ᠴᠠᠭᠠᠨ ᠰᠠᠷ᠎ᠠ ᠬᠦᠷᠴᠤ ᠢᠷᠡᠬᠦ ᠲᠠᠰᠢᠷᠠᠮ ᠵᠢᠡᠷ᠂ ᠥᠪᠥᠷ ᠮᠣᠩᠭᠣᠯ᠎ᠤᠨ ᠪᠠᠭ᠍ᠰᠢ᠎ᠶᠢᠨ ᠶᠡᠬᠡ ᠰᠤᠷᠭᠠᠭᠤᠯᠢ᠎ᠶᠢᠨ ᠵᠠᠯᠠᠭᠤᠴᠤᠳ᠎ᠤᠨ ᠰᠠᠢᠨ ᠳᠤᠷ᠎ᠠ᠎ᠶᠢᠨ ᠦᠢᠯᠡᠴᠢᠯᠡᠭᠡᠨ᠎ᠦ ᠠᠩᠭᠢ᠎ᠶᠢᠨ ᠰᠠᠢᠨ ᠳᠤᠷᠠᠴᠤᠳ ᠬᠥᠬᠡᠬᠣᠲᠠ᠎ᠶᠢᠨ ᠲᠦᠮᠡᠳ ᠵᠡᠭᠦᠨ ᠬᠣᠰᠢᠭᠤᠨ᠎ᠤ ᠶᠢᠤ ᠯᠧ ᠴᠧᠩ ᠨᠡᠢᠭᠡᠮ ᠲᠣᠭᠣᠷᠢᠭ᠋᠎ᠲᠤ ᠬᠦᠷᠴᠦ᠂《ᠴᠠᠭᠠᠨ ᠰᠠᠷ᠎ᠠ ᠦᠨᠳᠦᠰᠦᠨ ᠱᠠᠲᠤᠨ᠎ᠳᠤ ᠭᠦᠨᠵᠡᠭᠡᠢᠷᠡᠨ ᠨᠠᠰᠤᠲᠠᠢᠴᠤᠳ᠎ᠢ ᠲᠤᠰᠠᠯᠠᠬᠤ ᠣᠶᠤᠨᠴᠢ ᠠᠶᠠᠯᠠᠯ》 ᠤ᠋ᠨ ᠰᠠᠢᠨ ᠳᠤᠷ᠎ᠠ᠎ᠶᠢᠨ ᠦᠢᠯᠡᠴᠢᠯᠡᠭᠡᠨ᠎ᠦ ᠠᠵᠢᠯᠯᠠᠭ᠎ᠠ ᠥᠷᠨᠢᠭᠦᠯᠵᠦ᠂ ᠨᠡᠢᠭᠡᠮ ᠲᠣᠭᠣᠷᠢᠭ᠋᠎ᠤᠨ ᠨᠠᠰᠤᠲᠠᠢᠴᠤᠳ᠎ᠲᠤ ᠴᠠᠭᠠᠨ ᠰᠠᠷ᠎ᠠ᠎ᠶᠢᠨ 《ᠲᠣᠮᠣ᠌ ᠪᠡᠯᠡᠭ》 ᠬᠦᠷᠭᠡᠪᠡ᠃
《ᠡᠪᠦᠭᠡ ᠡᠮᠡᠭᠡ ᠨᠠᠷ ᠡ᠂ ᠮᠡᠬᠡᠯᠡᠯ᠎ᠢ ᠰᠡᠷᠭᠡᠢᠯᠡᠬᠦ᠎ᠳᠦ 〈ᠭᠤᠷᠪᠠᠨ ᠪᠢᠳᠡᠭᠡᠢ〉 ᠵᠢ ᠪᠠᠲᠤ ᠴᠡᠭᠡᠵᠢᠯᠡᠬᠦ ᠬᠡᠷᠡᠭᠲᠡᠢ᠂ ᠰᠢᠯᠭᠠᠨ ᠪᠠᠲᠤᠯᠠᠬᠤ ᠺᠣᠳ᠋ ᠠᠪᠬᠤ ᠬᠡᠪᠡᠯ ᠪᠢᠲᠡᠭᠡᠢ ᠥᠭᠬᠦᠭᠡᠷᠡᠢ; ᠴᠠᠬᠢᠮ ᠴᠢᠮᠡᠭᠡᠨ ᠳᠣᠲᠣᠷ᠎ᠠ ᠬᠣᠯᠪᠣᠭᠠᠰᠤ ᠪᠠᠢᠪᠡᠯ ᠪᠢᠲᠡᠭᠡᠢ ᠲᠠᠷᠤᠭᠠᠷᠠᠢ; ᠭᠠᠷ ᠤᠲᠠᠰᠤᠨ᠎ᠤ ᠨᠣᠮᠧᠷ᠎ᠨᠢ ᠢᠯᠡᠷᠡᠬᠦ ᠦᠭᠡᠢ ᠪᠡᠢᠪᠡᠯ ᠪᠢᠲᠡᠭᠡᠢ ᠲᠣᠰᠤᠭᠠᠷᠠᠢ ᠁ 》 ᠡᠨᠡ ᠬᠦ᠌ ᠨᠢᠭᠡᠳᠦᠭᠡᠷ《ᠲᠣᠮᠣ᠌ ᠪᠡᠯᠡᠭ》ᠪᠣᠯ ᠲᠡᠦᠬᠡ ᠰᠣᠶᠣᠯ᠎ᠤᠨ ᠳᠡᠭᠡᠳᠦ ᠰᠤᠷᠭᠠᠭᠤᠯᠢ᠎ᠶᠢᠨ ᠨᠢᠭᠡᠳᠦᠭᠡᠷ ᠣᠨ᠎ᠤ ᠣᠶᠤᠲᠠᠨ᠂ ᠰᠠᠢᠨ ᠳᠤᠷ᠎ᠠ᠎ᠶᠢᠨ ᠠᠵᠢᠯᠯᠠᠭ᠍ᠴᠢ ᠯᠢ ᠰᠢᠶᠣᠣ ᠶᠠᠶᠢᠨ ᠬᠦᠷᠭᠡᠭᠰᠡᠨ ᠮᠡᠬᠡᠯᠡᠯ᠎ᠢ ᠡᠰᠡᠷᠭᠦᠴᠡᠬᠦ ᠤᠬᠠᠭᠤᠯᠭ᠎ᠠ᠎ᠶᠢᠨ ᠬᠢᠴᠢᠶᠡᠯ ᠪᠣᠯᠣᠨ᠎ᠠ᠃ 《ᠵᠢᠯ ᠪᠦᠷᠢ᠎ᠶᠢᠨ ᠴᠠᠭᠠᠨ ᠰᠠᠷ᠎ᠠ ᠵᠠᠷᠢᠮ ᠬᠠᠤᠯᠢ ᠪᠤᠰᠤ ᠡᠲᠡᠭᠡᠳ ᠪᠠᠶᠠᠷ᠎ᠤᠨ ᠡᠳᠦᠷ᠎ᠦᠨ ᠠᠭᠤᠷ ᠠᠮᠢᠰᠬᠤᠯ᠎ᠢ ᠠᠰᠢᠭ᠍ᠯᠠᠨ ᠰᠦᠯᠵᠢᠶ᠎ᠠ ᠴᠠᠬᠢᠯᠭᠠᠨ ᠬᠣᠯᠪᠣᠭᠠᠨ᠎ᠤ ᠮᠡᠬᠡᠯᠡᠯ ᠶᠠᠪᠤᠭᠤᠯᠤᠭᠰᠠᠨ ᠵᠢᠱ᠌ᠢᠶ᠎ᠡ ᠮᠠᠰᠢ ᠣᠯᠠᠨ ᠪᠠᠢᠵᠤ᠂ ᠴᠠᠭᠠᠨ ᠰᠠᠷ᠎ᠠ᠎ᠶᠢᠨ ᠬᠤᠭᠤᠴᠠᠭᠠᠨ᠎ᠳᠤ ᠨᠠᠰᠤᠳᠠᠨ ᠪᠤᠭᠤᠷᠤᠯᠴᠤᠳ ᠲᠠᠭᠠᠨ ᠮᠡᠬᠡᠯᠡᠯ᠎ᠢ ᠰᠡᠷᠭᠡᠢᠯᠡᠬᠦ ᠠᠮᠤᠷ ᠲᠦᠪᠰᠢᠨ᠎ᠦ ᠶᠡᠷᠦ᠎ᠶᠢᠨ ᠮᠡᠳᠡᠯᠭᠡ᠎ᠶᠢ ᠲᠦᠭᠡᠮᠡᠯᠵᠢᠭᠦᠯᠬᠦ ᠨᠢ ᠮᠠᠰᠢ ᠶᠡᠬᠡ ᠠᠴᠢ ᠬᠣᠯᠪᠣᠭᠳᠠᠯ᠎ᠲᠠᠢ ᠶᠤᠮ》 ᠭᠡᠵᠤ ᠯᠢ ᠰᠢᠶᠣᠣ ᠶᠠ ᠬᠡᠯᠡᠪᠡ᠃ ᠲᠠᠷᠠ ᠨᠠᠷᠢᠨ ᠨᠢᠮᠪᠠᠢ ᠪᠡᠯᠡᠳᠬᠡᠭᠰᠡᠨ PPT ᠪᠠᠨ ᠨᠡᠭᠡᠭᠡᠵᠦ᠂ ᠦᠨᠡᠨ ᠪᠣᠳᠠᠲᠠᠢ ᠡᠭᠦᠰᠦᠭᠰᠡᠨ ᠬᠡᠷᠡᠭ᠎ᠦᠨ ᠵᠢᠱ᠌ᠢᠶ᠎ᠡ᠂ ᠬᠢᠯᠪᠠᠷ ᠣᠢᠯᠠᠭᠠᠮᠵᠢᠲᠠᠢ ᠦᠭᠡ ᠬᠡᠯᠡ᠎ᠪᠡᠷ ᠲᠤᠬᠠᠢ᠎ᠶᠢᠨ ᠲᠠᠯᠠᠪᠤᠷ᠎ᠲᠤ ᠪᠠᠢᠭᠰᠠᠨ ᠨᠠᠰᠤᠳᠡᠨ ᠪᠤᠭᠤᠷᠤᠯᠴᠤᠳ᠎ᠲᠦ ᠰᠦᠯᠵᠢᠶ᠎ᠠ ᠴᠠᠬᠢᠯᠭᠠᠨ ᠬᠣᠯᠪᠣᠭᠠᠨ᠎ᠤ ᠮᠡᠬᠡᠯᠡᠯ᠎ᠢ ᠰᠡᠷᠭᠡᠢᠯᠡᠬᠦ ᠮᠡᠳᠡᠯᠭᠡ᠎ᠶᠢ ᠨᠠᠷᠢᠨ ᠬᠢᠨᠠᠮᠠᠭᠠᠢ ᠤᠬᠠᠭᠤᠯᠪᠠ᠃
ᠵᠠᠯᠭᠠᠭᠠᠳ ᠬᠣᠶᠠᠳᠤᠭᠠᠷ 《ᠲᠣᠮᠣ᠌ ᠪᠡᠯᠡᠭ》 ᠵᠢᠡᠨ ᠨᠡᠭᠡᠭᠡᠯᠠ᠄ 《ᠡᠪᠦᠭᠡ ᠡᠮᠡᠭᠡ ᠨᠠᠷ ᠪᠦᠷ ᠣᠶᠤᠨᠴᠢ ᠭᠠᠷ ᠤᠲᠠᠰᠤ ᠬᠡᠷᠡᠭᠯᠡᠵᠦ ᠪᠠᠢᠭ᠎ᠠ ᠪᠢᠵᠡ? ᠬᠡᠷᠡᠭᠯᠡᠬᠦ ᠶᠠᠪᠤᠴᠠ ᠳᠤᠮᠳᠠ ᠶᠠᠮᠠᠷ ᠠᠰᠠᠭᠤᠳᠠᠯ ᠳ᠋ᠦ ᠳᠤᠯᠭᠠᠷᠠᠬᠰᠠᠨ ᠪᠤᠢ? ᠪᠢᠳᠡ ᠲᠤᠬᠠᠢ᠎ᠶᠢᠨ ᠲᠠᠯᠠᠪᠠᠢ᠎ᠳᠤ ᠬᠠᠪᠰᠤᠷᠤᠨ ᠰᠢᠢᠳᠪᠦᠷᠢᠯᠡᠵᠤ ᠦᠭᠬᠦᠶ᠎ᠠ!︾ᠰᠠᠢᠨ ᠳᠤᠷᠠᠴᠤᠳ ᠨᠠᠰᠤᠲᠠᠢᠴᠤᠳ᠎ᠤᠨ ᠳᠤᠮᠳᠠ ᠬᠦᠷᠴᠦ ᠬᠠᠯᠠᠭᠤᠮᠰᠤᠭ᠎ᠢᠶᠠᠷ ᠠᠰᠠᠭᠤᠪᠠ᠃
《ᠬᠡᠦᠬᠡᠳ᠎ᠤᠳ ᠮᠢᠨᠢ ᠱᠢᠨᠡᠯᠡᠬᠦ ᠪᠡᠷ ᠬᠠᠷᠢᠵᠤ ᠢᠷᠡᠬᠦ ᠪᠤᠯᠤᠯ᠎ᠠ᠂ ᠪᠢ ᠱᠢᠷᠡᠭᠡ ᠳᠦᠭᠦᠷᠡᠩ ᠲᠠᠩᠰᠤᠭ ᠰᠠᠢᠬᠠᠨ ᠪᠢᠲᠡᠭᠦᠨ᠎ᠦ ᠬᠣᠭᠣᠯᠠ ᠪᠡᠯᠡᠳᠬᠡᠬᠦ ᠰᠠᠨᠠᠭ᠎ᠠ᠎ᠲᠠᠶ᠂ ᠰᠦᠯᠵᠢᠶᠡᠨ ᠳᠡᠭᠡᠷ᠎ᠡ ᠡᠴᠡ ᠱᠢᠨ᠎ᠡ ᠮᠠᠶᠢᠭ᠎ᠤᠨ ᠬᠠᠭᠤᠷᠤᠯᠭ᠎ᠠ ᠡᠷᠢᠵᠦ ᠣᠯᠵᠤ ᠪᠣᠯᠬᠤ ᠦᠦ?》᠂ 《ᠪᠢ ᠱᠢᠨ᠎ᠡ᠎ᠶᠢᠨ ᠵᠣᠯᠭᠠᠯᠲᠠ ᠬᠢᠵᠦ ᠪᠠᠢᠭ᠎ᠠ ᠸᠢᠳᠢᠣ᠋ ᠪᠢᠴᠢᠯᠭᠡ ᠰᠢᠩᠭᠡᠬᠡᠭᠡᠳ ᠡᠭᠡᠴᠢ ᠳᠡᠭᠦᠦ᠍᠎ᠨᠡᠷ ᠳᠡᠭᠡᠨ ᠶᠠᠪᠤᠭᠤᠯᠵᠤ ᠦᠭᠬᠦ ᠰᠠᠨᠠᠭ᠎ᠠ ᠲᠠᠢ᠂ ᠠᠷᠭ᠎ᠠ ᠵᠢ ᠨᠢ ᠵᠢᠭᠠᠭᠠᠳ ᠦᠭᠭᠦᠭᠡᠴᠢ》᠂ 《ᠤᠮᠪᠤᠯᠤ ᠲᠠᠢ ᠪᠠᠨ ᠸᠢᠳᠢᠣ᠋ ᠬᠤᠯᠪᠤᠭ᠎ᠠ ᠠᠪᠬᠤ᠎ᠳᠦ ᠵᠥᠪᠬᠡᠨ ᠳᠠᠭᠤ ᠨᠢ ᠰᠣᠨᠣᠰᠤᠭᠳᠠᠭᠠᠳ ᠵᠢᠷᠤᠭ ᠨᠢ ᠢᠯᠡᠷᠡᠬᠦ ᠦᠭᠡᠢ᠂ ᠬᠡᠦᠬᠡ ᠡ᠂ ᠴᠢ ᠨᠠᠳᠠ᠎ᠳᠤ ᠦᠵᠡᠭᠡᠳ ᠥᠭᠳ᠋ᠸ》᠁ ᠲᠤᠬᠠᠢ᠎ᠶ᠋ᠢᠨ ᠲᠠᠯᠠᠪᠠᠢ᠎ᠶ᠋ᠢᠨ ᠰᠠᠢ᠌ᠨ ᠲᠤᠷᠠᠴᠤᠳ ᠬᠥᠳᠡᠯᠦᠯᠴᠡᠵᠦ᠍᠂ ᠡᠪᠦᠭᠡ ᠡᠮᠡᠭᠡᠨᠡᠷᠲᠦ ᠳᠤᠬᠢᠶᠠᠯᠳᠤᠭᠰᠠᠨ ᠶᠠᠪᠤᠳᠠᠯ᠎ᠢ ᠬᠦᠯᠢᠴᠡᠩᠭᠦᠢ ᠰᠤᠨᠤᠰᠴᠤ᠂ ᠠᠰᠠᠭᠤᠳᠠᠯ᠎ᠢ ᠨᠢ ᠨᠢᠭᠡᠳ ᠨᠢᠭᠡ᠎ᠪᠡᠷ ᠱᠢᠢᠳᠪᠦᠷᠢᠯᠡᠵᠦ ᠦᠭᠪᠡ᠃
ᠦᠨᠳᠦᠰᠦᠲᠡᠨ᠎ᠦ ᠰᠤᠳᠤᠯᠤᠯ ᠬᠥᠮᠦᠨ ᠲᠥᠷᠥᠯᠬᠢᠲᠡᠡᠦ ᠰᠤᠳᠤᠯᠤᠯ᠎ᠤᠨ ᠳᠡᠭᠡᠳᠦ ᠰᠤᠷᠭᠠᠭᠤᠯᠢ᠎ᠶ᠋ᠢᠨ ᠬᠣᠶᠠᠳᠤᠭᠠᠷ ᠣᠨ ᠤ ᠣᠶᠤᠲᠠᠨ᠂ ᠰᠠᠢᠨ ᠳᠤᠷ᠎ᠠ᠎ᠶ᠋ᠢᠨ ᠠᠵᠢᠯᠯᠠᠭ᠍ᠴᠢ ᠭᠤᠤ ᠽᠢ ᠬᠤᠤ ᠠᠯᠢ ᠡᠷᠲᠡ ᠬᠡᠷᠡᠯ ᠵᠢᠷᠤᠭ᠎ᠤᠨ ᠮᠠᠱᠢᠨ᠎ᠢᠶᠠᠨ ᠪᠡᠯᠡᠳᠭᠡᠵᠦ᠍᠂ ᠬᠡᠷᠡᠯ ᠨᠥᠬᠥᠪᠥᠷᠢᠯᠡᠬᠦ᠌ ᠳ᠋ᠧᠩ᠎ᠢᠶᠡᠨ ᠪᠠᠢᠷᠢᠯᠠᠭᠤᠯᠵᠤ᠂ ᠨᠠᠰᠤᠳᠠᠨ ᠪᠤᠭᠤᠷᠤᠯᠴᠤᠳ ᠲᠦ᠍ ᠦᠨᠡᠮᠯᠡᠯ᠎ᠤᠨ ᠰᠡᠭᠦᠳᠡᠷ ᠳᠠᠳᠠᠵᠤ ᠦᠭᠬᠦ᠎ᠪᠠᠷ ᠪᠡᠯᠡᠳᠭᠡᠯ᠎ᠡ᠃ ᠰᠡᠭᠦᠳᠡᠷᠯᠡᠬᠦ ᠪᠦᠷᠢ ᠳᠡᠷᠡ ᠤᠯᠠᠨ ᠤ ᠰᠠᠨᠠᠯ᠎ᠢ ᠠᠰᠠᠭᠤᠵᠤ᠂ ᠬᠠᠨᠤᠮᠵᠢ ᠦᠭᠡᠢ ᠪᠤᠯ ᠳᠠᠬᠢᠨ ᠰᠡᠭᠦᠳᠡᠷᠯᠡᠵᠦ ᠦᠭᠳᠡᠭ᠃ 《ᠪᠢᠳᠡ ᠨᠠᠰᠤᠳᠠᠨ ᠪᠤᠭᠤᠷᠤᠯᠴᠤᠳ ᠲᠠᠭᠠᠨ ᠦᠨᠡᠮᠯᠡᠯ᠎ᠦᠨ ᠰᠡᠭᠦᠳᠡᠷ ᠳᠠᠳᠠᠵᠤ ᠥᠭ᠌ᠬᠦ ᠨᠢ ᠬᠣᠪᠣᠷ ᠨᠠᠨᠳᠢᠨ ᠳᠤᠷᠠᠰᠤᠮᠵᠢ ᠦᠯᠡᠳᠡᠭᠡᠬᠦ᠌᠎ᠶ᠋ᠢᠨ ᠬᠠᠮᠲᠤ᠂ ᠨᠠᠰᠤᠵᠢᠯ᠎ᠤᠨ ᠠᠰᠠᠷᠠᠮᠵᠢ ᠵᠡᠷᠭᠡ ᠶᠠᠪᠤᠳᠠᠯ᠎ᠢ ᠱᠢᠶ᠋ᠳᠪᠦᠷᠢᠯᠡᠬᠦ᠎ᠳᠦ ᠦᠨᠡᠮᠯᠡᠯ᠎ᠦᠨ ᠰᠡᠭᠦᠳᠡᠷ ᠬᠠᠩᠭᠠᠵᠦ ᠬᠦᠴᠢᠷᠳᠡᠯ᠎ᠢ ᠨᠢ ᠱᠢᠶ᠋ᠳᠪᠦᠷᠢᠯᠡᠵᠦ᠍ ᠥᠭ᠌ᠬᠦ᠎ᠶ᠋ᠢᠨ ᠲᠥᠯᠥᠭᠡ ᠶᠤᠮ》 ᠭᠡᠵᠦ ᠭᠤᠤ ᠽᠢ ᠬᠤᠤ ᠬᠡᠯᠡᠪᠡ᠃ ᠦᠨᠡᠮᠯᠡᠯ᠎ᠤᠨ ᠰᠡᠭᠦᠳᠡᠷ ᠳᠠᠳᠠᠬᠤ᠎ᠶᠢᠨ ᠵᠠᠪᠰᠠᠷ᠎ᠢᠶᠡᠷ ᠵᠠᠷᠢᠮ ᠬᠠᠮᠲᠤ ᠢᠷᠡᠭ᠌ᠰᠡᠨ ᠨᠢᠭᠡ ᠭᠡᠷ᠎ᠤᠨ ᠬᠢᠨ ᠪᠠᠰᠠ ᠪᠠᠶᠠᠷ ᠬᠥᠷ᠎ᠲᠡᠶ᠎ᠪᠡᠷ ᠠᠮᠠᠷᠠᠭ ᠬᠤᠤᠰ᠎ᠤᠨ ᠰᠡᠭᠦᠳᠡᠷ ᠲᠠᠲᠠᠭᠤᠯᠵᠤ ᠪᠠᠢᠯ᠎ᠠ᠃ 《ᠪᠢ ᠨᠥᠬᠥᠷ᠎ᠲᠡᠶ᠎ᠪᠡᠨ ᠢᠩᠭᠢᠵᠦ᠍ ᠬᠠᠮᠲᠤ᠎ᠶ᠋ᠢᠨ ᠰᠡᠭᠦᠳᠡᠷ ᠲᠠᠲᠠᠭᠤᠯᠵᠤ ᠦᠵᠡᠭᠡ ᠦᠭᠡᠢ᠂ ᠬᠡᠦᠬᠡᠳᠤᠳᠲᠡᠭᠡᠨ ᠲᠠᠯᠠᠷᠬᠠᠵᠤ ᠪᠠᠢᠨ᠎ᠠ!》 ᠭᠡᠵᠦ ᠶᠠᠨ ᠴᠧᠩ ᠨᠠᠰᠤᠲᠠᠨ ᠪᠠᠶᠠᠷᠲᠠᠶ ᠬᠡᠯᠡᠨ᠎ᠡ᠃
ᠠᠵᠢᠯᠯᠠᠭ᠎ᠠ᠎ᠳᠤ ᠣᠷᠣᠯᠴᠠᠭᠰᠠᠨ᠎ᠤ ᠳᠠᠷᠠᠭ᠎ᠠ ᠸᠠᠩ ᠮᠧᠢ ᠯᠢᠨ ᠨᠠᠰᠤᠲᠠᠨ ᠰᠡᠳᠭᠢᠯ ᠳᠣᠭ᠍ᠳᠣᠯᠤᠨ᠄ 《ᠡᠳᠡᠭᠡᠷ ᠶᠠᠪᠤᠳᠠᠯ ᠨᠢ ᠵᠠᠯᠠᠭᠤᠴᠤᠳ᠎ᠲᠤ ᠠᠪᠴᠤ᠌ ᠬᠡᠯᠡᠪᠡᠯ ᠬᠢᠯᠪᠠᠷᠬᠠᠨ ᠪᠣᠯᠪᠠᠴᠤ᠌ ᠮᠠᠨ᠎ᠤ ᠨᠠᠰᠤᠲᠠᠢᠴᠤᠳ᠎ᠲᠤ ᠠᠪᠴᠤ᠌ ᠬᠡᠯᠡᠪᠡᠯ ᠴᠥᠮ ᠬᠠᠮᠤᠭ᠎ᠤᠨ ᠪᠣᠳᠠᠲᠠᠢ᠂ ᠬᠠᠮᠤᠭ᠎ᠤᠨ ᠳᠣᠲᠣᠨᠣ ᠬᠠᠢᠷ᠎ᠠ ᠬᠠᠯᠠᠮᠵᠢ ᠪᠣᠯᠬᠤ ᠶᠤᠮ᠂ ᠵᠢᠯ ᠴᠠᠭᠠᠨ ᠰᠠᠷ᠎ᠠ ᠪᠡᠷ ᠬᠡᠦᠬᠡᠳ᠎ᠦᠳ ᠲᠤᠰᠭᠠᠢᠯᠠᠨ ᠪᠢᠳᠠᠨ᠎ᠢ ᠦᠵᠡᠬᠦ᠌᠎ᠪᠡᠷ ᠢᠷᠡᠭ᠌ᠰᠡᠨ᠎ᠳᠦ ᠪᠢ ᠮᠠᠰᠢ ᠪᠠᠶᠠᠷᠯᠠᠵᠤ ᠪᠠᠢᠨ᠎ᠠ! 》 ᠭᠡᠯᠡ᠃