ᠡᠶ᠎ᠠ ᠵᠤᠭᠢᠴᠠᠨᠭᠭᠤᠢ ᠬᠠᠮᠳᠤ ᠪᠡᠷ ᠤᠷᠤᠰᠢᠬᠤ ᠬᠠᠯᠠᠭᠤᠨ ᠳᠤᠯᠠᠭᠠᠨ ᠭᠡᠷ ᠣᠷᠣᠨ — 《ᠬᠣᠩᠱᠠᠨ ᠰᠣᠶᠣᠯ》 ᠢ᠋ ᠨᠡᠷᠡᠢᠳᠦᠭ᠌ᠰᠡᠨ ᠳᠠᠯᠠᠨ ᠵᠢᠯ᠎ᠦᠨ ᠣᠢ᠎ᠶ᠋ᠢᠨ ᠱᠢᠷᠢᠰ ᠮᠡᠳᠡᠭᠡᠯᠡᠯ (ᠭᠤᠷᠪᠠ)
2024-09-22 10:12:59
ᠵᠣᠬᠢᠶᠠᠭ᠍ᠴᠢ᠄
ᠸᠠᠩ ᠵᠢᠩ ᠢᠦᠶ ᠯᠢ ᠴᠢᠶᠠᠨ
ᠣᠩᠱᠢᠭ᠍ᠰᠠᠨ ᠣᠳᠠᠭ᠎ᠠ᠄
★★★☆☆

2024 ᠣᠨ᠎ᠤ 4 ᠰᠠᠷ᠎ᠠ᠎ᠠᠴᠠ ᠡᠬᠢᠯᠡᠭ᠌ᠰᠡᠨ ᠬᠠᠭᠤᠴᠢ ᠰᠤᠳᠤᠯᠤᠯ᠎ᠤᠨ ᠠᠭᠤᠳᠠᠯᠤᠯᠳᠠ᠎ᠳᠤ᠂ ᠤᠯᠠᠭᠠᠨᠬᠠᠳᠠ ᠬᠣᠲᠠ᠎ᠶ᠋ᠢᠨ ᠠᠸ᠋ᠬᠠᠨ ᠬᠣᠱᠢᠭᠤ ᠡᠴᠡ ᠮᠠᠯᠲᠠᠵᠤ ᠭᠠᠷᠭᠠᠭ᠍ᠰᠠᠨ ᠬᠤᠷᠠᠮᠠᠯ ᠴᠢᠯᠠᠭᠤᠨ ᠪᠤᠩᠬᠤᠨ ᠪᠣᠯ ᠣᠳᠣᠬᠠᠨ᠎ᠤ ᠥᠪᠥᠷ ᠮᠣᠩᠭᠣᠯ᠎ᠤᠨ ᠬᠠᠭᠤᠴᠢ ᠰᠤᠳᠤᠯᠤᠯ᠎ᠤᠨ ᠠᠭᠤᠳᠠᠯᠤᠯᠳᠠ ᠳ᠋ᠡᠬᠢ ᠬᠠᠮᠤᠭ᠎ᠤᠨ ᠲᠣᠮᠣ ᠬᠤᠩᠱᠠᠨ ᠰᠣᠶᠣᠯ᠎ᠤᠨ ᠰᠡᠭᠦᠯᠴᠢ᠎ᠶ᠋ᠢᠨ ᠦᠶ᠎ᠡ᠎ᠶ᠋ᠢᠨ ᠬᠤᠷᠠᠮᠠᠯ ᠴᠢᠯᠠᠭᠤᠨ ᠪᠤᠩᠬᠤᠨ ᠪᠣᠯᠬᠤ ᠪᠥᠭᠡᠳ ᠠᠩᠬ᠎ᠠ ᠢᠯᠡᠷᠡᠭᠦᠯᠦᠭ᠌ᠡᠳ ᠪᠠᠢᠭ᠎ᠠ ᠡᠮᠦᠨ᠎ᠠ ᠪᠡᠨ ᠳᠦᠷᠪᠡᠯᠵᠢᠨ ᠠᠷᠤ ᠳ᠋ᠠᠭᠠᠨ ᠲᠣᠭᠣᠷᠢᠭ ᠬᠡᠯᠪᠡᠷᠢᠳᠡᠢ᠂ ᠡᠮᠤᠨ᠎ᠡ ᠨᠢ ᠮᠠᠨᠳᠠᠯ ᠠᠷᠤ ᠳ᠋ᠤᠨᠢ ᠪᠤᠩᠬᠤᠨ ᠪᠠᠢᠵᠦ᠂ ᠪᠤᠩᠬᠤᠨ ᠳᠠᠬᠢᠯᠭ᠎ᠠ ᠵᠢ ᠨᠢᠭᠡ ᠴᠤᠭ᠍ᠴᠠᠵᠢᠭᠤᠯᠤᠭ᠍ᠰᠠᠨ ᠪᠠᠷᠢᠯᠭ᠎ᠠ᠎ᠶ᠋ᠢᠨ ᠦᠯᠡᠳᠡᠭ᠌ᠳᠡᠯ ᠪᠣᠯᠤᠨ᠎ᠠ᠃

《ᠳᠤᠭᠤᠷᠢᠭ ᠳᠣᠪᠣᠴᠠᠭ᠎ᠲᠤ ᠳᠡᠭᠷᠢ ᠳᠠᠭᠢᠵᠥ᠂ ᠳᠦᠷᠪᠡᠯᠵᠢᠨ ᠳᠣᠪᠣᠴᠠᠭ᠎ᠲᠤ ᠭᠠᠵᠠᠷ ᠯᠤᠤᠰ ᠳᠠᠭᠢᠵᠥ᠂  ᠰᠦᠮ᠎ᠡ ᠬᠡᠢᠳ ᠲᠤ᠌ ᠳᠡᠬᠡᠳᠦᠰ ᠵᠢᠡᠨ ᠳᠠᠭᠢᠨᠠᠮ》᠃

ᠬᠤᠩᠱᠠᠨ ᠰᠣᠶᠣᠯ᠎ᠤᠨ ᠶᠣᠰᠣᠯᠠᠯᠲᠤ ᠪᠠᠷᠢᠯᠭ᠎ᠠ ᠳᠡᠯᠡᠬᠡᠶ᠎ᠳᠦ ᠠᠯᠳᠠᠷᠲᠠᠶ᠂ ᠲᠠᠬᠢᠯᠭ᠎ᠠ᠎ᠶ᠋ᠢᠨ ᠪᠠᠭᠤᠷᠢ᠎ᠳᠤ ᠲᠩᠷᠢ᠎ᠵᠢ ᠳᠠᠬᠢᠬᠤ ᠳᠣᠪᠣᠴᠠᠭ᠂ ᠭᠠᠵᠠᠷ ᠯᠤᠤᠰ ᠢ᠋ ᠳᠠᠬᠢᠬᠤ ᠳᠦᠷᠪᠡᠯᠵᠢᠨ ᠮᠠᠨᠳᠠᠯ ᠪᠠᠢᠬᠤ᠎ᠪᠠᠷ ᠪᠠᠷᠠᠬᠤ ᠦᠭᠡᠶ ᠂ ᠪᠠᠰᠠ ᠡᠪᠦᠭᠡ ᠳᠡᠭᠡᠳᠦᠰ᠎ᠢᠶᠡᠨ ᠲᠠᠬᠢᠬᠤ ᠰᠦᠮ᠎ᠡ ᠬᠡᠢᠳ ᠪᠠᠢᠳᠠᠭ᠃

《ᠦᠨᠳᠦᠷ ᠳᠡᠭᠷᠢ ᠲᠤᠭᠤᠢᠬᠠᠨ ᠵᠢᠡᠷ ᠳᠦᠷᠪᠡᠨ ᠴᠠᠬ ᠵᠢᠡᠨ ᠡᠬᠡᠯᠵᠢᠯᠡᠬᠦᠯᠵᠥ᠂ ᠡᠬᠡ ᠭᠠᠵᠠᠷ ᠨᠠᠮ ᠲᠤᠬᠳᠠᠭᠤᠨ ᠵᠢᠡᠷ ᠳᠦᠮᠡᠨ ᠪᠤᠳᠠᠰ ᠢ᠋ ᠠᠮᠢᠯᠠᠭᠤᠯᠤᠨ᠎ᠠ》᠃ ᠬᠤᠩᠱᠠᠨ ᠤ᠋ ᠤᠷᠢᠳᠤᠰ ᠡᠭᠡ ᠪᠠᠢᠭᠠᠯᠢ᠎ᠠᠴᠠ ᠰᠣᠶᠣᠷᠬᠠᠭ᠍ᠰᠠᠨ ᠠᠯᠢᠪᠠ ᠪᠦᠬᠦᠨ᠎ᠳᠦ ᠲᠠᠯᠠᠷᠬᠠᠵᠤ᠂ ᠰᠠᠢ᠌ᠨ ᠰᠠᠢᠬᠠᠨ ᠠᠮᠢᠳᠤᠷᠠᠯ᠎ᠤᠨ ᠬᠦᠰᠡᠯ ᠡᠷᠡᠮᠡᠯᠵᠡᠯ᠎ᠡᠴᠡ ᠪᠤᠯᠵᠤ᠂ ᠪᠢᠱᠢᠷᠡᠨ ᠵᠢᠷᠦᠬᠡᠱᠢᠶᠡᠬᠦ᠌ ᠪᠠ ᠬᠦᠰᠡᠯ ᠡᠪᠦᠷᠯᠡᠵᠦ᠍᠂ ᠰᠠᠯᠬᠢ ᠪᠣᠷᠣᠭᠠᠨ ᠲᠡᠭ᠌ᠰᠢ᠂ 《ᠲᠦᠷᠦ᠍》 ᠳᠦᠪᠰᠢᠨ ᠳᠦᠮᠡᠨ ᠠᠮᠤᠭᠤᠯᠠᠩ ᠪᠠᠢᠬᠤ᠎ᠶ᠋ᠢ ᠬᠦᠰᠡᠨ ᠡᠷᠡᠮᠡᠯᠵᠡᠵᠦ᠍ ᠪᠠᠢᠪᠠ᠃

ᠨᠢᠤ ᠾᠧ ᠯᠢᠶᠠᠩ᠎ᠤᠨ ᠪᠠᠭᠤᠷᠢ᠎ᠶ᠋ᠢᠨ ᠬᠡᠪᠴᠢᠶ᠎ᠡ ᠨᠢ 50 ᠲᠡᠭ᠌ᠰᠢ ᠳᠥᠷᠪᠡᠯᠵᠢᠨ ᠺᠢᠯᠣᠮᠧᠲ᠋ᠷ᠎ᠲᠦ ᠬᠦᠷᠴᠦ᠍᠂ ᠮᠠᠨᠳᠠᠯ᠂ ᠰᠦᠮ᠎ᠡ᠂ ᠪᠤᠩᠬᠤᠨ ᠪᠦᠷ ᠪᠦᠷᠢᠨ ᠪᠠᠢᠪᠠ᠃ 《ᠡᠨᠡ ᠬᠦ᠌ ᠬᠡᠯᠪᠡᠷᠢ ᠨᠢ ᠤᠯᠤᠰ᠎ᠤᠨ ᠲᠠᠬᠢᠯᠭ᠎ᠠ᠎ᠶ᠋ᠢᠨ ᠣᠨᠴᠠᠯᠢᠭ ᠳᠠᠢ ᠶᠤᠮ᠃ ᠡᠨᠡ ᠨᠢ ᠶᠠᠨᠱᠠᠨ ᠠᠭᠤᠯᠠ᠎ᠠᠴᠠ ᠤᠮᠠᠷᠠᠱᠢᠬᠢ 〈ᠡᠷᠲᠡᠨ᠎ᠦ ᠬᠦᠷᠦᠨ〉 ᠨᠤᠬᠥᠤᠨ ᠨᠢ ᠳᠤᠮᠳᠠᠳᠤ᠎ᠶ᠋ᠢᠨ ᠡᠬᠡ ᠭᠠᠵᠠᠷ᠎ᠤᠨ ᠡᠯ᠎ᠡ ᠪᠠᠯᠠᠷ ᠡᠷᠲᠡᠨ᠎ᠦ ᠰᠣᠶᠣᠯ᠎ᠤᠨ ᠡᠮᠦᠨ᠎ᠡ ᠡᠩᠨᠡᠭᠡᠨ᠎ᠳᠦ ᠤᠷᠤᠭ᠍ᠰᠠᠨ᠎ᠢ ᠬᠠᠷᠠᠭᠤᠯᠵᠤ ᠪᠠᠢᠨ᠎ᠠ》 ᠬᠡᠵᠥ ᠤᠯᠠᠭᠠᠨᠬᠠᠳᠠ ᠳᠡᠭᠡᠳᠦ ᠰᠤᠷᠭᠠᠭᠤᠯᠢ᠎ᠶ᠋ᠢᠨ ᠳᠡᠳ᠋ ᠵᠠᠬᠢᠷᠤᠯ ᠰᠦᠨ ᠶᠦᠩ ᠭᠠᠩ ᠬᠡᠯᠡᠪᠡ᠃

ᠭᠦᠸᠧ ᠳ᠋ᠡ ᠱᠦᠨ ᠠᠪᠤᠭᠠᠶ᠂ ᠡᠢᠮᠤᠷᠬᠦᠦ ᠣᠷᠣᠨ ᠰᠠᠭᠤᠴᠠ᠎ᠠᠴᠠ ᠭᠠᠳᠠᠨ᠎ᠠ ᠲᠤᠰᠠᠭᠠᠷ ᠣᠷᠣᠱᠢᠵᠤ ᠪᠠᠢᠭ᠎ᠠ 《ᠮᠠᠨᠳᠠᠯ ᠰᠦᠮ᠎ᠡ  ᠪᠤᠩᠬᠤᠨ》 ᠭᠤᠷᠪᠠ᠎ᠶ᠋ᠢ ᠨᠢᠭᠡ ᠴᠤᠭ᠍ᠴᠠᠵᠢᠭᠤᠯᠤᠭ᠍ᠰᠠᠨ ᠢᠵᠢ ᠪᠥᠷᠢᠳᠦᠭ᠌ᠰᠡᠨ ᠬᠠᠮᠲᠤᠷᠠᠯ᠎ᠳᠤ ᠭᠤᠤᠯ ᠳᠡᠳ᠋ ᠪᠠ ᠡᠮᠦᠨ᠎ᠡ ᠤᠮᠠᠷ᠎ᠠ᠎ᠶ᠋ᠢᠨ ᠳᠤᠮᠳᠠ ᠲᠡᠩᠭᠡᠯᠢᠭ᠎ᠦᠨ ᠶᠡᠷᠦᠩᠬᠡᠶ ᠪᠠᠢᠷᠢᠱᠢᠭᠤᠯᠤᠯᠲᠠ ᠪᠣᠶ᠂ 《ᠨᠢᠤ ᠾᠧ ᠯᠢᠶᠠᠩ᠎ᠤᠨ ᠡᠢᠮᠦᠷᠬᠦᠦ ᠭᠤᠤᠯ ᠪᠠᠭᠤᠷᠢ᠎ᠳ᠋ᠤ ᠪᠠᠢᠬᠤ ᠪᠡᠷ ᠪᠠᠷᠠᠬᠤ ᠥᠬᠡᠶ᠂ ᠪᠠᠰᠠ ᠳ᠋ᠦᠩ ᠱᠠᠨ ᠽᠦᠶ᠂ ᠼᠤᠤ ᠮᠤᠤ ᠱᠠᠨ᠂ ᠪᠠᠨ ᠯᠠ ᠱᠠᠨ ᠮᠡᠲᠦ᠍᠎ᠶ᠋ᠢᠨ ᠡᠢᠮᠦᠷᠬᠦᠦ ᠡᠩ᠎ᠦᠨ ᠪᠠᠭᠤᠷᠢ᠎ᠳ᠋ᠤ ᠪᠠᠰᠠ ᠬᠠᠷᠠᠬᠳᠠᠵᠥ᠂ ᠪᠠᠷᠢᠯᠭ᠎ᠠ᠎ᠶ᠋ᠢᠨ ᠪᠠᠢᠷᠢᠱᠢᠭᠤᠯᠤᠯᠲᠠ᠎ᠶ᠋ᠢᠨ ᠳᠦᠷᠢᠮᠵᠢᠭ᠌ᠰᠡᠨ᠎ᠦ ᠢᠯᠡᠷᠡᠯ ᠪᠣᠯᠤᠨ᠎ᠠ》 ᠬᠡᠵᠥ ᠵᠢᠭᠠᠵᠥ ᠭᠠᠷᠭᠠᠵᠥ ᠦᠩᠬᠡᠷᠡᠪᠡ᠃

ᠼᠤᠤ ᠮᠤᠤ ᠱᠠᠨ ᠠᠭᠤᠯᠠᠨ᠎ᠤ ᠪᠠᠭᠤᠷᠢ᠎ᠶ᠋ᠢᠨ ᠡᠮᠦᠨ᠎ᠡ ᠵᠣᠭ᠍ᠰᠣᠵᠤ᠂ ᠠᠸ᠋ᠬᠠᠨ᠎ᠤ ᠪᠠᠯᠠᠷ ᠡᠷᠲᠡᠨ᠎ᠦ ᠰᠣᠶᠣᠯ᠎ᠤᠨ ᠮᠦᠽᠧᠶ᠎ᠶ᠋ᠢᠨ ᠤᠤᠯ᠎ᠤᠨ ᠳᠠᠷᠤᠭ᠎ᠠ ᠲᠢᠶᠠᠨ ᠶᠠᠨ ᠭᠦᠸᠧ᠂ ᠡᠨᠡ ᠬᠦ᠌ ᠮᠠᠨᠳᠠᠯ ᠪᠤᠩᠬᠤᠨ ᠢ᠋ ᠨᠢᠭᠡᠳᠭᠡᠭ᠌ᠰᠡᠨ ᠪᠠᠷᠢᠯᠭ᠎ᠠ ᠳ᠋ᠤ᠂ ᠡᠮᠦᠨ᠎ᠡ ᠨᠢ ᠮᠠᠨᠳᠠᠯ ᠠᠷᠤ ᠳ᠋ᠤᠨᠢ ᠪᠤᠩᠬᠤᠨ ᠪᠠᠢᠬᠤ ᠡᠮᠦᠨ᠎ᠡ ᠤᠮᠠᠷ᠎ᠠ᠎ᠶ᠋ᠢᠨ ᠪᠠᠢᠷᠢᠱᠢᠯ ᠨᠢ ᠲᠣᠳᠣᠷᠬᠠᠶ᠂ ᠮᠠᠰᠢ ᠡᠮᠬᠢ ᠵᠢᠷᠤᠮ᠎ᠲᠠᠶ᠃ ᠳᠥᠷᠪᠡᠯᠵᠢᠨ ᠴᠢᠯᠠᠭᠤ᠎ᠪᠠᠷ ᠵᠡᠷᠭᠡᠯᠡᠵᠦ᠍ ᠪᠠᠷᠢᠭ᠍ᠰᠠᠨ ᠲᠠᠬᠢᠯᠭ᠎ᠠ᠎ᠶ᠋ᠢᠨ ᠮᠠᠨᠳᠠᠯ ᠨᠢ ᠳᠠᠪᠬᠤᠷ ᠳᠠᠪᠬᠤᠷ ᠭᠤᠷᠪᠠᠨ ᠱᠠᠲᠤ᠎ᠲᠠᠶ᠂ ᠳᠤᠮᠳᠠᠳᠤ ᠤᠯᠤᠰ᠎ᠤᠨ ᠬᠠᠮᠤᠭ᠎ᠤᠨ ᠡᠷᠲᠡᠨ᠎ᠦ 《ᠫᠢᠷᠠᠮᠢᠳ᠋ ᠰᠤᠪᠤᠷᠭ᠎ᠠ》 ᠬᠡᠮᠡᠭ᠌ᠳᠡᠭ᠌ᠰᠡᠨ ᠶᠤᠮ᠃ ᠴᠢᠯᠠᠭᠤᠨ ᠪᠤᠩᠬᠤᠨ ᠤ᠋ ᠵᠡᠭᠦᠨ ᠬᠣᠢᠲᠤ ᠬᠡᠰᠡᠭ᠎ᠦᠨ ᠴᠢᠯᠠᠭᠤᠨ ᠣᠪᠣᠭ᠎ᠠ ᠨᠢ ᠶᠠᠰᠤᠲᠤ ᠮᠡᠯᠡᠬᠡᠶ᠎ᠲᠡᠶ ᠲᠥᠰᠦᠭᠡᠲᠡᠶ᠂ ᠳᠤᠮᠳᠠ ᠬᠡᠰᠡᠭ ᠨᠢ ᠭᠦᠳᠦᠢᠵᠦ᠍᠂ ᠳᠥᠷᠪᠡᠨ ᠥᠨᠴᠥᠭ᠎ᠲᠦ ᠲᠤᠰ ᠪᠦᠷᠢ ᠨᠢᠭᠡ ᠬᠥᠯ᠎ᠢᠶᠡᠨ ᠭᠠᠷᠭᠠᠵᠤ᠂ ᠠᠰ ᠡᠮᠦᠨ᠎ᠡ ᠨᠢ ᠳᠡᠷᠢᠬᠦᠨ ᠵᠢᠡᠨ ᠰᠤᠩᠭᠠᠵᠠᠢ ᠬᠡᠵᠥ ᠶᠠᠷᠢᠵᠥ ᠦᠭᠪᠠ᠃

《ᠡᠨᠡ ᠪᠣᠯ ᠪᠠᠰᠠ ᠴᠤ᠌ ᠮᠠᠨ᠎ᠤ ᠤᠯᠤᠰ᠎ᠤᠨ ᠣᠲᠣ ᠪᠠᠢᠭ᠎ᠠ ᠬᠠᠮᠤᠭ᠎ᠤᠨ ᠡᠷᠲᠡᠨ᠎ᠦ ᠴᠠᠭ ᠦᠶ᠎ᠡ᠎ᠶ᠋ᠢᠨ ᠶᠣᠰᠣᠯᠠᠯ᠎ᠤᠨ ᠪᠠᠷᠢᠯᠭ᠎ᠠ᠎ᠶ᠋ᠢᠨ ᠨᠢᠭᠡ ᠪᠣᠯᠤᠨ᠎ᠠ》᠃ ᠲᠢᠶᠠᠨ ᠶᠠᠨ ᠭᠦᠸᠧ᠂ 《ᠶᠣᠰᠣᠯᠠᠯ ᠪᠣᠯ ᠲᠠᠬᠢᠯᠭ᠎ᠠ᠎ᠠᠴᠠ ᠢᠷᠡᠯᠲᠡ᠎ᠲᠡᠶ ᠶᠤᠮ》᠂ 《ᠣᠲᠣ᠎ᠠᠴᠠ 5000 ᠵᠢᠯ᠎ᠦᠨ ᠡᠮᠦᠨ᠎ᠡ᠂ ᠬᠤᠩᠱᠠᠨ ᠱᠢᠷᠢᠰ ᠰᠣᠶᠣᠯ᠎ᠤᠨ ᠨᠡᠢᠭᠡᠮ᠎ᠳᠦ ᠨᠡᠯᠢᠶᠡᠳ ᠡᠷᠲᠡ ᠡᠭᠦᠰᠦᠨ ᠬᠥᠭ᠌ᠵᠢᠭ᠌ᠰᠡᠨ ᠲᠩᠷᠢ᠎ᠶ᠋ᠢ ᠱᠢᠲᠦᠵᠦ᠍ ᠤᠷᠢᠳᠤᠰ᠎ᠢᠶᠡᠨ ᠳᠡᠭᠡᠳᠦᠯᠡᠬᠦ᠌᠎ᠪᠡᠷ ᠦᠨᠳᠦᠰᠦᠨ ᠠᠭᠤᠯᠤᠭ᠍ᠳᠠᠬᠤᠨ ᠣᠨᠴᠠᠯᠢᠭ ᠪᠣᠯᠭᠠᠭ᠍ᠰᠠᠨ ᠶᠣᠰᠣᠯᠠᠯ᠎ᠤᠨ ᠲᠦᠷᠢᠮ᠎ᠦᠨ ᠤᠯᠠᠮᠵᠢᠯᠠᠯ ᠨᠢ ᠬᠣᠵᠢᠮ᠎ᠤᠨ ᠳᠤᠮᠳᠠᠳᠤ ᠤᠯᠤᠰ᠎ᠤᠨ ᠡᠮᠦᠨᠡᠲᠦ ᠤᠮᠠᠷᠠᠲᠤ᠎ᠶ᠋ᠢᠨ ᠦᠨᠳᠦᠰᠦᠲᠡᠨ᠎ᠨᠦᠭᠦᠳ᠎ᠦᠨ ᠰᠠᠭᠤᠭᠠᠯᠢ ᠠᠷᠠᠳ᠎ᠤᠨ ᠬᠠᠮᠲᠤ᠎ᠶ᠋ᠢᠨ ᠣᠶᠤᠨ ᠰᠠᠨᠠᠭᠠᠨ᠎ᠤ ᠪᠦᠲᠦᠭᠡᠭ᠌ᠳᠡᠬᠦᠨ ᠪᠠ ᠲᠡᠦᠬᠡ ᠰᠣᠶᠣᠯ᠎ᠤᠨ ᠦᠨᠳᠦᠰᠦ ᠰᠤᠷᠪᠤᠯᠵᠢ ᠪᠣᠯᠤᠭ᠍ᠰᠠᠨ ᠪᠠᠢᠨ᠎ᠠ᠃ ᠡᠢᠮᠦᠷᠬᠦᠦ ᠰᠣᠶᠣᠯ᠎ᠤᠨ ᠲᠠᠯ᠎ᠠ᠎ᠪᠠᠷ ᠦᠨᠳᠦᠰᠦ ᠰᠤᠷᠪᠤᠯᠵᠢ ᠨᠢᠭᠡᠲᠡᠶ ᠳᠣᠲᠣᠭᠠᠳᠤ ᠲᠦᠷᠦᠯ᠎ᠦᠨ ᠬᠠᠷᠢᠴᠠᠭ᠎ᠠ ᠨᠢ ᠡᠷᠲᠡᠨ᠎ᠦ ᠳᠤᠮᠳᠠᠳᠤ ᠤᠯᠤᠰ᠎ᠤᠨ ᠬᠡᠳᠦᠨ ᠮᠢᠩᠭᠠᠨ ᠵᠢᠯ᠎ᠦᠨ ᠬᠣᠭᠣᠷᠣᠨᠳᠣᠬᠢ ᠨᠠᠷᠢᠨ ᠪᠤᠳᠤᠯᠢᠶᠠᠨᠲᠠᠶ ᠬᠥᠭ᠌ᠵᠢᠯᠲᠡ᠎ᠶ᠋ᠢᠨ ᠶᠠᠪᠤᠴᠠ᠎ᠳ᠋ᠠᠭᠠᠨ᠂ ᠤᠳᠠᠭ᠎ᠠ ᠪᠤᠯᠭᠠᠨ ᠤ᠋ ᠬᠠᠭᠠᠴᠠᠯ ᠪᠠ ᠬᠡᠰᠡᠭ᠌ᠯᠡᠨ ᠡᠵᠡᠯᠡᠯᠲᠡ᠎ᠶ᠋ᠢᠨ ᠬᠠᠲᠠᠭᠤ ᠴᠢᠩᠭ᠎ᠠ ᠱᠢᠯᠭᠠᠯᠲᠠ᠎ᠶ᠋ᠢ ᠳᠠᠭᠠᠭᠠᠵᠤ᠂ ᠡᠬᠦᠨ ᠵᠢᠡᠷ ᠳᠠᠮᠵᠢᠨ ᠳᠤᠮᠳᠠᠳᠤ᠎ᠶ᠋ᠢᠨ 5000 ᠵᠢᠯ᠎ᠦᠨ ᠶᠤᠰᠤᠯᠠᠯ ᠤ᠋ᠨ ᠳᠦᠷᠢᠮᠲᠦ ᠤᠯᠠᠮᠵᠢᠯᠠᠯᠲᠤ ᠪᠣᠯᠪᠠᠰᠤᠨ᠎ᠢ ᠠᠮᠵᠢᠯᠲᠠ᠎ᠲᠠᠶ᠎ᠪᠠᠷ ᠪᠠᠲᠤᠯᠠᠭ᠍ᠰᠠᠨ ᠪᠠᠢᠨ᠎ᠠ》 ᠬᠡᠵᠥ ᠯᠢᠶᠣᠤᠨᠢᠩ᠎ᠤᠨ ᠪᠠᠭ᠍ᠰᠢ᠎ᠶ᠋ᠢᠨ ᠶᠡᠬᠡ ᠰᠤᠷᠭᠠᠭᠤᠯᠢ᠎ᠶ᠋ᠢᠨ ᠫᠷᠤᠹᠸᠰᠰᠤᠷ ᠲᠢᠶᠠᠨ ᠭᠤᠸᠠᠩ ᠯᠢᠨ ᠠᠪᠤᠭᠠᠢ 2022 ᠣᠨ᠎ᠤ ᠬᠤᠩᠱᠠᠨ ᠰᠣᠶᠣᠯ᠎ᠤᠨ ᠲᠦᠷᠦᠭᠦᠴᠦᠳ᠎ᠦᠨ ᠶᠠᠷᠢᠶᠠᠨ᠎ᠤ ᠲᠠᠪᠴᠠᠩ᠎ᠳᠤ ᠣᠷᠣᠯᠴᠠᠬᠤ᠎ᠳᠠᠭᠠᠨ ᠬᠡᠯᠡᠭ᠌ᠰᠡᠨ ᠶᠤᠮ᠃

ᠨᠢᠤ ᠾᠧ ᠯᠢᠶᠠᠩ᠎ᠤᠨ ᠬᠣᠶᠠᠳᠤᠭᠠᠷ ᠭᠠᠵᠠᠷ᠎ᠤᠨ ᠭᠤᠷᠪᠠᠳᠤᠭᠠᠷ ᠲᠤᠨᠤᠮᠠᠯ ᠴᠢᠯᠠᠭᠤᠨ ᠪᠤᠩᠬᠤᠨ᠎ᠤ ᠶᠡᠷᠦᠩᠬᠡᠶ ᠪᠠᠢᠷᠢᠱᠢᠭᠤᠯᠤᠯᠲᠠ᠎ᠶ᠋ᠢᠨ ᠬᠠᠪᠲᠠᠭᠠᠶ ᠨᠢ ᠲᠣᠭᠣᠷᠢᠭ ᠬᠡᠯᠪᠡᠷᠢᠲᠡᠶ ᠪᠠᠢᠵᠤ᠂ 3 ᠣᠷᠳᠣᠯᠵᠢᠨ ᠬᠡᠯᠪᠡᠷᠢᠲᠡᠶ ᠣᠯᠠᠨ ᠢᠷᠮᠡᠭ᠌ᠲᠦ ᠴᠢᠯᠠᠭᠤᠨ ᠪᠠᠭᠠᠨ᠎ᠠ᠎ᠪᠠᠷ ᠪᠦᠷᠢᠯᠳᠦᠭ᠌ᠰᠡᠨ ᠢᠵᠢᠯᠢ ᠲᠥᠪᠲᠦ ᠲᠣᠭᠣᠷᠢᠭ ᠴᠠᠭᠠᠷᠢᠭ᠎ᠢᠶᠠᠷ ᠪᠦᠷᠢᠯᠳᠦᠵᠦ᠍ ᠂ ᠳ᠋ᠢᠶᠠᠮᠧᠲ᠋ᠷ ᠨᠢ ᠲᠣᠰ ᠲᠣᠰ 20 ᠮᠧᠲ᠋ᠷ᠂ 15.6 ᠮᠧᠲ᠋ᠷ᠂ 11 ᠮᠧᠲ᠋ᠷ ᠣᠷᠴᠢᠮ ᠪᠠᠢᠵᠤ᠂ ᠭᠠᠳᠠᠷ ᠴᠠᠭᠠᠷᠢᠭ ᠨᠢ ᠬᠠᠮᠤᠭ᠎ᠤᠨ ᠳᠤᠤᠷ᠎ᠠ᠂ ᠳᠣᠲᠣᠷ᠎ᠠ ᠴᠠᠭᠠᠷᠢᠭ ᠨᠢ ᠬᠠᠮᠤᠭ᠎ᠤᠨ ᠥᠨᠳᠥᠷ᠂ ᠭᠤᠷᠪᠠᠨ ᠳᠠᠪᠬᠤᠷᠭ᠎ᠠ ᠨᠢ ᠠᠭᠠᠵᠢᠮ ᠵᠢᠡᠷ ᠬᠤᠷᠢᠶᠠᠬᠳᠠᠵᠦ ᠪᠠᠢᠳᠠᠭ᠃

ᠠᠯᠳᠠᠷᠲᠤ ᠣᠳᠣᠨ ᠣᠷᠣᠨ᠎ᠤ ᠬᠠᠭᠤᠴᠢ ᠰᠤᠳᠤᠯᠤᠭ᠍ᠴᠢ ᠹᠸᠡᠭ ᠱ᠌ᠢ ᠠᠪᠤᠭᠠᠶ ᠡᠨᠡ ᠭᠤᠷᠪᠠᠨ ᠴᠠᠭᠠᠷᠢᠭ᠎ᠤᠨ ᠮᠠᠨᠳᠠᠯ᠎ᠳᠠᠬᠢ ᠣᠳᠣᠨ ᠣᠷᠣᠨ᠎ᠤ ᠰᠤᠳᠤᠯᠤᠯ᠎ᠤᠨ ᠤᠳᠭ᠎ᠠ ᠠᠭᠤᠯᠭ᠎ᠠ᠎ᠶ᠋ᠢ ᠠᠩᠬᠠᠷᠤᠯ᠎ᠳᠠᠭᠠᠨ ᠠᠪᠴᠤ᠌ ᠴᠢᠯᠠᠭᠤᠨ ᠮᠠᠨᠳᠠᠯ᠎ᠤᠨ ᠭᠤᠯᠳᠤᠩ ᠬᠡᠯᠪᠡᠷᠢ᠎ᠶ᠋ᠢᠨ ᠭᠠᠳᠠᠷ ᠪᠠᠢᠳᠠᠯ᠎ᠢ ᠲᠩᠷᠢ᠎ᠶ᠋ᠢᠨ ᠬᠥᠩᠬᠥᠷ᠎ᠦᠨ ᠪᠡᠯᠭᠡ ᠲᠡᠮᠳᠡᠭ ᠭᠡᠵᠦ᠍ ᠦᠵᠡᠵᠦ᠍ ᠪᠣᠯᠤᠨ᠎ᠠ᠂ ᠬᠠᠷᠢᠨ 3 ᠢᠵᠢᠯᠢ ᠲᠥᠪᠲᠦ ᠲᠣᠭᠣᠷᠢᠭ᠎ᠢ ᠳ᠋ᠧᠪᠠᠵᠠᠨ᠎ᠤ ᠡᠷᠭᠢᠯᠲᠡ᠎ᠶ᠋ᠢᠨ ᠵᠠᠮ ᠭᠡᠵᠦ᠍ ᠣᠢᠯᠠᠭᠠᠵᠤ ᠪᠣᠯᠤᠨ᠎ᠠ᠃ ᠲᠡᠷᠡ ᠪᠣᠯ 《ᠪᠠᠯᠠᠷ ᠡᠷᠲᠡᠨ᠎ᠦ ᠦᠶ᠎ᠡ᠎ᠶ᠋ᠢᠨ ᠬᠠᠮᠤᠭ᠎ᠤᠨ ᠪᠦᠷᠢᠨ ᠪᠦᠲᠦᠨ ᠰᠠᠨᠰᠠᠷ᠎ᠤᠨ ᠣᠨᠣᠯ᠎ᠤᠨ ᠵᠢᠷᠤᠭ᠍ᠲᠤ ᠲᠠᠢᠯᠪᠤᠷᠢ》᠂ ᠲᠤᠬᠠᠶ᠎ᠶ᠋ᠢᠨ ᠭᠠᠵᠠᠷ᠎ᠤᠨ ᠦᠨᠡᠨ ᠪᠣᠳᠠᠲᠠᠶ ᠣᠳᠣᠨ ᠣᠷᠣᠨ᠎ᠤ ᠦᠵᠡᠭ᠌ᠳᠡᠯ᠎ᠲᠡᠶ 《ᠪᠦᠷᠢᠮᠦᠰᠦᠨ ᠨᠡᠢᠴᠡᠵᠦ᠍》 ᠪᠠᠢᠭ᠎ᠠ 《ᠬᠡᠷᠡᠭ᠌ᠯᠡᠭᠡᠨ᠎ᠦ ᠪᠦᠷᠬᠦᠭᠡᠰᠦ ᠵᠢᠷᠤᠭ》 ᠪᠣᠯᠤᠨ᠎ᠠ ᠭᠡᠵᠤ ᠦᠵᠡᠪᠡ᠃

ᠲᠡᠷᠢᠬᠦᠨ ᠡᠷᠬᠦᠵᠤ ᠣᠷᠣᠨ᠎ᠢ ᠠᠵᠢᠬᠯᠠᠨ᠂ ᠲᠤᠯᠤᠭᠠᠢ ᠪᠦᠬᠦᠢᠨ ᠭᠠᠵᠠᠷ ᠵᠦᠶ᠎ᠶ᠋ᠢ ᠰᠢᠨᠵᠢᠯᠡᠨ᠎ᠠ᠃

ᠰᠡᠴᠡᠨ ᠰᠡᠷᠭᠦᠯᠡᠩ ᠳᠤᠮᠳᠠᠳᠤ᠎ᠶ᠋ᠢᠨ ᠡᠪᠦᠭᠡ ᠳᠡᠭᠡᠳᠦᠰ ᠡᠳᠦᠷ ᠳᠤᠳᠤᠮ᠎ᠤᠨ ᠠᠵᠢᠭ᠍ᠯᠠᠯᠲᠠ᠎ᠶ᠋ᠢᠨ ᠳᠤᠮᠳᠠ᠎ᠪᠠᠨ ᠡᠬᠡᠯ ᠪᠣᠷᠣᠭ᠍ᠵᠢᠭᠤᠨ ᠪᠠᠢᠭᠠᠯᠢ᠎ᠶ᠋ᠢᠨ ᠵᠢᠮ᠎ᠡ ᠶᠣᠰᠣ᠎ᠶ᠋ᠢ ᠢᠯᠡᠷᠡᠭᠦᠯᠦᠭ᠌ᠰᠡᠨ ᠪᠥᠭᠡᠳ ᠥᠪᠡᠷ᠎ᠦᠨ ᠲᠠᠨᠢᠨ ᠮᠡᠳᠡᠬᠦᠶ᠎ᠪᠡᠨ ᠳ᠋ᠦᠩᠨᠡᠨ ᠲᠡᠮᠳᠡᠭ᠌ᠯᠡᠵᠦ᠍᠂ ᠤᠯᠠᠮ ᠨᠢᠭᠡ ᠠᠯᠬᠤᠮ ᠵᠢᠷᠤᠬᠠᠶ ᠵᠣᠬᠢᠶᠠᠵᠠᠶ᠃ 《ᠲᠦᠷᠪᠡᠨ ᠴᠠᠭ᠂ ᠨᠠᠢ᠍ᠮᠠᠨ ᠣᠷᠣᠨ᠂ ᠬᠣᠷᠢᠨ ᠲᠦᠷᠪᠡᠨ ᠴᠠᠭ ᠤᠯᠠᠷᠢᠯ᠂ ᠲᠠᠯᠠᠨ ᠬᠣᠶᠠᠷ ᠴᠠᠭ ᠤᠯᠠᠷᠢᠯ》᠂ ᠡᠳᠡᠭᠡᠷ ᠵᠢᠷᠤᠬᠠᠢ᠎ᠳᠤ ᠡᠷᠲᠡᠨ᠎ᠦ ᠬᠥᠮᠦᠰ᠎ᠦᠨ 《ᠪᠠᠢᠭᠠᠯᠢ᠎ᠶ᠋ᠢᠨ ᠬᠤᠪᠢᠷᠠᠯᠲᠠ᠎ᠶ᠋ᠢ ᠠᠵᠢᠭ᠍ᠯᠠᠵᠤ᠂ ᠪᠠᠢᠭᠠᠯᠢ᠎ᠲᠠᠶ ᠡᠶ᠎ᠠ ᠵᠤᠬᠢᠴᠠᠨᠭᠭᠤᠢ ᠪᠠᠢᠬᠤ》 ᠣᠢᠯᠠᠭᠠᠭ᠍ᠳᠠᠬᠤᠨ ᠠᠭᠤᠯᠤᠭ᠍ᠳᠠᠵᠤ ᠪᠠᠢᠳᠠᠭ᠃

ᠸᠧᠢ ᠵᠢᠶᠠ ᠸᠸ ᠫᠦ᠎ᠶ᠋ᠢᠨ ᠪᠠᠭᠤᠷᠢ ᠪᠣᠯ ᠬᠤᠩᠱᠠᠨ ᠰᠣᠶᠣᠯ᠎ᠤᠨ ᠦᠶ᠎ᠡ᠎ᠶ᠋ᠢᠨ ᠬᠡᠪᠴᠢᠶ᠎ᠡ᠎ᠪᠡᠷ ᠬᠠᠮᠤᠭ᠎ᠤᠨ ᠶᠡᠬᠡ ᠪᠦᠷᠢᠨ ᠪᠦᠲᠦᠨ ᠰᠠᠭᠤᠷᠢᠱᠢᠯ ᠪᠣᠯᠤᠨ᠎ᠠ᠃

《ᠸᠧᠢ ᠵᠢᠶᠠ ᠸᠸ ᠫᠦ᠎ᠶ᠋ᠢᠨ ᠪᠠᠭᠤᠷᠢ᠎ᠶ᠋ᠢᠨ ᠡᠮᠬᠢ ᠳᠢᠭ᠌ᠯᠢᠮ ᠲᠡᠶ ᠪᠠᠢᠷᠢᠱᠢᠯ᠎ᠡᠴᠡ ᠡᠨᠳᠡ ᠠᠮᠢᠳᠤᠷᠠᠵᠤ ᠪᠠᠢᠭ᠎ᠠ ᠬᠥᠮᠦᠰ᠎ᠦᠨ 〈ᠲᠩᠷᠢ ᠭᠠᠵᠠᠷ ᠡᠶ᠎ᠡ ᠨᠠᠢᠷᠲᠠᠢ᠎ᠪᠠᠷ ᠬᠠᠮᠲᠤ ᠣᠷᠣᠱᠢᠵᠤ᠂ ᠬᠥᠮᠦᠰ᠎ᠦᠨ ᠬᠣᠭᠣᠷᠣᠨᠳᠣ ᠡᠶ᠎ᠡ ᠵᠣᠬᠢᠴᠠᠩᠭᠤᠢ᠎ᠪᠠᠷ ᠬᠠᠮᠲᠤ ᠣᠷᠣᠱᠢᠬᠤ〉 ᠪᠠᠢᠳᠠᠯ᠎ᠢ ᠲᠥᠰᠦᠭᠡᠯᠡᠨ ᠮᠡᠳᠡᠵᠤ ᠪᠣᠯᠤᠨ᠎ᠠ 》 ᠭᠡᠵᠦ᠍ ᠲᠢᠶᠠᠨ ᠶᠠᠨ ᠭᠦᠸᠧ ᠬᠡᠯᠡᠪᠡ᠃

ᠤᠯᠠᠭᠠᠨᠬᠠᠳᠠ ᠬᠣᠲᠠ᠎ᠶ᠋ᠢᠨ ᠬᠤᠩᠱᠠᠨ ᠲᠣᠭᠣᠷᠢᠭ᠎ᠤᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠲᠣᠪᠴᠢᠶ᠎ᠠ᠎ᠶ᠋ᠢᠨ ᠵᠧᠸ᠋ ᠢᠦᠶ ᠱ᠌ᠢ ᠸᠧᠶ ᠵᠢᠶᠠ ᠸᠸ ᠫᠦ᠎ᠶ᠋ᠢᠨ ᠪᠠᠭᠤᠷᠢ᠎ᠵᠢᠨ ᠮᠠᠯᠳᠠᠯᠭ᠎ᠠ ᠵᠢᠨ ᠠᠵᠢᠯ ᠎ᠳᠤ ᠣᠷᠣᠯᠴᠠᠵᠤ ᠥᠩᠭᠡᠷᠡᠵᠡᠶ᠂ 2009 ᠣᠨ᠎ᠡᠴᠡ 2012 ᠣᠨ ᠪᠣᠯᠲᠠᠯ᠎ᠠ᠂ 4 ᠵᠢᠯ᠎ᠦᠨ ᠬᠣᠭᠣᠷᠣᠨᠳᠣ ᠸᠧᠶ ᠵᠢᠶᠠ ᠸᠸ ᠫᠦ᠎ᠶ᠋ᠢᠨ ᠪᠠᠭᠤᠷᠢ᠎ᠶ᠋ᠢ ᠨᠡᠢᠲᠡ 15320 ᠲᠡᠭ᠌ᠰᠢ ᠳᠥᠷᠪᠡᠯᠵᠢᠨ ᠮᠧᠲ᠋ᠷ (ᠬᠠᠢᠨ ᠱᠢᠨᠵᠢᠯᠡᠭᠰᠡᠨ ᠲᠠᠯᠠᠪᠠᠶ ᠨᠢ ᠪᠠᠷᠤᠭ 93000 ᠲᠡᠭ᠌ᠰᠢ ᠳᠥᠷᠪᠡᠯᠵᠢᠨ ᠮᠧᠲ᠋ᠷ) ᠮᠠᠯᠲᠠᠵᠤ᠂ 114 ᠬᠡᠷ᠎ᠦᠨ ᠪᠠᠭᠤᠷᠢ᠂ 219 ᠦᠨᠡᠰᠦᠨ ᠨᠦᠬᠡ᠂ 3 ᠭᠤᠤ ᠵᠢᠴᠢ 15 ᠵᠤᠤᠬ᠎ᠠ᠎ᠶ᠋ᠢᠨ ᠤᠷᠤᠮ  ᠵᠡᠷᠭᠡ᠎ᠶ᠋ᠢ ᠨᠤᠲᠠᠯᠠᠵᠤ᠂ ᠶᠡᠬᠡ ᠬᠡᠮᠵᠢᠶᠡᠨ᠎ᠦ ᠸᠠᠭᠠᠷ ᠰᠠᠪᠠ᠂ ᠴᠢᠯᠠᠭᠤᠨ ᠪᠠᠭᠠᠵᠢ᠂ ᠶᠠᠰᠤᠨ ᠡᠪᠡᠷᠲᠦ ᠬᠢᠰᠤᠭ᠎ᠠ ᠵᠢᠴᠢ ᠠᠮᠢᠲᠠᠨ᠎ᠤ ᠠᠷᠤᠭ ᠶᠠᠰᠤ ᠵᠡᠷᠭᠡ ᠦᠯᠡᠳᠡᠭ᠌ᠳᠡᠯ᠎ᠢ ᠢᠯᠡᠷᠡᠭᠦᠯᠵᠡᠶ᠃

ᠸᠧᠢ ᠵᠢᠶᠠ ᠸᠧ ᠫᠦ᠎ᠶ᠋ᠢᠨ ᠪᠠᠭᠤᠷᠢ᠎ᠶ᠋ᠢᠨ ᠲᠦᠷ ᠴᠠᠭ᠎ᠤᠨ ᠦᠵᠡᠭᠦᠯᠭᠡ᠎ᠶ᠋ᠢᠨ ᠰᠠᠷᠠᠪᠴᠢᠨ ᠳᠣᠲᠣᠷ᠎ᠠ᠂ ᠵᠧᠦ ᠢᠦᠢ ᠱᠢ ᠭᠡᠷ᠎ᠦᠨ ᠪᠠᠭᠤᠷᠢ ᠵᠢ ᠵᠢᠭᠠᠵᠤ᠄ 《ᠬᠣᠶᠠᠷ ᠴᠡᠭ᠎ᠨᠢ ᠲᠤᠩ ᠤᠳᠭ᠎ᠠ ᠠᠭᠤᠯᠭ᠎ᠠ᠎ᠲᠠᠶ᠂ ᠰᠡᠳᠭᠢᠨ ᠪᠣᠳᠣᠯᠬᠢᠯᠠᠭᠤᠱᠢᠲᠠᠢ᠂ ᠨᠢᠭᠡ᠎ᠳᠦ᠂ ᠭᠡᠷ᠎ᠦᠨ ᠪᠠᠭᠤᠷᠢ ᠵᠢᠨ ᠡᠭᠦᠳᠡ᠎ᠶ᠋ᠢᠨ ᠴᠢᠭ᠌ᠯᠡᠯ᠎ᠨᠢ ᠠᠳᠠᠯᠢ ᠦᠭᠡᠢ᠂ ᠲᠤᠬᠠᠢ᠎ᠶ᠋ᠢᠨ ᠦᠶ᠎ᠡ᠎ᠳᠦ ᠰᠠᠭᠤᠵᠤ ᠪᠠᠢᠭ᠍ᠰᠠᠨ ᠬᠥᠮᠦᠨ ᠠᠳᠠᠯᠢ ᠪᠤᠰᠤ ᠤᠯᠠᠷᠢᠯ᠎ᠢ ᠦᠨᠳᠦᠰᠦᠯᠡᠨ᠂ ᠰᠠᠯᠬᠢᠨ᠎ᠤ ᠴᠢᠭ᠌ᠯᠡᠯ ᠵᠦᠭ᠎ᠡᠴᠡ ᠠᠯᠢ ᠨᠢᠭᠡ ᠭᠡᠷ᠎ᠢ ᠰᠣᠩᠭᠣᠬᠤ ᠪᠤᠯᠤᠯᠴᠠᠭ᠎ᠠ ᠲᠠᠢ; ᠨᠦᠬᠦᠭᠡ ᠨᠢᠭᠡ ᠵᠦᠢᠯ ᠨᠢ ᠭᠡᠪᠡᠯ᠂ ᠪᠢᠳᠡ ᠬᠣᠶᠠᠷ ᠬᠥᠷᠰᠢ ᠵᠡᠷᠭᠡᠯᠡᠳᠡᠭᠡ ᠭᠡᠷ᠎ᠡᠴᠡ ᠲᠤᠰ ᠲᠤᠰ ᠬᠠᠭᠠᠰ ᠲᠡᠭᠡᠷᠮ᠎ᠡ᠎ᠶ᠋ᠢᠨ ᠲᠤᠰᠤᠭᠤᠷ ᠢ᠋ ᠮᠠᠯᠲᠠᠵᠤ ᠭᠠᠷᠭᠠᠪᠠ ᠂ ᠤᠤᠯ ᠨᠢ ᠪᠦᠬᠦᠯᠢ ᠬᠡᠰᠡᠭ ᠲᠡᠭᠡᠷᠮ᠎ᠡ᠎ᠶ᠋ᠢᠨ ᠲᠤᠰᠤᠭᠤᠷ ᠨᠢ ᠠᠳᠠᠯᠢ ᠪᠤᠰᠤ ᠭᠡᠷ᠎ᠲᠦ ᠬᠤᠪᠢᠶᠠᠭ᠍ᠳᠠᠨ ᠬᠠᠷᠢᠶᠠᠯᠠᠭ᠍ᠳᠠᠵᠤ᠂ ᠡᠨᠡ ᠬᠣᠶᠠᠷ ᠭᠡᠷ ᠨᠢ ᠴᠥᠮ ᠨᠢᠭᠡ ᠭᠡᠷ᠎ᠦᠨ ᠬᠢ ᠪᠠᠢᠵᠤ᠂ ᠡᠰᠡᠬᠦᠯ᠎ᠡ ᠡᠨᠡ ᠭᠡᠷ᠎ᠦᠨ ᠡᠵᠡᠨ ᠨᠢ ᠬᠣᠭᠣᠷᠣᠨᠳᠣ᠎ᠪᠠᠨ ᠬᠠᠷᠢᠴᠠᠭ᠎ᠠ᠎ᠲᠠᠶ ᠪᠠᠢᠵᠤ᠂ ᠠᠬ᠎ᠠ ᠳᠡᠭᠦᠦ᠍᠎ᠡᠴᠡ᠎ᠪᠡᠨ ᠡᠷᠤᠭᠡ ᠰᠠᠯᠤᠭ᠍ᠰᠠᠨ ᠪᠠᠢᠵᠤ ᠮᠡᠳᠡᠨ᠎ᠠ ᠭᠡᠵᠦ᠍ ᠲᠠᠭᠠᠮᠠᠭ᠍ᠯᠠᠵᠤ ᠪᠣᠯᠤᠨ᠎ᠠ》᠃ ᠡᠳᠡᠭᠡᠷ ᠮᠠᠲ᠋ᠧᠷᠢᠶᠠᠯ ᠨᠢ ᠬᠤᠩᠱᠠᠨ ᠰᠣᠶᠣᠯ᠎ᠤᠨ ᠨᠡᠢᠭᠡᠮ᠎ᠦᠨ ᠱᠠᠳᠤ ᠳᠠᠪᠬᠤᠷᠭ᠎ᠠ᠎ᠶ᠋ᠢᠨ ᠪᠠᠢᠭᠤᠯᠤᠯᠲᠠ᠎ᠶ᠋ᠢ ᠤᠯᠠᠮ ᠨᠢᠭᠡ ᠠᠯᠬᠤᠮ ᠰᠤᠳᠤᠯᠬᠤ᠎ᠳᠤ ᠴᠢᠬᠤᠯᠠ ᠰᠡᠩᠬᠡᠷᠡᠭᠦᠯᠦᠯ ᠬᠠᠩᠭᠠᠭ᠍ᠰᠠᠨ ᠪᠠᠢᠨ᠎ᠠ᠃

ᠣᠲᠣ᠎ᠡᠴᠡ ᠲᠠᠪᠤ ᠵᠢᠷᠭᠤᠭᠠᠨ ᠮᠢᠩᠭᠠᠨ ᠵᠢᠯ᠎ᠦᠨ ᠡᠮᠦᠨ᠎ᠡ᠂ ᠪᠠᠷᠠᠭᠤᠨ ᠯᠢᠶᠣᠤᠾᠧ ᠭᠤᠤᠯ᠎ᠤᠨ ᠰᠠᠪᠠ ᠭᠠᠵᠠᠷ᠂ ᠬᠤᠨᠭᠱᠠᠨ ᠤ᠋ ᠡᠪᠦᠭᠡ ᠳᠡᠭᠡᠳᠦᠰ ᠶᠠᠭ ᠴᠢᠷᠮᠠᠢᠨ ᠬᠠᠢᠨ ᠰᠦᠪᠡᠭ᠌ᠴᠢᠯᠡᠵᠦ᠍᠂ ᠢᠯᠡᠷᠡᠭᠦᠯᠵᠦ᠍᠂ ᠦᠰᠦᠨ ᠪᠣᠢᠵᠢᠵᠤ ᠪᠠᠢᠬᠰᠡᠨ ᠢ᠋ ᠲᠦᠰᠦᠭᠡᠯᠡᠵᠤ ᠪᠤᠯᠤᠨ᠎ᠠ᠃

ᠲᠡᠳᠡ ᠬᠠᠯᠠᠭᠤᠨ ᠳᠤᠯᠠᠭᠠᠨ ᠭᠡᠷ ᠣᠷᠣᠨ ᠪᠠᠢᠭᠤᠯᠵᠤ᠂ ᠰᠠᠢᠨ ᠰᠠᠢᠬᠠᠨ᠎ᠢᠶᠠᠷ ᠥᠪᠡᠷ᠎ᠦᠨ ᠠᠮᠢᠳᠤᠷᠠᠯ᠎ᠢᠶᠠᠨ ᠴᠢᠮᠡᠭ᠌ᠯᠡᠵᠦ᠍᠂ ᠲᠡᠳᠡ ᠪᠠᠢᠭᠠᠯᠢ᠎ᠶ᠋ᠢ ᠲᠠᠨᠢᠵᠤ᠂ ᠲᠡᠳᠡ ᠠᠨᠭᠭᠢᠷᠠᠵᠤ ᠤᠳᠤᠬᠰᠡᠨ ᠶᠢᠷᠲᠢᠨᠴᠦ᠍᠎ᠶ᠋ᠢ ᠰᠡᠳᠭᠢᠵᠦ᠍᠂ ᠲᠡᠳᠡ ᠪᠠᠢᠭᠠᠯᠢ᠎ᠡᠴᠡ ᠰᠣᠶᠣᠷᠬᠠᠭ᠍ᠰᠠᠨ ᠠᠯᠢᠪᠠ ᠪᠦᠬᠦᠨ᠎ᠳᠦ ᠲᠠᠯᠠᠷᠬᠠᠵᠤ᠂ ᠲᠡᠳᠡ ᠭᠡᠰᠢᠭ ᠪᠤᠶᠠᠨ ᠬᠤᠷᠠᠵᠤ ᠦᠷ᠎ᠡ ᠬᠣᠢᠴᠢᠰ᠎ᠢ᠋ ᠨᠢ ᠢᠪᠡᠭᠡᠨ ᠰᠤᠶᠤᠷᠬᠠᠬᠤ ᠵᠢ ᠬᠦᠰᠡᠨ ᠲᠠᠭᠠᠳᠬᠠᠨ᠎ᠠ᠃

ᠲᠡᠳᠡ ᠮᠠᠰᠢ ᠣᠯᠠᠨ ᠪᠠᠭᠤᠷᠢ ᠦᠯᠡᠳᠡᠭᠡᠵᠦ᠍᠂ ᠬᠥᠮᠦᠰ᠎ᠦᠨ ᠤᠷᠢᠳᠴᠢᠯᠠᠨ ᠮᠡᠳᠡᠵᠦ᠍ ᠪᠣᠯᠤᠰᠢ ᠦᠭᠡᠢ ᠬᠡᠯᠪᠡᠷᠢ᠎ᠪᠡᠷ ᠲᠡᠳᠡᠨ᠎ᠲᠡᠶ 《ᠠᠭᠤᠯᠵᠠᠬᠤ》 ᠶ᠋ᠢ ᠨᠠᠮ ᠵᠢᠮ ᠬᠦᠯᠢᠶᠡᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠮᠦᠩᠭᠦᠨᠬᠤᠸᠠᠷ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号