ᠳᠤᠮᠳᠠᠳᠤ᠎ᠶ᠋ᠢᠨ ᠪᠣᠯᠪᠠᠰᠤᠨ᠎ᠤ ᠭᠡᠷᠡᠯᠳᠤ ᠤᠳᠤᠨ
2024-09-19 09:22:41
ᠵᠣᠬᠢᠶᠠᠭ᠍ᠴᠢ᠄
ᠸᠠᠩ ᠵᠢᠩ ᠢᠦᠶ ᠂ ᠯᠢ ᠴᠢᠶᠠᠨ
ᠣᠩᠱᠢᠭ᠍ᠰᠠᠨ ᠣᠳᠠᠭ᠎ᠠ᠄
★★★☆☆

— 《ᠬᠤᠩᠱᠠᠨ ᠰᠣᠶᠣᠯ》 ᠢ᠋ ᠨᠡᠷᠡᠢᠳᠦᠭ᠌ᠰᠡᠨ ᠳᠠᠯᠠᠨ ᠵᠢᠯ᠎ᠦᠨ ᠣᠶ᠎ᠶ᠋ᠢᠨ ᠱᠢᠷᠢᠰ ᠮᠡᠳᠡᠭᠡᠯᠡᠯ (ᠨᠢᠭᠡ)


9 ᠰᠠᠷ᠎ᠠ᠎ᠶ᠋ᠢᠨ 13 ᠎ᠤ᠋ ᠡᠳᠦᠷ᠂ ᠨᠢᠭᠡᠨ ᠴᠢᠬᠤᠯᠠ ᠮᠡᠳᠡᠭᠡ ᠨᠡᠢᠲᠡᠯᠡᠭ᠌ᠳᠡᠭ᠌ᠰᠡᠨ ᠨᠢ ᠳᠡᠯᠡᠬᠡᠶ ᠳ᠋ᠠᠬᠢᠨ ᠤ᠋ ᠠᠨᠭᠬᠠᠷᠤᠯ ᠢ᠋ ᠲᠠᠬᠢᠨᠳᠠ ᠬᠤᠨᠭᠱᠠᠨ ᠳ᠋ᠤ ᠲᠦᠪᠯᠡᠷᠡᠬᠦᠯᠪᠠ᠃

ᠤᠯᠠᠭᠠᠨᠬᠠᠳᠠ ᠬᠤᠳᠠ᠎ᠶ᠋ᠢᠨ ᠠᠤᠬᠠᠨ ᠬᠣᠱᠢᠭᠤᠨ᠎ᠳᠤ ᠬᠠᠭᠤᠴᠢ ᠰᠤᠳᠤᠯᠤᠭ᠍ᠴᠢᠳ ᠬᠤᠩᠱᠠᠨ ᠰᠣᠶᠣᠯ᠎ᠤᠨ ᠰᠡᠭᠦᠯᠴᠢ᠎ᠶ᠋ᠢᠨ ᠦᠶ᠎ᠡ᠎ᠶ᠋ᠢᠨ ᠬᠤᠷᠠᠮᠳᠤᠭ᠍ᠰᠠᠨ ᠴᠢᠯᠠᠭᠤᠨ᠎ᠤᠩᠭᠤᠨ᠎ᠢ ᠢᠯᠡᠷᠡᠭᠦᠯᠵᠦ᠍᠂ ᠨᠢᠭᠡ ᠯᠡ ᠤᠳᠠᠭ᠎ᠠ᠎ᠳᠤ ᠵᠠᠭᠤ ᠭᠠᠷᠤᠢ ᠬᠤᠩᠱᠠᠨ ᠰᠣᠶᠣᠯ᠎ᠤᠨ ᠬᠠᠰ ᠡᠳ᠋ᠯᠡᠯ᠎ᠢ ᠢᠯᠡᠷᠡᠭᠦᠯᠦᠭ᠌ᠰᠡᠨ ᠪᠠᠢᠨ᠎ᠠ᠃

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠡᠦᠬᠡ᠎ᠶ᠋ᠢᠨ ᠳᠤᠷᠠᠰᠭᠠᠯᠲᠤ ᠵᠦᠢᠯ ᠤ᠋ᠨ ᠬᠠᠭᠤᠴᠢ ᠰᠤᠳᠤᠯᠤᠯ᠎ᠤᠨ ᠬᠦᠷᠢᠶᠡᠯᠡᠩ᠎ᠦᠨ ᠳᠠᠷᠤᠭ᠎ᠠ ᠰᠦᠨ ᠵᠢᠨ ᠰᠦᠩ᠄ 《M15 ᠡᠴᠡ ᠣᠯᠳᠠᠭ᠍ᠰᠠᠨ ᠬᠠᠰ ᠯᠣᠣ ᠪᠣᠯ ᠣᠳᠣᠬᠠᠨ᠎ᠳᠤ ᠬᠠᠭᠤᠴᠢ ᠰᠤᠳᠤᠯᠤᠯ᠎ᠤᠨ ᠮᠠᠯᠲᠠᠵᠤ ᠭᠠᠷᠭᠠᠭ᠍ᠰᠠᠨ ᠬᠠᠮᠤᠭ᠎ᠤᠨ ᠶᠡᠬᠡ ᠬᠡᠮᠵᠢᠶᠡᠨ᠎ᠦ ᠬᠠᠰ ᠪᠣᠯᠤᠨ᠎ᠠ᠂ ᠮᠠᠯᠲᠠᠵᠤ ᠭᠠᠷᠭᠠᠭ᠍ᠰᠠᠨ ᠬᠠᠰ ᠡᠳ᠋ᠯᠡᠯ᠎ᠳᠦ ᠬᠤᠩᠱᠠᠨ ᠰᠣᠶᠣᠯ᠎ᠤᠨ ᠬᠠᠰ ᠡᠳ᠋ᠯᠡᠯ᠎ᠦᠨ ᠶᠡᠬᠡᠩᠬᠢ ᠲᠦᠷᠦᠯ ᠵᠦᠢᠯ ᠪᠠᠭ᠍ᠲᠠᠵᠤ ᠪᠠᠢᠨ᠎ᠠ》 ᠭᠡᠵᠤ ᠲᠠᠨᠢᠯᠴᠠᠭᠤᠯᠪᠠ᠃

ᠬᠤᠩᠱᠠᠨ ᠰᠣᠶᠣᠯ ᠪᠣᠯ ᠳᠤᠮᠳᠠᠳᠤ ᠤᠯᠤᠰ᠎ᠤᠨ ᠤᠮᠠᠷᠠᠲᠤ ᠣᠷᠣᠨ᠎ᠤ ᠱᠢᠨ᠎ᠡ ᠴᠢᠯᠠᠭᠤᠨ ᠵᠡᠪᠰᠡᠭ᠎ᠦᠨ ᠦᠶ᠎ᠡ᠎ᠶ᠋ᠢᠨ ᠰᠡᠭᠦᠯᠴᠢ᠎ᠶ᠋ᠢᠨ ᠦᠶ᠎ᠡ᠎ᠶ᠋ᠢᠨ ᠬᠠᠭᠤᠴᠢ ᠰᠤᠳᠤᠯᠤᠯ᠎ᠤᠨ ᠰᠣᠶᠣᠯ ᠪᠠᠢᠵᠦ᠂ ᠣᠲᠣ᠎ᠡᠴᠡ 6500 ᠵᠢᠯ᠎ᠦᠨ ᠡᠮᠦᠨᠡᠬᠢ ᠦᠶ᠎ᠠ ᠪᠠᠷ ᠡᠭᠦᠰᠦᠭ᠌ᠰᠡᠨ ᠶᠤᠮ᠃ ᠲᠡᠭᠦᠨ᠎ᠦ ᠪᠦᠷᠢᠯᠳᠦᠯ᠂ ᠬᠥᠭ᠌ᠵᠢᠯᠲᠡ᠂ ᠬᠤᠪᠢᠰᠤᠯᠲᠠ ᠵᠢᠴᠢ ᠲᠡᠭᠦᠨ᠎ᠦ ᠵᠠᠯᠭᠠᠮᠵᠢ ᠨᠥᠯᠥᠭᠡ ᠪᠣᠯ ᠳᠤᠮᠳᠠᠳᠤ᠎ᠶ᠋ᠢᠨ ᠪᠣᠯᠪᠠᠰᠤᠨ᠎ᠤ ᠡᠭᠦᠰᠦᠯ᠎ᠦᠨ ᠰᠤᠳᠤᠯᠤᠯ᠎ᠤᠨ ᠴᠢᠬᠤᠯᠠ ᠪᠦᠷᠢᠯᠳᠦᠬᠦᠨ ᠬᠡᠰᠡᠭ ᠮᠥᠨ᠂ ᠪᠠᠰᠠ ᠴᠤ᠌ ᠳᠤᠮᠳᠠᠳᠤ᠎ᠶ᠋ᠢᠨ ᠪᠣᠯᠪᠠᠰᠤᠨ᠎ᠤ ᠤᠯᠠᠨ ᠡᠱᠢᠲᠦ ᠨᠢᠭᠡ ᠴᠣᠭ᠍ᠴᠠ᠎ᠶ᠋ᠢᠨ ᠪᠦᠷᠢᠯᠳᠦᠯ ᠪᠠ ᠬᠤᠪᠢᠰᠤᠯᠲᠠ᠎ᠳᠤ ᠴᠢᠬᠤᠯᠠ ᠰᠦᠪᠡᠭ᠌ᠴᠢ ᠬᠠᠩᠭᠠᠭ᠍ᠰᠠᠨ ᠪᠠᠢᠨ᠎ᠠ᠃

《ᠬᠤᠩᠱᠠᠨ ᠰᠣᠶᠣᠯ》 ᠢ᠋ ᠨᠡᠷᠡᠢᠳᠦᠭ᠌ᠰᠡᠨ 70 ᠵᠢᠯ᠎ᠦᠨ ᠲᠤᠷᠰᠢ ᠲᠡᠭᠦᠨ᠎ᠦ ᠢᠯᠡᠷᠡᠭᠦᠯᠦᠯᠲᠡ ᠪᠠ ᠰᠤᠳᠤᠯᠭᠠᠨ᠎ᠨᠢ ᠠᠯᠢ ᠣᠯᠠᠨ ᠴᠢᠬᠤᠯᠠ ᠦᠷ᠎ᠡ ᠪᠦᠲᠦᠭᠡᠯ ᠣᠯᠵᠤ᠂ ᠥᠪᠥᠷ ᠮᠣᠩᠭᠣᠯ᠎ᠤᠨ ᠤᠯᠠᠭᠠᠨᠬᠠᠳᠠ ᠬᠢᠭᠡᠳ ᠯᠢᠶᠣᠤᠨᠢᠩ᠎ᠤᠨ ᠴᠤᠤᠶᠠᠩ ᠬᠣᠶᠠᠷ ᠭᠠᠵᠠᠷ᠎ᠡᠴᠡ ᠬᠤᠩᠱᠠᠨ ᠰᠣᠶᠣᠯ᠎ᠤᠨ ᠡᠯ᠎ᠡ ᠲᠥᠷᠥᠯ᠎ᠦᠨ ᠪᠠᠭᠤᠷᠢ᠎ᠶ᠋ᠢ 1100 ᠭᠠᠷᠤᠶ ᠢᠯᠡᠷᠡᠭᠦᠯᠵᠦ᠍᠂ ᠬᠤᠩᠱᠠᠨ ᠰᠣᠶᠣᠯ᠎ᠤᠨ ᠳᠤᠮᠳᠠᠳᠤ᠎ᠶ᠋ᠢᠨ ᠪᠣᠯᠪᠠᠰᠤᠨ᠎ᠤ ᠡᠭᠦᠰᠦᠯ᠎ᠦᠨ ᠰᠤᠳᠤᠯᠭᠠᠨ᠎ᠳᠠᠬᠢ ᠡᠬᠢ ᠡᠭᠦᠰᠦᠯ᠎ᠦᠨ ᠴᠢᠨᠠᠷᠲᠠᠶ ᠪᠠᠢᠷᠢ ᠰᠠᠭᠤᠷᠢ᠎ᠶ᠋ᠢ  ᠲᠣᠭ᠍ᠲᠠᠭᠠᠪᠠ᠃

M15 ᠡᠴᠡ ᠮᠠᠯᠲᠠᠵᠤ ᠭᠠᠷᠭᠠᠭ᠍ᠰᠠᠨ ᠬᠠᠰ ᠯᠣᠣ ᠨᠢ ᠳᠡᠯᠡᠬᠡᠶ᠎ᠶ᠋ᠢᠨ ᠬᠥᠮᠦᠰ᠎ᠲᠦ ᠦᠨᠡᠨ ᠳᠦᠷᠢ᠎ᠪᠡᠨ ᠢᠯᠡᠷᠡᠭᠦᠯᠦᠭᠡ ᠦᠭᠡᠶ ᠪᠠᠢᠬᠤ᠎ᠳᠤ ᠬᠤᠩᠱᠠᠨ ᠰᠣᠶᠣᠯ᠎ᠤᠨ ᠴᠢᠬᠤᠯᠠ ᠪᠦᠷᠢᠯᠳᠦᠬᠦᠨ᠂ 《ᠳᠤᠮᠳᠠᠳᠤ᠎ᠶ᠋ᠢᠨ ᠨᠢᠭᠡᠳᠤᠭᠡᠷ ᠯᠣᠣ》 ᠬᠡᠮᠡᠭ᠌ᠳᠡᠭ᠌ᠰᠡᠨ C ᠬᠡᠯᠪᠡᠷᠢᠳᠤ ᠬᠠᠰ ᠯᠣᠣ ᠨᠢ ᠠᠯᠢ ᠬᠡᠳᠦᠢᠨ ᠤᠯᠤᠰ᠎ᠤᠨ ᠳᠣᠲᠣᠭᠠᠳᠤ ᠭᠠᠳᠠᠭᠠᠳᠤ᠎ᠳᠤ ᠠᠯᠳᠠᠷᠱᠢᠵᠠᠶ᠃

ᠳᠤᠮᠳᠠᠳᠤᠴᠤᠳ ᠤ᠋ᠨ ᠬᠣᠭᠣᠷᠣᠨᠳᠣᠬᠢ ᠬᠠᠮᠤᠭ᠎ᠤᠨ ᠳᠣᠲᠣᠨᠣ ᠪᠡᠶ᠎ᠡ ᠵᠢᠨ᠎ᠭᠠᠷᠤᠯ᠎ᠤᠨ ᠮᠡᠳᠡᠷᠡᠮᠵᠢ᠎ᠶ᠋ᠢᠨ ᠨᠢᠭᠡ ᠪᠣᠯᠤᠭ᠍ᠰᠠᠨ᠎ᠤ ᠬᠤᠪᠢ᠎ᠳᠤ  ᠯᠣᠣ ᠨᠢ ᠬᠠᠮᠤᠭ ᠡᠷᠲᠡ ᠯᠢᠶᠣᠤᠾᠧ ᠭᠣᠣᠯ᠎ᠤᠨ ᠰᠠᠪᠠ ᠭᠠᠵᠠᠷ᠎ᠡᠴᠡ ᠡᠭᠦᠰᠦᠯ᠎ᠲᠡᠶ ᠪᠠᠢᠵᠠᠢ ᠭᠡᠵᠦ ᠬᠠᠭᠤᠴᠢ ᠰᠤᠳᠤᠯᠤᠯ ᠵᠢᠡᠷ ᠢᠯᠡᠷᠡᠭᠦᠯᠤᠨ ᠨᠤᠳᠠᠯᠠᠬᠰᠡᠨ ᠶᠤᠮ᠂᠃

ᠤᠯᠠᠭᠠᠨᠬᠠᠳᠠ ᠬᠣᠲᠠ᠎ᠶ᠋ᠢᠨ ᠠᠸ᠋ᠬᠠᠨ᠎ᠤ ᠪᠠᠯᠠᠷ ᠡᠷᠲᠡᠨ᠎ᠦ ᠰᠣᠶᠣᠯ᠎ᠤᠨ ᠮᠦᠽᠧᠶ᠎ᠳᠦ ᠱᠢᠩ ᠯᠦᠩ᠎ᠸᠠ ᠵᠢᠨ ᠪᠠᠭᠤᠷᠢ᠎ᠡᠴᠡ ᠮᠠᠯᠲᠠᠵᠤ ᠭᠠᠷᠭᠠᠭ᠍ᠰᠠᠨ ᠨᠢᠭᠡ ᠬᠤᠤᠰ ᠭᠠᠬᠠᠶ᠎ᠶ᠋ᠢᠨ ᠳᠤᠯᠤᠭᠠᠢᠳᠦ ᠯᠤᠤ ᠪᠠᠢᠵᠤ᠂ ᠲᠣᠯᠣᠭᠠᠶ᠎ᠶ᠋ᠢᠨ ᠬᠡᠰᠡᠭ᠎ᠲᠦᠨᠢ ᠬᠣᠶᠠᠷ ᠵᠡᠷᠯᠢᠭ ᠭᠠᠬᠠᠶ᠎ᠶ᠋ᠢᠨ ᠲᠣᠯᠣᠭᠠᠶ᠎ᠶ᠋ᠢᠨ ᠶᠠᠰᠤ ᠪᠠᠢᠵᠤ᠂ ᠪᠡᠶ᠎ᠡ᠎ᠶ᠋ᠢ ᠨᠢ ᠴᠢᠯᠠᠭᠤ ᠪᠠ ᠸᠠᠭᠠᠷ᠎ᠤᠨ ᠬᠡᠯᠲᠡᠷᠬᠡᠶ᠎ᠪᠡᠷ ᠵᠡᠷᠭᠡᠯᠡᠵᠦ᠍᠂ ᠶᠡᠬᠡ ᠲᠥᠯᠥᠪ S ᠬᠡᠯᠪᠡᠷᠢᠲᠡᠶ ᠪᠠᠢᠳᠠᠭ᠃

ᠡᠨᠡ ᠨᠢᠭᠡ ᠬᠤᠤᠰ ᠭᠠᠬᠠᠶ᠎ᠶ᠋ᠢᠨ ᠳᠤᠯᠤᠭᠠᠢᠳᠦ ᠯᠤᠤ ᠶᠡᠷᠦ᠍ ᠪᠤᠰᠤ᠎ᠶ᠋ᠢᠨ ᠤᠳᠬ᠎ᠠ ᠠᠭᠤᠯᠭ᠎ᠠ ᠎ᠲᠠᠶ᠂ ᠲᠡᠭᠦᠨ᠎ᠡᠴᠡ ᠡᠬᠢᠯᠡᠨ 《ᠯᠤᠤ》 ᠶ᠋ᠢᠨ ᠪᠦᠲᠦᠴᠡ᠎ᠶ᠋ᠢᠨ ᠣᠢᠯᠠᠭᠠᠭ᠍ᠳᠠᠬᠤᠨ᠎ᠢ ᠬᠦᠮᠦᠰ ᠵᠢᠷᠤᠮᠵᠢᠭᠤᠯᠵᠤ ᠡᠬᠢᠯᠡᠵᠡᠢ᠂ ᠯᠤᠤ ᠵᠢᠨ ᠲᠤᠯᠤᠭᠠᠢ ᠪᠠ ᠯᠤᠤ᠎ᠶ᠋ᠢᠨ ᠪᠡᠶ᠎ᠡ ᠨᠢ ᠨᠢᠭᠡᠨᠲᠡ ᠲᠠᠩ ᠭᠠᠭ᠍ᠴᠠ ᠠᠮᠢᠲᠠᠨ ᠪᠢᠰᠢ ᠪᠣᠯᠵᠣ᠂ ᠬᠠᠷᠢᠨ ᠨᠢᠭᠡᠨ ᠬᠡᠢᠰᠪᠦᠷᠢᠯᠡᠨ ᠬᠤᠷᠢᠶᠠᠩᠭᠤᠢᠯᠠᠭ᠍ᠰᠠᠨ ᠤᠷᠠᠯᠢᠭ᠎ᠤᠨ ᠵᠢᠷᠤᠭ ᠪᠣᠯᠤᠭ᠍ᠰᠠᠨ᠎ᠤ ᠬᠤᠪᠢ᠎ᠳᠤ ᠬᠥᠮᠦᠨ᠎ᠦ ᠣᠢᠯᠠᠭᠠᠭ᠍ᠳᠠᠬᠤᠨ᠎ᠳᠤ ᠲᠣᠭ᠍ᠲᠠᠪᠤᠷᠢᠵᠢᠭ᠍ᠰᠠᠨ ᠪᠥᠭᠡᠳ ᠬᠣᠢᠴᠢ ᠦᠶ᠎ᠡ᠎ᠪᠡᠨ ᠤᠯᠠᠮᠵᠢᠯᠠᠵᠠᠶ ᠭᠡᠵᠤ ᠲᠤᠰᠭᠠᠶ ᠮᠡᠷᠭᠡᠵᠢᠯᠲᠡᠨ ᠦᠵᠡᠵᠦ ᠪᠠᠢᠨ᠎ᠠ᠃

ᠤᠯᠠᠭᠠᠨᠬᠠᠳᠠ ᠬᠣᠲᠠ᠎ᠶ᠋ᠢᠨ ᠣᠩᠨᠢᠭᠤᠳ ᠬᠣᠱᠢᠭᠤᠨ᠎ᠤ ᠮᠦᠽᠧᠶ᠎ᠶ᠋ᠢᠨ ᠬᠡᠷᠡᠮ ᠳᠡᠭᠡᠷ᠎ᠡ《ᠳᠤᠮᠳᠠᠳᠤ᠎ᠶ᠋ᠢᠨ ᠯᠤᠤ᠎ᠶ᠋ᠢᠨ ᠬᠡᠯᠪᠡᠷᠢ᠎ᠶ᠋ᠢᠨ ᠬᠥᠭ᠌ᠵᠢᠯᠲᠡ ᠬᠤᠪᠢᠷᠠᠯᠲᠠ᠎ᠶ᠋ᠢᠨ ᠦᠵᠡᠭᠦᠯᠭᠡ᠎ᠶ᠋ᠢᠨ ᠰᠠᠮᠪᠠᠷ᠎ᠠ》 ᠶ᠋ᠢ ᠡᠯᠭᠦᠵᠦ᠍᠂ ᠱᠢᠨ᠎ᠡ ᠴᠢᠯᠠᠭᠤᠨ ᠵᠡᠪᠰᠡᠭ᠎ᠦᠨ ᠴᠠᠭ ᠦᠶ᠎ᠡ᠎ᠡᠴᠡ ᠣᠲᠣ ᠦᠶ᠎ᠡ ᠬᠦᠷᠲᠡᠯ᠎ᠡ ᠤᠳᠤᠮ ᠤᠯᠠᠮᠵᠢᠯᠠᠯ ᠨᠢᠭᠡᠲᠡᠶ ᠪᠠᠢᠵᠤ᠂ ᠯᠤᠤ᠎ᠶ᠋ᠢ ᠴᠥᠮ ᠬᠡᠳᠦᠨ ᠵᠦᠶ᠋ᠯ᠎ᠦᠨ ᠠᠮᠢᠲᠠᠨ᠎ᠢᠶᠠᠷ ᠨᠡᠢᠯᠡᠵᠦ᠍ ᠪᠦᠷᠢᠯᠳᠦᠭ᠌ᠰᠡᠨ ᠱᠢᠳᠢᠲᠦ ᠠᠮᠢᠳᠠᠨ᠎ᠵᠢᠡᠷ ᠳᠦᠷᠰᠦᠯᠡᠵᠡᠶ᠂ ᠡᠢᠮᠦᠷᠬᠦᠤ ᠬᠡᠯᠪᠡᠷᠢ ᠪᠠᠢᠳᠠᠯ ᠨᠢ ᠴᠦ᠍ ᠳᠤᠮᠳᠠᠳᠤ᠎ᠶ᠋ᠢᠨ ᠣᠯᠠᠨ ᠦᠨᠳᠦᠰᠦᠲᠡᠨ᠎ᠦ ᠶᠡᠬᠡ ᠠᠭᠤᠰᠤᠯᠴᠠᠯ᠎ᠲᠠᠶ ᠰᠣᠯᠪᠢᠴᠠᠨ ᠵᠤᠬᠢᠴᠠᠯᠳᠤᠵᠦ ᠪᠠᠢᠳᠠᠭ᠃

ᠣᠩᠨᠢᠭᠤᠳ ᠬᠣᠱᠢᠭᠤᠨ᠎ᠤ ᠮᠦᠽᠧᠶ᠎ᠳᠦ ᠪᠠᠰᠠ ᠨᠢᠭᠡᠨ ᠱᠢᠷ᠎ᠠ ᠬᠠᠰ ᠯᠤᠤ ᠬᠠᠳᠠᠭᠠᠯᠠᠭ᠍ᠳᠠᠵᠤ ᠪᠠᠢᠳᠠᠭ᠃ ᠲᠡᠭᠦᠨ᠎ᠦ ᠪᠥᠬᠥ᠌ ᠪᠡᠶ᠎ᠡ ᠨᠢ ᠱᠢᠷ᠎ᠠ ᠨᠣᠭᠣᠭᠠᠨ ᠥᠩᠭᠡ᠎ᠲᠡᠶ᠂ ᠶᠠᠭ ᠯᠠ ᠬᠠᠪᠤᠷ ᠡᠪᠡᠰᠦ ᠮᠣᠳᠣ ᠰᠣᠶᠣᠭᠠᠯᠠᠬᠤ ᠦᠶ᠎ᠡ᠎ᠶ᠋ᠢᠨ ᠠᠮᠢᠵᠢᠷᠠᠯ᠎ᠤᠨ ᠬᠦᠴᠦᠨ᠎ᠢᠶᠡᠷ ᠪᠢᠯᠬᠠᠮ᠎ᠠ ᠥᠩᠭᠡ ᠪᠤᠳᠤᠭ᠎ᠲᠠᠶ᠃ ᠪᠡᠶ᠎ᠡ ᠪᠠᠢᠳᠠᠯ ᠨᠢ 《 ᠮᠠᠰᠢ ᠶᠡᠬᠡ ᠤᠷᠤᠰᠤᠯ ᠱᠤᠭᠤᠮ᠎ᠤᠨ ᠳᠦᠷᠰᠦ ᠪᠦᠲᠦᠭᠡᠯᠲᠡ᠎ᠲᠡᠶ᠂ ᠰᠦᠷ ᠬᠦᠴᠤᠨ ᠲᠠᠢ 》 ᠪᠠᠢᠵᠤ ᠂ ᠢᠯᠠᠩᠭᠤᠶ᠎ᠠ ᠲᠤᠯᠤᠭᠠᠢ ᠵᠢᠨ ᠬᠡᠰᠡᠭ᠎ᠢ ᠵᠣᠬᠢᠶᠠᠭ᠍ᠰᠠᠨ 《ᠰᠠᠨᠠᠭ᠎ᠠ ᠠᠬᠤᠶ ᠨᠢ ᠡᠴᠢᠨ᠎ᠠ ᠬᠦᠨ ᠪᠠᠢᠵᠤ᠂ ᠬᠦᠮᠦᠰ ᠲᠤ᠌ ᠡᠷᠳᠡᠨᠢ ᠵᠢᠨ ᠬᠦᠯᠦᠭ ᠤᠬᠳᠠᠷᠭᠤᠢ ᠳ᠋ᠤ ᠲᠡᠬᠦᠯᠢᠬᠰᠡᠨ ᠮᠡᠳᠦ᠂ ᠠᠪᠢᠶᠠᠰ ᠴᠢᠳᠠᠪᠤᠷᠢ ᠨᠢ ᠪᠠᠳᠠᠷᠠᠭ᠍ᠰᠠᠨ ᠲᠥᠷᠥᠭ᠌ᠳᠡᠯ》 ᠦᠭᠬᠦᠨ᠎ᠠ᠃

《ᠬᠤᠩᠱᠠᠨ ᠰᠣᠶᠣᠯ᠎ᠤᠨ ᠬᠠᠰ ᠪᠠᠭᠠᠵᠢ ᠳ᠋ᠤ ᠰᠡᠳᠦᠪᠯᠡᠬᠦᠨ ᠰᠣᠩᠭᠣᠬᠤ᠂ ᠳᠦᠷᠰᠦ ᠪᠦᠲᠦᠭᠡᠬᠦ᠌ ᠵᠢᠷᠤᠭ ᠲᠥᠯᠥᠪᠯᠡᠭᠡ ᠬᠢᠬᠦ᠌᠂ ᠰᠡᠢᠯᠬᠦ᠌ ᠤᠷ᠎ᠠ ᠮᠡᠷᠭᠡᠵᠢᠯ᠎ᠡᠴᠡ ᠬᠡᠷᠡᠭ᠌ᠯᠡᠯᠲᠡ᠎ᠶ᠋ᠢᠨ ᠴᠢᠳᠠᠮᠵᠢ ᠬᠦᠷᠲᠡᠯ᠎ᠡ ᠴᠥᠮ ᠳᠤᠮᠳᠠᠳᠤ ᠤᠯᠤᠰ᠎ᠤᠨ ᠤᠷᠠᠯᠢᠭ᠎ᠤᠨ ᠭᠤᠤ᠎ᠠ ᠲᠠᠭᠠᠱᠢᠶᠠᠯ᠎ᠤᠨ ᠥᠪᠡᠷᠮᠢᠴᠡ ᠣᠢᠯᠠᠭᠠᠭ᠍ᠳᠠᠬᠤᠨ ᠪᠠ ᠵᠣᠷᠢᠭ ᠰᠠᠨᠠᠭ᠎ᠠ ᠠᠭᠤᠯᠤᠭ᠍ᠳᠠᠵᠤ ᠪᠠᠢᠳᠠᠭ᠂ ᠲᠤᠬᠠᠢᠯᠠᠪᠠᠯ 〈ᠪᠣᠳᠠᠰ ᠢ᠋ ᠠᠵᠢᠬᠯᠠᠵᠤ ᠳᠦᠷᠰᠦ ᠠᠪᠬᠤ〉 ᠡᠴᠡ 〈ᠳᠦᠷᠰᠦ ᠪᠦᠲᠦᠭᠡᠵᠤ ᠰᠠᠨᠠᠭ᠎ᠠ ᠠᠬᠤᠢ ᠵᠢ ᠢᠯᠡᠷᠡᠬᠦᠯᠬᠦ 〉 ᠬᠦᠷᠲᠡᠯ᠎ᠡ᠂ ᠡᠭᠦᠨ᠎ᠦ ᠤᠯᠠᠮ᠎ᠢᠶᠠᠷ 〈ᠰᠡᠳᠭᠢᠯ ᠬᠠᠨᠤᠵᠤ ᠲᠦᠷᠢ᠎ᠪᠡᠨ ᠮᠠᠷᠲᠠᠬᠤ〉ᠴᠢᠨᠠᠭ᠍ᠰᠢᠯᠠᠪᠠᠯ 〈ᠶᠡᠭᠡ ᠲᠦᠷᠢ ᠳ᠋ᠤ ᠬᠡᠯᠪᠡᠷᠢ ᠦᠭᠡᠢ ᠪᠠᠢᠬᠤ〉 ᠵᠢ ᠬᠥᠭᠡᠭᠡᠴᠡᠯᠳᠦᠵᠦ᠍᠂ ᠡᠴᠦᠰ᠎ᠲᠡᠬᠡᠨ 〈 ᠪᠠᠭᠠᠵᠢ 〉 ᠪᠡᠷ 〈 ᠶᠤᠰᠤ 〉 ᠵᠢ ᠠᠴᠢᠶᠠᠯᠠᠬᠤ ᠬᠡᠮᠵᠢᠶᠡᠨ᠎ᠳᠦ ᠬᠦᠷᠳᠡᠭ》 ᠭᠡᠵᠦ᠍ ᠤᠯᠠᠭᠠᠨᠬᠠᠳᠠ ᠳᠡᠭᠡᠳᠦ ᠰᠤᠷᠭᠠᠭᠤᠯᠢ᠎ᠶ᠋ᠢᠨ ᠲᠡᠦᠬᠡ ᠰᠣᠶᠣᠯ᠎ᠤᠨ ᠳᠡᠭᠡᠳᠦ ᠰᠤᠷᠭᠠᠭᠤᠯᠢ᠎ᠶ᠋ᠢᠨ ᠳᠡᠳ᠋ ᠫᠷᠤᠹᠧᠰᠰᠤᠷ ᠼᠦᠢ ᠶᠠᠨ ᠴᠢᠨ ᠬᠡᠯᠡᠪᠡ᠃

ᠬᠤᠩᠱᠠᠨ ᠰᠣᠶᠣᠯ᠎ᠳᠠᠬᠢ 《ᠬᠠᠰ ᠵᠢᠡᠷ ᠯᠡ ᠣᠷᠣᠱᠢᠭᠤᠯᠭ᠎ᠠ ᠪᠣᠯᠭᠠᠬᠤ》 ᠦᠵᠡᠯ ᠰᠠᠨᠠᠭ᠎ᠠ ᠨᠢ ᠬᠣᠵᠢᠮ᠎ᠤᠨ ᠬᠥᠮᠦᠰ᠎ᠦᠨ 《ᠬᠠᠰ᠎ᠢ ᠳᠡᠭᠡᠳᠦᠯᠡᠬᠦ᠌》 ᠦᠵᠡᠯ ᠰᠠᠨᠠᠭ᠎ᠠ ᠦᠵᠡᠯᠲᠡ᠎ᠳᠦ ᠱᠢᠶ᠋ᠳᠪᠦᠷᠢᠯᠡᠭ᠌ᠴᠢ ᠴᠢᠨᠠᠷᠲᠠᠶ ᠨᠥᠯᠥᠭᠡ ᠦᠵᠡᠭᠦᠯᠵᠦ᠍᠂ ᠬᠠᠰ ᠪᠠᠭᠠᠵᠢ ᠵᠢᠨ ᠶᠣᠰᠣᠨ᠎ᠤ ᠠᠩᠬᠠᠨ᠎ᠤ ᠵᠠᠮ᠎ᠢ ᠨᠡᠭᠡᠭᠡᠭ᠌ᠰᠡᠨ ᠪᠠᠢᠨ᠎ᠠ ᠭᠡᠵᠤ ᠬᠠᠭᠤᠴᠢ ᠰᠤᠳᠤᠯᠤᠯ᠎ᠤᠨ ᠬᠢᠨ ᠨᠡᠢᠳᠡᠮ ᠳ᠋ᠡᠭᠡᠨ ᠦᠵᠡᠵᠤ ᠪᠤᠢ᠃

ᠬᠠᠰ ᠯᠣᠣ᠂ ᠥᠨᠢ ᠤᠳᠠᠭᠠᠨ ᠴᠠᠭ ᠮᠥᠴᠡ᠎ᠶ᠋ᠢ ᠨᠢᠭ᠍ᠲᠠᠷᠠᠭᠤᠯᠪᠠ᠃ ᠥᠨᠳᠥᠷ ᠠᠭᠤᠯᠠ᠂ ᠳᠡᠨᠵᠢ᠂ ᠲᠠᠬᠢᠯᠭ᠎ᠠ᠎ᠶ᠋ᠢᠨ ᠮᠠᠨᠳᠠᠯ᠂ ᠣᠳᠣᠨ ᠮᠡᠴᠢᠳ᠎ᠦᠨ ᠭᠡᠷᠡᠯ ᠪᠠ ᠳᠦᠷᠡᠯᠵᠡᠭ᠌ᠰᠡᠨ ᠲᠦᠳᠡᠭ ᠭᠠᠯ᠎ᠤᠨᠭᠡᠷᠡᠯ᠎ᠢ ᠣᠯᠵᠤ ᠦᠵᠡᠬᠦ᠌ ᠱᠢᠭ᠃ ᠪᠦᠭᠡ ᠭᠠᠷ ᠲᠠᠭᠠᠨ ᠬᠠᠰ ᠯᠤᠤ ᠪᠠᠷᠢᠵᠤ᠂ ᠠᠮᠠᠨ᠎ᠳᠠᠭᠠᠨ ᠨᠤᠮ ᠤᠩᠱᠢᠵᠤ᠂ ᠲᠠᠬᠢᠯᠭ᠎ᠠ᠎ᠶ᠋ᠢᠨ ᠲᠠᠪᠴᠠᠩ᠎ᠤᠨ ᠲᠥᠪ ᠳᠤᠮᠳᠠ ᠬᠦᠷᠬᠦ᠌᠎ᠳᠦ ᠬᠤᠩᠱᠠᠨ ᠠᠢᠮᠠᠭ ᠤᠬᠰᠠᠭᠠᠨ᠎ᠦ ᠬᠥᠮᠦᠰ ᠪᠢᠱᠢᠷᠡᠨ ᠵᠢᠷᠦᠬᠡᠱᠢᠶᠡᠬᠦ᠌ ᠪᠠ ᠬᠦᠰᠡᠯ ᠡᠷᠡᠮᠡᠯᠵᠡᠯ ᠡᠪᠦᠷᠯᠡᠨ᠂ ᠲᠩᠷᠢ ᠭᠠᠵᠠᠷ᠎ᠲᠤ ᠮᠥᠷᠭᠥᠵᠦ᠍᠂ ᠡᠯᠪᠡᠭ ᠬᠤᠷᠢᠶᠠᠯᠲᠠ ᠣᠯᠬᠤ᠎ᠶ᠋ᠢ ᠳᠠᠭᠠᠳᠭᠠᠨ᠎ᠠ᠃

《ᠪᠠᠷᠠᠭᠤᠨ ᠯᠢᠶᠣᠤᠾᠧ ᠭᠣᠣᠯ᠎ᠤᠨ ᠳᠡᠭᠡᠳᠦ ᠤᠷᠤᠰᠭᠠᠯ᠎ᠤᠨ ᠭᠠᠵᠠᠷ ᠣᠷᠣᠨ ᠪᠣᠯ ᠳᠤᠮᠳᠠᠳᠤ ᠤᠯᠤᠰ᠎ᠤᠨ ᠤᠮᠠᠷᠠᠲᠤ᠎ᠶ᠋ᠢᠨ ᠬᠠᠭᠤᠷᠠᠢ ᠲᠠᠷᠢᠶᠠᠯᠠᠩ᠎ᠤᠨ ᠡᠭᠦᠰᠦᠯ᠎ᠦᠨ ᠭᠠᠵᠠᠷ᠎ᠤᠨ ᠨᠢᠭᠡ ᠪᠣᠯᠤᠨ᠎ᠠ᠃ ᠱᠢᠩ ᠯᠦᠩ ᠸᠠ᠎ᠶ᠋ᠢᠨ ᠦᠶ᠎ᠡ᠎ᠲᠡᠶ ᠬᠠᠷᠢᠴᠠᠭᠤᠯᠪᠠᠯ ᠬᠤᠩᠱᠠᠨ ᠰᠣᠶᠣᠯ᠎ᠤᠨ ᠬᠤᠭᠤᠴᠠᠭᠠᠨ᠎ᠳᠤ ᠬᠠᠭᠤᠷᠠᠶ ᠲᠠᠷᠢᠶᠠᠯᠠᠩ ᠤᠯᠠᠮ ᠨᠢᠭᠡ ᠠᠯᠬᠤᠮ ᠬᠥᠭ᠌ᠵᠢᠪᠡ》᠃ ᠤᠷᠭᠤᠮᠠᠯ᠎ᠤᠨ ᠬᠠᠭᠤᠴᠢ ᠰᠤᠳᠤᠯᠤᠯ᠎ᠳᠤ ᠮᠠᠷᠠᠢᠨ ᠴᠢᠷᠮᠠᠢᠵᠤ ᠪᠠᠢᠭ᠎ᠠ ᠤᠯᠠᠭᠠᠨᠬᠠᠳᠠ ᠳᠡᠭᠡᠳᠦ ᠰᠤᠷᠭᠠᠭᠤᠯᠢ᠎ᠶ᠋ᠢᠨ ᠳᠡᠳ᠋ ᠵᠠᠬᠢᠷᠤᠯ ᠰᠦᠨ ᠶᠦᠩ ᠭᠠᠩ᠄《ᠤᠷᠭᠤᠮᠠᠯ᠎ᠤᠨ ᠬᠠᠭᠤᠴᠢ ᠰᠤᠳᠤᠯᠤᠯ᠎ᠤᠨ ᠦᠷ᠎ᠡ ᠪᠦᠲᠦᠭᠡᠯ᠎ᠡᠴᠡ ᠦᠵᠡᠪᠡᠯ᠂ ᠳᠤᠮᠳᠠᠳᠤ ᠤᠯᠤᠰ᠎ᠤᠨ ᠬᠥᠳᠡᠭᠡ ᠠᠵᠤ ᠠᠬᠤᠶ᠎ᠨᠢ ᠣᠲᠣ᠎ᠡᠴᠡ 1 ᠲᠦᠮᠡᠨ ᠵᠢᠯ᠎ᠦᠨ ᠡᠮᠦᠨ᠎ᠡ ᠡᠭᠦᠰᠴᠦ᠍᠂ ᠤᠷᠢᠳᠤᠰ ᠲᠠᠷᠢᠮᠠᠯ᠎ᠢ ᠳᠠᠰᠭᠠᠭ᠍ᠰᠠᠨ᠎ᠤ ᠳᠠᠷᠠᠭ᠎ᠠ ᠠᠭᠠᠵᠢᠮ᠎ᠢᠶᠠᠷ ᠦᠶ᠋ᠯᠡᠳᠪᠦᠷᠢᠯᠡᠯ᠎ᠦᠨ ᠮᠡᠷᠭᠡᠵᠢᠯ᠎ᠢᠶᠡᠨ ᠳᠡᠭᠡᠭ᠌ᠰᠢᠯᠡᠭᠦᠯᠵᠦ᠍᠂ ᠳᠤᠮᠳᠠᠳᠤ᠎ᠶ᠋ᠢᠨ ᠪᠣᠯᠪᠠᠰᠤᠨ᠎ᠤ ᠪᠦᠷᠢᠯᠳᠦᠯ ᠪᠠ ᠬᠥᠭ᠌ᠵᠢᠯᠲᠡ᠎ᠶ᠋ᠢᠨ ᠪᠠᠲᠤ ᠪᠠᠬᠢ ᠦᠶ᠋ᠯᠡᠳᠪᠦᠷᠢᠯᠡᠯ ᠠᠮᠢᠳᠤᠷᠠᠯ᠎ᠤᠨ ᠰᠠᠭᠤᠷᠢ᠎ᠶ᠋ᠢ ᠲᠠᠯᠪᠢᠭ᠍ᠰᠠᠨ ᠪᠠᠢᠨ᠎ᠠ》᠃ ᠭᠡᠬᠦ᠌᠎ᠳᠦ᠂ 《ᠬᠥᠮᠦᠨ ᠪᠠᠢᠭᠠᠯᠢ ᠨᠢᠭᠡᠳᠬᠦ᠌》᠂ 《ᠡᠶ᠎ᠡ ᠵᠣᠬᠢᠴᠠᠩᠭᠤᠢ᠎ᠪᠠᠷ ᠬᠠᠮᠲᠤ ᠣᠷᠣᠱᠢᠬᠤ》᠂ 《ᠡᠶ᠎ᠡ ᠨᠠᠢᠷᠲᠠᠢ᠎ᠪᠠᠷ ᠬᠠᠮᠲᠤ ᠣᠷᠣᠱᠢᠬᠤ》᠂《ᠱᠢᠷᠭᠠᠭᠤ ᠬᠠᠲᠠᠭᠤᠵᠢᠯᠲᠠᠢ ᠲᠡᠮᠡᠴᠡᠬᠦ᠌》 ᠵᠡᠷᠭᠡ ᠪᠠᠯᠠᠷ ᠡᠷᠲᠡᠨ᠎ᠦ ᠲᠠᠷᠢᠶᠠᠯᠠᠩ᠎ᠡᠴᠡ ᠬᠦᠪᠦᠷᠡᠨ ᠪᠣᠢᠵᠢᠭ᠍ᠰᠠᠨ ᠳᠤᠮᠳᠠᠳᠤ᠎ᠶ᠋ᠢᠨ ᠦᠨᠳᠦᠰᠦᠲᠡᠨ᠎ᠦ ᠰᠣᠶᠣᠯ᠎ᠤᠨ ᠦᠨᠳᠦᠰᠦ ᠰᠠᠭᠤᠷᠢ ᠴᠢᠰᠤ ᠮᠢᠬᠠᠨ ᠳ᠋ᠤ ᠰᠢᠨᠭᠭᠡᠵᠤ ᠡᠬᠢᠯᠡᠵᠠᠢ ᠭᠡᠵᠤ ᠬᠡᠯᠡᠪᠡ᠃

ᠨᠢᠤ ᠾᠧ ᠯᠢᠶᠠᠩ᠎ᠤᠨ ᠪᠠᠭᠤᠷᠢ᠎ᠶ᠋ᠢᠨ ᠠᠤᠭ᠎ᠠ ᠶᠡᠬᠡ ᠬᠡᠪᠴᠢᠶ᠎ᠡ ᠵᠢᠴᠢ ᠮᠠᠨᠳᠠᠯ᠂ ᠰᠦᠮ᠎ᠡ᠂ ᠣᠩᠭᠣᠨ ᠨᠢ ᠡᠮᠬᠢ ᠵᠢᠷᠤᠮ᠎ᠲᠠᠶ᠂ ᠭᠣᠣᠯ ᠳᠡᠳ᠋ ᠨᠢ ᠲᠣᠳᠣᠷᠬᠠᠶ ᠪᠠᠢᠷᠢᠱᠢᠯ ᠨᠢ ᠬᠤᠩᠱᠠᠨ ᠰᠣᠶᠣᠯ᠎ᠤᠨ ᠰᠡᠭᠦᠯᠴᠢ᠎ᠶ᠋ᠢᠨ ᠦᠶ᠎ᠡ᠎ᠶ᠋ᠢᠨ ᠪᠠᠷᠢᠯᠭ᠎ᠠ᠎ᠶ᠋ᠢᠨ ᠦᠢᠯᠡᠰ᠎ᠦᠨ ᠬᠠᠮᠤᠭ ᠥᠨᠳᠥᠷ ᠠᠮᠵᠢᠯᠲᠠ᠎ᠶ᠋ᠢᠨ ᠢᠯᠡᠷᠡᠯ ᠪᠣᠯᠤᠨ᠎ᠠ᠃

《ᠮᠠᠨᠳᠠᠯ᠎ᠤᠨ ᠬᠠᠪᠲᠠᠭᠠᠶ ᠵᠢᠷᠤᠭ᠎ᠤᠨ ᠡᠮᠦᠨ᠎ᠡ ᠬᠡᠰᠡᠭ ᠨᠢ ᠪᠡᠭᠡᠵᠢᠩ᠎ᠦᠨ ᠲᠢᠶᠠᠨ ᠲᠠᠨ᠎ᠤ ᠪᠤᠮᠪᠠ ᠲᠠᠢ ᠠᠳᠠᠯᠢ᠂ ᠬᠣᠢᠲᠤ ᠬᠡᠰᠡᠭ ᠨᠢ ᠪᠡᠭᠡᠵᠢᠩ᠎ᠦᠨ ᠲᠢᠶᠠᠨ ᠲᠠᠨ᠎ᠤ ᠴᠢ ᠨᠢᠶᠠᠨ ᠳ᠋ᠢᠶᠠᠨ ᠬᠠᠷᠰᠢ᠎ᠶ᠋ᠢᠨ ᠲᠦᠷᠪᠡᠯᠵᠢᠨ ᠰᠠᠭᠤᠷᠢ᠎ᠲᠡᠶ ᠠᠳᠠᠯᠢ ᠪᠠᠢᠳᠠᠭ》 ᠭᠡᠵᠦ᠍ ᠬᠠᠭᠤᠴᠢ ᠰᠤᠳᠤᠯᠤᠯ᠎ᠤᠨ ᠤᠬᠠᠭᠠᠨ ᠤ᠋ ᠭᠠᠷᠮᠠᠭᠠᠢ ᠴᠢᠳᠠᠪᠤᠷᠢᠳᠠᠨ ᠰᠣ᠌ ᠪᠢᠩ ᠴᠢ ᠠᠪᠤᠭᠠᠢ ᠬᠡᠯᠡᠵᠦ᠍ ᠥᠩᠭᠡᠷᠡᠪᠡ᠃

ᠭᠤᠷᠪᠠᠨ ᠳᠠᠪᠬᠤᠷ ᠮᠠᠨᠳᠠᠯ᠂ ᠲᠩᠷᠢ ᠲᠥᠭᠥᠷᠢᠭ ᠭᠠᠵᠠᠷ ᠲᠦᠷᠪᠡᠯᠵᠢᠨ᠂ ᠳᠤᠮᠳᠠ ᠲᠡᠩᠭᠡᠯᠢᠭ᠎ᠦᠨ ᠳᠠᠭᠠᠤ ᠵᠡᠭᠦᠨᠰᠢ ᠪᠠᠷᠠᠭᠤᠨᠰᠢ ᠪᠠᠢᠷᠢᠱᠢᠭᠤᠯᠤᠭ᠍ᠰᠠᠨ ᠪᠠᠷᠢᠯᠭ᠎ᠠ᠎ᠶ᠋ᠢᠨ ᠣᠢᠯᠠᠭᠠᠭ᠍ᠳᠠᠬᠤᠨ ᠨᠢ ᠬᠣᠢᠲᠤ ᠰᠦᠮ᠎ᠡ ᠡᠮᠦᠨ᠎ᠡ ᠮᠠᠨᠳᠠᠯ᠂ ᠲᠩᠷᠢ᠎ᠶ᠋ᠢ ᠱᠢᠲᠦᠬᠦ᠌ ᠡᠪᠦᠭᠡ ᠳᠡᠭᠡᠳᠦᠰ᠎ᠦᠨ ᠤᠯᠠᠮᠵᠢᠯᠠᠯ᠎ᠲᠠᠢ ᠬᠠᠮᠳᠤ ᠪᠦᠷ ᠪᠡᠭᠡᠵᠢᠩ᠎ᠦᠨ ᠲᠢᠶᠠᠨ ᠲᠠᠨ ᠮᠠᠨᠳᠠᠯ᠂ ᠲᠠᠢᠽᠢ᠎ᠶ᠋ᠢᠨ ᠰᠦᠮ᠎ᠡ ᠪᠠ ᠮᠢᠩ ᠤᠯᠤᠰ᠎ᠤᠨ ᠠᠷᠪᠠᠨ ᠭᠤᠷᠪᠠᠨ ᠣᠩᠭᠣᠨ᠎ᠲᠠᠶ ᠲᠥᠰᠲᠡᠶ ᠪᠠᠢᠳᠠᠭ᠃

2012 ᠣᠨ᠎ᠤ 5 ᠰᠠᠷ᠎ᠠ᠎ᠳᠤ ᠠᠤᠬᠠᠨ ᠬᠣᠱᠢᠭᠤᠨ᠎ᠤ ᠱᠢᠩ ᠯᠦᠩ ᠭᠧᠦ᠍᠎ᠶ᠋ᠢᠨ ᠪᠠᠭᠤᠷᠢ᠎ᠡᠴᠡ ᠮᠠᠯᠲᠠᠵᠤ ᠭᠠᠷᠭᠠᠭ᠍ᠰᠠᠨ 《ᠳᠤᠮᠳᠠᠳᠤ᠎ᠶ᠋ᠢᠨ ᠳᠡᠭᠡᠳᠦᠰ᠎ᠦᠨ ᠰᠠᠬᠢᠭᠤᠯᠰᠤᠨ》 ᠪᠣᠯ ᠣᠳᠣᠬᠠᠨ᠎ᠳᠤ ᠤᠯᠳᠠᠭᠠᠳ ᠪᠠᠢᠭ᠎ᠠ ᠳᠦᠷᠰᠦ ᠪᠠᠢᠳᠠᠯ᠎ᠢᠶᠠᠷ ᠬᠠᠮᠤᠭ᠎ᠤᠨ ᠶᠡᠬᠡ᠂ ᠳᠦᠷᠢ ᠲᠥᠷᠬᠦ᠌᠎ᠪᠡᠷ ᠬᠠᠮᠤᠭ᠎ᠤᠨ ᠦᠨᠡᠨ ᠪᠣᠳᠠᠲᠠᠶ᠂ ᠢᠯᠡᠷᠡᠯ᠎ᠢᠶᠡᠷ ᠬᠠᠮᠤᠭ᠎ᠤᠨ ᠪᠠᠶᠠᠯᠢᠭ ᠬᠣᠩᠱᠠᠨ ᠰᠣᠶᠣᠯ᠎ᠤᠨ ᠥᠪᠴᠢ ᠪᠡᠶ᠎ᠡ ᠸᠠᠭᠠᠷ᠎ᠢᠶᠠᠷ ᠱᠤᠭᠤᠭ᠍ᠰᠠᠨ ᠬᠥᠮᠦᠨ᠎ᠦ ᠬᠥᠷᠥᠭ ᠪᠣᠯᠤᠨ᠎ᠠ᠃ 《ᠲᠡᠷᠡ ᠨᠢ ᠳᠤᠮᠳᠠᠳᠤ᠎ᠶ᠋ᠢᠨ ᠦᠨᠳᠦᠰᠦᠲᠡᠨ᠎ᠦ ᠡᠪᠦᠭᠡ ᠳᠡᠭᠡᠳᠦᠰ᠎ᠢᠶᠡᠨ ᠳᠠᠬᠢᠬᠤ᠂ ᠡᠪᠦᠭᠡ ᠳᠡᠭᠡᠳᠦᠰ᠎ᠢᠶᠡᠨ ᠳᠡᠭᠡᠳᠦᠯᠡᠬᠦ᠌ ᠠᠨᠭᠬᠠᠨ ᠤ᠋ ᠵᠠᠮ ᠢ᠋ ᠨᠡᠭᠡᠭᠡᠵᠦ᠍᠂ ᠬᠤᠩᠱᠠᠨ ᠰᠣᠶᠣᠯ᠎ᠤᠨ ᠲᠩᠷᠢ᠎ᠶ᠋ᠢ ᠱᠢᠲᠦᠬᠦ᠌ ᠡᠪᠦᠭᠡ ᠳᠡᠭᠡᠳᠦᠰ᠎ᠦᠨ ᠣᠢᠯᠠᠭᠠᠭ᠍ᠳᠠᠬᠤᠨ᠎ᠤ ᠪᠤᠰᠤᠳᠴᠢ ᠴᠢᠨᠠᠷ᠎ᠢ ᠭᠡᠷᠡᠴᠢᠯᠡᠵᠠᠢ》 ᠭᠡᠵᠦ᠍ ᠠᠸ᠋ᠬᠠᠨ᠎ᠤ ᠪᠠᠯᠠᠷ ᠡᠷᠲᠡᠨ᠎ᠦ ᠰᠣᠶᠣᠯ᠎ᠤᠨ ᠮᠦᠽᠧᠶ᠎ᠶ᠋ᠢᠨ ᠤᠤᠯ᠎ᠤᠨ ᠳᠠᠷᠤᠭ᠎ᠠ ᠲᠢᠶᠠᠨ ᠶᠠᠨ ᠭᠦᠸᠧ ᠲᠠᠨᠢᠯᠴᠠᠭᠤᠯᠪᠠ᠃

《ᠶᠣᠰᠣᠯᠠᠯ᠎ᠢ ᠬᠦᠨᠳᠦᠳᠭᠡᠬᠦ ᠵᠢᠨ ᠤᠳᠬ᠎ᠠ ᠤᠴᠢᠷ ᠠᠨᠤ ᠲᠡᠭᠦᠨ᠎ᠦ ᠵᠢᠷᠤᠮ᠎ᠢ ᠬᠦᠨᠳᠦᠳᠭᠡᠬᠦᠢ ᠳ᠋ᠤᠷ ᠠᠮᠤᠢ》᠃ ᠳᠤᠮᠳᠠᠳᠤ᠎ᠶ᠋ᠢᠨ ᠡᠪᠦᠭᠡ ᠳᠡᠭᠡᠳᠦᠰ ᠵᠥᠪᠬᠡᠨ ᠶᠣᠰᠣᠯᠠᠯ᠎ᠤᠨ《ᠤᠷᠤᠭ᠍ᠰᠢᠯᠠᠵᠤ ᠤᠬᠤᠷᠢᠬᠤ᠎ᠳᠤ ᠡᠷᠭᠢᠯᠳᠦᠵᠦ᠍᠂ ᠰᠦᠷ ᠨᠠᠮᠪᠠ᠎ᠳᠤ ᠳᠠᠷᠤᠭ᠍ᠳᠠᠬᠤ》 ᠭᠠᠳᠠᠭᠠᠳᠤ ᠬᠡᠯᠪᠡᠷᠢ᠎ᠶ᠋ᠢ ᠡᠷᠬᠢᠮᠯᠡᠬᠦ᠌ ᠲᠡᠳᠦᠶ ᠪᠢᠰᠢ᠂ ᠶᠣᠰᠣᠯᠠᠯ᠎ᠤᠨ ᠳᠣᠲᠣᠭᠠᠳᠤ ᠵᠣᠷᠢᠭ ᠰᠠᠨᠠᠭᠠᠨ᠎ᠤ ᠮᠥᠨ ᠴᠢᠨᠠᠷ᠎ᠢ ᠰᠦᠪᠡᠭ᠌ᠴᠢᠯᠡᠬᠦ᠌᠎ᠶ᠋ᠢ ᠨᠡᠩ ᠴᠢᠬᠤᠯᠠᠴᠢᠯᠠᠳᠠᠭ᠃

ᠡᠨᠡ ᠬᠦ᠌ ᠵᠣᠷᠢᠭ ᠰᠠᠨᠠᠭᠠᠨ᠎ᠤ ᠮᠥᠨ ᠴᠢᠨᠠᠷ ᠪᠣᠯ ᠶᠣᠰᠣ ᠰᠤᠷᠲᠠᠬᠤᠨ ᠮᠥᠨ᠂ ᠵᠢᠷᠤᠮᠵᠢᠯ ᠮᠥᠨ᠂ 《ᠬᠥᠮᠦᠨ ᠪᠠᠢᠭᠠᠯᠢ ᠵᠢᠨ ᠨᠢᠭᠡᠳᠦᠯ》᠂ 《ᠡᠶ᠎ᠡ ᠨᠠᠢᠷᠠᠮᠳᠠᠭᠤ ᠡᠷᠬᠢᠮ ᠳᠡᠭᠡᠳᠦ》᠂ ᠳᠤᠮᠳᠠᠳᠤ᠎ᠶ᠋ᠢᠨ ᠦᠨᠳᠦᠰᠦᠲᠡᠨ᠎ᠳᠦ ᠯᠡ ᠪᠠᠢᠳᠠᠭ ᠤᠷᠴᠢᠯᠠᠩ ᠤ᠋ᠨ ᠦᠵᠡᠯᠲᠡ ᠪᠠ ᠶᠢᠷᠲᠢᠨᠴᠦ᠍᠎ᠶ᠋ᠢᠨ ᠦᠵᠡᠯᠲᠡ ᠮᠥᠨ᠃ ᠬᠡᠳᠦᠨ ᠮᠢᠩᠭᠠᠨ ᠵᠢᠯ ᠤ᠋ᠨ ᠲᠤᠷᠰᠢ ᠬᠡᠳᠦᠨ ᠲᠦᠮᠡᠨ ᠭᠠᠵᠠᠷ᠎ᠢ ᠰᠤᠨᠳᠠᠯᠠᠵᠤ᠂ ᠳᠤᠮᠳᠠᠳᠤ᠎ᠶ᠋ᠢᠨ ᠦᠨᠳᠦᠰᠦᠲᠡᠨ᠎ᠦ ᠶᠠᠰᠤᠨ᠎ᠳᠤ ᠰᠡᠢᠯᠦᠭ᠌ᠳᠡᠭ᠌ᠰᠡᠨ ᠤᠳᠤᠮᠰᠢᠯ ᠪᠠ ᠠᠮᠢᠨ ᠰᠤᠳᠠᠰᠤ ᠪᠠᠢᠵᠤ᠂ ᠶᠠᠪᠤᠬᠤ ᠲᠤᠳᠤᠮ ᠱᠢᠨᠡᠳᠦᠨ᠂ ᠦᠶ᠎ᠡ᠎ᠶ᠋ᠢᠨ ᠦᠶ᠎ᠡ᠎ᠳᠦ ᠤᠯᠠᠮᠵᠢᠯᠠᠭ᠍ᠳᠠᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号