ᠬᠤᠪᠢᠰᠬᠠᠯ᠎ᠤᠨ ᠳᠠᠭᠤᠤ ᠪᠠᠨ ᠲᠠᠭᠤᠯᠠᠵᠤ ᠤᠯᠤᠰ᠎ᠤᠨ ᠪᠠᠶᠠᠷ᠎ᠢᠶᠡᠨ ᠤᠬᠳᠤᠯ᠎ᠠ
2025-10-03 11:10:18
ᠵᠣᠬᠢᠶᠠᠭ᠍ᠴᠢ᠄
ᠸᠠᠩ ᠶᠠ ᠵᠢᠩ ᠂ ᠹᠧᠩ ᠯᠧᠢ
ᠣᠩᠱᠢᠭ᠍ᠰᠠᠨ ᠣᠳᠠᠭ᠎ᠠ᠄
★★★☆☆

ᠤᠯᠠᠭᠠᠨ ᠲᠤᠭ ᠨᠠᠮᠢᠷᠠᠨ᠂ ᠤᠯᠤᠰ ᠲᠦᠮᠡᠨ ᠪᠠᠶᠠᠷᠯᠠᠯᠳᠤᠵᠤ᠂ ᠠᠯᠳᠠᠨ ᠨᠠᠮᠤᠷ᠎ᠤᠨ ᠥᠯᠵᠡᠢᠲᠦ ᠬᠠᠳᠠᠭ ᠠᠭᠤᠳᠠᠮ ᠲᠠᠯᠠᠪᠠᠢ ᠪᠠᠶᠠᠷ᠎ᠤᠨ ᠡᠳᠦᠷ᠎ᠦᠨ ᠠᠭᠤᠷ ᠠᠮᠢᠰᠬᠤᠯ᠎ᠢᠶᠠᠷ ᠪᠢᠯᠬᠠᠨ᠎ᠠ᠃ 10 ᠰᠠᠷ᠎ᠠ᠎ᠶᠢᠨ 1᠎ᠤ᠋ ᠡᠳᠦᠷ᠂ 《ᠬᠤᠪᠢᠰᠬᠠᠯ᠎ᠤᠨ ᠳᠠᠭᠤᠤ ᠪᠠᠨ ᠲᠠᠭᠤᠯᠠᠨ ᠤᠯᠤᠰ᠎ᠤᠨ ᠪᠠᠶᠠᠷ᠎ᠢᠶᠡᠨ ᠤᠭᠲᠤᠵᠤ ᠬᠤᠲᠠᠯᠠ ᠲᠦᠮᠡᠨ ᠰᠠᠢᠬᠠᠨ ᠲᠤᠭᠤᠷᠢᠭ᠎ᠢᠶᠡᠷ ᠵᠤᠭᠠᠯᠠᠬᠤ》 ᠪᠦᠬᠦ ᠠᠷᠠᠳ᠎ᠢᠶᠠᠷ᠎ᠢᠶᠠᠨ ᠤᠯᠤᠰ᠎ᠤᠨ ᠪᠠᠶᠠᠷ᠎ᠢ ᠤᠭᠲᠤᠬᠤ ᠭᠣᠣᠯ ᠰᠡᠳᠦᠪᠲᠦ ᠠᠵᠢᠯᠯᠠᠭ᠎ᠠ ᠡᠨᠳᠡ ᠦᠪᠡᠳᠡᠭᠰᠢ ᠶᠡᠬᠡ ᠪᠡᠷ ᠶᠠᠪᠤᠭᠳᠠᠪᠠ᠃

ᠦᠳᠡ᠎ᠶᠢᠨ ᠡᠮᠦᠨᠡᠬᠢ 9 ᠴᠠᠭ᠎ᠲᠤ᠂ ᠰᠦᠷ ᠵᠢᠪᠬᠤᠯᠠᠩᠲᠤ ᠤᠯᠤᠰ᠎ᠤᠨ ᠲᠤᠭ ᠮᠠᠨᠳᠤᠭᠤᠯᠬᠤ ᠶᠣᠰᠣᠯᠠᠯ ᠡᠬᠢᠯᠡᠪᠡ᠃ ᠲᠦᠮᠡᠨ ᠣᠯᠠᠨ᠎ᠤ ᠠᠩᠬᠠᠷᠤᠯ᠎ᠳᠦ᠂ ᠰᠦᠷ ᠵᠢᠪᠬᠤᠯᠠᠩᠲᠤ ᠤᠯᠤᠰ᠎ᠤᠨ ᠲᠤᠭ᠎ᠢ ᠬᠠᠮᠠᠭᠠᠯᠠᠬᠤ ᠠᠩᠭᠢ᠎ᠶᠢᠨ ᠬᠢᠨ ᠢᠳᠡᠷᠡᠭᠦᠨ ᠠᠯᠬᠤᠭ᠎ᠠ᠎ᠪᠠᠷ ᠤᠯᠤᠰ᠎ᠤᠨ ᠲᠤᠭ᠎ᠢ ᠬᠠᠮᠠᠭᠠᠯᠠᠨ ᠲᠠᠯᠠᠪᠠᠶ᠎ᠳᠤ ᠣᠷᠣᠪᠠ᠃ ᠤᠯᠤᠰ᠎ᠤᠨ ᠰᠦᠯᠳᠡ ᠲᠠᠭᠤᠤ ᠵᠢᠨ ᠠᠶᠠᠰ᠎ᠤᠨ ᠳᠤᠮᠳᠠ ᠲᠠᠪᠤᠨ ᠣᠳᠣᠲᠤ ᠤᠯᠠᠭᠠᠨ ᠲᠤᠭ ᠠᠯᠭᠤᠷᠬᠠᠨ ᠮᠠᠨᠳᠤᠵᠤ᠂ ᠲᠠᠯᠠᠪᠠᠢ᠎ᠳᠤ ᠪᠠᠢᠭᠰᠠᠨ ᠤᠯᠠᠨ ᠲᠦᠮᠡᠨ  ᠬᠠᠮᠲᠦ ᠪᠡᠷ ᠤᠯᠤᠰ᠎ᠤᠨ ᠰᠦᠯᠳᠡ ᠳᠠᠭᠤᠤ᠎ᠶᠢ ᠬᠠᠩᠭᠢᠨᠠᠲᠠᠯ᠎ᠠ ᠳᠠᠭᠤᠯᠠᠪᠠ᠃

《ᠬᠤᠪᠢᠰᠬᠠᠯ᠎ᠤᠨ ᠳᠠᠭᠤᠤ ᠪᠡᠨ ᠲᠠᠭᠤᠯᠠᠵᠤ ᠤᠯᠤᠰ᠎ᠤᠨ ᠪᠠᠶᠠᠷ᠎ᠢᠶᠡᠨ ᠤᠭᠲᠤᠶ᠎ᠠ》 ᠤᠯᠠᠨ ᠲᠦᠮᠡᠨ᠎ᠦ ᠦᠵᠡᠭᠦᠯᠭᠡ᠎ᠶᠢᠨ ᠲᠣᠭᠯᠠᠯᠲᠠ ᠡᠬᠢᠯᠠᠵᠤ ᠲᠤᠬᠠᠢ᠎ᠶᠢᠨ ᠲᠠᠯᠠᠪᠠᠢ᠎ᠶᠢᠨ ᠠᠭᠤᠷ ᠠᠮᠢᠰᠬᠤᠯ ᠬᠦᠷ ᠨᠡᠷᠬᠢᠶᠡᠨ᠎ᠢᠶᠡᠷ ᠪᠢᠯᠬᠠᠪᠠ᠃ ᠰᠠᠢᠬᠠᠨ ᠲᠣᠭᠣᠷᠢᠭ᠋᠎ᠤᠨ ᠰᠣᠶᠣᠯ᠎ᠤᠨ ᠣᠷᠳᠣᠨ᠎ᠤ ᠤᠯᠠᠨ ᠲᠦᠮᠡᠨ᠎ᠦ ᠨᠠᠢᠷᠠᠯ ᠳᠠᠭᠤᠤ᠎ᠶᠢᠨ ᠪᠦᠯᠬᠦᠮ ᠭᠦᠨ ᠰᠡᠳᠬᠢᠯᠭᠡ᠎ᠲᠠᠢ ᠪᠡᠷ 《ᠪᠢ ᠡᠬᠡ ᠤᠯᠤᠰ᠎ᠲᠠᠢ᠎ᠪᠠᠨ ᠬᠠᠮᠲᠤ》᠂ 《ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠶ᠎ᠠ》᠂ 《ᠡᠬᠡ ᠤᠯᠤᠰ ᠮᠢᠨᠢ ᠮᠠᠷᠲᠠᠬᠤ ᠦᠭᠡᠢ》 ᠵᠡᠷᠭᠡ ᠰᠣᠩᠭᠣᠳᠠᠭ ᠳᠠᠭᠤᠤ᠎ᠶᠢ ᠳᠠᠭᠤᠯᠠᠪᠠ᠃ 

ᠶᠢᠰᠦᠨ ᠰᠠᠷ᠎ᠠ ᠵᠢᠨ ᠭᠤᠷᠪᠡᠨ᠎ᠤ ᠴᠡᠷᠢᠭ ᠠᠩᠭᠢ ᠵᠢ ᠰᠢᠯᠭᠠᠨ ᠦᠵᠡᠬᠦ ᠶᠤᠰᠤᠯᠠᠯ᠎ᠳᠦ ᠣᠷᠣᠯᠴᠠᠭᠰᠠᠨ ᠡᠷᠦᠬᠡ᠎ᠶᠢᠨ ᠴᠡᠷᠢᠭ ᠺᠧᠦ ᠰᠢᠶᠣᠣ ᠴᠢᠩ᠂ ᠴᠡᠷᠢᠭ᠎ᠤᠨ ᠠᠯᠪᠠ ᠡᠴᠡ ᠪᠠᠨ ᠬᠠᠯᠠᠭᠳᠠᠭᠰᠠᠨ ᠵᠤᠤ ᠶᠤᠸᠠᠢ᠂ ᠥᠪᠡᠷᠲᠡᠭᠡᠨ ᠵᠠᠰᠠᠬᠤ ᠣᠷᠣᠨ᠎ᠤ ᠬᠥᠳᠡᠯᠮᠦᠷᠢ᠎ᠶᠢᠨ ᠵᠢᠱ᠌ᠢᠶᠡᠴᠢ ᠹᠦ ᠪᠢᠩ ᠪᠢᠩ᠂ ᠤᠤᠯ᠎ᠤᠨ ᠲᠡᠢᠷᠦᠯᠲᠦ ᠰᠤᠮᠤ᠎ᠶᠢᠨ ᠴᠡᠷᠢᠭ᠎ᠦᠨ ᠤᠷᠠᠨ ᠰᠠᠢᠬᠠᠨ᠎ᠤ ᠪᠦᠯᠬᠦᠮ᠎ᠦᠨ ᠳᠠᠭᠤᠴᠢᠨ ᠴᠧᠨ ᠸᠧᠢ ᠵᠡᠷᠭᠡ ᠣᠨᠴᠠ ᠤᠷᠢᠭ᠍ᠰᠠᠨ ᠬᠦᠨᠳᠦᠲᠦ ᠵᠣᠴᠢᠳ ᠤᠯᠠᠨ ᠲᠦᠮᠡᠨ᠎ᠲᠠᠢ ᠳᠣᠲᠣᠨᠣ᠌᠎ᠪᠠᠷ ᠬᠦᠳᠡᠯᠦᠯᠴᠡᠵᠤ᠂ ᠤᠯᠠᠨ ᠲᠠᠢ ᠬᠠᠮᠲᠤ ᠡᠬᠡ ᠤᠯᠤᠰ᠎ᠲᠠᠭᠠᠨ ᠴᠢᠩ ᠰᠡᠳᠬᠢᠯ᠎ᠦᠨ ᠵᠥᠩᠨᠡᠯ ᠳᠡᠪᠰᠢᠭᠦᠯᠵᠡᠢ᠃

9 ᠴᠠᠭ 30 ᠮᠢᠨᠦ᠋ᠲ᠎ᠲᠦ᠂ ᠬᠦᠮᠦᠰ᠎ᠤᠨ ᠤᠤᠬᠠᠢᠯᠠᠨ ᠬᠠᠰᠬᠢᠷᠤᠯᠳᠤᠬᠤ ᠳᠠᠭᠤᠨ᠎ᠤ ᠳᠤᠮᠳᠠ 18 ᠮᠸᠲᠷ ᠤᠷᠳᠤ᠂ 12 ᠮᠸᠲᠷ ᠥᠷᠭᠡᠨ ᠲᠣᠮᠣ᠌ ᠤᠯᠤᠰ᠎ᠤᠨ ᠲᠤᠭ ᠬᠥᠮᠥᠰ᠎ᠦᠨ ᠭᠠᠷ᠎ᠲᠤ ᠠᠯᠭᠤᠷᠬᠠᠨ ᠳᠠᠮᠵᠢᠭ᠍ᠳᠠᠵᠤ᠂ ᠬᠥᠮᠥᠰ᠎ᠦᠨ ᠤᠷᠮ᠎ᠠ ᠵᠣᠷᠢᠭ᠋᠎ᠢ ᠬᠥᠭᠵᠢᠭᠡᠭᠰᠡᠨ 《ᠲᠦᠮᠡᠨ ᠬᠥᠮᠥᠨ ᠲᠣᠮᠣ᠌ ᠤᠯᠤᠰ᠎ᠤᠨ ᠲᠤᠭ᠎ᠢ ᠳᠠᠮᠵᠢᠭᠤᠯᠬᠤ》 ᠠᠵᠢᠯᠯᠠᠭ᠎ᠠ ᠳᠤᠬᠠᠢ ᠵᠢᠨ ᠲᠠᠯᠠᠪᠠᠢ ᠵᠢ ᠠᠬᠢᠭᠠᠳ ᠬᠦᠭᠵᠢᠭᠡᠯ᠎ᠡ᠃ 

ᠬᠤᠪᠢᠰᠬᠠᠯ᠎ᠤᠨ ᠳᠠᠭᠤᠤ᠎ᠶ᠋ᠢᠨ ᠲᠤᠭᠯᠠᠯᠲᠠ ᠳᠠᠭᠤᠰᠤᠭ᠍ᠰᠠᠨ᠎ᠤ ᠳᠠᠷᠠᠭ᠎ᠠ 《ᠤᠯᠠᠭᠠᠨ ᠲᠣᠭ᠎ᠢ ᠳᠠᠭᠠᠵᠤ ᠰᠠᠢᠬᠠᠨ᠎ᠲᠤᠭᠤᠷᠢᠭ ᠵᠢᠡᠷ ᠵᠤᠭᠠᠯᠠᠬᠤ》 ᠪᠥᠬᠥ᠌ ᠠᠷᠠᠳ᠎ᠤᠨ ᠤᠯᠤᠰ᠎ᠤᠨ ᠪᠠᠶᠠᠷ᠎ᠢᠶᠠᠨ ᠤᠭ᠍ᠲᠤᠬᠤ ᠡᠷᠡᠭᠦᠯ ᠮᠡᠨᠳᠦ᠍᠎ᠶ᠋ᠢᠨ ᠠᠶᠠᠯᠠᠯ᠎ᠤᠨ ᠠᠵᠢᠯᠯᠠᠭ᠎ᠠ ᠡᠬᠢᠯᠡᠪᠡ᠃ ᠵᠠᠭᠤᠨ ᠮᠠᠰᠢᠨ ᠲᠡᠷᠭᠡ᠎ᠪᠡᠷ ᠵᠠᠮ ᠨᠡᠭᠡᠭᠡᠵᠦ᠍᠂ ᠮᠢᠩᠭᠠᠨ ᠬᠥᠮᠦᠨ ᠳᠤᠭᠤᠶ ᠤᠨᠤᠵᠤ ᠲᠠᠭᠠᠭᠤᠯᠤᠨ᠂ ᠲᠦᠮᠡᠨ ᠬᠥᠮᠦᠨ᠎ᠢᠶᠡᠷ ᠪᠦᠷᠢᠯᠳᠦᠭ᠌ᠰᠡᠨ ᠮᠤᠨᠳᠠᠭ ᠶᠡᠬᠡ ᠡᠩᠨᠡᠭᠡ ᠨᠢ ᠥᠯᠵᠡᠢᠲᠦ ᠬᠠᠳᠠᠭ ᠠᠭᠤᠳᠠᠮ ᠲᠠᠯᠠᠪᠠᠶ᠎ᠡᠴᠡ ᠰᠦᠷ ᠳᠠᠯᠠᠢᠴᠠᠲᠠᠶ᠎ᠪᠠᠷ ᠮᠣᠷᠳᠠᠵᠤ᠂ ᠲᠠᠯ᠎ᠠ ᠨᠤᠲᠤᠭ᠎ᠤᠨ ᠲᠣᠷᠭᠠᠨ ᠵᠠᠮ᠎ᠤᠨ ᠰᠣᠶᠣᠯ᠎ᠤᠨ ᠴᠡᠴᠡᠷᠯᠢᠭ ᠵᠢᠴᠢ ᠶᠡᠬᠡ ᠲᠦᠷᠭᠡᠨ ᠭᠤᠤᠯ᠎ᠤᠨ ᠡᠷᠭᠢ ᠳᠠᠭᠠᠤ ᠠᠶᠠᠯᠠᠪᠠ᠃ 

ᠣᠨᠴᠠᠭᠠᠢ ᠵᠢᠷᠤᠵᠤ ᠲᠥᠯᠥᠪᠯᠡᠭ᠌ᠰᠡᠨ ᠦᠵᠡᠮᠵᠢᠲᠦ ᠵᠢᠭᠤᠯᠴᠢᠯᠠᠯ᠎ᠤᠨ ᠺᠠᠷᠲ ᠨᠢ ᠲᠣᠰ ᠤᠳᠠᠭᠠᠨ᠎ᠤ ᠬᠥᠳᠡᠯᠭᠡᠭᠡᠨ᠎ᠦ ᠨᠢᠭᠡᠨ ᠭᠢᠯᠠᠰ ᠴᠡᠭ ᠪᠣᠯᠪᠠ᠃ ᠦᠵᠡᠮᠵᠢᠲᠦ ᠵᠢᠭᠤᠯᠴᠢᠯᠠᠯ᠎ᠤᠨ ᠺᠠᠷᠲ ᠨᠢ ᠰᠠᠢᠬᠠᠨ ᠲᠣᠭᠣᠷᠢᠭ᠎ᠤᠨ ᠭᠣᠶᠣ ᠰᠠᠢᠬᠠᠨ ᠪᠠᠢᠭᠠᠯᠢ᠎ᠶ᠋ᠢᠨ ᠥᠩᠭᠡ ᠦᠵᠡᠮᠵᠢ ᠪᠠ ᠥᠪᠡᠷᠮᠢᠴᠡ ᠰᠣᠶᠣᠯ ᠢᠷᠭᠡᠨᠱᠢᠯ᠎ᠦᠨ ᠦᠵᠡᠮᠵᠢ᠎ᠶ᠋ᠢ ᠠᠭᠤᠰᠭᠠᠨ ᠱᠢᠩᠭᠡᠭᠡᠵᠦ᠍᠂ ᠤᠷᠠᠯᠢᠭ᠍ᠴᠢ ᠴᠢᠨᠠᠷ ᠪᠠ ᠳᠤᠷᠠᠰᠭᠠᠯ᠎ᠤᠨ ᠦᠨ᠎ᠡ ᠥᠷᠲᠡᠭ᠎ᠢ ᠬᠠᠮᠲᠤ᠎ᠳᠤᠨᠢ ᠪᠦᠷᠢᠯᠳᠦᠭᠦᠯᠦᠭ᠌ᠰᠡᠨ ᠪᠠᠢᠨ᠎ᠠ᠃ ᠤᠯᠤᠰ᠎ᠤᠨ ᠪᠠᠶᠠᠷ᠎ᠤᠨ ᠠᠮᠠᠷᠠᠯᠲᠠ ᠵᠢᠨ ᠬᠤᠭᠤᠴᠠᠭᠠᠨ᠎ᠳᠤ᠂ ᠬᠣᠲᠠ᠎ᠶ᠋ᠢᠨ ᠠᠷᠠᠳ ᠪᠠ ᠵᠢᠭᠤᠯᠴᠢᠯᠠᠭᠴᠢᠳ ᠢᠯᠡ ᠵᠠᠬᠢᠳᠠᠯ᠎ᠤᠨ ᠬᠠᠭᠤᠳᠠᠰᠤ᠎ᠪᠠᠷ ᠲᠣᠭ᠍ᠲᠠᠭ᠍ᠰᠠᠨ ᠬᠠᠮᠳᠤᠷᠠᠯᠴᠠᠬᠰᠠᠨ ᠠᠵᠤ ᠠᠬᠤᠢᠯᠠᠯ᠎ᠤᠨ ᠦᠨ᠎ᠡ ᠲᠥᠯᠥᠪᠦᠷᠢ ᠥᠬᠡᠶ ᠦᠢᠯᠡᠴᠢᠯᠡᠭᠡ ᠵᠢ ᠪᠡᠶᠡᠴᠢᠯᠡᠨ ᠣᠢᠯᠠᠭᠠᠬᠤ᠂ ᠦᠨ᠎ᠡ ᠬᠠᠩᠰᠢ ᠵᠢ ᠪᠠᠭᠤᠷᠠᠭᠤᠯᠬᠤ ᠵᠡᠷᠭᠡ ᠣᠯᠠᠨ ᠵᠦᠶ᠋ᠯ᠎ᠦᠨ ᠬᠠᠷᠠᠭᠠᠯᠵᠠᠯ᠎ᠢ ᠭᠥᠷᠳᠡᠵᠦ᠍᠂ 《ᠨᠢᠭᠡ ᠪᠢᠯᠧᠲ᠎ᠢᠶᠡᠷ ᠰᠠᠭᠠᠳ ᠥᠬᠡᠶ ᠠᠶᠠᠯᠠᠵᠤ᠂ ᠵᠣᠯ ᠵᠢᠷᠭᠠᠯᠲᠤ ᠰᠠᠢᠬᠠᠨ ᠲᠤᠭᠤᠷᠢᠭ ᠵᠢᠡᠷ᠎ᠵᠤᠭᠠᠯᠠᠪᠠ》᠃

ᠲᠠᠨᠢᠯᠴᠠᠭᠤᠯᠤᠭ᠍ᠰᠠᠨ᠎ᠢᠶᠠᠷ᠂ 《ᠬᠤᠤᠰ ᠪᠠᠶᠠᠷ》 ᠤ᠋ᠨ ᠬᠤᠭᠤᠴᠠᠭᠠᠨ᠎ᠳᠤ ᠰᠠᠢᠬᠠᠨ ᠲᠣᠭᠣᠷᠢᠭ ᠪᠠᠰᠠ ᠳᠠᠭᠤᠤ ᠬᠥᠭ᠌ᠵᠢᠮ ᠳ᠋ᠧᠩ᠎ᠦᠨ ᠦᠵᠡᠭᠦᠯᠭᠡ᠂ ᠨᠠᠮᠤᠷ᠎ᠤᠨ ᠤᠶᠠᠨᠭᠭ᠎ᠠ ᠵᠢᠨ ᠳᠠᠭᠤᠤ ᠬᠥᠭ᠌ᠵᠢᠮ᠎ᠦᠨ ᠴᠤᠭ᠍ᠯᠠᠭᠠᠨ᠂ ᠰᠣᠩᠭᠣᠳᠠᠭ ᠬᠤᠪᠢᠰᠭᠠᠯ᠎ᠤᠨ ᠺᠢᠨᠣ᠋ ᠦᠵᠡᠭᠦᠯᠭᠡ᠂ ᠠᠷᠠᠳ᠎ᠤᠨ ᠵᠠᠩ ᠦᠶ᠋ᠯᠡ᠎ᠶ᠋ᠢᠨ ᠰᠣᠶᠣᠯ᠎ᠤᠨ ᠦᠵᠡᠭᠦᠯᠭᠡ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠷ᠎ᠠ ᠮᠡᠷᠭᠡᠵᠢᠯ᠎ᠦᠨ ᠪᠡᠶᠡᠴᠢ ᠣᠢᠯᠠᠭᠠᠯᠲᠠ ᠵᠡᠷᠭᠡ 40 ᠱᠢᠬᠠᠮ ᠵᠦᠶ᠋ᠯ᠎ᠦᠨ ᠰᠣᠶᠣᠯ ᠵᠢᠭᠤᠯᠴᠢᠯᠠᠯ᠎ᠤᠨ ᠠᠵᠢᠯᠯᠠᠭ᠎ᠠ ᠥᠷᠨᠢᠭᠦᠯᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号