ ᠤ᠋ᠨ ᠤᠶᠤᠨ ᠤ᠋ ᠠᠮᠢᠳᠤᠷᠠᠯ ᠤ᠋ᠨ ᠲᠤᠬᠠᠢ ᠬᠦᠰᠡᠯ ᠬᠦᠭᠡᠭᠡᠴᠡᠯᠳᠦᠯ ᠲᠠᠰᠤᠷᠠᠯᠳᠠ ᠦᠭᠡᠢ ᠨᠡᠮᠡᠭᠳᠡᠬᠦ ᠶ᠋ᠢ ᠳᠠᠭᠠᠯᠳᠤᠨ ᠵᠢᠭᠤᠯᠴᠢᠯᠠᠯ ᠨᠢ ᠳᠦᠭᠦᠮᠬᠡᠨ 〈ᠲᠡᠷᠭᠡᠨ ᠳ᠋ᠤ ᠭᠠᠷᠪᠠᠯ ᠤᠨᠳᠠᠭᠠᠳ᠂ ᠲᠡᠷᠭᠡᠨ ᠡᠴᠡ ᠪᠠᠭᠤᠪᠠᠯ ᠰᠡᠬᠦᠳᠡᠷ ᠠᠪᠬᠤ〉 ᠮᠠᠶᠢᠭ ᠤ᠋ᠨ ᠪᠢᠰᠢ ᠪᠤᠯᠵᠤ᠂ ᠬᠠᠷᠢᠨ ᠤᠷᠤᠨ ᠨᠤᠳᠤᠭ ᠤ᠋ᠨ ᠦᠪᠡᠷᠮᠢᠴᠡ ᠤᠨᠴᠠᠯᠢᠭ ᠲᠠᠢ ᠰᠤᠶᠤᠯ ᠢ᠋ ᠮᠡᠳᠡᠷᠡᠨ ᠤᠢᠯᠠᠭᠠᠬᠤ ᠪᠤᠯᠵᠤ ᠬᠤᠪᠢᠷᠠᠵᠠᠢ᠃ ᠤᠷᠤᠰ ᠤ᠋ᠨ ᠢᠵᠢ ᠬᠡᠤᠬᠡᠯᠳᠠᠢ ᠶ᠋ᠢᠨ ᠦᠯᠢᠭᠡᠷ ᠢ᠋ ᠤᠤᠯ ᠨᠢ ᠰᠤᠨᠤᠰᠴᠤ ᠪᠠᠢᠯ᠎ᠠ᠂ ᠦᠨᠦᠳᠦᠷ ᠡᠨᠳᠡ ᠢᠷᠡᠭᠡᠳ ᠢᠵᠢ ᠬᠡᠤᠬᠡᠯᠳᠠᠢ ᠶ᠋ᠢᠨ ᠬᠡᠯᠪᠡᠷᠢ ᠪᠦᠬᠦᠢ ᠵᠠᠰᠠᠯ ᠵᠢᠮᠰᠡᠭ ᠤ᠋ᠨ ᠬᠠᠢᠷᠴᠠᠭ ᠢ᠋ ᠦᠵᠡᠮᠡᠭᠴᠡ ᠲᠤᠭᠤᠴᠢᠬᠠᠭᠰᠠᠨ᠂ ᠤᠷᠤᠰ ᠤ᠋ᠨ ᠰᠤᠶᠤᠯ ᠡᠨᠡ ᠬᠤᠷᠤᠮ ᠠᠮᠢᠯᠠᠭᠰᠠᠨ ᠮᠡᠳᠦ ᠰᠠᠨᠠᠭᠳᠠᠵᠤ ᠪᠠᠢᠨ᠎ᠠ》 ᠭᠡᠵᠦ ᠯᠢ ᠵᠧᠨ ᠵᠧᠨ ᠬᠡᠯᠡᠨ᠎ᠠ᠃
ᠮᠠᠨᠵᠤᠤᠷ ᠤ᠋ᠨ ᠢᠵᠢ ᠬᠡᠤᠬᠡᠯᠳᠠᠢ ᠶ᠋ᠢᠨ ᠦᠵᠡᠮᠵᠢ ᠶ᠋ᠢᠨ ᠤᠷᠤᠨ ᠪᠤᠯ ᠳᠤᠮᠳᠠᠳᠤ ᠤᠷᠤᠰ ᠤ᠋ᠨ ᠬᠢᠯᠢ ᠶ᠋ᠢᠨ ᠵᠢᠭᠤᠯᠴᠢᠯᠠᠯ ᠤ᠋ᠨ ᠤᠷᠤᠨ ᠤ᠋ ᠭᠤᠤᠯᠯᠠᠬᠤ ᠬᠡᠰᠡᠭ ᠪᠤᠯᠬᠤ ᠪᠦᠭᠡᠳ ᠮᠠᠨᠵᠤᠤᠷ ᠤ᠋ᠨ ᠬᠠᠷᠢ ᠨᠤᠳᠤᠭ ᠤ᠋ᠨ ᠵᠠᠩ ᠵᠠᠩᠰᠢᠯ ᠢ᠋ ᠶᠡᠷᠦᠩᠬᠡᠢᠯᠡᠨ ᠤᠢᠯᠠᠭᠠᠬᠤ ᠴᠡᠭ ᠮᠦᠨ᠃ ᠦᠵᠡᠮᠵᠢ ᠶ᠋ᠢᠨ ᠤᠷᠤᠨ ᠨᠢ ᠭᠤᠤᠯ ᠰᠡᠳᠦᠪᠳᠤ ᠬᠦᠷᠢᠶᠡᠯᠡᠩ ᠲᠤᠭᠤᠷᠢᠭ᠂ ᠭᠤᠤᠯ ᠰᠡᠳᠦᠪᠳᠤ ᠪᠠᠭᠤᠳᠠᠯ᠂ ᠬᠤᠪᠢ ᠶ᠋ᠢᠨ ᠮᠠᠰᠢᠨ ᠶ᠋ᠢᠡᠷ ᠵᠢᠭᠤᠯᠴᠢᠯᠠᠭᠰᠠᠳ ᠤ᠋ᠨ ᠪᠠᠭᠤᠳᠠᠯᠯᠠᠬᠤ ᠭᠠᠵᠠᠷ᠂ ᠢᠵᠢ ᠬᠡᠤᠬᠡᠯᠳᠠᠢ ᠶ᠋ᠢᠨ ᠬᠦᠭᠵᠢᠶᠠᠨᠳᠤ ᠵᠡᠭᠡᠯᠢ 4 ᠬᠡᠰᠡᠭ ᠶ᠋ᠢᠡᠷ ᠪᠦᠷᠢᠯᠳᠦᠵᠦ᠂ ᠨᠢᠬᠡᠨᠳᠡ ᠬᠤᠭᠤᠯᠠ ᠤᠮᠳᠠ᠂ ᠬᠤᠨᠤᠭ ᠪᠠᠭᠤᠳᠠᠯ᠂ ᠶᠠᠪᠤᠵᠤ ᠰᠠᠭᠤᠬᠤ᠂ ᠵᠢᠭᠤᠯᠴᠢᠯᠠᠬᠤ᠂ ᠪᠠᠷᠠᠭ᠎ᠠ ᠲᠠᠸᠠᠷ ᠬᠤᠳᠠᠯᠳᠤᠨ ᠠᠪᠬᠤ ᠪᠠ ᠵᠤᠭ᠎ᠠ ᠴᠡᠩᠭᠡᠯ ᠢ᠋ ᠨᠢᠭᠡ ᠴᠤᠭᠴᠠᠵᠢᠭᠤᠯᠤᠭᠰᠠᠨ ᠲᠤᠮᠤ ᠬᠡᠯᠪᠡᠷᠢ ᠶ᠋ᠢᠨ ᠤᠷᠤᠰ ᠤ᠋ᠨ ᠬᠡᠪ ᠨᠠᠮᠪᠠ ᠪᠦᠬᠦᠢ ᠵᠠᠩ ᠦᠢᠯᠡ ᠶ᠋ᠢᠨ ᠬᠦᠷᠢᠶᠡᠯᠡᠩ ᠪᠤᠯᠵᠤ ᠬᠦᠭᠵᠢᠪᠡ ᠃
ᠰᠢᠨ᠎ᠠ ᠪᠡᠷ ᠮᠠᠨᠳᠤᠭᠰᠠᠨ ᠬᠠᠯᠠᠮᠰᠢᠯ ᠭᠠᠵᠠᠷ ᠶ᠋ᠢᠡᠷ ᠵᠢᠭᠤᠯᠴᠢᠯᠠᠵᠤ ᠰᠤᠶᠤᠯ ᠤ᠋ᠨ ᠵᠢᠭᠤᠯᠴᠢᠯᠠᠯ ᠢ᠋ ᠪᠡᠶᠡᠴᠢᠯᠡᠨ ᠮᠡᠳᠡᠷᠡᠨ᠎ᠠ
《ᠡᠨᠳᠡᠬᠢ ᠰᠤᠶᠤᠯ ᠢᠷᠭᠡᠨᠰᠢᠯ᠂ ᠦᠩᠭᠡ ᠦᠵᠡᠮᠵᠢ ᠴᠦᠮ ᠶᠡᠬᠡ ᠦᠵᠡᠭᠦᠰᠢᠳᠠᠢ᠂ ᠬᠠᠷᠢ ᠨᠤᠳᠤᠭ ᠤ᠋ᠨ ᠦᠩᠭᠡ ᠪᠤᠳᠤᠭ ᠶ᠋ᠢᠡᠷ ᠮᠠᠰᠢ ᠦᠳᠭᠡᠨ ᠭᠡᠵᠦ ᠰᠤᠨᠤᠰᠤᠭᠠᠳ ᠲᠤᠰᠬᠠᠢᠯᠠᠨ ᠬᠡᠤᠬᠡᠳ ᠶ᠋ᠢᠡᠨ ᠳᠠᠭᠠᠭᠤᠯᠵᠤ ᠢᠷᠡᠯ᠎ᠠ》 ᠭᠡᠵᠦ ᠶᠦᠨᠨᠠᠨ ᠡᠴᠡ ᠢᠷᠡᠭᠰᠡᠨ ᠵᠢᠭᠤᠯᠴᠢᠯᠠᠭᠴᠢ ᠰᠦᠨ ᠠᠪᠠᠭᠠᠢ ᠰᠤᠷᠪᠤᠯᠵᠢᠯᠠᠭᠴᠢ ᠳ᠋ᠤ ᠬᠡᠯᠡᠨ᠎ᠠ᠃
208 ᠮᠧᠲᠷ ᠦᠨᠳᠦᠷ ᠤᠮᠠᠷᠠᠳᠦ ᠬᠢᠯᠢ ᠶ᠋ᠢᠨ ᠭᠡᠷᠡᠯᠳᠦ ᠰᠤᠪᠤᠳ ᠦᠵᠡᠮᠵᠢ ᠰᠤᠨᠢᠷᠬᠠᠬᠤ ᠰᠤᠪᠤᠷᠭ᠎ᠠ ᠪᠤᠯ ᠳᠤᠮᠳᠠᠳᠤ ᠤᠷᠤᠰ ᠤ᠋ᠨ ᠬᠢᠯᠢ ᠶ᠋ᠢᠨ ᠱᠤᠭᠤᠮ ᠡᠴᠡ 300 ᠮᠧᠲᠷ ᠤ᠋ᠨ ᠯᠡ ᠵᠠᠢᠳᠠᠢ᠂ ᠤᠳᠤᠬᠠᠨ ᠤ᠋ ᠳᠤᠮᠳᠠᠳᠤ ᠤᠯᠤᠰ ᠤ᠋ᠨ ᠤᠮᠠᠷᠠᠳᠤ ᠶ᠋ᠢᠨ ᠬᠢᠯᠢ ᠳᠠᠭᠠᠤ ᠤᠷᠤᠨ ᠤ᠋ ᠬᠠᠮᠤᠭ ᠤ᠋ᠨ ᠦᠨᠳᠦᠷ ᠦᠵᠡᠮᠵᠢ ᠰᠤᠨᠢᠷᠬᠠᠬᠤ᠂ ᠵᠤᠭ᠎ᠠ ᠴᠡᠩᠭᠡᠯ᠂ ᠰᠡᠯᠡᠭᠦᠴᠡᠨ ᠲᠤᠭᠤᠷᠢᠬᠤ᠂ ᠬᠤᠭᠤᠯᠠ ᠤᠮᠳᠠ᠂ ᠪᠠᠷᠠᠭ᠎ᠠ ᠲᠠᠸᠠᠷ ᠬᠤᠳᠠᠯᠳᠤᠨ ᠠᠪᠬᠤ ᠶ᠋ᠢ ᠨᠢᠭᠡ ᠴᠤᠭᠴᠠᠵᠢᠭᠤᠯᠤᠭᠰᠠᠨ ᠵᠢᠭᠤᠯᠴᠢᠯᠠᠯ ᠤ᠋ᠨ ᠶᠡᠷᠦᠩᠬᠡᠢᠯᠡᠭᠰᠡᠨ ᠴᠤᠭᠴᠠ ᠶ᠋ᠢᠨ ᠲᠦᠷᠦᠯ ᠵᠦᠢᠯ ᠪᠤᠯᠬᠤ ᠶᠤᠮ᠃ ᠦᠵᠡᠮᠵᠢ ᠰᠤᠨᠢᠷᠬᠠᠬᠤ ᠰᠤᠪᠤᠷᠭ᠎ᠠ ᠳ᠋ᠤ ᠭᠠᠷᠪᠠᠯ ᠳᠤᠮᠳᠠᠳᠤ ᠤᠷᠤᠰ ᠤ᠋ᠨ ᠬᠢᠯᠢ ᠶ᠋ᠢᠨ ᠦᠵᠡᠮᠵᠢ ᠢᠯᠡᠬᠡᠨ ᠬᠠᠷᠠᠭᠳᠠᠵᠤ᠂ ᠮᠤᠷᠤᠯᠵᠠᠨ ᠦᠷᠭᠦᠯᠵᠢᠯᠡᠬᠦ ᠬᠢᠯᠢ ᠶ᠋ᠢᠨ ᠱᠤᠭᠤᠮ ᠨᠢ ᠰᠠᠷᠠᠭᠤᠯ ᠠᠭᠤᠳᠠᠮ ᠲᠠᠯ᠎ᠠ ᠭᠠᠵᠠᠷ ᠲᠠᠢ ᠵᠠᠯᠭᠠᠯᠳᠤᠭᠠᠳ ᠰᠦᠷ ᠳᠠᠯᠠᠢᠴᠠᠳᠠᠢ ᠡᠪᠬᠡᠮᠡᠯ ᠵᠢᠷᠤᠭ ᠢ᠋ ᠪᠦᠷᠢᠯᠳᠦᠭᠦᠯᠤᠨ᠂ ᠰᠢᠨ᠎ᠠ ᠪᠡᠷ ᠮᠠᠨᠳᠤᠭᠰᠠᠨ ᠵᠢᠭᠤᠯᠴᠢᠯᠠᠯ ᠤ᠋ᠨ ᠬᠠᠯᠠᠮᠰᠢᠯ ᠴᠡᠭ ᠪᠤᠯᠪᠠ᠃
ᠦᠵᠡᠮᠵᠢ ᠶ᠋ᠢᠨ ᠤᠷᠤᠨ ᠳᠡᠰ ᠳᠡᠪᠰᠢᠬᠦ ᠶ᠋ᠢ ᠳᠠᠭᠠᠯᠳᠤᠨ ᠮᠠᠨᠵᠤᠤᠷ ᠬᠤᠳᠠ ᠶᠠᠪᠤᠬᠤ ᠳᠤᠳᠤᠮ ᠤᠯᠠᠨ ᠬᠦᠮᠦᠨ ᠤ᠋ ᠠᠩᠬᠠᠷᠤᠯ ᠢ᠋ ᠳᠠᠳᠠᠬᠤ ᠪᠤᠯᠵᠠᠢ᠃ ᠡᠨᠡ ᠵᠢᠯ ᠤ᠋ᠨ ᠲᠦᠷᠦᠭᠦᠦ 8 ᠰᠠᠷ᠎ᠠ ᠳ᠋ᠤ ᠮᠠᠨᠵᠤᠤᠷ ᠬᠤᠳᠠ ᠶ᠋ᠢᠨ ᠳᠤᠮᠳᠠᠳᠤ ᠤᠷᠤᠰ ᠤ᠋ᠨ ᠬᠢᠯᠢ ᠶ᠋ᠢᠨ ᠵᠢᠭᠤᠯᠴᠢᠯᠠᠯ ᠤ᠋ᠨ ᠤᠷᠤᠨ ᠨᠡᠢᠳᠡ 174 ᠲᠦᠮᠡ ᠭᠠᠷᠤᠢ ᠬᠦᠮᠦᠨ ᠤᠳᠠᠭ᠎ᠠ ᠶ᠋ᠢᠨ ᠵᠢᠭᠤᠯᠴᠢᠯᠠᠭᠴᠢ ᠶ᠋ᠢ ᠬᠦᠯᠢᠶᠡᠨ ᠠᠪᠴᠤ᠂ ᠪᠢᠯᠧᠲ ᠤ᠋ᠨ ᠤᠷᠤᠯᠭ᠎ᠠ ᠨᠢ ᠳᠠᠷᠤᠢ 1.31 ᠳ᠋ᠦᠩᠰᠢᠭᠤᠷ ᠲᠦᠭᠦᠷᠢᠭ ᠢ᠋ ᠲᠠᠪᠠᠵᠤ᠂ ᠮᠠᠨᠵᠤᠤᠷ ᠬᠤᠳᠠ ᠶ᠋ᠢᠨ ᠵᠢᠭᠤᠯᠴᠢᠯᠠᠯ ᠤ᠋ᠨ ᠵᠠᠬ᠎ᠠ ᠳᠡᠯᠭᠡᠭᠦᠷ ᠤ᠋ᠨ ᠦᠷᠨᠢᠭᠦᠨ ᠬᠦᠭᠵᠢᠯᠳᠡ ᠶ᠋ᠢ ᠡᠷᠴᠢᠮᠳᠠᠢ ᠠᠬᠢᠭᠤᠯᠤᠨ᠂ ᠵᠠᠮ ᠲᠡᠭᠡᠭᠡᠪᠤᠷᠢ᠂ ᠬᠤᠭᠤᠯᠠ ᠤᠮᠳᠠ᠂ ᠬᠤᠨᠤᠭ ᠪᠠᠭᠤᠳᠠᠯ ᠬᠢᠭᠡᠳ ᠬᠤᠯᠪᠤᠭᠳᠠᠯ ᠪᠦᠬᠦᠢ ᠲᠠᠸᠠᠷ ᠤ᠋ᠨ ᠬᠡᠷᠡᠭᠯᠡᠭᠡ ᠪᠠ ᠬᠦᠭᠵᠢᠯᠳᠡ ᠶ᠋ᠢ ᠶᠡᠬᠡ ᠪᠡᠷ ᠳᠠᠢᠴᠢᠯᠠᠵᠤ᠂ ᠠᠵᠤ ᠠᠬᠤᠢ ᠶ᠋ᠢᠨ ᠬᠦᠭᠵᠢᠯᠳᠡ ᠶ᠋ᠢᠨ ᠠᠮᠢᠵᠢᠷᠠᠯ ᠤ᠋ᠨ ᠬᠦᠴᠦᠨ ᠢ᠋ ᠴᠢᠩᠭᠠᠳᠬᠠᠨ᠂ ᠮᠠᠨᠵᠤᠤᠷ ᠤ᠋ᠨ ᠠᠵᠤ ᠠᠬᠤᠢ ᠨᠡᠢᠭᠡᠮ ᠤ᠋ᠨ ᠬᠦᠭᠵᠢᠯᠳᠡ ᠳ᠋ᠤ ᠰᠤᠶᠤᠯ ᠵᠢᠭᠤᠯᠴᠢᠯᠠᠯ ᠤ᠋ᠨ ᠦᠢᠯᠡᠰ ᠤ᠋ᠨ ᠬᠦᠴᠦ ᠨᠡᠮᠡᠷᠢ ᠪᠡᠨ ᠦᠵᠡᠭᠦᠯᠪᠠ ᠃
ᠮᠠᠨᠵᠤᠤᠷ ᠤ᠋ᠨ ᠬᠢᠯᠢ ᠶ᠋ᠢᠨ ᠪᠤᠭᠤᠮᠳᠠ ᠶ᠋ᠢᠨ ᠵᠢᠭᠤᠯᠴᠢᠯᠠᠯ ᠤ᠋ᠨ ᠬᠢᠵᠠᠭᠠᠷᠳᠦ ᠺᠤᠮᠫᠠᠨᠢ ᠶ᠋ᠢᠨ ᠠᠯᠪᠠᠨ ᠭᠡᠷ ᠤ᠋ᠨ ᠳᠡᠳ᠋ ᠡᠷᠬᠢᠯᠡᠭᠴᠢ ᠭᠦᠧᠧ ᠷᠦᠢ ᠮᠢᠨ᠂ ᠮᠠᠨ ᠤ᠋ ᠺᠤᠮᠫᠠᠨᠢ 《ᠵᠢᠭᠤᠯᠴᠢᠯᠠᠯ + ᠪᠠᠭᠤᠳᠠᠯ》᠂ 《ᠵᠢᠭᠤᠯᠴᠢᠯᠠᠯ + ᠲᠤᠭᠯᠠᠯᠳᠠ》᠂ 《ᠵᠢᠭᠤᠯᠴᠢᠯᠠᠯ + ᠰᠤᠶᠤᠯ》᠂《ᠵᠢᠭᠤᠯᠴᠢᠯᠠᠯ + ᠵᠤᠭ᠎ᠠ ᠴᠡᠩᠭᠡᠯ》᠂《ᠵᠢᠭᠤᠯᠴᠢᠯᠠᠯ + ᠰᠤᠶᠤᠯ ᠤ᠋ᠨ ᠪᠦᠲᠦᠭᠡᠯᠴᠢ ᠲᠦᠰᠦᠪᠯᠡᠯ》ᠵᠡᠷᠭᠡ ᠶ᠋ᠢ ᠬᠠᠮᠤᠷᠤᠭᠰᠠᠨ ᠬᠠᠮ ᠬᠡᠯᠪᠡᠷᠢ ᠶ᠋ᠢᠨ ᠤᠯᠠᠨ ᠡᠰᠢᠳᠤ ᠪᠠᠶᠠᠯᠢᠭ ᠡᠵᠡᠩᠨᠡᠯᠳᠡ ᠶ᠋ᠢᠨ ᠬᠡᠯᠪᠡᠷᠢ ᠪᠦᠬᠦᠢ ᠶᠡᠷᠦᠩᠬᠡᠢᠯᠡᠭᠰᠡᠨ ᠠᠵᠤ ᠦᠢᠯᠡᠰ ᠤ᠋ᠨ ᠪᠦᠯᠦᠭᠵᠢᠯ ᠢ᠋ ᠪᠦᠬᠦ ᠬᠦᠴᠦᠨ ᠶ᠋ᠢᠡᠷ ᠵᠢᠡᠨ ᠴᠤᠭᠴᠠᠯᠠᠵᠤ᠂ ᠵᠢᠭᠤᠯᠴᠢᠯᠠᠨ ᠲᠤᠭᠤᠷᠢᠬᠤ ᠬᠢᠭᠡᠳ ᠤᠨᠴᠠᠯᠢᠭᠳᠤ ᠤᠷᠠᠨ ᠰᠠᠢᠬᠠᠨ ᠤ᠋ ᠲᠤᠭᠯᠠᠯᠳᠠ᠂ ᠰᠤᠶᠤᠯ ᠲᠠᠮᠢᠷ ᠵᠤᠭ᠎ᠠ ᠴᠡᠩᠭᠡᠯ᠂ ᠰᠤᠶᠤᠯ ᠲᠡᠦᠬᠡ ᠶ᠋ᠢ ᠪᠡᠶᠡᠴᠢᠯᠡᠨ ᠤᠢᠯᠠᠭᠠᠬᠤ ᠶ᠋ᠢ ᠬᠠᠷᠢᠯᠴᠠᠨ ᠤᠶᠠᠯᠳᠤᠭᠤᠯᠤᠭᠰᠠᠨ ᠰᠤᠶᠤᠯ ᠵᠢᠭᠤᠯᠴᠢᠯᠠᠯ ᠤ᠋ᠨ ᠦᠢᠯᠡᠰ ᠤ᠋ᠨ ᠬᠦᠭᠵᠢᠯᠳᠡ ᠶ᠋ᠢᠨ ᠰᠢᠨ᠎ᠠ ᠡᠵᠡᠩᠨᠡᠯᠳᠡ ᠶ᠋ᠢᠨ ᠬᠡᠯᠪᠡᠷᠢ ᠶ᠋ᠢ ᠪᠤᠢᠵᠢᠭᠤᠯᠵᠤ᠂ ᠵᠦᠢ ᠵᠤᠬᠢᠰᠳᠠᠢ᠂ ᠦᠨᠳᠦᠷ ᠪᠦᠲᠦᠮᠵᠢᠳᠠᠢ᠂ ᠲᠡᠷᠢᠭᠦᠨ ᠤ᠋ ᠵᠢᠭᠤᠯᠴᠢᠯᠠᠯ ᠤ᠋ᠨ ᠠᠵᠤ ᠦᠢᠯᠡᠰ ᠤ᠋ᠨ ᠴᠢᠬᠤᠯᠠ ᠡᠯᠧᠮᠧᠨ᠋ᠲ ᠤ᠋ᠨ ᠰᠢᠰᠲᠧᠮ ᠢ᠋ ᠪᠠᠢᠭᠤᠯᠵᠤ᠂ ᠮᠠᠨᠵᠤᠤᠷ ᠤ᠋ᠨ ᠰᠤᠶᠤᠯ ᠵᠢᠭᠤᠯᠴᠢᠯᠠᠯ ᠤ᠋ᠨ ᠠᠵᠤ ᠦᠢᠯᠡᠰ ᠤ᠋ᠨ ᠴᠢᠨᠠᠷ ᠰᠠᠢᠳᠠᠢ ᠬᠦᠭᠵᠢᠯᠳᠡ ᠳ᠋ᠤ ᠨᠡᠩ ᠶᠡᠬᠡ ᠬᠤᠪᠢ ᠨᠡᠮᠡᠷᠢ ᠪᠡᠨ ᠦᠵᠡᠭᠦᠯᠦᠨ᠎ᠠ ᠭᠡᠵᠦ ᠢᠯᠡᠷᠬᠡᠢᠯᠡᠵᠦ ᠪᠠᠢᠯ᠎ᠠ᠃