ᠦᠩᠭᠡ ᠢᠯᠭᠠᠷᠠᠭᠰᠠᠨ ᠲᠡᠦᠬᠡ᠎ᠶ᠋ᠢᠨ ᠳᠤᠷᠠᠰᠭᠠᠯᠲᠤ ᠵᠦᠢᠯᠡᠰ
2024-09-20 09:55:35
ᠵᠣᠬᠢᠶᠠᠭ᠍ᠴᠢ᠄
ᠸᠠᠩ ᠵᠢᠩ ᠢᠦᠶ ᠯᠢ ᠴᠢᠶᠠᠨ
ᠣᠩᠱᠢᠭ᠍ᠰᠠᠨ ᠣᠳᠠᠭ᠎ᠠ᠄
★★★☆☆

— 《ᠬᠤᠩᠱᠠᠨ ᠰᠣᠶᠣᠯ》 ᠢ᠋ ᠨᠡᠷᠡᠢᠳᠦᠭ᠌ᠰᠡᠨ ᠳᠠᠯᠠᠨ ᠵᠢᠯ᠎ᠦᠨ ᠣᠶ᠎ᠶ᠋ᠢᠨ ᠱᠢᠷᠢᠰ ᠮᠡᠳᠡᠭᠡᠯᠡᠯ (ᠬᠤᠶᠠᠷ)


ᠡᠬᠡ ᠭᠠᠵᠠᠷ ᠲᠦᠮᠡᠨ ᠪᠣᠳᠠᠰ᠎ᠢ ᠬᠠᠯᠠᠭᠤᠨ ᠡᠯᠢᠭᠡᠨ ᠎ᠳᠡᠭᠡᠨ ᠲᠡᠪᠡᠷᠢᠨ᠎ᠠ ᠃ ᠲᠡᠭᠡᠬᠦᠯᠡᠷ ᠮᠢᠩᠭᠠᠨ ᠲᠦᠮᠡᠨ ᠵᠢᠯ ᠠᠯᠤᠰᠯᠠᠭ᠍ᠳᠠᠭ᠍ᠰᠠᠨ ᠴᠤ᠌ ᠭᠠᠵᠠᠷ ᠤ᠋ᠨ ᠲᠠᠪᠬᠤᠷᠭ᠎ᠠ ᠵᠢ ᠲᠡᠯᠭᠡᠬᠦ ᠲᠠᠢ ᠵᠡᠷᠭᠡ ᠨᠢᠭᠡᠨ ᠰᠣᠯᠣᠩᠭᠠᠳᠤ ᠶᠢᠷᠲᠢᠨᠴᠦ᠍ ᠢᠯᠡᠷᠡᠨ᠎ᠡ᠃

ᠵᠢᠵᠢᠭ ᠬᠤᠰᠤᠭᠤᠷ ᠵᠢᠡᠷ ᠪᠣᠯᠪᠠᠰᠤᠨ᠎ᠤ ᠦᠩ ᠱᠢᠮᠡᠯᠢᠭ ᠬᠥᠷᠥᠰᠥ ᠵᠢ ᠬᠠᠢᠨ ᠰᠢᠨᠵᠢᠯᠡᠳᠡᠭ ᠬᠠᠭᠤᠴᠢ ᠰᠤᠳᠤᠯᠤᠭ᠍ᠴᠢ ᠨᠠᠷ ᠡᠷᠲᠡᠨ᠎ᠦ ᠪᠣᠯᠪᠠᠰᠤᠨ᠎ᠤ ᠨᠢᠭᠤᠴᠠ ᠤᠨᠢᠰᠤᠭ᠎ᠠ ᠵᠢ ᠲᠠᠰᠤᠷᠠᠯᠲᠠ ᠥᠬᠡᠶ ᠲᠠᠢᠯᠵᠤ᠂ ᠲᠡᠦᠬᠡ ᠶᠠᠷᠢᠨ᠂ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠢ ᠢᠯᠡᠷᠡᠭᠦᠯᠵᠦ᠂ ᠢᠲᠡᠭᠡᠯ ᠪᠢᠱᠢᠷᠡᠯ᠎ᠲᠡᠶ ᠳᠤᠮᠳᠠᠳᠤ᠎ᠶ᠋ᠢᠨ ᠲᠡᠦᠬᠡ ᠪᠠ ᠬᠡᠷᠡᠯ ᠰᠠᠴᠤᠷᠠᠩᠭᠤᠶ ᠰᠣᠶᠣᠯ᠎ᠢ ᠡᠷᠢᠯᠬᠢᠯᠡᠨ᠎ᠡ᠃

ᠬᠠᠭᠤᠴᠢ ᠰᠤᠳᠤᠯᠤᠭ᠍ᠴᠢ ᠭᠦᠸᠧ ᠳ᠋ᠡ ᠱᠦᠨ ᠠᠪᠤᠭᠠᠢ ᠵᠢᠷᠭᠤᠭᠠᠨ ᠦᠰᠦᠭ᠎ᠢᠶᠡᠷ ᠬᠤᠩᠱᠠᠨ ᠰᠣᠶᠣᠯ᠎ᠢ ᠬᠤᠷᠢᠶᠠᠩᠭᠤᠢᠯᠠᠵᠤ ᠥᠩᠭᠡᠷᠡᠪᠡ ᠄ ᠮᠠᠨᠳᠠᠯ ᠰᠦᠮ᠎ᠡ ᠪᠤᠯᠠᠰᠢ᠂ ᠬᠠᠰ ᠯᠣᠣ ᠭᠠᠷᠤᠳᠢ᠃ 《ᠡᠨᠡ ᠵᠢᠷᠭᠤᠭᠠᠨ ᠦᠰᠦᠭ ᠨᠢ ᠳᠤᠮᠳᠠᠳᠤ᠎ᠶ᠋ᠢᠨ ᠤᠯᠠᠮᠵᠢᠯᠠᠯᠲᠤ ᠰᠣᠶᠣᠯ᠎ᠤᠨ ᠵᠢᠷᠭᠤᠭᠠᠨ ᠡᠯᠧᠮᠧᠨ᠋ᠲ᠎ᠢ ᠲᠥᠯᠥᠭᠡᠯᠡᠵᠦ᠍ ᠪᠠᠢᠨ᠎ᠠ》 ᠭᠡᠵᠡᠢ᠃

ᠬᠤᠩᠱᠠᠨ ᠰᠣᠶᠣᠯ ᠪᠣᠯ ᠳᠠᠷᠤᠶ ᠤᠯᠠᠮᠵᠢᠯᠠᠯᠳᠤ ᠬᠠᠰ ᠡᠳ᠋ᠯᠡᠯ᠂ ᠶᠣᠰᠣᠯᠠᠯᠲᠤ ᠪᠠᠷᠢᠯᠭ᠎ᠠ᠎ᠪᠠᠷ᠎ᠢᠶᠠᠨ ᠤᠯᠤᠰ ᠤ᠋ᠨ ᠳᠣᠲᠣᠭᠠᠳᠤ ᠭᠠᠳᠠᠭᠠᠳᠤ᠎ᠳᠤ ᠠᠯᠳᠠᠷᠲᠠᠶ ᠶᠤᠮ᠃

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠡᠦᠬᠡ᠎ᠶ᠋ᠢᠨ ᠳᠤᠷᠠᠰᠭᠠᠯᠲᠤ ᠵᠦᠶ᠋ᠯᠡᠰ ᠬᠠᠭᠤᠴᠢ ᠰᠤᠳᠤᠯᠤᠯ᠎ᠤᠨ ᠬᠦᠷᠢᠶᠡᠯᠡᠩ᠎ᠦᠨ ᠲᠥᠷᠥᠯ ᠵᠦᠶ᠋ᠯ᠎ᠦᠨ ᠪᠦᠯᠬᠦᠮ 2024 ᠣᠨ᠎ᠤ 4 ᠰᠠᠷ᠎ᠠ᠎ᠡᠴᠡ ᠡᠬᠢᠯᠡᠵᠦ᠍ ᠂ 4 ᠰᠠᠷ᠎ᠠ ᠱᠢᠬᠠᠮ ᠮᠠᠯᠲᠠᠭᠠᠳ ᠤᠯᠠᠭᠠᠨᠬᠠᠳᠠ ᠬᠣᠲᠠ᠎ᠶ᠋ᠢᠨ ᠠᠸ᠋ᠬᠠᠨ ᠬᠣᠱᠢᠭᠤᠨ᠎ᠳᠤ ᠨᠢᠭᠡ ᠴᠢᠯᠠᠭᠤᠨ ᠤᠩᠭᠤᠨ᠎ᠢ ᠢᠯᠡᠷᠡᠬᠦᠯᠵᠦ᠂ ᠵᠠᠭᠤ ᠭᠠᠷᠤᠶ ᠬᠠᠰ ᠡᠳ᠋ᠯᠡᠯ᠎ᠢ ᠨᠢᠭᠡ ᠯᠡ ᠤᠳᠠᠭ᠎ᠠ᠎ᠳᠤ ᠢᠯᠡᠷᠡᠭᠦᠯᠦᠭ᠌ᠰᠡᠨ ᠨᠢ ᠨᠢᠭᠡ ᠤᠳᠠᠭᠠᠨ᠎ᠤ ᠠᠱᠢᠭ᠍ᠲᠠᠶ ᠭᠡᠷᠡᠴᠢ ᠪᠣᠯᠵᠠᠶ᠃

ᠠᠯᠳᠠᠨ ᠨᠠᠮᠤᠷ ᠵᠢᠡᠷ ᠣᠩᠨᠢᠭᠤᠳ ᠬᠣᠱᠢᠭᠤᠨ᠎ᠤ ᠰᠠᠢ᠌ᠴᠢᠨᠲᠠᠯ᠎ᠠ ᠲᠣᠰᠭᠣᠨ ᠤ᠋ 《ᠨᠣᠮᠢᠨ ᠬᠠᠰ ᠯᠣᠣ ᠵᠢ ᠮᠠᠯᠳᠠᠵᠤ ᠭᠠᠷᠭᠠᠭᠰᠠᠨ ᠭᠠᠵᠠᠷ》 ᠭᠡᠵᠦ ᠰᠡᠢᠯᠦᠭᠰᠡᠨ ᠴᠢᠯᠠᠭᠤᠨ ᠬᠥᠱᠢᠢ᠎ᠡ ᠨᠢ ᠤᠢ᠎ᠶ᠋ᠢᠨ ᠳᠤᠮᠳᠠ ᠤᠨᠴᠠ ᠵᠢᠨ ᠢᠯᠠᠳᠠᠢ ᠬᠠᠷᠠᠭᠳᠠᠨ᠎ᠠ᠃ ᠤᠯᠤᠰ ᠤ᠋ᠨ ᠳᠣᠲᠣᠭᠠᠳᠤ ᠭᠠᠳᠠᠭᠠᠳᠤ᠎ᠳᠤ ᠠᠯᠳᠠᠷᠳᠠᠢ 《ᠳᠤᠮᠳᠠᠳᠤ᠎ᠶ᠋ᠢᠨ ᠠᠩᠬᠠᠨ᠎ᠤ ᠯᠣᠣ》 ᠲᠠᠷᠤᠢ ᠡᠨᠳᠡ ᠡᠴᠡ ᠭᠠᠷᠤᠯᠳᠠᠢ᠃ ᠲᠡᠭᠦᠨ᠎ᠦ ᠨᠢᠳᠦ ᠨᠢ ᠪᠠᠮᠪᠠᠷ ᠮᠡᠲᠦ᠂ ᠬᠦᠵᠦᠭᠦᠨ ᠳᠡᠭᠡᠷᠡᠬᠢ ᠦᠰᠦ ᠨᠢ ᠳᠡᠯ ᠮᠡᠲᠦ᠂ ᠣᠭ᠍ᠲᠠᠷᠭᠤᠶ᠎ᠳᠤ ᠲᠡᠭᠦᠯᠢᠨ ᠨᠢᠰᠭᠦ ᠮᠡᠲᠦ ᠪᠠᠢᠳᠠᠯ ᠲᠠᠢ᠃

ᠨᠤᠮᠢᠨ ᠬᠠᠰ ᠯᠤᠤ ᠲᠠᠢ 《ᠠᠳᠠᠯᠢ ᠭᠠᠷᠤᠯᠳᠠᠢ》᠂ ᠠᠩᠬ᠎ᠠ ᠮᠠᠯᠳᠠᠵᠤ ᠭᠠᠷᠭᠠᠭᠰᠠᠨ ᠭᠠᠵᠠᠷ ᠨᠢ ᠲᠣᠳᠣᠷᠬᠠᠢ ᠪᠤᠰᠤ᠎ᠡᠴᠡ ᠪᠤᠯᠵᠤ ᠮᠠᠷᠭᠤᠭᠠᠨ ᠲᠠᠢ ᠪᠠᠢᠭᠰᠠᠨ ᠰᠢᠷ᠎ᠠ ᠬᠠᠰ ᠯᠤᠤ ᠨᠢ ᠡᠳᠦᠭᠡ ᠣᠩᠨᠢᠭᠤᠳ ᠬᠣᠱᠢᠭᠤᠨ᠎ᠤ ᠮᠦᠽᠧᠢ᠎ᠶ᠋ᠢᠨ ᠴᠢᠬᠤᠯᠠ ᠡᠷᠳᠡᠨᠢ ᠪᠣᠯᠪᠠ᠃ ᠳᠤᠮᠳᠠᠳᠤ ᠤᠯᠤᠰ᠎ᠤᠨ ᠲᠡᠦᠬᠡ᠎ᠶ᠋ᠢᠨ ᠰᠤᠳᠤᠯᠭᠠᠨ᠎ᠤ ᠬᠦᠷᠢᠶᠡᠯᠡᠩ᠎ᠦᠨ ᠳᠡᠳ᠋ ᠳᠠᠷᠤᠭ᠎ᠠ᠂ ᠰᠤᠳᠤᠯᠤᠭ᠍ᠴᠢ ᠯᠢᠦ ᠭᠦᠸᠧ ᠱᠢᠶᠠᠩ᠄ ᠰᠢᠷ᠎ᠠ ᠬᠠᠰ ᠯᠤᠤ ᠵᠢᠨ ᠰᠣᠩᠭᠣᠭ᠍ᠰᠠᠨ ᠮᠠᠲ᠋ᠧᠷᠢᠶᠠᠯ ᠨᠢ ᠰᠠᠢ᠌ᠨ᠂ ᠰᠡᠢᠯᠦᠭ᠌ᠰᠡᠨ ᠨᠢ ᠨᠠᠷᠢᠯᠢᠭ᠂ ᠳᠦᠷᠰᠦ ᠪᠠᠢᠳᠠᠯ ᠨᠢ ᠲᠡᠭᠵᠢᠨ ᠴᠤᠪᠤᠭᠤᠯᠢᠭ᠂ ᠬᠤᠩᠱᠠᠨ ᠰᠣᠶᠣᠯ᠎ᠤᠨ ᠬᠠᠰ ᠡᠳ᠋ᠯᠡᠯ᠎ᠦᠨ ᠬᠡᠯᠪᠡᠷᠢ ᠵᠢᠴᠢ ᠭᠠᠷ ᠤᠷᠠᠯᠠᠯ᠎ᠤᠨ ᠣᠨᠴᠠᠯᠢᠭ ᠲᠠᠢ ᠬᠤᠩᠱᠠᠨ ᠰᠣᠶᠣᠯ᠎ᠤᠨ ᠬᠠᠰ ᠡᠳ᠋ᠯᠡᠯ᠎ᠦᠨ ᠰᠣᠳᠣᠨ ᠪᠦᠲᠦᠭᠡᠯ ᠪᠠᠢᠵᠤ᠂ ᠤᠯᠤᠰ᠎ᠤᠨ ᠡᠷᠳᠡᠨᠢ ᠭᠡᠵᠦ᠍ ᠬᠡᠯᠡᠵᠦ᠍ ᠪᠣᠯᠤᠨ᠎ᠠ ᠭᠡᠵᠦ ᠦᠵᠡᠪᠡ᠃

2024 ᠣᠨ᠎ᠳᠤ ᠮᠠᠯᠲᠠᠵᠤ ᠭᠠᠷᠭᠠᠭ᠍ᠰᠠᠨ ᠬᠠᠰ ᠡᠳ᠋ᠯᠡᠯ᠎ᠡᠴᠡ ᠯᠢᠩ ᠵᠢᠶᠠ ᠲᠠᠨ᠎ᠤ ᠰᠣᠶᠣᠯ᠎ᠤᠨ ᠬᠠᠰ ᠲᠢᠲᠢᠮ᠎ᠲᠡᠶ ᠠᠳᠠᠯᠢᠪᠲᠤᠷ ᠡᠳ᠋ᠯᠡᠯ ᠣᠯᠳᠠᠪᠠ᠃ ᠭᠦᠸᠧ ᠳ᠋ᠡ ᠱᠦᠨ ᠠᠪᠤᠭᠠᠶ ᠲᠠᠨᠢᠯᠴᠠᠭᠤᠯᠬᠤ᠎ᠳᠠᠭᠠᠨ ᠄《ᠠᠨᠾᠦ᠋ᠢ ᠮᠤᠵᠢ᠎ᠶ᠋ᠢᠨ ᠯᠢᠩ ᠵᠢᠶᠠ ᠲᠠᠨ᠎ᠡᠴᠡ ᠪᠠᠰᠠ ᠯᠤᠤ ᠭᠠᠷᠤᠳᠢ᠎ᠶ᠋ᠢᠨ ᠨᠡᠢᠯᠡᠮᠡᠯ ᠴᠣᠭ᠍ᠴᠠᠳᠤ ᠬᠠᠰ ᠡᠳ᠋ᠯᠡᠯ᠎ᠢ ᠢᠯᠡᠷᠡᠭᠦᠯᠵᠡᠢ᠂ ᠲᠡᠷᠡ ᠨᠢ ᠬᠠᠪᠢᠷᠭᠠᠨ ᠬᠠᠰ ᠰᠢᠬ ᠪᠠᠢᠵᠤ᠂ ᠬᠣᠶᠠᠷ ᠦᠵᠦᠭᠦᠷ ᠤ᠋ᠨ ᠬᠢᠨᠢ ᠨᠢᠭᠡ ᠦᠵᠦᠭᠦᠷ ᠨᠢ ᠯᠤᠤ᠎ᠶ᠋ᠢᠨ ᠲᠣᠯᠣᠭᠠᠶ᠂ ᠨᠥᠭᠥᠭᠡ ᠦᠵᠦᠭᠦᠷ ᠨᠢ ᠭᠠᠷᠤᠳᠢ᠎ᠶ᠋ᠢᠨ ᠲᠣᠯᠣᠭᠠᠶ ᠪᠠᠢᠵᠤ᠂ ᠬᠡᠯᠪᠡᠷᠢ ᠨᠢ ᠨᠡᠯᠢᠶᠡᠳ ᠲᠥᠬᠥᠮ᠂ ᠯᠤᠤ᠎ᠶ᠋ᠢᠨ ᠲᠣᠯᠣᠭᠠᠶ ᠪᠠ ᠭᠠᠷᠤᠳᠢ᠎ᠶ᠋ᠢᠨ ᠲᠣᠯᠣᠭᠠᠶ ᠨᠢ ᠴᠦ᠍ ᠨᠡᠯᠢᠶᠡᠳ ᠲᠥᠬᠥᠮ ᠪᠠᠢᠳᠠᠭ》 ᠭᠡᠵᠡᠢ᠃

ᠠᠯᠢ ᠡᠷᠲᠡ ᠨᠢᠦ ᠾᠧ ᠯᠢᠶᠠᠩ ᠡᠴᠡ ᠣᠯᠳᠠᠭ᠍ᠰᠠᠨ ᠯᠣᠣ ᠭᠠᠷᠤᠳᠢ ᠵᠢᠨ ᠬᠠᠰ ᠵᠡᠭᠦᠯᠲᠡ ᠪᠣᠯ ᠳᠡᠭᠡᠳᠦ ᠬᠡᠮᠵᠢᠶ᠎ᠡ᠎ᠪᠡᠷ ᠷᠢᠳᠢ ᠱᠢᠳᠢᠴᠢᠯᠡᠭ᠌ᠰᠡᠨ ᠬᠣᠶᠠᠷ ᠠᠮᠢᠲᠠᠨ ᠪᠣᠯᠤᠨ᠎ᠠ᠂ ᠲᠡᠷᠡ ᠨᠢ ᠵᠥᠪᠬᠡᠨ 10 ᠰᠠᠨᠲ᠋ᠢᠮᠧᠲ᠋ᠷ ᠣᠷᠳᠣ᠂ 8 ᠰᠠᠨᠲ᠋ᠢᠮᠧᠲ᠋ᠷ ᠥᠷᠭᠡᠨ ᠬᠠᠪᠳᠠᠰᠤᠯᠢᠭ ᠬᠠᠰ ᠡᠳ᠋ᠯᠡᠯ ᠳᠡᠭᠡᠷ᠎ᠡ ᠢᠯᠡᠷᠡᠭᠰᠡᠨ ᠪᠠᠢᠳᠠᠭ᠃ 《ᠯᠣᠣ ᠭᠠᠷᠤᠳᠢ᠎ᠶ᠋ᠢᠨ ᠲᠣᠯᠣᠭᠠᠢ ᠵᠢᠨ ᠬᠡᠰᠡᠭ ᠢ᠋ ᠨᠢ ᠳᠣᠪᠣᠢᠯᠭᠠᠵᠤ᠂ ᠰᠡᠭᠦᠯ ᠤ᠋ᠨ ᠬᠡᠰᠡᠭ ᠢ᠋ ᠨᠢ ᠳᠥᠭᠥᠮᠴᠢᠯᠡᠳᠡᠭ᠃ ᠭᠠᠷᠤᠳᠢ᠎ᠶ᠋ᠢᠨ ᠲᠢᠲᠢᠮ᠂ ᠨᠢᠳᠦ᠂ ᠤᠶᠠᠩᠭᠠᠯᠠᠯ᠂ ᠯᠣᠣ᠎ᠶ᠋ᠢᠨ ᠡᠪᠡᠷ᠂ ᠨᠢᠳᠦ᠂ ᠬᠠᠮᠠᠷ᠂ ᠠᠮᠠ ᠨᠢ ᠪᠦᠷ ᠲᠣᠪ ᠲᠣᠳᠣᠷᠬᠠᠶ᠃ ᠬᠠᠷᠢᠨ ᠲᠡᠳᠡᠨ᠎ᠦ ᠠᠲᠤᠷᠢᠭ᠍ᠰᠠᠨ ᠰᠡᠭᠦᠯ ᠨᠢ ᠮᠠᠰᠢ ᠣᠬᠣᠷ ᠪᠠᠢᠵᠥ᠂ ᠬᠠᠮᠲᠤ ᠨᠠᠭᠠᠯᠳᠤᠵᠤ ᠪᠠᠢᠳᠠᠭ᠃ ᠡᠭᠦᠨ᠎ᠡᠴᠡ ᠬᠤᠩᠱᠠᠨ ᠰᠣᠶᠣᠯ᠎ᠤᠨ ᠦᠶ᠎ᠡ᠎ᠶ᠋ᠢᠨ ᠤᠷᠠᠯᠢᠭ᠎ᠤᠨ ᠰᠡᠳᠭᠢᠬᠦᠶ᠂ ᠤᠷᠠᠯᠢᠭ᠎ᠤᠨ ᠠᠷᠭ᠎ᠠ ᠪᠠᠷᠢᠯ᠎ᠤᠨ ᠤᠷᠢᠳᠴᠢᠯᠠᠭ᠍ᠰᠠᠨ ᠬᠡᠮᠵᠢᠶ᠎ᠡ᠎ᠶ᠋ᠢ ᠮᠡᠳᠡᠵᠦ᠍ ᠪᠣᠯᠤᠨ᠎ᠠ᠂ ᠲᠡᠷᠡ ᠮᠦᠷᠳᠡᠬᠡᠨ ᠯᠣᠣ ᠭᠠᠷᠤᠳᠢ᠎ᠶ᠋ᠢᠨ ᠥᠯᠵᠡᠢ ᠪᠡᠯᠭᠡ᠎ᠲᠡᠶ ᠰᠣᠶᠣᠯ᠎ᠤᠨ ᠣᠢᠯᠠᠭᠠᠭ᠍ᠳᠠᠬᠤᠨ ᠨᠢ ᠣᠳᠣ ᠪᠣᠯᠲᠠᠯ᠎ᠠ ᠦᠷᠭᠦᠯᠵᠢᠯᠡᠭ᠌ᠰᠡᠭᠡᠷ ᠪᠠᠢᠨ᠎ᠠ》 ᠬᠡᠵᠥ ᠤᠯᠠᠭᠠᠨᠬᠠᠳᠠ ᠳᠡᠭᠡᠳᠦ ᠰᠤᠷᠭᠠᠭᠤᠯᠢ᠎ᠶ᠋ᠢᠨ ᠳᠡᠳ᠋ ᠵᠠᠬᠢᠷᠤᠯ ᠰᠦᠨ ᠶᠦᠩ ᠭᠠᠩ ᠬᠡᠯᠡᠪᠡ᠃

ᠬᠤᠩᠱᠠᠨ ᠬᠠᠰ ᠡᠳ᠋ᠯᠡᠯ ᠪᠣᠯᠤᠨ ᠯᠢᠩ ᠵᠢᠶᠠ ᠲᠠᠨ᠎ᠤ ᠬᠠᠰ ᠡᠳ᠋ᠯᠡᠯ ᠨᠢ ᠬᠥᠮᠦᠨ᠎ᠢ ᠰᠣᠴᠢᠭᠠᠮ᠎ᠠ ᠠᠳᠠᠯᠢᠪᠲᠤᠷ ᠪᠠᠢᠵᠤ᠂ 《ᠡᠷᠲᠡᠨ᠎ᠦ ᠤᠯᠤᠰ》 ᠤ᠋ᠨ ᠬᠣᠭᠣᠷᠣᠨᠳᠣ ᠠᠯᠤᠰ ᠬᠤᠯᠠ᠎ᠶ᠋ᠢᠨ ᠰᠣᠶᠣᠯ᠎ᠤᠨ ᠰᠣᠯᠢᠯᠴᠠᠭ᠎ᠠ ᠣᠷᠣᠱᠢᠵᠤ ᠪᠠᠢᠬᠤ᠎ᠶ᠋ᠢ ᠢᠯᠡᠷᠡᠭᠦᠯᠵᠡᠢ᠃

ᠸᠠᠭᠠᠷ ᠰᠠᠪᠠ ᠪᠠᠷ ᠠᠪᠴᠦ ᠬᠡᠯᠡᠭᠰᠡᠨ ᠴᠸ᠋ ᠬᠣᠩᠱᠠᠨ ᠰᠣᠶᠣᠯ᠎ᠤᠨ ᠥᠩᠭᠡᠲᠦ ᠸᠠᠭᠠᠷ ᠨᠢ ᠭᠡᠨᠡᠳᠲᠡ ᠢᠯᠡᠷᠡᠭ᠌ᠰᠡᠨ ᠱᠢᠭ᠃

ᠬᠠᠭᠤᠴᠢ ᠰᠤᠳᠤᠯᠤᠭ᠍ᠴᠢ᠎ᠶ᠋ᠢᠨ ᠦᠵᠡᠬᠦ᠌᠎ᠪᠡᠷ ᠬᠤᠩᠱᠠᠨ ᠰᠣᠶᠣᠯ᠎ᠤᠨ ᠥᠩᠭᠡᠲᠦ ᠸᠠᠭᠠᠷ᠎ᠤᠨ ᠢᠯᠡᠷᠡᠭ᠌ᠰᠡᠨ ᠨᠢ ᠬᠠᠳᠤᠨ ᠭᠤᠤᠯ᠎ᠤᠨ ᠰᠠᠪᠠ ᠭᠠᠵᠠᠷ᠎ᠤᠨ ᠥᠩᠭᠡᠲᠦ ᠸᠠᠭᠠᠷ᠎ᠤᠨ ᠡᠯᠧᠮᠧᠨ᠋ᠲ᠎ᠢ ᠱᠢᠩᠭᠡᠭᠡᠭ᠌ᠰᠡᠨ ᠪᠣᠯᠪᠠᠴᠤ᠌ ᠪᠠᠰᠠ ᠥᠪᠡᠷ᠎ᠦᠨ ᠣᠨᠴᠠᠯᠢᠭ᠎ᠢᠶᠠᠨ ᠬᠠᠳᠠᠭᠠᠯᠠᠵᠠᠶ᠃

ᠠᠷᠤ ᠬᠣᠷᠴᠢᠨ ᠬᠣᠱᠢᠭᠤᠨ᠎ᠤ ᠬᠠᠷᠢᠶ᠎ᠠ ᠡᠴᠡ ᠣᠯᠳᠠᠭ᠍ᠰᠠᠨ ᠬᠠᠷ᠎ᠠ ᠥᠩᠭᠡᠲᠦ ᠤᠯᠠᠭᠠᠨ ᠸᠠᠭᠠᠷ ᠤ᠋ᠨ ᠲᠦᠩᠰᠠ᠂ ᠤᠯᠠᠭᠠᠨ ᠸᠠᠭᠠᠷ ᠤ᠋ᠨ ᠳᠡᠭᠡᠷ᠎ᠡ ᠵᠢᠷᠤᠭ᠍ᠰᠠᠨ ᠬᠠᠷ᠎ᠠ ᠬᠡ ᠨᠢ ᠲᠥᠪ ᠠᠽᠢᠶ᠎ᠠ᠎ᠶ᠋ᠢᠨ ᠷᠣᠮᠪ ᠳᠥᠷᠪᠡᠯᠵᠢᠨ ᠬᠡ᠂ ᠬᠠᠲᠤᠨ ᠭᠣᠣᠯ᠎ᠤᠨ ᠰᠠᠪᠠ ᠭᠠᠵᠠᠷ᠎ᠤᠨ ᠶᠠᠩᠱᠤᠤ᠎ᠶ᠋ᠢᠨ ᠰᠣᠶᠣᠯ᠎ᠤᠨ ᠰᠠᠷᠭᠠᠢ ᠴᠡᠴᠡᠭ᠎ᠦᠨ ᠬᠡ ᠪᠣᠯᠤᠨ ᠬᠤᠩᠱᠠᠨ ᠰᠣᠶᠣᠯ᠎ᠤᠨ ᠤᠭ ᠨᠤᠲᠤᠭ᠎ᠤᠨ ᠯᠣᠣ᠎ᠶ᠋ᠢᠨ ᠬᠠᠢᠷᠰᠤᠨ ᠬᠡ᠎ᠲᠡᠶ ᠪᠠᠢᠨ᠎ᠠ᠃

《 ᠡᠨᠡ ᠪᠣᠯ 5000 ᠵᠢᠯ᠎ᠦᠨ ᠡᠮᠦᠨ᠎ᠡ ᠠᠽᠢᠶ᠎ᠠ ᠲᠢᠪ᠎ᠦᠨ ᠵᠡᠭᠦᠨ ᠪᠠᠷᠠᠭᠤᠨ ᠪᠣᠯᠤᠨ ᠳᠤᠮᠳᠠᠳᠤ ᠤᠯᠤᠰ᠎ᠤᠨ ᠡᠮᠦᠨᠡᠲᠦ ᠤᠮᠠᠷᠠᠲᠤ᠎ᠶ᠋ᠢᠨ ᠬᠡᠳᠦᠨ ᠵᠦᠢᠯ᠎ᠦᠨ ᠠᠮᠢᠵᠢᠷᠠᠯ᠎ᠤᠨ ᠬᠦᠴᠦᠨ ᠪᠠᠳᠠᠷᠠᠭ᠍ᠰᠠᠨ ᠡᠷᠲᠡᠨ᠎ᠦ ᠰᠣᠶᠣᠯ ᠡᠨᠳᠡ ᠰᠣᠯᠢᠯᠴᠠᠭ᠎ᠠ ᠬᠢᠵᠦ᠍ ᠴᠤᠭ᠍ᠯᠠᠷᠠᠭ᠍ᠰᠠᠨ ᠤ᠋ ᠨᠡᠢᠲᠡᠯᠢᠭ ᠵᠢᠱ᠌ᠢᠢ᠎ᠡ ᠪᠣᠯᠤᠨ᠎ᠠ ᠬᠡᠵᠥ ᠰᠤ᠌ ᠪᠢᠩ ᠴᠢ ᠠᠪᠤᠭᠠᠢ ᠬᠡᠯᠡᠵᠥ ᠦᠩᠬᠡᠷᠡᠵᠡᠢ᠃ ᠸᠧᠶ ᠵᠢᠶᠠ ᠸᠸ ᠫᠦ᠎ᠶ᠋ᠢᠨ ᠪᠠᠭᠤᠷᠢ᠎ᠠᠴᠠ ᠮᠠᠯᠲᠠᠵᠤ ᠭᠠᠷᠭᠠᠭ᠍ᠰᠠᠨ ᠪᠦᠬᠡᠷᠡᠩᠬᠡᠢ ᠰᠠᠭᠤᠷᠢ ᠳᠠᠢ ᠲᠣᠭᠣᠭ᠎ᠠ ᠨᠢ ᠾᠸᠤ ᠭᠠᠩ ᠤ᠋ᠨ ᠨᠢᠭᠡᠳᠦᠭᠡᠷ ᠬᠤᠭᠤᠴᠠᠭᠠᠨ᠎ᠤ ᠰᠣᠶᠣᠯ᠎ᠤᠨ ᠣᠨᠴᠠᠯᠢᠭ᠎ᠢᠶᠠᠷ ᠢᠯᠡᠷᠬᠡᠶ ᠪᠠᠢᠵᠤ᠂ ᠶᠠᠭ ᠯᠠ ᠾᠸᠤ ᠭᠠᠩ ᠬᠥᠮᠦᠰ ᠪᠠᠭᠠᠵᠢ ᠬᠡᠷᠡᠭ᠌ᠰᠡᠯ᠎ᠢᠶᠡᠨ ᠲᠡᠪᠡᠷᠢᠭᠡᠳ ᠬᠤᠩᠱᠠᠨ ᠣᠷᠣᠨ᠎ᠳᠤ ᠢᠷᠡᠭ᠌ᠰᠡᠨ᠎ᠲᠡᠶ ᠠᠳᠠᠯᠢ》 ᠰᠦᠨ ᠶᠦᠩ ᠭᠠᠩ ᠬᠡᠪᠡ᠃

ᠳᠤᠮᠳᠠᠳᠤ ᠤᠯᠤᠰ᠎ᠤᠨ ᠨᠡᠢᠭᠡᠮ᠎ᠦᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠬᠠᠭᠤᠴᠢ ᠰᠤᠳᠤᠯᠤᠯ᠎ᠤᠨ ᠰᠤᠳᠤᠯᠭᠠᠨ᠎ᠤ ᠭᠠᠵᠠᠷ᠎ᠤᠨ ᠰᠤᠳᠤᠯᠤᠭ᠍ᠴᠢ ᠸᠠᠩ ᠷᠧᠨ ᠱᠢᠶᠠᠩ ᠠᠪᠤᠭᠠᠶ᠂ ᠰᠣᠶᠣᠯ᠎ᠤᠨ ᠬᠣᠭᠣᠷᠣᠨᠳᠣᠬᠢ ᠤᠯᠠᠮᠵᠢᠯᠠᠯ ᠪᠠ ᠨᠥᠯᠥᠭᠡ ᠪᠣᠯ ᠬᠠᠷᠢᠯᠴᠠᠨ ᠨᠦᠯᠦᠬᠡᠯᠴᠡᠬᠦ᠂ ᠬᠤᠤᠰ ᠴᠢᠭ᠌ᠯᠡᠯ᠎ᠦᠨ ᠪᠠᠢᠬᠤ ᠶᠣᠰᠣᠲᠠᠶ ᠬᠡᠵᠥ ᠦᠵᠡᠵᠥ᠂ 《ᠡᠾᠧᠨᠠᠨ᠎ᠤ ᠱᠠᠨ ᠱᠢᠶᠠᠨ᠎ᠤ ᠮᠢᠶᠣᠣ ᠳ᠋ᠢ ᠭᠸᠤ ᠪᠠᠭᠤᠷᠢ᠎ᠠᠴᠠ ᠮᠠᠯᠲᠠᠵᠤ ᠭᠠᠷᠭᠠᠭ᠍ᠰᠠᠨ ᠨᠢᠭᠡ ᠬᠡᠰᠡᠭ ᠡᠷᠭᠢᠭᠦᠯᠭᠡᠨ ᠬᠡ᠎ᠲᠡᠶ ᠥᠩᠭᠡᠲᠦ ᠸᠠᠭᠠᠷ᠎ᠤᠨ ᠬᠡ ᠤᠭᠠᠯᠵᠠ᠎ᠶ᠋ᠢᠨ ᠬᠡᠪ ᠨᠠᠮᠪᠠ ᠪᠠ ᠶᠠᠩᠱᠤᠤ᠎ᠶ᠋ᠢᠨ ᠰᠣᠶᠣᠯ᠎ᠤᠨ ᠥᠩᠭᠡᠲᠦ ᠸᠠᠭᠠᠷ᠎ᠤᠨ ᠢᠯᠭᠠᠭ᠎ᠠ ᠢᠯᠡᠷᠬᠡᠢ ᠪᠠᠢᠵᠤ᠂ ᠬᠤᠩᠱᠠᠨ ᠰᠣᠶᠣᠯ᠎ᠠᠴᠠ ᠱᠢᠭᠤᠳ ᠤᠯᠠᠮᠵᠢᠯᠠᠭ᠍ᠳᠠᠨ ᠢᠷᠡᠭ᠌ᠰᠡᠨ ᠥᠩᠭᠡᠲᠦ ᠸᠠᠭᠠᠷ ᠪᠠᠢᠵᠤ ᠮᠡᠳᠡᠨ᠎ᠡ》 ᠬᠡᠪᠡ᠃

ᠬᠣᠩᠱᠠᠨ ᠤ᠋ ᠥᠩᠭᠡᠲᠦ ᠸᠠᠭᠠᠷ ᠨᠢ ᠪᠠᠰᠠ ᠨᠢᠭᠡ ᠵᠦᠢᠯ᠎ᠦᠨ ᠢᠷᠣᠭᠠᠷ ᠦᠭᠡᠢ ᠳᠦᠩᠰᠡᠨ ᠬᠡᠯᠪᠡᠷᠢ᠎ᠲᠡᠶ ᠰᠠᠪᠠ ᠪᠠᠢᠵᠤ᠂ ᠣᠯᠠᠩᠬᠢ ᠵᠢ ᠨᠢ ᠪᠤᠯᠠᠰᠢ ᠪᠠ ᠲᠠᠬᠢᠯᠭ᠎ᠠ᠎ᠶ᠋ᠢᠨ ᠪᠠᠭᠤᠷᠢ ᠡᠴᠡ ᠢᠯᠡᠷᠡᠭᠦᠯᠦᠭ᠌ᠰᠡᠨ ᠪᠠᠢᠨ᠎ᠠ᠃ ᠵᠠᠷᠢᠮ ᠰᠤᠳᠤᠯᠭᠠᠲᠠᠳ ᠡᠴᠡ  ᠸᠠᠭᠠᠷ ᠳᠦᠩᠰᠡᠨ ᠬᠡᠯᠪᠡᠷᠢᠲᠦ ᠰᠠᠪᠠ ᠨᠢ ᠲᠠᠷᠢᠶᠠᠯᠠᠩ ᠠᠵᠤ ᠠᠬᠤᠶ ᠬᠥᠭ᠌ᠵᠢᠭ᠌ᠰᠡᠨ᠂ ᠬᠥᠮᠦᠨ ᠠᠮᠠ ᠥᠨᠢᠷ ᠣᠯᠠᠨ᠂ ᠠᠮᠢ ᠨᠠᠰᠤ ᠦᠷᠭᠦᠯᠵᠢᠯᠡᠭ᠌ᠰᠡᠨ ᠣᠨᠴᠠᠭᠠᠶ ᠡᠭᠦᠷᠭᠡ᠎ᠶ᠋ᠢ ᠠᠴᠢᠶᠠᠯᠠᠵᠤ᠂ ᠲᠩᠷᠢ᠎ᠶ᠋ᠢ ᠬᠦᠨᠳᠦᠳᠭᠡᠨ ᠠᠷᠠᠳ᠎ᠢ ᠬᠠᠮᠠᠭᠠᠯᠠᠬᠤ ᠦᠵᠡᠯ ᠰᠠᠨᠠᠭᠠᠨ᠎ᠤ ᠡᠭᠦᠰᠦᠯ᠎ᠳᠦ ᠰᠠᠭᠤᠷᠢ ᠳᠠᠯᠪᠢᠵᠥ ᠦᠭᠴᠡᠢ ᠬᠡᠵᠥ ᠦᠵᠡᠪᠡ᠃

ᠡᠭᠦᠨ᠎ᠡᠴᠡ ᠭᠠᠳᠠᠨ᠎ᠠ ᠪᠠᠯᠠᠷ ᠡᠷᠲᠡᠨ᠎ᠦ ᠰᠣᠶᠣᠯ᠎ᠤᠨ ᠡᠯ᠎ᠡ ᠵᠦᠢᠯ᠎ᠦᠨ ᠪᠣᠳᠠᠰ᠎ᠤᠨ ᠪᠠ ᠰᠣᠶᠣᠯ᠎ᠤᠨ ᠡᠯᠧᠮᠧᠨ᠋ᠲ ᠳᠣᠲᠣᠷ᠎ᠠ ᠬᠥᠮᠦᠨ᠎ᠦ ᠳᠦᠷᠢ ᠲᠥᠷᠬᠦ᠌ ᠲᠡᠷᠢᠭᠦᠨ ᠪᠠᠢᠷᠢ᠎ᠶ᠋ᠢ ᠡᠵᠡᠯᠡᠵᠦ᠍᠂ ᠠᠩᠬᠠᠷᠤᠯ᠎ᠤᠨ ᠬᠡᠮᠵᠢᠶ᠎ᠡ ᠨᠢ ᠴᠦ᠍ ᠬᠠᠮᠤᠭ ᠥᠨᠳᠥᠷ ᠪᠠᠢᠳᠠᠭ᠂ ᠳᠡᠯᠡᠬᠡᠶ᠎ᠶ᠋ᠢᠨ ᠡᠯ᠎ᠡ ᠤᠯᠤᠰ᠎ᠤᠨ ᠬᠠᠭᠤᠴᠢ ᠰᠤᠳᠤᠯᠤᠯ᠎ᠤᠨ ᠢᠯᠡᠷᠡᠭᠦᠯᠦᠯᠲᠡ ᠨᠢ ᠶᠡᠷᠦ᠍᠎ᠡᠴᠡ ᠡᠢᠮᠦ᠍ ᠪᠠᠢᠳᠠᠭ᠃《ᠳᠦᠷᠰᠦ ᠪᠦᠲᠦᠭᠡᠯᠲᠡ ᠪᠣᠯ ᠬᠤᠩᠱᠠᠨ ᠰᠣᠶᠣᠯ᠎ᠤᠨ ᠬᠠᠮᠤᠭ᠎ᠤᠨ ᠴᠢᠬᠤᠯᠠ ᠮᠠᠯᠲᠠᠵᠤ ᠭᠠᠷᠭᠠᠭ᠍ᠰᠠᠨ ᠪᠠᠭᠠᠵᠢ ᠬᠡᠷᠡᠭ᠌ᠰᠡᠯ ᠮᠥᠨ》 ᠭᠡᠵᠦ᠍ ᠰᠦᠨ ᠶᠦᠩ ᠭᠠᠩ ᠬᠡᠯᠡᠪᠡ᠃

ᠭᠦᠸᠧ ᠳ᠋ᠡ ᠱᠦᠨ ᠠᠪᠤᠭᠠᠶ 《ᠳᠠᠭᠢᠨᠢ》 ᠲᠠᠶ ᠠᠭᠤᠯᠵᠠᠭ᠍ᠰᠠᠨ ᠪᠠᠢᠳᠠᠯ᠎ᠢᠶᠠᠨ ᠬᠠᠮᠤᠭ᠎ᠡᠴᠡ ᠮᠠᠷᠲᠠᠵᠤ ᠴᠢᠳᠠᠬᠤ ᠥᠬᠡᠶ ᠶᠤᠮ᠂ ᠳᠠᠭᠢᠨᠢ᠎ᠶ᠋ᠢᠨ ᠬᠥᠷᠥᠭ᠎ᠢ ᠳᠡᠭᠡᠳᠦ ᠬᠡᠮᠵᠢᠶ᠎ᠡ᠎ᠪᠡᠷ ᠪᠣᠳᠠᠲᠠᠶ ᠪᠢᠴᠢᠭ᠌ᠰᠡᠨ ᠪᠣᠯᠬᠣᠷ ᠰᠠᠬᠢᠭᠤᠯᠰᠤᠨᠴᠢᠯᠠᠭ᠍ᠰᠠᠨ ᠡᠪᠦᠭᠡ ᠳᠡᠭᠡᠳᠦᠰ᠎ᠦᠨ ᠱᠢᠲᠦᠭᠡᠨ ᠪᠠᠢᠬᠤ ᠶᠣᠰᠣᠲᠠᠶ ᠭᠡᠵᠦ᠍ ᠦᠵᠡᠳᠡᠭ᠃ ᠲᠠᠬᠢᠨᠢ ᠵᠢᠨ ᠬᠥᠷᠥᠭ ᠪᠣᠯ 《ᠡᠷᠲᠡᠨ᠎ᠦ ᠳᠤᠮᠳᠠᠳᠤ᠎ᠶ᠋ᠢᠨ ᠠᠷᠠᠰᠤᠲᠠᠨ᠎ᠤ ᠰᠤᠳᠤᠯᠤᠯ ᠪᠠ ᠦᠨᠳᠦᠰᠦᠲᠡᠨ᠎ᠦ ᠲᠡᠦᠬᠡ᠎ᠶ᠋ᠢ ᠰᠤᠳᠤᠯᠤᠭ᠍ᠰᠠᠨ ᠨᠡᠢᠲᠡᠯᠢᠭ ᠦᠯᠢᠭᠡᠷ ᠳᠠᠭᠤᠷᠢᠶᠠᠯ ᠮᠥᠨ》᠂ 《ᠦᠶ ᠣᠯᠠᠨ ᠶᠠᠨᠳᠢ ᠬᠤᠸᠠᠩᠳᠢ᠎ᠶ᠋ᠢᠨ ᠦᠷᠡᠳᠦᠰ ᠱᠢᠷ᠎ᠠ ᠱᠢᠷᠣᠶ᠎ᠪᠠᠷ ᠪᠦᠲᠦᠭᠡᠭ᠌ᠰᠡᠨ 5000 ᠵᠢᠯ᠎ᠦᠨ ᠡᠮᠦᠨᠡᠬᠢ ᠳᠡᠭᠡᠳᠦᠰ᠎ᠦᠨ ᠳᠦᠷᠢ᠎ᠶ᠋ᠢ ᠠᠩᠬ᠎ᠠ ᠤᠳᠠᠭ᠎ᠠ ᠣᠯᠵᠤ ᠬᠠᠷᠠᠭ᠍ᠰᠠᠨ ᠪᠠᠢᠨ᠎ᠠ》 ᠭᠡᠵᠤ ᠦᠵᠡᠪᠡ᠃

ᠡᠭᠦᠨ᠎ᠲᠡᠶ ᠠᠳᠠᠯᠢ᠎ᠪᠠᠷ ᠠᠤᠬᠠᠨ᠎ᠤ ᠪᠠᠯᠠᠷ ᠡᠷᠲᠡᠨ᠎ᠦ ᠰᠣᠶᠣᠯ᠎ᠤᠨ ᠮᠦᠽᠧᠶ᠎ᠳᠦ ᠨᠠᠨᠳᠢᠩᠨᠠᠨ ᠬᠠᠳᠠᠭᠠᠯᠠᠵᠤ ᠪᠠᠢᠭ᠍ᠰᠠᠨ 《ᠳᠤᠮᠳᠠᠳᠤ᠎ᠶ᠋ᠢᠨ ᠳᠡᠭᠡᠳᠦᠰ᠎ᠦᠨ ᠰᠠᠬᠢᠭᠤᠯᠰᠤᠨ》 ᠨᠢ 55 ᠰᠠᠨᠲ᠋ᠢᠮᠧᠲ᠋ᠷ ᠥᠨᠳᠥᠷ᠂ ᠳᠡᠭᠡᠷ᠎ᠡ ᠪᠡᠶ᠎ᠡ ᠨᠢ ᠠᠰᠭᠠᠨ᠂ ᠵᠠᠪᠢᠯᠠᠨ ᠰᠠᠭᠤᠵᠤ᠂ ᠪᠠᠷᠠᠭᠤᠨ ᠭᠠᠷ᠎ᠵᠢᠡᠷ ᠵᠢᠡᠨ ᠵᠡᠭᠦᠨ ᠭᠠᠷ᠎ᠤᠨ ᠪᠠᠭᠤᠤ᠎ᠪᠡᠨ ᠪᠠᠷᠢᠵᠤ᠂ ᠪᠡᠶ᠎ᠡ ᠪᠠᠢᠳᠠᠯ ᠨᠢ ᠲᠥᠪᠯᠡᠭᠦᠨ᠂ ᠳᠦᠷᠢ ᠪᠠᠢᠳᠠᠯ ᠨᠢ ᠲᠦᠪ ᠴᠢᠬᠢᠮᠠᠢ᠂ ᠮᠠᠯᠠᠭᠠᠶ ᠵᠡᠭᠦᠵᠦ᠍᠂ ᠬᠣᠶᠠᠷ ᠨᠢᠳᠦ᠍᠎ᠪᠡᠨ ᠪᠦᠯᠲᠡᠢᠯᠭᠡᠨ᠂ ᠠᠮᠠ᠎ᠪᠠᠨ ᠠᠩᠭᠠᠢᠵᠤ᠂ ᠵᠠᠷᠯᠢᠭ ᠪᠠᠭᠤᠯᠭᠠᠵᠤ ᠪᠠᠢᠭ᠎ᠠ ᠪᠤᠶᠤ ᠡᠰᠡᠬᠦᠯ᠎ᠡ ᠶᠠᠭᠤ ᠨᠢᠭᠡ᠎ᠶ᠋ᠢ ᠤᠩᠱᠢᠵᠤ ᠪᠠᠢᠭ᠎ᠠ ᠨᠢ ᠢᠯᠡᠷᠬᠡᠶ ᠪᠠᠢᠯ᠎ᠠ᠃

《ᠡᠨᠡ ᠪᠣᠯ ᠪᠦᠭᠡ᠎ᠶ᠋ᠢᠨ ᠳᠦᠷᠢ ᠮᠥᠨ᠃ ᠪᠠᠭᠤᠷᠢ ᠳᠣᠲᠣᠷ᠎ᠠ ᠸᠠᠭᠠᠷ᠎ᠤᠨ ᠬᠥᠮᠦᠨ᠎ᠦ ᠲᠤᠰᠭᠠᠶ ᠪᠠᠢᠭᠤᠯᠤᠭ᠍ᠰᠠᠨ ᠭᠡᠷ ᠪᠠᠢᠨ᠎ᠠ᠂ ᠲᠡᠭᠦᠨ᠎ᠦ ᠨᠡᠷ᠎ᠡ ᠬᠦᠨᠳᠦ᠍᠎ᠲᠡᠶ᠎ᠶ᠋ᠢ ᠬᠠᠷᠠᠭᠤᠯᠵᠤ ᠪᠠᠢᠨ᠎ᠠ᠃ ᠸᠠᠭᠠᠷ᠎ᠤᠨ ᠬᠥᠮᠦᠨ ᠮᠠᠯᠠᠭᠠᠶ ᠵᠡᠭᠦᠵᠦ᠍ ᠪᠠᠰᠠ ᠮᠠᠯᠠᠭᠠᠶ᠎ᠶ᠋ᠢᠨ ᠲᠥᠪ᠎ᠲᠡᠶ᠂ ᠡᠨᠡ ᠨᠢ ᠪᠠᠰᠠ ᠪᠡᠶ᠎ᠡ᠎ᠶ᠋ᠢᠨ ᠭᠠᠷᠤᠯ ᠪᠠ ᠪᠠᠢᠷᠢ ᠰᠠᠭᠤᠷᠢ᠎ᠶ᠋ᠢᠨ ᠪᠡᠯᠭᠡ ᠲᠡᠮᠳᠡᠭ ᠪᠤᠯᠤᠨ᠎ᠠ》 ᠭᠡᠵᠦ᠍ ᠠᠸ᠋ᠬᠠᠨ᠎ᠤ ᠪᠠᠯᠠᠷ ᠡᠷᠲᠡᠨ᠎ᠦ ᠰᠣᠶᠣᠯ᠎ᠤᠨ ᠮᠦᠽᠧᠶ᠎ᠶ᠋ᠢᠨ ᠤᠤᠯ᠎ᠤᠨ ᠳᠠᠷᠤᠭ᠎ᠠ ᠲᠢᠶᠠᠨ ᠶᠠᠨ ᠭᠦᠸᠧ ᠬᠡᠯᠡᠪᠡ᠃

ᠭᠦᠸᠧ ᠳ᠋ᠡ ᠱᠦᠨ ᠠᠪᠤᠭᠠᠶ ᠲᠤᠬᠠᠶ᠎ᠶ᠋ᠢᠨ ᠵᠢᠯ᠎ᠳᠦ ᠠᠸ᠋ᠬᠠᠨ ᠬᠣᠱᠢᠭᠤᠨ᠎ᠤ ᠱᠢᠩ ᠯᠦᠩ ᠭᠸᠤ ᠵᠢᠨ ᠪᠠᠭᠤᠷᠢ᠎ᠡᠴᠡ ᠨᠢᠭᠡ ᠸᠠᠭᠠᠷ᠎ᠤᠨ ᠬᠥᠮᠦᠨ᠎ᠢ ᠮᠠᠯᠲᠠᠵᠤ ᠭᠠᠷᠭᠠᠭ᠍ᠰᠠᠨ᠎ᠢ ᠣᠯᠵᠤ ᠮᠡᠳᠡᠭᠡᠳ 《ᠡᠨᠡ ᠬᠦ᠌ ᠬᠥᠮᠦᠨ᠎ᠦ ᠱᠤᠭᠤᠮᠠᠯ ᠨᠢ ᠰᠠᠬᠢᠭᠤᠯᠰᠤᠨ ᠶᠤᠮ ᠦᠦ ᠪᠦᠭᠡ ᠶᠤᠮ ᠦᠦ ᠭᠡᠳᠡᠭ᠎ᠢ ᠳᠠᠬᠢᠨ ᠰᠤᠳᠤᠯᠬᠤ ᠴᠢᠬᠤᠯᠠᠲᠠᠶ᠃ ᠡᠨᠡ ᠪᠣᠯ ᠬᠤᠩᠱᠠᠨ ᠰᠣᠶᠣᠯ᠎ᠤᠨ ᠭᠦᠨᠵᠡᠭᠡᠢ ᠰᠤᠳᠤᠯᠬᠤ ᠬᠡᠷᠡᠭ᠌ᠲᠡᠢ ᠨᠢᠭᠡᠨ ᠰᠡᠳᠦᠪ ᠪᠣᠯᠬᠤ ᠪᠥᠭᠡᠳ ᠪᠦᠬᠦᠢᠯᠡ ᠡᠷᠲᠡᠨ᠎ᠦ ᠲᠡᠦᠬᠡ᠎ᠲᠡᠶ ᠬᠣᠯᠪᠣᠭ᠍ᠳᠠᠬᠤ ᠪᠣᠯᠬᠣᠷ ᠮᠠᠰᠢ ᠴᠢᠬᠤᠯᠠ ᠶᠤᠮ》 ᠭᠡᠵᠤ ᠦᠵᠡᠪᠡ᠃

ᠬᠡᠳᠦᠨ ᠠᠷᠪᠠᠨ ᠵᠢᠯ᠎ᠤᠨ ᠢᠯᠡᠷᠡᠬᠦᠯᠦᠯᠳᠠ ᠪᠠ ᠰᠤᠳᠤᠯᠤᠯᠳᠠ᠎ᠢᠶᠠᠷ ᠬᠤᠨᠭᠱᠠᠨ ᠰᠣᠶᠣᠯ᠎ᠳᠤ ᠣᠯᠠᠨ ᠠᠷᠪᠢᠨ ᠲᠡᠦᠬᠡ᠎ᠶ᠋ᠢᠨ ᠳᠤᠷᠠᠰᠭᠠᠯᠲᠤ ᠵᠦᠶ᠋ᠯ ᠪᠣᠶ ᠪᠣᠯᠵᠠᠶ᠃ ᠪᠠᠷᠤᠭ ᠪᠤᠢ ᠪᠦᠬᠦᠢ ᠲᠡᠦᠬᠡ᠎ᠶ᠋ᠢᠨ ᠳᠤᠷᠠᠰᠭᠠᠯᠲᠤ ᠵᠦᠢᠯ ᠨᠢ ᠴᠥᠮ ᠡᠯᠪᠡᠭ ᠪᠠᠶᠠᠯᠢᠭ ᠲᠡᠦᠬᠡ᠎ᠶ᠋ᠢᠨ ᠪᠣᠯᠪᠠᠰᠤᠨ᠎ᠤ ᠮᠡᠳᠡᠭᠡ ᠵᠠᠩᠭᠢ᠎ᠶ᠋ᠢ ᠠᠴᠢᠶᠠᠯᠠᠵᠤ᠂ ᠢᠯᠡ ᠲᠣᠳᠣ ᠭᠠᠵᠠᠷ ᠣᠷᠣᠨ᠎ᠤ ᠣᠨᠴᠠᠯᠢᠭ᠂ ᠦᠨᠳᠦᠰᠦᠲᠡᠨ᠎ᠦ ᠣᠨᠴᠠᠯᠢᠭ ᠪᠣᠯᠤᠨ ᠦᠨᠳᠦᠰᠦᠲᠡᠨ᠎ᠦ ᠰᠣᠶᠣᠯ᠎ᠤᠨ ᠢᠮ ᠲᠠᠮᠠᠭ᠎ᠠ᠎ᠲᠠᠶ ᠪᠠᠢᠵᠤ᠂ ᠳᠤᠮᠳᠠᠳᠤ᠎ᠶ᠋ᠢᠨ ᠦᠨᠳᠦᠰᠦᠲᠡᠨ᠎ᠦ 《ᠠᠮᠢ ᠨᠠᠰᠤᠨ᠎ᠤ ᠴᠤᠭ ᠵᠢᠪᠬᠤᠭ᠎ᠠ》 ᠵᠢ ᠨᠢᠭ᠍ᠲᠠᠷᠠᠭᠤᠯᠵᠤ ᠪᠠᠢᠳᠠᠭ᠃

ᠬᠤᠩᠱᠠᠨ ᠰᠣᠶᠣᠯ᠎ᠳᠤ ᠯᠣᠣ᠎ᠶ᠋ᠢᠨ ᠲᠣᠲ᠋ᠧᠮ᠂ ᠬᠠᠰ᠎ᠢ ᠳᠡᠭᠡᠳᠦᠯᠡᠳᠡᠭ ᠰᠣᠶᠣᠯ᠎ᠤᠨ ᠤᠯᠠᠮᠵᠢᠯᠠᠯ᠎ᠢ ᠪᠤᠢ ᠪᠣᠯᠭᠠᠵᠤ᠂ ᠲᠩᠷᠢ ᠬᠥᠮᠦᠨ ᠨᠢᠭᠡᠳᠦᠭ᠌ᠰᠡᠨ᠂ ᠡᠪᠦᠭᠡ ᠳᠡᠭᠡᠳᠦᠰ᠎ᠢᠶᠡᠨ ᠳᠡᠭᠡᠳᠦᠯᠡᠳᠡᠭ ᠣᠷᠴᠢᠯᠠᠩ᠎ᠤᠨ ᠦᠵᠡᠯᠲᠡ ᠪᠠ ᠨᠡᠢᠭᠡᠮ᠎ᠦᠨ ᠦᠵᠡᠯᠲᠡ ᠨᠢ ᠨᠢᠭᠡᠨᠲᠡ ᠳᠤᠮᠳᠠᠳᠤ᠎ᠶ᠋ᠢᠨ ᠪᠣᠯᠪᠠᠰᠤᠨ᠎ᠤ ᠣᠷᠭᠠᠨᠢᠭ ᠪᠦᠷᠢᠯᠳᠦᠬᠦᠨ ᠪᠣᠯᠵᠤ᠂ ᠲᠠᠰᠤᠷᠠᠯᠲᠠ ᠦᠭᠡᠢ ᠦᠷᠭᠦᠯᠵᠢᠯᠡᠵᠦ᠍᠂ ᠡᠷᠲᠡᠨ᠎ᠡᠴᠡ ᠡᠳᠦᠭᠡ ᠪᠣᠯᠲᠠᠯ᠎ᠠ ᠤᠯᠠᠮᠵᠢᠯᠠᠭ᠍ᠳᠠᠭ᠍ᠰᠠᠭᠠᠷ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号