ᠬᠠᠯᠪᠠᠭ᠎ᠠ᠎ᠪᠠᠷ ᠪᠢᠷ ᠪᠣᠯᠭᠠᠨ᠂ ᠱᠢᠬᠢᠷ᠎ᠢᠶᠡᠷ ᠪᠡᠬᠡ ᠪᠣᠯᠭᠠᠵᠤ᠂ ᠭᠢᠯᠦᠭᠡᠷ ᠰᠠᠢᠬᠠᠨ ᠲᠡᠮᠦᠷ ᠬᠠᠪᠲᠠᠰᠤᠨ ᠳᠡᠭᠡᠷ᠎ᠡ ᠮᠣᠭᠠᠶ᠎ᠶ᠋ᠢᠨ ᠬᠡᠯᠪᠡᠷᠢ᠎ᠳᠤ ᠰᠢᠬᠢᠷ᠎ᠤᠨ ᠵᠢᠷᠤᠭ ᠵᠢᠷᠤᠨ᠎ᠠ; ᠦᠯᠵᠡᠢᠳᠤ ᠯᠣᠣ᠂ ᠲᠤᠭᠰᠢᠨ ᠠᠷᠰᠯᠠᠨ ᠤ᠋ ᠲᠣᠭ᠍ᠯᠠᠯᠲᠠ ᠨᠢ ᠬᠦᠮᠦᠰ ᠤ᠋ᠨ ᠰᠤᠨᠢᠷᠬᠠᠯ ᠢ᠋ ᠳᠠᠳᠠᠨ᠎ᠠ; ᠡᠨᠡ ᠵᠢᠯ᠎ᠦᠨ ᠴᠠᠭᠠᠨ ᠰᠠᠷ᠎ᠠ᠂ ᠡᠯ᠎ᠡ ᠭᠠᠵᠠᠷ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠠᠵᠢᠯᠯᠠᠭ᠎ᠠ ᠬᠥᠮᠦᠰ᠎ᠦᠨ ᠲᠠᠭᠠᠱᠢᠶᠠᠯ᠎ᠢ ᠣᠯᠵᠤ᠂ ᠪᠣᠳᠠᠰ᠎ᠤᠨ ᠪᠤᠰᠤ ᠰᠣᠶᠣᠯ᠎ᠤᠨ ᠥᠪ᠎ᠢ ᠰᠣᠨᠢᠷᠬᠠᠬᠤ ᠨᠢ ᠴᠠᠭᠠᠨ ᠰᠠᠷ᠎ᠠ ᠵᠢᠨ ᠰᠢᠨ᠎ᠠ ᠤᠷᠤᠰᠬᠠᠯ ᠪᠤᠯᠵᠠᠢ᠃
ᠴᠠᠭᠠᠨ ᠰᠠᠷ᠎ᠠ ᠨᠢ ᠣᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠰᠤᠷᠭᠠᠨ ᠬᠥᠮᠦᠵᠢᠯ ᠱᠢᠨᠵᠢᠯᠡᠬᠦ᠌ ᠤᠬᠠᠭᠠᠨ ᠰᠣᠶᠣᠯ᠎ᠤᠨ ᠵᠣᠬᠢᠶᠠᠨ ᠪᠠᠢᠭᠤᠯᠤᠯᠲᠠ ᠵᠢᠨ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠨᠡᠷᠡᠰ ᠲᠤ᠌ ᠰᠤᠩᠭᠤᠭᠳᠠᠭᠰᠠᠨ ᠡᠴᠡ ᠮᠣᠭᠠᠶ ᠵᠢᠯ᠎ᠦᠨ ᠴᠠᠭᠠᠨ ᠰᠠᠷᠠᠨ᠎ᠢ ᠥᠩᠭᠡᠷᠡᠭ᠌ᠰᠡᠨᠦᠬᠢᠲᠡᠶ ᠠᠳᠠᠯᠢᠳᠬᠠᠪᠠᠯ ᠨᠡᠩ ᠭᠤᠢᠳᠠ ᠰᠠᠢᠬᠠᠨ ᠨᠡᠩ ᠰᠤᠨᠢᠷᠬᠠᠯ ᠲᠠᠢ ᠪᠠᠢᠯ᠎ᠠ᠃ ᠡᠬᠡ ᠤᠯᠤᠰ᠎ᠤᠨ ᠤᠮᠠᠷᠠᠲᠤ ᠬᠢᠯᠢ᠎ᠶ᠋ᠢ ᠪᠠᠷᠠᠯᠠᠬᠤᠶ᠎ᠠ᠂ ᠳ᠋ᠧᠩ᠎ᠦᠨ ᠴᠤᠭ᠍ᠯᠠᠭᠠᠨ᠂ ᠰᠦᠮ᠎ᠡ᠎ᠶ᠋ᠢᠨ ᠴᠤᠭ᠍ᠯᠠᠭᠠᠨ᠂ ᠭᠠᠯ ᠤ᠋ᠨ ᠦᠳᠡᠱᠢᠯᠡᠭᠡ ᠬᠥᠷ ᠬᠥᠭ᠌ᠵᠢᠶᠡᠨᠲᠡᠶ ᠶᠠᠪᠤᠭᠳᠠᠵᠤ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠦᠢᠯᠡᠳᠭᠦᠨ᠂ ᠤᠯᠠᠮᠵᠢᠯᠠᠯᠲᠤ ᠤᠷ᠎ᠠ ᠮᠡᠷᠭᠡᠵᠢᠯ᠂ ᠤᠯᠠᠮᠵᠢᠯᠠᠯᠳᠤ ᠨᠠᠷᠠᠲᠤ ᠪᠦᠲᠦᠭᠡᠭᠳᠡᠭᠦᠨ ᠳᠡᠯᠭᠡᠭᠳᠡᠵᠤ᠂ ᠬᠤᠶᠠᠷ ᠬᠦᠮᠦᠨ ᠤ᠋ ᠵᠦᠴᠦᠭᠡ᠂ ᠶᠠᠩᠭᠠᠷ᠂ ᠵᠢᠰᠦ ᠬᠤᠪᠢᠯᠬᠤ ᠵᠡᠷᠭᠡ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠤᠭᠯᠠᠯᠳᠠ ᠨᠢ ᠬᠥᠮᠦᠰ᠎ᠢ ᠰᠣᠭ᠍ᠲᠣᠭᠤᠷᠠᠭᠤᠯᠤᠨ᠎ᠠ᠃ ᠠᠷᠠᠳ᠎ᠤᠨ ᠵᠠᠩ ᠦᠢᠯᠡ᠎ᠶ᠋ᠢ ᠰᠣᠨᠢᠷᠬᠠᠵᠤ᠂ ᠮᠥᠰᠥ᠍ ᠴᠠᠰᠤ ᠪᠡᠷ ᠵᠢᠭᠤᠯᠴᠢᠯᠠᠨ᠂ ᠠᠮᠲᠠᠲᠤ ᠢᠳᠡᠭᠡᠨ ᠠᠮᠰᠠᠵᠤ᠂ ᠰᠠᠷ᠎ᠠ ᠰᠢᠨ᠎ᠠ ᠳ᠋ᠤ ᠪᠣᠳᠠᠰ᠎ᠤᠨ ᠪᠤᠰᠤ ᠰᠣᠶᠣᠯ᠎ᠤᠨ ᠥᠪ᠎ᠢ ᠪᠡᠶᠡᠴᠢᠯᠡᠨ ᠣᠢᠯᠠᠭᠠᠬᠤ ᠨᠢ ᠣᠳᠣᠬᠠᠨ᠎ᠤ ᠡᠯ᠎ᠡ ᠭᠠᠵᠠᠷ᠎ᠤᠨ ᠰᠣᠶᠣᠯ᠎ᠤᠨ ᠤᠷᠤᠰᠭᠠᠯ ᠪᠣᠯᠵᠤ᠂ ᠴᠠᠭᠠᠨ ᠰᠠᠷ᠎ᠠ᠎ᠶ᠋ᠢᠨ ᠠᠭᠤᠯᠤᠭ᠍ᠳᠠᠬᠤᠨ᠎ᠢ ᠪᠠᠶᠠᠯᠢᠭ᠍ᠵᠢᠭᠤᠯᠤᠭ᠍ᠰᠠᠨ᠎ᠢᠶᠠᠷ ᠪᠠᠷᠠᠬᠤ ᠦᠭᠡᠢ ᠨᠠᠩ ᠴᠤ᠌ ᠱᠢᠨ᠎ᠡ ᠴᠠᠭ ᠦᠶ᠎ᠡ᠎ᠳᠦ ᠪᠠᠳᠠᠷᠠᠨ ᠬᠥᠭ᠌ᠵᠢᠭ᠌ᠰᠡᠨ ᠤᠯᠠᠮᠵᠢᠯᠠᠯᠲᠤ ᠰᠣᠶᠣᠯ᠎ᠤᠨ ᠠᠮᠢᠵᠢᠷᠠᠯ᠎ᠤᠨ ᠬᠦᠴᠦᠨ᠎ᠢ ᠢᠯᠡᠷᠡᠭᠦᠯᠪᠡ᠃
ᠪᠣᠳᠠᠰ᠎ᠤᠨ ᠪᠤᠰᠤ ᠰᠤᠶᠤᠯ ᠤ᠋ᠨ ᠥᠪᠬᠤᠪᠤᠷ ᠴᠤᠬᠠᠭ ᠪᠠᠢᠳᠠᠭ ᠵᠢᠡᠷ ᠵᠢᠡᠨ ᠰᠠᠢᠳᠤᠷ ᠬᠠᠮᠠᠭᠠᠯᠠᠬᠤ ᠴᠢᠬᠤᠯᠠᠳᠠᠢ ᠶᠤᠮ᠃ ᠪᠣᠳᠠᠰ᠎ᠤᠨ ᠪᠤᠰᠤ ᠰᠣᠶᠣᠯ᠎ᠤᠨ ᠥᠪ᠎ᠦᠨ ᠴᠠᠭᠠᠨ᠎ᠠ ᠭᠦᠨ ᠵᠤᠵᠠᠭᠠᠨ ᠲᠡᠦᠬᠡ ᠰᠣᠶᠣᠯ᠎ᠤᠨ ᠠᠭᠤᠯᠤᠭᠳᠠᠬᠤᠨ ᠬᠠᠳᠠᠭᠠᠯᠠᠭᠳᠠᠵᠤ᠂ ᠨᠢᠭᠡ ᠭᠠᠵᠠᠷ ᠤᠷᠤᠨ ᠤ᠋ ᠨᠤᠲᠤᠭ ᠤᠰᠤᠨ᠎ᠤ ᠵᠠᠩ ᠳᠠᠳᠬᠠᠯ᠎ᠳᠤ ᠬᠣᠯᠪᠣᠭᠳᠠᠵᠤ᠂ ᠬᠠᠢᠷ᠎ᠠ ᠰᠡᠳᠬᠢᠯᠭᠡ᠎ᠳᠦ ᠬᠣᠯᠪᠣᠭᠳᠠᠵᠤ ᠪᠠᠢᠳᠠᠭ᠃ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭᠠᠯᠠᠵᠤ ᠤᠯᠠᠮᠵᠢᠯᠠᠬᠤ ᠠᠵᠢᠯ᠎ᠢ ᠰᠠᠢᠲᠤᠷ ᠬᠢᠬᠦ᠎ᠶᠢᠨ ᠮᠠᠰᠢ ᠴᠢᠬᠤᠯᠠ ᠨᠢᠭᠡ ᠵᠦᠢᠯ ᠪᠣᠯ ᠲᠡᠭᠦᠨ᠎ᠦ ᠳᠣᠲᠣᠷᠠᠬᠢ ᠭᠤᠸ᠎ᠠ ᠰᠠᠢᠬᠠᠨ᠎ᠤ ᠰᠣᠨᠢᠷᠬᠠᠯᠳᠤ ᠴᠢᠨᠠᠷ᠂ ᠤᠶᠤᠨ ᠰᠠᠨᠠᠭᠠᠨ᠎ᠤ ᠠᠭᠤᠯᠤᠭᠳᠠᠬᠤᠨ᠎ᠢ ᠦᠷᠭᠦᠯᠵᠢᠯᠡᠨ ᠬᠠᠳᠠᠭᠠᠯᠠᠵᠤ᠂ 《ᠬᠡᠯᠪᠡᠷᠢ》 ᠵᠢ ᠨᠢ ᠦᠯᠡᠳᠡᠭᠡᠬᠦ ᠪᠦᠭᠡᠳ ᠨᠡᠩ ᠴᠤ᠌ 《ᠰᠦᠭ ᠰᠦᠨᠡᠰᠦ 》 ᠵᠢ ᠨᠢ ᠤᠯᠠᠮᠵᠢᠯᠠᠨ ᠵᠠᠯᠭᠠᠮᠵᠢᠯᠠᠬᠤ ᠶᠠᠪᠤᠳᠠᠯ ᠪᠣᠯᠣᠨ᠎ᠠ᠃ ᠪᠠᠶᠠᠯᠢᠭ᠋ ᠰᠠᠢᠬᠠᠨ ᠠᠷᠠᠳ᠎ᠤᠨ ᠵᠠᠩ ᠦᠢᠯᠡ᠎ᠶᠢᠨ ᠲᠣᠭᠯᠠᠯᠲᠠ ᠨᠢ ᠵᠢᠭᠤᠯᠴᠢᠯᠠᠬᠰᠡᠳ᠎ᠤᠨ ᠪᠠᠬᠠᠷᠬᠠᠯ᠎ᠢ ᠲᠠᠲᠠᠵᠤ᠂ ᠡᠷᠲᠡᠨ᠎ᠦ ᠬᠤᠳᠠ᠎ᠶᠢᠨ ᠵᠢᠭᠤᠯᠴᠢᠯᠠᠯ᠎ᠤᠨ ᠬᠡᠷᠡᠭᠯᠡᠭᠡᠨ᠎ᠦ ᠬᠠᠯᠠᠮᠰᠢᠯ ᠨᠢ ᠲᠤᠬᠠᠢ᠎ᠶᠢᠨ ᠭᠠᠵᠠᠷ᠎ᠤᠨ ᠠᠵᠤ ᠠᠬᠤᠢ᠎ᠶᠢᠨ ᠬᠥᠭᠵᠢᠯᠲᠡ᠎ᠶᠢ ᠳᠠᠢ᠍ᠢᠴᠢᠯᠠᠵᠤ᠂ ᠪᠣᠳᠠᠰ᠎ᠤᠨ ᠪᠤᠰᠤ ᠰᠣᠶᠣᠯ᠎ᠤᠨ ᠥᠪ᠎ᠢ ᠤᠯᠠᠮᠵᠢᠯᠠᠨ ᠵᠠᠯᠭᠠᠮᠵᠢᠯᠠᠬᠤ ᠪᠠ ᠤᠳᠤ ᠦᠶ᠎ᠡ᠎ᠶᠢᠨ ᠵᠠᠯᠠᠭᠤᠴᠤᠳ᠎ᠤᠨ ᠨᠡᠢᠭᠡᠮ᠎ᠦᠨ ᠬᠠᠷᠢᠯᠴᠠᠭ᠎ᠠ᠎ᠶᠢ ᠲᠡᠭᠦᠰ ᠰᠠᠢᠬᠠᠨ ᠠᠭᠤᠰᠤᠯᠴᠠᠭᠤᠯᠪᠠ ᠁ ᠪᠣᠳᠠᠰ᠎ᠤᠨ ᠪᠤᠰᠤ ᠰᠣᠶᠣᠯ᠎ᠤᠨ ᠥᠪ ᠨᠢ ᠡᠳᠦᠷ ᠳᠤᠳᠤᠮ᠎ᠤᠨ ᠠᠮᠢᠳᠤᠷᠠᠯ᠎ᠳᠤ ᠠᠭᠤᠰᠴᠤ᠂ ᠬᠥᠮᠥᠨ ᠪᠣᠳᠠᠰ ᠠᠮᠢᠳᠤᠷᠠᠯ᠎ᠳ᠋ᠤ ᠠᠭᠤᠰᠤᠯᠴᠠᠪᠠᠯ ᠰᠠᠶᠢ ᠰᠢᠨ᠎ᠡ ᠬᠡᠷᠡᠯ ᠭᠢᠯᠪᠠᠭ᠎ᠠ᠎ᠪᠠᠨ ᠰᠠᠴᠤᠷᠠᠭᠤᠯᠵᠤ ᠴᠢᠳᠠᠨ᠎ᠠ᠃ ᠰᠢᠨ᠎ᠡ᠎ᠶᠢ ᠡᠭᠦᠳᠬᠦ᠎ᠪᠡᠷ ᠤᠯᠠᠮᠵᠢᠯᠠᠯᠲᠤ ᠰᠣᠶᠣᠯ ᠪᠣᠯᠣᠨ ᠣᠳᠣ᠌ ᠦᠶ᠎ᠡ᠎ᠶᠢᠨ ᠠᠮᠢᠳᠤᠷᠠᠯ᠎ᠤᠨ ᠬᠥᠭᠥᠷᠭᠡ᠎ᠶᠢ ᠪᠣᠰᠬᠠᠵᠤ᠂ ᠤᠯᠠᠮᠵᠢᠯᠠᠯᠲᠤ ᠳᠡᠪᠢᠰᠬᠡᠷ ᠥᠩᠭᠡ ᠳᠡᠭᠡᠷ᠎ᠡ ᠣᠳᠣ᠌ ᠦᠶ᠎ᠡ᠎ᠶᠢᠨ ᠥᠩᠭᠡ ᠪᠤᠳᠤᠭ᠎ᠢ ᠲᠠᠷᠤᠭᠤᠯᠵᠤ᠂ ᠤᠯᠠᠮᠵᠢᠯᠠᠯᠲᠤ ᠬᠡᠯᠡᠨ᠎ᠦ ᠣᠷᠴᠢᠨ᠎ᠳᠤ ᠣᠳᠣ᠌ ᠦᠶ᠎ᠡ᠎ᠶᠢᠨ ᠢᠯᠡᠳᠬᠡᠯᠲᠡ ᠬᠢᠪᠡᠯ᠂ ᠪᠣᠳᠠᠰ᠎ᠤᠨ ᠪᠤᠰᠤ ᠰᠣᠶᠣᠯ᠎ᠤᠨ ᠥᠪ ᠰᠠᠶᠢ ᠨᠡᠩ ᠤᠳᠠᠭᠠᠨ ᠳᠠᠭᠠᠭᠠᠮᠠᠭᠠᠢ ᠠᠮᠢᠵᠢᠷᠠᠯ᠎ᠤᠨ ᠬᠦᠴᠦᠨ᠎ᠲᠠᠢ ᠪᠣᠯᠵᠤ ᠴᠢᠳᠠᠨ᠎ᠠ᠃
ᠰᠤᠶᠤᠯ ᠵᠢᠡᠨ ᠤᠯᠠᠮᠵᠢᠯᠠᠨ ᠵᠠᠯᠭᠠᠮᠵᠢᠯᠠᠵᠦ ᠰᠢᠨ᠎ᠠ ᠲᠤᠤᠯᠢᠰ ᠢ᠋ ᠪᠢᠴᠢᠭᠯᠡᠨ᠎ᠠ᠃ ᠴᠠᠭᠠᠨ ᠰᠠᠷ᠎ᠠ ᠪᠣᠯ ᠮᠠᠰᠢ ᠣᠯᠠᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠷᠥᠯ ᠵᠦᠢᠯ᠎ᠢ ᠤᠯᠠᠮᠵᠢᠯᠠᠨ ᠦᠢᠯᠡᠳᠦᠯᠭᠡᠵᠢᠭᠦᠯᠬᠦ ᠪᠠ ᠲᠥᠪᠯᠡᠷᠡᠭᠦᠯᠦᠨ ᠳᠡᠯᠭᠡᠨ ᠦᠵᠡᠭᠦᠯᠬᠦ ᠴᠢᠬᠤᠯᠠ ᠴᠠᠭ ᠬᠤᠭᠤᠴᠠᠭᠠᠨ᠎ᠤ ᠵᠠᠩᠭᠢᠯᠠᠭ᠎ᠠ᠎ᠶᠢᠨ ᠴᠡᠭ ᠪᠠᠢᠵᠦ᠂ ᠪᠢᠳᠡ ᠡᠭᠦᠨ᠎ᠦ ᠲᠤᠳᠤᠷ᠎ᠠ ᠦᠢᠯᠡᠳᠦᠯᠬᠡᠵᠢᠬᠦᠯᠤᠨ ᠤᠬᠠᠵᠤ᠂ ᠬᠥᠮᠥᠨ ᠨᠢᠭᠡ ᠪᠦᠷᠢ ᠡᠨᠡ ᠬᠦ᠌ ᠪᠤᠳᠠᠰ ᠤ᠋ᠨ ᠪᠤᠰᠤ ᠰᠤᠶᠤᠯ ᠤ᠋ᠨ ᠥᠪ᠎ᠢ ᠤᠯᠠᠮᠵᠢᠯᠠᠨ ᠬᠠᠮᠠᠭᠠᠯᠠᠬᠤ ᠠᠮᠢᠵᠢᠷᠠᠯ᠎ᠤᠨ ᠬᠦᠴᠦᠨ᠎ᠦ ᠡᠬᠢ ᠪᠤᠯᠠᠭ ᠪᠣᠯᠤᠭᠰᠠᠨ ᠪᠠᠢᠨ᠎ᠠ᠃ ᠪᠣᠳᠠᠰ᠎ᠤᠨ ᠪᠤᠰᠤ ᠰᠣᠶᠣᠯ᠎ᠤᠨ ᠥᠪ᠎ᠦᠨ ᠭᠤᠸ᠎ᠠ ᠰᠠᠢᠬᠠᠨ᠎ᠢ ᠮᠡᠳᠡᠷᠡᠵᠦ᠂ ᠣᠨ ᠵᠢᠯ᠎ᠦᠨ ᠤᠯᠠᠮᠵᠢᠯᠠᠯ᠎ᠢ ᠲᠠᠨᠢᠵᠤ᠂ ᠴᠠᠭ ᠦᠶ᠎ᠡ᠎ᠶᠢᠨ ᠠᠮᠢᠵᠢᠷᠠᠯ᠎ᠤᠨ ᠬᠦᠴᠦᠨ᠎ᠢᠶᠡᠷ ᠤᠯᠠᠮᠵᠢᠯᠠᠯᠲᠤ ᠷᠢᠳᠢ ᠰᠢᠳᠢ᠎ᠶᠢ ᠬᠥᠭᠵᠢᠭᠡᠵᠦ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠭᠡᠷᠡᠯ ᠭᠢᠯᠪᠠᠭ᠎ᠠ᠎ᠶᠢ ᠨᠡᠩ ᠢᠯᠡᠭᠦᠦ ᠰᠠᠴᠤᠷᠠᠭᠤᠯᠪᠠᠯ ᠵᠤᠬᠢᠨ᠎ᠠ᠃