《ᠰᠠᠢᠨᠪᠠᠢᠨᠠᠤ? ᠪᠢᠳᠡ ᠪᠤᠯ ᠨᠡᠢᠭᠡᠮ ᠲᠣᠭᠣᠷᠢᠭ᠎ᠤᠨ ᠰᠠᠢᠨ ᠳᠤᠷᠠᠴᠤᠳ᠂ ᠲᠠ ᠨᠠᠷ ᠲᠸ᠋ 2025 ᠤᠨ᠎ᠤ ᠴᠠᠭ ᠤᠯᠠᠷᠢᠯ᠎ᠤᠨ ᠪᠢᠴᠢᠭ᠎ᠢ ᠬᠦᠷᠭᠡᠵᠦ ᠢᠷᠡᠯ᠎ᠡ ᠁》 1 ᠰᠠᠷ᠎ᠠ᠎ᠶ᠋ᠢᠨ 7 ᠤ᠋ ᠡᠳᠦᠷ᠂ ᠬᠢᠩᠭᠠᠨ ᠠᠢᠮᠠᠭ᠎ᠤᠨ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠨᠠᠮ ᠣᠯᠠᠨ ᠲᠦᠮᠡᠨ᠎ᠦ ᠦᠶ᠋ᠯᠡᠴᠢᠯᠡᠭᠡᠨ᠎ᠦ ᠲᠥᠪ᠎ᠦᠨ ᠬᠢᠨ ᠨᠡᠢᠭᠡᠮ ᠲᠣᠭᠣᠷᠢᠭ᠎ᠤᠨ ᠰᠠᠢᠨ ᠳᠤᠷᠠᠴᠤᠳ᠎ᠢ ᠵᠤᠬᠢᠶᠠᠨ ᠪᠠᠢᠭᠤᠯᠤᠨ《ᠡᠭᠦᠳᠡ ᠲᠣᠭ᠍ᠰᠢᠬᠤ ᠠᠵᠢᠯᠯᠠᠭ᠎ᠠ》 ᠥᠷᠨᠢᠭᠦᠯᠦᠨ᠂ ᠬᠠᠷᠢᠶ᠎ᠠ ᠤᠷᠤᠨ᠎ᠤ ᠰᠠᠭᠤᠭᠠᠯᠢ ᠠᠷᠠᠳ ᠲᠸ᠋ ᠬᠠᠮᠢᠶ᠎ᠠ ᠪᠥᠬᠥᠶ ᠲᠥᠷᠥ᠎ᠶ᠋ᠢᠨ ᠪᠣᠳᠣᠯᠭ᠎ᠠ᠎ᠶ᠋ᠢᠨ ᠲᠠᠢᠯᠤᠮᠵᠢ ᠬᠢᠵᠦ᠍᠂ ᠬᠣᠲᠠ ᠬᠥᠳᠡᠭᠡ᠎ᠶ᠋ᠢᠨ ᠰᠠᠭᠤᠭᠠᠯᠢ ᠠᠷᠠᠳ᠎ᠤᠨ ᠡᠮ ᠡᠮᠨᠡᠯᠭᠡ᠎ᠶ᠋ᠢᠨ ᠳᠠᠭᠠᠳᠭᠠᠯ᠂ ᠨᠠᠰᠤᠵᠢᠯ᠎ᠤᠨ ᠠᠰᠠᠷᠠᠮᠵᠢ᠎ᠶ᠋ᠢᠨ ᠨᠥᠬᠥᠪᠥᠷᠢ ᠵᠡᠷᠭᠡ ᠠᠷᠠᠳ᠎ᠤᠨ ᠠᠮᠢᠳᠤᠷᠠᠯ᠎ᠲᠠᠶ ᠨᠢᠭ᠍ᠲᠠ ᠬᠣᠯᠪᠣᠭ᠎ᠠ᠎ᠲᠠᠶ ᠠᠷᠠᠳ᠎ᠲᠤ ᠠᠱᠢᠭ ᠬᠦᠷᠲᠡᠭᠡᠬᠦ᠌ ᠠᠯᠢ ᠣᠯᠠᠨ ᠲᠥᠷᠥ᠎ᠶ᠋ᠢᠨ ᠪᠣᠳᠣᠯᠭ᠎ᠠ᠎ᠶ᠋ᠢ ᠮᠡᠳᠡᠭᠦᠯᠪᠡ᠃
《ᠨᠡᠢᠭᠡᠮ ᠲᠣᠭᠣᠷᠢᠭ᠎ᠤᠨ ᠠᠵᠢᠯᠲᠠᠳ ᠦᠷᠭᠦᠯᠵᠢ ᠬᠡᠷ ᠵᠢᠡᠷ ᠢᠷᠡᠵᠦ᠍ ᠤᠯᠤᠰ᠎ᠤᠨ ᠲᠥᠷᠥ᠎ᠶ᠋ᠢᠨ ᠪᠣᠳᠣᠯᠭ᠎ᠠ᠎ᠶ᠋ᠢ ᠤᠬᠠᠭᠤᠯᠳᠠᠬ᠂ ᠣᠢᠯᠠᠭᠠᠬᠤ ᠥᠬᠡᠶ ᠵᠦᠢᠯ ᠵᠢᠡᠨ ᠠᠰᠠᠭᠤᠪᠠᠯ ᠮᠠᠰᠢ ᠲᠤᠳᠤᠷᠬᠠᠢ ᠬᠠᠷᠢᠭᠤᠯᠳᠡ ᠦᠭᠭᠦᠳᠡᠭ ᠶᠤᠮ》 ᠭᠡᠵᠦ᠍ ᠨᠡᠢᠭᠡᠮ ᠲᠣᠭᠣᠷᠢᠭ᠎ᠤᠨ ᠰᠠᠭᠤᠭᠠᠯᠢ ᠠᠷᠠᠳ ᠵᠠᠩ ᠬᠦᠢ ᠹᠸᠨ ᠬᠡᠯᠡᠨ᠎ᠡ᠃
《ᠭᠠᠷ ᠭᠠᠷ᠎ᠢᠶᠠᠨ ᠬᠣᠯᠪᠣᠯᠴᠠᠨ᠂ ᠰᠡᠳᠭᠢᠯ ᠵᠢᠷᠦᠬᠡ᠎ᠪᠡᠨ ᠬᠣᠯᠪᠣᠨ᠎ᠠ᠂ ᠳᠤᠮᠳᠠᠳᠤ᠎ᠶ᠋ᠢᠨ ᠦᠨᠳᠦᠰᠦᠲᠡᠨ᠎ᠦ ᠶᠡᠬᠡ ᠬᠡᠷ ᠪᠦᠯᠢ ᠦᠨᠢᠲᠡ ᠰᠠᠯᠤᠰᠢ ᠥᠬᠡᠶ᠁》 ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠪᠤᠷᠭᠠᠰᠤᠲᠠᠶ ᠱᠢᠶᠠᠩ᠎ᠤᠨ 《ᠲᠠᠭᠤᠨ ᠦᠨᠳᠦᠷ》 ᠤᠬᠠᠭᠤᠯᠤᠨ ᠲᠠᠢᠯᠪᠤᠷᠢᠯᠠᠬᠤ ᠰᠠᠢᠨ ᠳᠤᠷ᠎ᠠ᠎ᠶ᠋ᠢᠨ ᠦᠶ᠋ᠯᠡᠴᠢᠯᠡᠭᠡᠨ᠎ᠦ ᠠᠩᠬᠢ ᠴᠸ᠋ ᠡᠬᠢᠯᠡᠨ ᠬᠦᠳᠡᠯᠦᠯᠴᠡᠪᠡ᠃ ᠲᠡᠳᠡ ᠬᠦᠳᠡᠭᠡ ᠲᠣᠰᠭᠣᠨ ᠠᠢᠯ ᠡᠷᠦᠬᠡ᠎ᠪᠡᠷ ᠭᠦᠨᠵᠡᠭᠡᠢᠷᠡᠨ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠣᠨᠣᠯ᠎ᠢ ᠤᠬᠠᠭᠤᠯᠤᠨ ᠲᠠᠢᠯᠪᠤᠷᠢᠯᠠᠨᠡ᠃
《ᠡᠨᠡ ᠤᠬᠠᠭᠤᠯᠬᠤ ᠠᠩᠬᠢ ᠮᠠᠰᠢ ᠰᠠᠢ᠌ᠨ᠂ ᠶᠠᠷᠢᠭ᠍ᠰᠠᠨ ᠵᠦᠢᠯ ᠨᠢ ᠤᠯᠠᠨ ᠲᠦᠮᠡᠨ᠎ᠤ ᠰᠡᠳᠬᠢᠯ᠎ᠳᠦ ᠭᠦᠷᠴᠤ ᠪᠠᠢᠨ᠎ᠠ᠂ ᠪᠢᠳᠡ ᠪᠦᠷ ᠣᠢᠯᠠᠭᠠᠵᠤ ᠲᠡᠢᠯᠦᠨ᠎ᠡ》 ᠭᠡᠵᠦ᠍ ᠪᠤᠷᠭᠠᠰᠤᠲᠠᠢ ᠱᠢᠶᠠᠩ᠎ᠤᠨ ᠬᠢᠩᠭᠠᠨ ᠨᠡᠢᠭᠡᠮ ᠲᠣᠭᠣᠷᠢᠭ᠎ᠤᠨ ᠰᠠᠭᠤᠭᠠᠯᠢ ᠠᠷᠠᠳ ᠵᠠᠩ ᠱᠦ᠍ ᠯᠢᠨ ᠡᠷᠡᠭᠡᠢ ᠭᠠᠷᠭᠠᠨ ᠮᠠᠭ᠍ᠲᠠᠨᠠ᠃ 《ᠲᠠᠭᠤᠨ ᠦᠨᠳᠦᠷ》 ᠤᠬᠠᠭᠤᠯᠤᠨ ᠲᠠᠢᠯᠪᠤᠷᠢᠯᠠᠬᠤ ᠰᠠᠢ᠌ᠨ ᠳᠤᠷ᠎ᠠ᠎ᠶ᠋ᠢᠨ ᠦᠢᠯᠡᠴᠢᠯᠡᠭᠡᠨ᠎ᠦ ᠠᠩᠬᠢ ᠪᠠᠢᠭᠤᠯᠤᠬᠳᠠᠬᠰᠠᠨ᠎ᠠᠴᠠ ᠲᠣᠰᠭᠣᠨ᠎ᠤ ᠠᠷᠠᠳ ᠦᠷᠭᠦᠯᠵᠢ ᠨᠢᠭᠡ ᠲᠤᠤᠷ᠎ᠠ ᠴᠤᠭ᠍ᠯᠠᠷᠠᠵᠤ᠂ ᠲᠣᠭ᠍ᠯᠠᠯᠲᠠ ᠦᠵᠡᠵᠦ᠍᠂ ᠲᠦᠷᠦ᠍᠎ᠶ᠋ᠢᠨ ᠪᠤᠳᠤᠯᠭ᠎ᠠ᠎ᠶ᠋ᠢ ᠰᠣᠨᠣᠰᠴᠤ᠌᠂ ᠤᠳᠤ ᠵᠢᠨ ᠰᠠᠢ᠌ᠨ ᠰᠠᠢᠬᠠᠨ ᠠᠮᠢᠳᠤᠷᠠᠯ᠎ᠵᠢᠡᠨ ᠡᠷᠬᠢᠴᠡᠭᠦᠯᠳᠡᠭ ᠪᠠᠢᠯ᠎ᠠ᠃
ᠡᠪᠦᠯ᠎ᠦᠨ ᠤᠯᠠᠷᠢᠯ ᠬᠢᠩᠭᠠᠨ ᠳᠠᠪᠠᠭ᠎ᠠ᠎ᠪᠠᠷ ᠠᠶᠠᠯᠠᠬᠤᠶ᠎ᠠ᠂ ᠭᠣᠶᠣᠮᠰᠣᠭ ᠰᠠᠢᠬᠠᠨ ᠠᠷᠠᠳ᠎ᠤᠨ ᠣᠷᠣᠨ ᠰᠠᠭᠤᠴᠠ᠂ ᠪᠠᠶᠠᠷ ᠪᠠᠶᠠᠰᠭᠤᠯᠠᠩᠲᠤ ᠳᠠᠭᠤᠤ ᠪᠥᠵᠢᠭ᠂ ᠬᠠᠷᠢᠯᠴᠠᠨ ᠬᠠᠪᠰᠤᠷᠤᠯᠴᠠᠭ᠍ᠰᠠᠨ ᠡᠶ᠎ᠡ ᠨᠠᠢᠷᠰᠠᠭ ᠬᠥᠷᠰᠢ ᠵᠡᠷᠭᠡᠯᠡᠳᠡᠭᠡᠨᠤᠬᠦᠳ ᠁ ᠭᠠᠵᠠᠷ ᠪᠣᠯᠭᠠᠨ᠎ᠳᠤ ᠦᠨᠳᠦᠰᠦᠲᠡᠨ᠎ᠨᠦᠭᠦᠳ᠎ᠦᠨ ᠬᠠᠷᠢᠯᠴᠠᠨ ᠲᠦᠰᠢᠯᠴᠡᠵᠦ ᠬᠠᠷᠢᠯᠴᠠᠨ ᠬᠠᠪᠰᠤᠷᠤᠯᠴᠠᠬᠰᠠᠨ ᠰᠡᠳᠭᠢᠯ ᠬᠥᠳᠡᠯᠭᠡᠮ᠎ᠡ ᠵᠢᠷᠤᠭ ᠳᠦᠷᠰᠦ ᠳᠡᠯᠭᠡᠭᠳᠡᠨ᠎ᠠ᠃
ᠬᠠᠮᠲᠤ᠎ᠪᠠᠷ ᠰᠤᠷᠤᠯᠴᠠᠬᠤ᠎ᠶ᠋ᠢ ᠬᠥᠲᠥᠯᠥᠨ ᠳᠠᠭᠠᠭᠤᠯᠵᠤ᠂ ᠨᠢᠭᠡ ᠤᠳᠠᠭᠠᠨ᠎ᠤ ᠣᠯᠠᠨ ᠲᠦᠮᠡᠨᠴᠢ ᠬᠥᠮᠦᠵᠢᠯ ᠦᠶ᠋ᠯᠡᠳᠦᠯᠭᠡ᠎ᠶ᠋ᠢᠨ ᠠᠵᠢᠯᠯᠠᠭ᠎ᠠ ᠥᠷᠨᠢᠭᠦᠯᠪᠡ;ᠣᠷᠣᠯᠭ᠎ᠠ᠎ᠪᠠᠨ ᠨᠡᠮᠡᠭ᠌ᠳᠡᠭᠦᠯᠵᠦ᠍ ᠬᠠᠮᠲᠤ᠎ᠪᠠᠷ ᠪᠠᠶᠠᠵᠢᠬᠤ ᠵᠢ ᠲᠠᠢᠴᠢᠯᠠᠵᠤ᠂ ᠨᠢᠭᠡ ᠤᠳᠠᠭᠠᠨ᠎ᠤ ᠠᠵᠤ ᠦᠢᠯᠡᠰ᠎ᠦᠨ ᠬᠥᠭ᠌ᠵᠢᠯᠲᠡ᠎ᠶ᠋ᠢ ᠠᠬᠢᠭᠤᠯᠬᠤ ᠠᠵᠢᠯᠯᠠᠭ᠎ᠠ᠎ᠶ᠋ᠢ ᠵᠣᠬᠢᠶᠠᠨ ᠪᠠᠢᠭᠤᠯᠪᠠ;ᠰᠣᠶᠣᠯ᠎ᠢ ᠬᠠᠮᠲᠤ᠎ᠪᠠᠷ ᠡᠳ᠋ᠯᠡᠬᠦ ᠵᠢ ᠬᠦᠨᠵᠡᠭᠡᠢᠷᠡᠬᠦᠯᠵᠦ᠂ ᠨᠢᠭᠡ ᠤᠳᠠᠭᠠᠨ᠎ᠤ ᠰᠣᠶᠣᠯ᠎ᠤᠨ ᠰᠣᠯᠢᠯᠴᠠᠭᠠᠨ᠎ᠤ ᠠᠵᠢᠯᠯᠠᠭ᠎ᠠ ᠥᠷᠨᠢᠭᠦᠯᠪᠡ; ᠣᠷᠴᠢᠨ ᠲᠣᠭᠣᠷᠢᠨ᠎ᠢ ᠬᠠᠮᠲᠤ᠎ᠪᠠᠷ ᠭᠤᠶᠤᠵᠢᠭᠤᠯᠬᠤ ᠵᠢ ᠰᠠᠨᠠᠭᠠᠴᠢᠯᠠᠵᠤ᠂ ᠨᠢᠭᠡ ᠤᠳᠠᠭᠠᠨ᠎ᠤ ᠣᠷᠣᠱᠢᠨ ᠰᠠᠭᠤᠷᠢᠰᠢᠬᠤ ᠣᠷᠴᠢᠨ ᠲᠣᠭᠣᠷᠢᠨ᠎ᠢ ᠴᠡᠭ᠌ᠴᠡᠯᠡᠨ ᠵᠠᠰᠠᠬᠤ ᠠᠵᠢᠯᠯᠠᠭ᠎ᠠ ᠥᠷᠨᠢᠭᠦᠯᠪᠠ; ᠲᠣᠭ᠍ᠲᠠᠭᠤᠨ ᠪᠥᠭᠡᠳ ᠠᠮᠤᠷ ᠠᠮᠤᠭᠤᠯᠠᠩ᠎ᠢ ᠡᠷᠬᠢᠮᠯᠡᠵᠦ᠂ ᠨᠢᠭᠡ ᠤᠳᠠᠭᠠᠨ᠎ᠤ ᠵᠥᠷᠢᠴᠡᠯ ᠵᠠᠭᠤᠷᠠᠯᠳᠤᠭᠠᠨ᠎ᠤ ᠠᠶᠤᠯ ᠲᠦᠭ᠌ᠰᠢᠭᠦᠷᠢ ᠭᠡᠮ ᠰᠣᠭᠣᠭ᠎ᠢ ᠵᠢᠭ᠍ᠰᠠᠭᠠᠨ ᠪᠠᠢᠴᠠᠭᠠᠪᠠ᠁ 2024 ᠣᠨ᠎ᠳᠤ᠂ ᠬᠢᠩᠭᠠᠨ ᠠᠢᠮᠠᠭ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ《ᠲᠠᠪᠤᠨ ᠨᠢᠭᠡ》ᠤᠯᠠᠨ ᠲᠦᠮᠡᠨ᠎ᠦ ᠠᠵᠢᠯ᠎ᠤᠨ ᠠᠷᠭ᠎ᠠ᠎ᠶ᠋ᠢ ᠬᠡᠷᠡᠭ᠌ᠵᠢᠭᠦᠯᠵᠦ᠍᠂ ᠤᠯᠠᠷᠢᠯ ᠪᠦᠷᠢ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠢ ᠳᠠᠭᠠᠭᠤᠯᠤᠨ《ᠲᠠᠪᠤᠨ ᠨᠢᠭᠡ》ᠵᠢᠨ ᠠᠵᠢᠯᠯᠠᠭ᠎ᠠ᠎ᠶ᠋ᠢ ᠥᠷᠨᠢᠭᠦᠯᠪᠡ᠂ ᠡᠨᠡ ᠬᠦ᠌ ᠠᠵᠢᠯ᠎ᠤᠨ ᠬᠡᠷᠡᠭ᠌ᠵᠢᠭᠦᠯᠦᠯᠲᠡ ᠨᠢ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠬᠠᠮᠲᠤ᠎ᠪᠠᠷ ᠣᠷᠣᠱᠢᠨ ᠰᠠᠭᠤᠷᠢᠰᠢᠵᠤ ᠬᠠᠮᠲᠤ᠎ᠪᠠᠷ ᠰᠤᠷᠤᠯᠴᠠᠬᠤ᠂ ᠬᠠᠮᠲᠤ᠎ᠪᠠᠷ ᠠᠵᠢᠯᠯᠠᠵᠤ ᠬᠠᠮᠲᠤ᠎ᠪᠠᠷ ᠵᠢᠷᠭᠠᠬᠤ᠂ ᠬᠠᠮᠲᠤ᠎ᠪᠠᠷ ᠠᠭᠤᠰᠤᠯᠴᠠᠵᠤ ᠬᠠᠮᠲᠤ ᠵᠢᠨ ᠬᠠᠢᠷ᠎ᠠ ᠰᠡᠳᠭᠢᠯᠭᠡ᠎ᠶ᠋ᠢ ᠤᠯᠠᠮ ᠴᠢᠨᠠᠭ᠍ᠰᠢᠳᠠ ᠨᠡᠮᠡᠭ᠌ᠳᠡᠭᠦᠯᠪᠡ᠃
ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠬᠣᠷᠴᠢᠨ ᠪᠠᠯᠭᠠᠰᠤᠨ᠎ᠤ ᠶᠤᠸᠠᠨ ᠱᠢᠨ ᠲᠣᠰᠭᠣᠨ᠎ᠳᠤ᠂ ᠪᠠᠢᠳᠠᠯ᠎ᠢ ᠨᠢᠭᠡᠳᠦᠭᠡᠷ ᠹᠷᠣᠨᠲ᠎ᠠᠴᠠ ᠣᠢᠯᠠᠭᠠᠵᠤ᠂ ᠠᠰᠠᠭᠤᠳᠠᠯ᠎ᠢ ᠨᠢᠭᠡᠳᠦᠭᠡᠷ ᠹᠷᠣᠨᠲ᠎ᠠᠴᠠ ᠢᠯᠡᠷᠡᠭᠦᠯᠵᠦ᠍᠂ ᠵᠥᠷᠢᠴᠡᠯ᠎ᠢ ᠨᠢᠭᠡᠳᠦᠭᠡᠷ ᠹᠷᠣᠨᠲ᠎ᠲᠤ ᠱᠢᠶ᠋ᠳᠪᠦᠷᠢᠯᠡᠵᠦ᠍᠂ ᠣᠯᠠᠨ ᠲᠦᠮᠡᠨ᠎ᠦ ᠵᠣᠯ ᠵᠢᠷᠭᠠᠯᠲᠤ ᠲᠥᠷᠥᠭ᠌ᠳᠡᠯ ᠪᠠ ᠠᠮᠤᠷ ᠲᠦᠪᠱᠢᠨ᠎ᠦ ᠲᠥᠷᠥᠭ᠌ᠳᠡᠯ᠎ᠢ ᠲᠠᠰᠤᠷᠠᠯᠲᠠ ᠥᠬᠡᠶ ᠳᠡᠭᠡᠭ᠌ᠰᠢᠯᠡᠭᠦᠯᠵᠦ᠍ ᠴᠢᠳᠠᠭ᠍ᠰᠠᠨ᠎ᠨᠢ 《ᠭᠤᠤ ᠤᠪᠤᠬᠲᠤ》᠎ᠶ᠋ᠢᠨ ᠠᠴᠢ ᠭᠠᠪᠢᠶ᠎ᠠ ᠪᠣᠯᠬᠤ ᠶᠤᠮ᠃ ᠲᠣᠰᠭᠣᠨ᠎ᠤ ᠠᠷᠠᠳ ᠵᠠᠭᠤᠷᠠᠯᠳᠤᠭᠠᠨ ᠪᠤᠶᠤ ᠵᠥᠷᠢᠴᠡᠯ ᠡᠭᠦᠰᠬᠦ ᠪᠦᠷᠢ ᠡᠡᠭ ᠲᠡᠷᠢᠭᠦᠨ᠎ᠳᠦ ᠡᠶᠡᠳᠡᠭᠦᠯᠦᠭ᠌ᠴᠢ ᠭᠤᠤ ᠵᠦᠩ ᠢ᠎ᠶ᠋ᠢ ᠡᠷᠢᠵᠦ᠍ ᠬᠠᠪᠰᠤᠷᠤᠨ ᠡᠶᠡᠳᠡᠭᠦᠯᠬᠦ᠌᠎ᠶ᠋ᠢ ᠪᠣᠳᠣᠵᠤ ᠣᠯᠳᠠᠭ᠃
ᠭᠤᠤ ᠵᠦᠩ ᠢ ᠡᠳᠦᠷ ᠪᠦᠷᠢ ᠴᠠᠭ᠎ᠲᠠᠶ ᠯᠠ ᠪᠣᠯ ᠲᠣᠰᠭᠣᠨᠵᠢᠡᠷ ᠲᠣᠭᠣᠷᠢᠨ ᠴᠠᠭ᠍ᠳᠠᠵᠤ᠂ ᠪᠠᠭ᠎ᠠ ᠤᠴᠢᠷ᠎ᠢ ᠢᠯᠡᠷᠡᠭᠦᠯᠪᠡᠯ ᠲᠤᠬᠠᠢ᠎ᠶ᠋ᠢᠨ ᠲᠠᠯᠠᠪᠠᠢ᠎ᠳᠤ᠎ᠨᠢ ᠱᠢᠢᠳᠪᠦᠷᠢᠯᠡᠵᠦ᠍᠂ ᠶᠡᠬᠡ ᠶᠠᠪᠤᠳᠠᠯ᠎ᠢ ᠠᠱᠢᠭ ᠬᠣᠣᠷ᠎ᠢ ᠨᠢ ᠵᠠᠳᠠᠯᠵᠤ ᠬᠦᠯᠢᠴᠡᠩᠭᠦᠢ᠎ᠪᠡᠷ ᠱᠢᠢᠳᠪᠦᠷᠢᠯᠡᠵᠦ᠂ ᠲᠣᠰᠭᠣᠨ᠎ᠤ ᠠᠷᠠᠳ ᠯᠤᠭ᠎ᠠ 《ᠰᠠᠢ᠌ᠨ ᠠᠬ᠎ᠠ ᠳᠡᠭᠦᠦ》 ᠪᠣᠯᠤᠯᠴᠠᠬᠰᠠᠨ ᠪᠠᠢᠪᠠ᠃ 2024 ᠣᠨ᠎ᠳᠤ᠂ ᠭᠤᠤ ᠵᠦᠩ ᠢ ᠨᠡᠢ᠌ᠲᠡ 100 ᠭᠠᠷᠤᠢ ᠵᠥᠷᠢᠴᠡᠯ᠎ᠢ ᠡᠶᠡᠳᠡᠭᠦᠯᠦᠭᠰᠡᠨ ᠪᠠᠢᠨ᠎ᠠ᠃
ᠡᠭᠦᠨ᠎ᠲᠡᠶ ᠠᠳᠠᠯᠢ᠎ᠪᠠᠷ᠂ ᠲᠦᠴᠢᠦᠸᠠᠨ ᠱᠢᠶᠠᠨ᠎ᠤ ᠯᠢᠦ ᠬᠤ᠌ ᠪᠠᠯᠭᠠᠰᠤᠨ᠎ᠤ ᠶᠦᠩ ᠹᠠᠨ ᠲᠣᠰᠭᠣᠨ᠎ᠤ ᠠᠵᠢᠯᠯᠠᠭᠠᠨ᠎ᠤ ᠲᠠᠰᠤᠭ᠎ᠲᠤ᠂ ᠰᠣᠶᠣᠯ᠎ᠢ ᠬᠠᠮᠲᠤ᠎ᠪᠠᠷ ᠡᠳ᠋ᠯᠡᠬᠦ᠌ ᠴᠠᠭᠠᠰᠤᠨ ᠬᠠᠢᠴᠢᠯᠠᠮᠠᠯ᠎ᠤᠨ ᠪᠣᠯᠪᠠᠰᠤᠷᠠᠯ᠎ᠤᠨ ᠠᠵᠢᠯᠯᠠᠭ᠎ᠠ ᠶᠠᠭ ᠬᠥᠷ ᠬᠥᠭ᠌ᠵᠢᠶᠡᠨᠲᠡᠶ ᠶᠠᠪᠤᠭ᠍ᠳᠠᠵᠤ ᠂ ᠲᠣᠰᠭᠣᠨ᠎ᠤ ᠠᠷᠠᠳ ᠪᠠᠭ᠍ᠰᠢ᠎ᠶ᠋ᠢᠨ ᠳᠠᠭᠠᠭᠤᠯᠭ᠎ᠠ ᠲᠤᠤᠷ᠎ᠠ ᠴᠠᠭᠠᠰᠤᠨ ᠬᠠᠢᠴᠢᠯᠠᠮᠠᠯ᠎ᠤᠨ ᠤᠷ᠎ᠠ ᠮᠡᠷᠭᠡᠰᠢᠯ᠎ᠢ ᠰᠤᠷᠴᠤ᠌ ᠪᠠᠢᠯ᠎ᠠ᠃ ᠦᠨᠳᠦᠰᠦᠨ ᠱᠠᠲᠤᠨ᠎ᠳᠤ ᠣᠢᠷᠠᠲᠤᠵᠤ ᠠᠷᠠᠳ᠎ᠤᠨ ᠰᠡᠳᠭᠢᠯ᠎ᠢ ᠳᠤᠯᠠᠭᠠᠴᠠᠭᠤᠯᠬᠤ ᠴᠠᠭᠠᠰᠤᠨ ᠬᠠᠢᠴᠢᠯᠠᠮᠠᠯ᠎ᠤᠨ ᠪᠣᠯᠪᠠᠰᠤᠷᠠᠯ᠎ᠨᠢ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠳᠦ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠤᠨ ᠷᠢᠳᠢ ᠱᠢᠳᠢ᠎ᠶ᠋ᠢ ᠮᠡᠳᠡᠷᠡᠭᠦᠯᠪᠡ᠃
ᠲᠣᠰᠭᠣᠨ᠎ᠤ ᠠᠷᠠᠳ᠎ᠤᠨ ᠴᠢᠷᠠᠢ᠎ᠳᠦ ᠮᠦᠰᠢᠶᠡᠳᠦ ᠪᠢᠯᠬᠠᠵᠦ ᠰᠡᠳᠬᠢᠯ ᠲᠡᠨᠢᠭᠦᠨ ᠪᠠᠶᠠᠰᠤᠨ᠎ᠠ᠃ ᠤᠯᠠᠭᠠᠨ ᠬᠠᠳᠠ ᠪᠠᠯᠭᠠᠰᠤᠨ᠎ᠤ ᠥᠨᠳᠥᠷ ᠪᠠᠷᠢᠮᠵᠢᠶᠠᠲᠤ ᠲᠦᠬᠦᠭᠡᠷᠤᠮᠵᠢᠳᠤ ᠲᠠᠷᠢᠶᠠᠯᠠᠩ᠎ᠤᠨ ᠬᠦᠷᠢᠶᠡᠯᠡᠩ ᠲᠣᠭᠣᠷᠢᠭ᠎ᠤᠨ ᠬᠦᠯᠡᠮᠵᠢ᠎ᠳᠦ ᠠᠵᠢᠯᠲᠠᠳ ᠭᠦᠵᠡᠯᠵᠡᠭᠡᠨ᠎ᠡ᠎ᠶ᠋ᠢᠨ ᠲᠠᠷᠢᠮᠠᠯ᠎ᠤᠨ ᠬᠠᠮᠢᠶᠠᠷᠤᠯᠲᠠ᠎ᠶ᠋ᠢᠨ ᠲᠤᠷᠱᠢᠯᠭ᠎ᠠ᠎ᠪᠠᠨ ᠰᠣᠯᠢᠯᠴᠠᠵᠤ ᠪᠠᠢᠯ᠎ᠠ᠃
《ᠲᠠᠷᠢᠶᠠᠯᠠᠩ᠎ᠤᠨ ᠰᠡᠯᠡᠭᠦᠦ ᠴᠠᠭ᠎ᠲᠤ ᠡᠨᠳᠡ ᠢᠷᠡᠵᠦ᠍ ᠠᠵᠢᠯᠯᠠᠪᠠᠯ ᠲᠠᠷᠢᠬᠤ ᠮᠡᠷᠭᠡᠵᠢᠯ᠎ᠢ ᠣᠯᠵᠤ ᠰᠤᠷᠬᠤ᠎ᠪᠠᠷ ᠪᠠᠷᠠᠬᠤ ᠦᠭᠡᠢ ᠪᠠᠰᠠ ᠭᠡᠷ ᠪᠦᠯᠢ᠎ᠶ᠋ᠢᠨ ᠣᠷᠣᠯᠭ᠎ᠠ᠎ᠪᠠᠨ ᠨᠡᠮᠡᠭ᠌ᠳᠡᠭᠦᠯᠵᠦ᠍ ᠴᠢᠳᠠᠨ᠎ᠠ》 ᠭᠡᠦ ᠲᠠᠷᠢᠶᠠᠯᠠᠩ᠎ᠤᠨ ᠬᠦᠷᠢᠶᠡᠯᠡᠩ ᠲᠣᠭᠣᠷᠢᠭ᠎ᠲᠤ ᠵᠢᠯ ᠱᠢᠬᠠᠮ ᠠᠵᠢᠯᠯᠠᠭ᠍ᠰᠠᠨ ᠭᠤᠤ᠎ᠶᠢᠨ ᠠᠢᠯ ᠭᠠᠴᠠᠭᠠᠨ᠎ᠤ ᠡᡁᠸ ᠱᠢᠶᠤᠤ ᠴᠢᠩ ᠶᠠᠷᠢᠨ᠎ᠠ᠃ 《ᠤᠯᠠᠭᠠᠨ ᠬᠠᠳᠠ ᠪᠠᠯᠭᠠᠰᠤᠨ᠎ᠤ ᠥᠨᠳᠥᠷ ᠪᠠᠷᠢᠮᠵᠢᠶᠠᠲᠤ ᠲᠦᠬᠦᠭᠡᠷᠤᠮᠵᠢᠳᠤ ᠲᠠᠷᠢᠶᠠᠯᠠᠩ᠎ᠤᠨ ᠬᠦᠷᠢᠶᠡᠯᠡᠩ ᠲᠣᠭᠣᠷᠢᠭ᠎ᠲᠤ ᠨᠡᠷᠡᠨ ᠬᠡᠷᠡᠯ᠎ᠦᠨ ᠬᠦᠯᠡᠮᠵᠢ 12 ᠂ ᠬᠦᠶ᠋ᠲᠡᠨ ᠰᠠᠷᠠᠪᠴᠢ 11 ᠪᠠᠢᠵᠤ᠂ ᠭᠤᠤᠯᠳᠠᠭᠤ ᠲᠥᠪᠡᠳ ᠬᠠᠰᠢ ᠪᠠ ᠱᠢᠷᠣᠶ ᠥᠬᠡᠶ᠎ᠪᠡᠷ ᠳᠠᠷᠢᠵᠤ ᠤᠷᠭᠤᠭᠤᠯᠤᠭ᠍ᠰᠠᠨ ᠢᠳᠡᠱᠢᠨ ᠨᠣᠭᠣᠭ᠎ᠠ ᠳᠠᠷᠢᠵᠤ ᠪᠠᠢᠨ᠎ᠠ᠃ ᠬᠦᠷᠢᠶᠡᠯᠡᠩ ᠲᠣᠭᠣᠷᠢᠭ᠎ᠨᠢ ᠡᠳᠦᠷ ᠲᠤᠲᠤᠮ᠎ᠤᠨ 35 ᠬᠥᠮᠦᠨ᠎ᠳᠦ ᠠᠵᠢᠯ ᠣᠯᠭᠣᠵᠤ᠂ ᠬᠠᠮᠤᠭ ᠤᠯᠠᠨ᠎ᠳᠦ ᠪᠠᠨ 60 ᠬᠥᠮᠦᠨ᠎ᠳᠦ ᠠᠵᠢᠯ ᠤᠯᠭᠤᠵᠤ᠂ ᠬᠥᠮᠦᠨ ᠪᠦᠷᠢ᠎ᠶ᠋ᠢᠨ ᠰᠠᠷ᠎ᠠ᠎ᠶ᠋ᠢᠨ ᠣᠷᠣᠯᠭ᠎ᠠ᠎ᠨᠢ 3600 ᠲᠥᠭᠥᠷᠢᠭ ᠣᠷᠴᠢᠮ ᠳ᠋ᠤ ᠬᠦᠷᠴᠦ ᠪᠤᠢ》 ᠭᠡᠵᠦ᠍ ᠤᠯᠠᠭᠠᠨ ᠬᠠᠳᠠ ᠪᠠᠯᠭᠠᠰᠤᠨ᠎ᠤ ᠨᠢᠭᠡᠳᠦᠮᠡᠯ ᠹᠷᠣᠨᠲ᠎ᠤᠨ ᠭᠡᠱᠢᠭᠦᠨ ᠵᠥᠩ ᠵᠢᠨ ᠬᠤᠤ ᠲᠠᠨᠢᠯᠴᠠᠭᠤᠯᠪᠠ᠃
ᠭᠤᠤ᠎ᠶᠢᠨ ᠠᠢᠯ ᠭᠠᠴᠠᠭ᠎ᠠ᠎ᠲᠠᠶ ᠠᠳᠠᠯᠢ᠎ᠪᠠᠷ ᠦᠵᠡᠰᠭᠦᠯᠡᠩᠲᠦ ᠰᠠᠢᠬᠠᠨ ᠬᠥᠳᠡᠭᠡ ᠲᠣᠰᠭᠣᠨ ᠭᠡᠮᠡᠭᠳᠡᠭᠰᠡᠨ ᠵᠠᠯᠠᠢᠳ ᠬᠣᠱᠢᠭᠤᠨ᠎ᠤ ᠪᠠᠶᠠᠨᠭᠤᠤᠯ ᠪᠠᠯᠭᠠᠰᠤᠨ᠎ᠤ ᠪᠠᠶᠠᠨ ᠵᠢᠷᠦᠬᠡ ᠲᠣᠰᠭᠣᠨ᠎ᠤ ᠵᠠᠮ ᠴᠡᠪᠡᠷ ᠴᠡᠮᠴᠡᠭᠡᠷ᠂ ᠭᠡᠷ ᠪᠠᠢᠱᠢᠩ ᠲᠠᠷᠢ ᠲᠡᠭ᠌ᠰᠢ ᠂ ᠬᠦᠷᠢᠶ᠎ᠡ ᠬᠠᠰᠢᠶ᠎ᠠ ᠭᠤᠶᠤ ᠰᠠᠢᠬᠠᠨ᠃ ᠲᠣᠰ ᠲᠣᠰᠭᠣᠨ ᠣᠷᠣᠱᠢᠨ ᠰᠠᠭᠤᠷᠢᠱᠢᠬᠤ ᠣᠷᠴᠢᠨ ᠲᠣᠭᠣᠷᠢᠨ᠎ᠢ ᠴᠡᠭ᠌ᠴᠡᠯᠡᠨ ᠵᠠᠰᠠᠬᠤ ᠬᠤᠪᠢ ᠬᠤᠷᠠᠮᠳᠤᠭᠤᠯᠬᠤ ᠲᠦᠷᠢᠮ᠎ᠢ ᠬᠡᠷᠡᠭ᠌ᠵᠢᠭᠦᠯᠵᠦ᠂ ᠲᠣᠰᠭᠣᠨ᠎ᠤ ᠠᠷᠠᠳ᠎ᠤᠨ ᠣᠷᠴᠢᠨ ᠲᠣᠭᠣᠷᠢᠨ᠎ᠢ ᠴᠡᠭ᠌ᠴᠡᠯᠡᠨ ᠵᠠᠰᠠᠬᠤ᠎ᠳᠤ ᠣᠷᠣᠯᠴᠠᠬᠤ ᠂ ᠬᠣᠭ ᠨᠣᠪᠰᠢ᠎ᠶ᠋ᠢ ᠴᠡᠪᠡᠷᠯᠡᠨ ᠠᠷᠢᠯᠭᠠᠬᠤ᠂ ᠨᠣᠭᠣᠭᠠᠷᠠᠭᠤᠯᠵᠤ ᠭᠣᠶᠣᠵᠢᠭᠤᠯᠬᠤ ᠵᠡᠷᠭᠡ ᠦᠶ᠋ᠯᠡ ᠠᠵᠢᠯᠯᠠᠭ᠎ᠠ᠎ᠶ᠋ᠢ ᠬᠤᠪᠢ ᠬᠤᠷᠠᠮᠳᠤᠭᠤᠯᠬᠤ ᠪᠣᠯᠭᠠᠨ ᠬᠡᠮᠵᠢᠶᠡᠯᠡᠬᠦ᠌ᠶ᠋ᠢᠨ ᠬᠠᠮᠲᠤ ᠣᠯᠤᠭ᠍ᠰᠠᠨ ᠬᠤᠪᠢ᠎ᠪᠡᠷ ᠨᠢ ᠱᠠᠩᠨᠠᠯ ᠰᠣᠯᠢᠵᠤ ᠦᠭᠳᠡᠭ᠃ ᠡᠨᠡ ᠬᠦ᠌ ᠠᠷᠭ᠎ᠠ ᠬᠡᠮᠵᠢᠶ᠎ᠡ ᠨᠢ ᠲᠣᠰᠭᠣᠨ᠎ᠤ ᠠᠷᠠᠳ᠎ᠤᠨ ᠣᠷᠴᠢᠨ ᠲᠣᠭᠣᠷᠢᠨ᠎ᠢ ᠴᠡᠭ᠌ᠴᠡᠯᠡᠨ ᠵᠠᠰᠠᠬᠤ᠎ᠳᠤ ᠣᠷᠣᠯᠴᠠᠬᠤ ᠬᠥᠳᠡᠯᠭᠡᠬᠦ᠌ ᠬᠦᠴᠦᠨ᠎ᠢ ᠬᠥᠭ᠌ᠵᠢᠭᠡᠭ᠌ᠰᠡᠨ᠎ᠢᠶᠡᠷ ᠪᠠᠷᠠᠬᠤ ᠥᠬᠡᠶ ᠪᠠᠰᠠ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠤ ᠦᠵᠡᠰᠭᠦᠯᠡᠩᠲᠦ ᠰᠠᠢᠬᠠᠨ ᠦᠩᠭᠡ ᠦᠵᠡᠮᠵᠢ ᠪᠠ ᠬᠡᠷ ᠣᠷᠣᠨ᠎ᠢ ᠬᠠᠮᠲᠤ᠎ᠪᠠᠷ ᠡᠳ᠋ᠯᠡᠬᠦ ᠵᠢ ᠠᠬᠢᠭᠤᠯᠪᠠ᠃
ᠦᠨᠡᠨ ᠪᠣᠳᠠᠲᠠᠢ ᠠᠮᠢᠳᠤᠯᠢᠭ ᠵᠢᠱ᠌ᠢᠢ᠎ᠡ ᠨᠢᠭᠡᠪᠦᠷᠢ ᠨᠢ ᠴᠥᠮ ᠬᠢᠩᠭᠠᠨ ᠠᠢᠮᠠᠭ᠎ᠤᠨ 《ᠲᠠᠪᠤᠨ ᠨᠢᠭᠡ》 ᠵᠢᠨ ᠤᠯᠠᠨ ᠲᠦᠮᠡᠨ ᠤ ᠠᠵᠢᠯ᠎ᠤᠨ ᠠᠷᠭ᠎ᠠ᠎ᠵᠢᠨ ᠰᠢᠨ᠎ᠡ ᠵᠢ ᠡᠬᠦᠳᠦᠭᠰᠡᠨᠤ ᠬᠤᠷᠢᠶᠠᠩᠭᠤᠢ ᠵᠢᠷᠤᠭᠯᠠᠯ ᠪᠣᠯᠤᠨ᠎ᠠ᠃ ᠣᠳᠣᠬᠠᠨ᠎ᠳᠤ᠂ ᠬᠢᠩᠭᠠᠨ ᠠᠢᠮᠠᠭ᠎ᠤᠨ 210 ᠲᠤᠷᠱᠢᠯᠲᠠ᠎ᠶ᠋ᠢᠨ ᠴᠡᠭ᠎ᠤᠨ ᠲᠣᠰᠭᠣᠨ᠂ ᠨᠡᠢᠭᠡᠮ ᠲᠣᠭᠣᠷᠢᠭ᠂ ᠨᠢᠭᠡᠴᠢ ᠨᠢᠭᠡᠨᠲᠡ 《 ᠲᠠᠪᠤᠨ ᠨᠢᠭᠡ 》 ᠵᠢᠨ ᠤᠯᠠᠨ ᠲᠦᠮᠡᠨᠴᠢ ᠠᠵᠢᠯᠯᠠᠭ᠎ᠠ᠎ᠶ᠋ᠢ 4700 ᠭᠠᠷᠤᠢ ᠤᠳᠠᠭ᠎ᠠ ᠥᠷᠨᠢᠭᠦᠯᠵᠦ᠍᠂ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠢ 100 ᠲᠦᠮᠡ ᠱᠢᠬᠠᠮ ᠬᠥᠮᠦᠨ ᠤᠳᠠᠭ᠎ᠠ ᠤᠷᠤᠯᠴᠠᠭᠤᠯᠵᠠᠢ᠃
《 ᠬᠢᠩᠭᠠᠨ ᠠᠢᠮᠠᠭ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠵᠢᠱ᠌ᠢᠶ᠎ᠡ ᠦᠵᠡᠭᠦᠯᠬᠦ᠌ ᠠᠢᠮᠠᠭ᠎ᠢ ᠡᠭᠦᠳᠦᠨ ᠪᠠᠢᠭᠤᠯᠬᠤ᠎ᠪᠠᠷ ᠬᠠᠷᠠᠯᠲᠠ ᠪᠣᠯᠭᠠᠵᠤ᠂ 〈ᠬᠣᠶᠠᠷ ᠣᠷᠣᠨ ᠨᠢᠭᠡ ᠴᠤᠩᠬᠤᠪᠴᠢ〉 ᠵᠢᠨ ᠲᠤᠷᠱᠢᠯᠲᠠ᠎ᠶ᠋ᠢᠨ ᠴᠡᠭ᠎ᠦᠨ ᠪᠠᠢᠭᠤᠯᠤᠯᠲᠠ᠎ᠶ᠋ᠢ ᠠᠬᠢᠭᠤᠯᠵᠤ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ 〈 ᠲᠠᠪᠤᠨ ᠨᠢᠭᠡ 〉 ᠵᠢᠨ ᠤᠯᠠᠨ ᠲᠦᠮᠡᠨ᠎ᠦ ᠠᠵᠢᠯ᠎ᠤᠨ ᠠᠷᠭ᠎ᠠ᠎ᠶ᠋ᠢᠨ ᠱᠢᠨ᠎ᠡ᠎ᠶ᠋ᠢ ᠡᠭᠦᠳᠦᠨ ᠬᠡᠷᠡᠭ᠌ᠵᠢᠭᠦᠯᠵᠦ᠍᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ᠎ᠶ᠋ᠢ ᠲᠠᠰᠤᠷᠠᠯᠲᠠ ᠦᠭᠡᠢ ᠭᠦᠨᠵᠡᠭᠡᠢᠷᠡᠬᠦᠯᠦᠨ ᠪᠤᠳᠠᠳᠠᠢᠵᠢᠭᠤᠯᠤᠨᠠ》 ᠭᠡᠵᠦ᠍ ᠬᠢᠩᠭᠠᠨ ᠠᠢᠮᠠᠭ᠎ᠤᠨ ᠨᠠᠮ᠎ᠤᠨ ᠬᠣᠷᠢᠶᠠᠨ᠎ᠤ ᠨᠢᠭᠡᠳᠦᠮᠡᠯ ᠹᠷᠣᠨᠲ᠎ᠤᠨ ᠬᠡᠯᠲᠡᠰ᠎ᠦᠨ ᠳᠡᠳ᠋ ᠳᠠᠷᠤᠭ᠎ᠠ ᠸᠠᠩ ᠯᠢᠶᠠᠨ ᠫᠸᠩ ᠬᠡᠯᠡᠪᠡ᠃
ᠥᠨᠥᠳᠦᠷ᠎ᠦᠨ ᠬᠢᠩᠭᠠᠨ ᠠᠢᠮᠠᠭ ᠨᠠᠮ᠎ᠤᠨ ᠦᠨᠳᠦᠰᠦᠲᠡᠨ᠎ᠦ ᠲᠦᠷᠦ᠍᠎ᠶ᠋ᠢᠨ ᠪᠤᠳᠤᠯᠭ᠎ᠠ᠎ᠶ᠋ᠢᠨ ᠲᠤᠶᠠᠭᠠᠯᠠᠯ ᠪᠠ 《ᠲᠠᠪᠤᠨ ᠨᠢᠭᠡ》 ᠵᠢᠨ ᠤᠯᠠᠨ ᠲᠦᠮᠡᠨ᠎ᠦ ᠠᠵᠢᠯ᠎ᠤᠨ ᠦᠢᠯᠡᠳᠦᠯᠭᠡ ᠳᠣᠣᠷ᠎ᠠ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ ᠠᠨᠠᠷ᠎ᠤᠨ ᠦᠷ᠎ᠡ ᠱᠢᠭ ᠨᠢᠭ᠍ᠲᠠᠷᠠᠨ ᠪᠦᠯᠬᠦᠮᠳᠡᠵᠦ᠍᠂ ᠬᠠᠮᠲᠤ᠎ᠪᠠᠷ ᠰᠠᠭᠤᠷᠢᠱᠢᠵᠤ ᠬᠠᠮᠲᠤ᠎ᠪᠠᠷ ᠰᠤᠷᠤᠯᠴᠠᠬᠤ᠂ ᠬᠠᠮᠲᠤ᠎ᠪᠠᠷ ᠠᠵᠢᠯᠯᠠᠵᠤ ᠬᠠᠮᠲᠤ᠎ᠪᠠᠷ ᠠᠮᠢᠳᠤᠷᠠᠬᠤ᠂ ᠬᠠᠮᠲᠤ᠎ᠪᠠᠷ ᠠᠭᠤᠰᠤᠯᠴᠠᠵᠤ ᠬᠠᠮᠲᠤ᠎ᠪᠠᠷ ᠴᠣᠭ᠍ᠴᠠᠯᠠᠬᠤ ᠦᠵᠡᠰᠭᠦᠯᠡᠩᠲᠦ ᠰᠠᠢᠬᠠᠨ ᠱᠢᠨ᠎ᠡ ᠬᠠᠭᠤᠳᠠᠰᠤ᠎ᠶ᠋ᠢ ᠵᠢᠷᠤᠭ᠍ᠯᠠᠵᠤ ᠪᠠᠢᠨ᠎ᠠ᠃