ᠪᠤᠷᠤᠳᠤᠬᠤᠢ ᠤᠰᠤᠯᠠᠯᠳᠡ ᠵᠢᠨ ᠤᠷᠤᠨ ᠨᠢ ᠦᠪᠡᠷᠮᠢᠴᠡ ᠣᠨᠴᠠᠭᠠᠢ ᠭᠠᠵᠠᠷ ᠵᠦᠢ ᠵᠢᠨ ᠲᠠᠷᠢᠮᠠᠯᠤᠨ ᠳᠠᠪᠠᠭᠤᠯᠢᠭ ᠵᠢᠡᠷ ᠵᠢᠡᠨ ᠤᠯᠤᠰ ᠪᠣᠯᠤᠨ ᠥᠪᠡᠷᠲᠡᠭᠡᠨ ᠵᠠᠰᠠᠬᠤ ᠣᠷᠣᠨᠤ ᠴᠢᠬᠣᠯᠠ ᠲᠠᠸᠠᠷᠤᠨ ᠠᠮᠤ ᠪᠤᠳᠠᠭᠠᠨ ᠤ ᠰᠠᠭᠤᠷᠢᠨ ᠭᠠᠵᠠᠷ ᠪᠤᠯᠬᠤ ᠪᠡᠷ ᠪᠠᠷᠠᠬᠤ ᠦᠬᠡᠢ ᠪᠦᠬᠦ ᠤᠯᠤᠰᠤᠨ ᠴᠤᠷᠤᠨ ᠭᠠᠭᠴᠠ ᠤᠯᠤᠰᠤᠨ ᠬᠥᠭᠵᠢᠭᠦᠯᠦᠯᠲᠡ ᠥᠭᠡᠷᠡᠴᠢᠯᠡᠯᠲᠡ ᠶ᠋ᠢᠨ ᠵᠥᠪᠯᠡᠯ ᠦᠨ ᠲᠦᠷᠦᠯ ᠲᠣᠭᠲᠠᠭᠠᠨ ᠪᠦᠳᠦᠬᠡᠨ ᠪᠠᠢᠭᠤᠯᠵᠦ ᠬᠡᠪᠴᠢᠶᠡᠵᠢᠬᠦᠯᠦᠭᠰᠡᠨ ᠴᠢᠨᠠᠷ ᠰᠠᠢᠲᠠᠢ ᠬᠠᠪᠤᠷᠤᠨ ᠪᠤᠭᠤᠳᠠᠢ ᠶ᠋ᠢᠨ ᠦᠢᠯᠡᠳᠪᠦᠷᠢᠯᠡᠯᠦᠨ ᠰᠠᠭᠤᠷᠢᠨ ᠭᠠᠵᠠᠷ᠂ ᠮᠦᠨ ᠴᠦ᠍ ᠪᠦᠬᠦ ᠤᠯᠤᠰᠤᠨ ᠬᠠᠮᠤᠬᠤᠨ ᠲᠤᠮᠦ ᠢᠳᠡᠬᠡᠨᠤ ᠨᠡᠷᠡᠨ ᠬᠤᠸᠠᠷᠤᠨ ᠲᠠᠷᠢᠮᠠᠯᠤᠨ ᠰᠠᠭᠤᠷᠢᠨ ᠭᠠᠵᠠᠷ᠂ ᠪᠦᠬᠦ ᠤᠯᠤᠰᠤᠨ ᠬᠠᠭᠰᠠᠭᠠᠭᠰᠠᠨ ᠢᠳᠡᠰᠢᠨ ᠨᠤᠭᠤᠭ᠎ᠠ ᠵᠢᠨ ᠦᠢᠯᠡᠳᠪᠤᠷᠢᠯᠠᠯᠤᠨ ᠰᠠᠭᠤᠷᠢᠨ ᠭᠠᠵᠠᠷ ᠪᠡᠢᠵᠦ᠂ ᠪᠤᠷᠤᠳᠤᠬᠤᠢ ᠵᠢᠨ ᠪᠤᠬᠢᠷᠳᠤᠯ ᠦᠬᠡᠢ ᠲᠠᠷᠢᠶᠠᠯᠠᠩᠤᠨ ᠪᠦᠳᠤᠬᠡᠭᠳᠡᠬᠦᠨ ᠨᠢ ᠲᠡᠯᠡᠬᠡᠢ ᠨᠠᠢᠳᠡ ᠵᠢᠨ ᠲᠠᠩᠰᠤᠬ ᠬᠦᠷᠳᠡᠬᠡᠯ ᠪᠤᠯᠤᠬᠰᠡᠨ ᠪᠠᠢᠨ᠎ᠠ᠃
ᠪᠤᠷᠤᠳᠤᠬᠤᠢ ᠵᠢᠨ ᠠᠯᠳᠡᠷ ᠢ ᠮᠠᠨᠳᠤᠭᠤᠯᠤᠬᠰᠡᠨ ᠪᠤᠭᠤᠳᠡᠢ
ᠪᠠᠶᠠᠨᠨᠠᠭᠤᠷ ᠬᠤᠳᠡ ᠨᠢᠳᠤᠨᠤᠨ ᠠᠮᠦ ᠪᠤᠳᠠᠭᠠᠨ ᠤ ᠲᠠᠷᠢᠮᠠᠯᠤᠨ ᠲᠠᠯᠠᠪᠠᠶ 610 ᠲᠦᠮᠡᠨ ᠮᠤ᠌ᠳᠤ ᠬᠦᠷᠴᠦ᠂ ᠡᠬᠦᠨᠳᠤ ᠪᠤᠭᠤᠳᠡᠢ ᠵᠢᠨ ᠲᠠᠷᠢᠮᠠᠯᠤᠨ ᠲᠠᠯᠠᠪᠠᠢ 55 ᠲᠦᠮᠡᠨ ᠮᠦ᠍ ᠪᠠᠢᠵᠦ᠂ ᠪᠤᠭᠤᠳᠠᠢ ᠵᠢᠨ ᠤᠨᠠᠯᠳᠡ 700 ᠲᠦᠮᠡᠨ ᠺᠢᠯᠣᠭ᠌ᠷᠠᠮ ᠤ᠋ᠨ ᠪᠤᠭᠤᠮᠳᠡ ᠵᠢ ᠲᠠᠪᠠᠬᠰᠡᠨ ᠪᠠᠢᠨ᠎ᠠ᠃ ᠡᠨᠡ ᠵᠢᠯᠤᠨ ᠪᠠᠶᠠᠨᠨᠠᠭᠤᠷ ᠬᠤᠳᠡ ᠲᠠᠷᠢᠶᠠᠯᠠᠩᠤᠨ ᠲᠠᠯᠠᠪᠠᠢ ᠵᠢ 1200 ᠲᠦᠮᠡᠨ ᠮᠦ᠍ ᠤᠷᠴᠢᠮ ᠪᠠᠢᠯᠭᠠᠬᠤ ᠪᠡᠷ ᠲᠦᠯᠤᠪᠯᠠᠵᠦ᠂ ᠠᠮᠦ ᠪᠤᠳᠠᠭᠠᠨ ᠤ ᠲᠠᠷᠢᠮᠠᠯᠤᠨ ᠲᠠᠯᠠᠪᠠᠢ ᠵᠢ 550 ᠲᠦᠮᠡᠨ ᠮᠦ᠍᠂ ᠠᠵᠦ ᠠᠬᠤᠢ ᠵᠢᠨ ᠲᠠᠷᠢᠮᠠᠯᠤᠨ ᠲᠠᠯᠠᠪᠠᠢ ᠵᠢ 650 ᠲᠦᠮᠡᠨ ᠮᠦ᠍ ᠳ᠋ᠤ ᠬᠦᠷᠬᠡᠬᠦ ᠪᠡᠷ ᠲᠦᠯᠤᠪᠯᠡᠭᠰᠡᠨ ᠨᠢ ᠡᠳᠦᠬᠡ ᠡᠯᠪᠡᠭ ᠬᠤᠷᠢᠶᠡᠯᠳᠡ ᠪᠡᠨ ᠳᠤᠰᠴᠠᠢ ᠃
ᠪᠤᠭᠤᠳᠠᠢ ᠵᠢᠨ ᠳᠠᠷᠢᠮᠡᠯ ᠪᠣᠯ ᠪᠠᠶᠠᠨᠨᠠᠭᠤᠷ ᠬᠤᠳᠠᠶ᠋ᠢᠨ ᠤᠯᠠᠮᠵᠢᠯᠠᠯᠲᠤ ᠳᠠᠪᠠᠭᠤᠯᠢᠭ ᠠᠵᠤ ᠦᠢᠯᠡᠰ ᠪᠠᠢᠵᠤ᠂ ᠨᠢᠭᠡᠨᠲᠡ ᠬᠡᠪᠴᠢᠶᠡᠵᠢᠭᠰᠡᠨ᠂ ᠲᠦᠷᠦᠯ ᠳᠡᠮᠳᠡᠭᠵᠢᠭᠰᠡᠨ᠂ ᠠᠵᠤ ᠦᠢᠯᠡᠰᠵᠢᠭᠰᠡᠨ ᠬᠥᠭᠵᠢᠯᠲᠡ ᠶ᠋ᠢᠨ ᠠᠷᠭ᠎ᠠ ᠵᠠᠮ ᠢ ᠦᠨᠳᠦᠰᠦᠨᠳᠡᠭᠡᠨ ᠪᠦᠷᠢᠯᠳᠦᠭᠦᠯᠵᠦ᠂ ᠪᠣᠷᠣᠲᠣᠬᠣᠢ ᠶ᠋ᠢᠨ ᠭᠠᠵᠠᠷ ᠣᠷᠣᠨ ᠤ ᠠᠵᠤ ᠦᠢᠯᠡᠰ ᠦᠨ ᠬᠡᠯᠬᠢᠶ᠎ᠠ ᠪᠡᠷ ᠬᠠᠮᠤᠭᠤᠨ ᠪᠦᠷᠢᠨ ᠪᠦᠲᠦᠨ᠂ ᠮᠠᠰᠢᠨᠴᠢᠯᠠᠯᠲᠠ ᠶ᠋ᠢᠨ ᠬᠡᠮᠵᠢᠶ᠎ᠠ ᠪᠡᠷ ᠬᠠᠮᠤᠭᠤᠨ ᠥᠨᠳᠥᠷ ᠠᠵᠤ ᠦᠢᠯᠡᠰ ᠪᠣᠯᠤᠭᠰᠠᠨ ᠪᠠᠢᠨ᠎ᠠ᠃ ᠪᠤᠷᠤᠳᠤᠬᠤᠢ ᠵᠢᠨ ᠲᠠᠷᠢᠮᠠᠯᠤᠨ ᠤᠷᠤᠨ ᠨᠢ ᠤᠮᠠᠷᠠᠲᠤ ᠥᠷᠭᠡᠷᠢᠭ ᠦᠨ 40° ᠤ᠋ᠨ ᠰᠢᠵᠢᠷ ᠠᠯᠳᠠᠨ ᠲᠠᠷᠢᠮᠠᠯᠤᠨ ᠪᠦᠰᠡᠳᠦ ᠪᠠᠢᠷᠢᠯᠠᠵᠤ᠂ ᠨᠠᠷᠡᠨ ᠤ ᠲᠤᠰᠤᠯᠳᠡ ᠵᠢᠨ ᠴᠠᠬ ᠤᠷᠳᠤ᠂ ᠡᠳ᠋ᠤᠷ ᠰᠦᠨᠢ ᠵᠢᠨ ᠲᠤᠯᠠᠭᠠᠨ ᠤ ᠵᠤᠢ᠍ᠷᠢᠶᠠ ᠶᠡᠬᠡ᠂ ᠬᠦᠷᠤᠰᠦ ᠰᠢᠷᠤᠢ ᠦᠩ ᠰᠢᠮᠡᠯᠢᠭ᠂ ᠤᠷᠴᠢᠨ ᠲᠤᠭᠤᠷᠢᠨ ᠪᠤᠬᠢᠷᠳᠤᠯ ᠦᠬᠡᠢ ᠵᠡᠷᠬᠡ ᠭᠠᠵᠠᠷ ᠵᠦᠢ ᠵᠢᠨ ᠨᠦᠬᠦᠴᠡᠯ ᠨᠢ ᠪᠤᠷᠤᠳᠤᠬᠤᠢ ᠵᠢᠨ ᠲᠠᠷᠢᠶᠠᠯᠠᠩᠤᠨ ᠪᠦᠳᠤᠬᠡᠭᠳᠡᠬᠦᠨ ᠤ ᠴᠢᠨᠠᠷ ᠰᠠᠢᠳᠡᠢ ᠬᠦᠭᠵᠢᠯᠳᠡ ᠵᠢᠨ ᠰᠠᠭᠤᠷᠢ ᠵᠢ ᠲᠠᠯᠪᠢᠵᠠᠢ᠃

ᠰᠠᠨ
ᠱᠸᠩ
ᠬᠦᠩ
ᠤᠰᠤᠨ
ᠠᠰᠢᠭᠯᠠᠯᠳᠠ ᠵᠢᠨ ᠪᠠᠷᠢᠯᠭ᠎ᠠ
ᠠᠮᠤ ᠪᠤᠳᠠᠭᠠᠨ ᠤ ᠲᠠᠷᠢᠮᠠᠯᠤᠨ ᠴᠢᠨᠠᠷ ᠢ ᠪᠠᠳᠤᠯᠠᠵᠦ᠂ ᠪᠤᠬᠢᠷᠳᠤᠯ ᠢ ᠰᠡᠷᠬᠡᠢᠯᠡᠬᠦ ᠵᠢᠨ ᠲᠦᠯᠤᠬᠡ᠂ ᠪᠠᠶᠠᠨᠨᠠᠭᠤᠷ ᠬᠣᠲᠠ ᠡᠴᠠ《ᠲᠦᠷᠪᠡ ᠵᠢ ᠬᠢᠵᠠᠭᠠᠷᠯᠠᠬᠤ》 ᠲᠦᠷᠢᠮ ᠢ ᠭᠡᠷᠡᠭᠵᠢᠬᠦᠯᠵᠦ᠂ ᠲᠤᠬᠠᠢᠯᠠᠪᠠᠯ ᠤᠰᠤ ᠶ᠋ᠢ ᠬᠢᠵᠠᠭᠠᠷᠯᠠᠬᠤ᠂ ᠡᠮ ᠢ ᠬᠢᠵᠠᠭᠠᠷᠯᠠᠬᠤ᠂ ᠪᠦᠷᠬᠦᠪᠴᠢ ᠶ᠋ᠢ ᠬᠢᠵᠠᠭᠠᠷᠯᠠᠬᠤ᠂ ᠪᠤᠷᠳᠤᠭᠤᠷ ᠢ ᠬᠢᠵᠠᠭᠠᠷᠯᠠᠬᠤ᠂ ᠮᠠᠯ ᠵᠢᠭᠦᠷᠲᠡᠨᠦ ᠪᠠᠭᠠᠰᠤᠨ ᠤ ᠪᠣᠬᠢᠷᠲᠤᠯ ᠢ ᠬᠣᠣᠷ ᠦᠭᠡᠢᠳᠡᠬᠦᠯᠦᠨ ᠰᠢᠢᠳᠪᠦᠷᠢᠯᠡᠬᠦ᠂ ᠡᠰᠢ ᠰᠦᠷᠡᠯ ᠢ ᠡᠬᠢ ᠪᠠᠶᠠᠯᠢᠭᠵᠢᠭᠤᠯᠤᠨ ᠠᠰᠢᠭᠯᠠᠬᠤ᠂ ᠲᠠᠷᠢᠶᠠᠯᠠᠩᠤᠨ ᠤᠯᠠᠨ ᠡᠬᠢᠳᠤ ᠪᠣᠬᠢᠷᠲᠤᠯ ᠢ ᠪᠦᠲᠦᠮᠵᠢᠲᠡᠢ ᠬᠢᠵᠠᠭᠠᠷᠯᠠᠵᠦ᠂ ᠪᠤᠭᠤᠳᠠᠶ ᠶ᠋ᠢᠨ ᠤᠨᠠᠯᠲᠠ ᠶ᠋ᠢ ᠲᠡᠭᠡᠭᠰᠢᠯᠡᠬᠦᠯᠬᠦ ᠮᠡᠷᠭᠡᠵᠢᠯ ᠢ ᠳᠡᠯᠭᠡᠷᠡᠭᠦᠯᠬᠦ ᠡᠷᠴᠢᠮ ᠵᠢᠡᠨ ᠴᠢᠩᠭᠠᠷᠠᠭᠤᠯᠬᠤ ᠵᠢᠨ ᠬᠠᠮᠳᠤ ᠰᠢᠨ᠎ᠡ ᠡᠭᠦᠯᠳᠡᠷ ᠦᠨ 《ᠪᠠ ᠮᠠᠢ 13》 ᠪᠠ 《ᠪᠠ ᠮᠠᠢ 20》 ᠵᠡᠷᠭᠡ ᠴᠢᠨᠠᠷ ᠰᠠᠢᠲᠠᠶ ᠥᠨᠳᠥᠷ ᠤᠨᠠᠯᠲᠠᠲᠠᠶ ᠡᠭᠦᠯᠳᠡᠷ ᠢ ᠳᠡᠯᠭᠡᠷᠡᠭᠦᠯᠵᠦ ᠂ 《ᠠᠵᠤ ᠠᠬᠤᠢᠯᠠᠯ + ᠰᠠᠭᠤᠷᠢᠨ ᠭᠠᠵᠠᠷ + ᠲᠠᠷᠢᠶᠠᠴᠢᠨ ᠡᠷᠦᠬᠡ》ᠶ᠋ᠢᠨ ᠬᠠᠮᠲᠤ ᠪᠠᠷ ᠠᠰᠢᠭ ᠭᠥᠷᠳᠡᠬᠦ ᠵᠠᠭᠪᠤᠷ ᠢ ᠪᠠᠢᠭᠤᠯᠵᠤ᠂ 《ᠪᠣᠷᠣᠲᠣᠬᠣᠶ ᠶ᠋ᠢᠨ ᠪᠤᠭᠤᠳᠠᠢ》 ᠵᠢᠨ ᠠᠯᠳᠡᠨ ᠦᠰᠦᠭᠳᠤ ᠫᠠᠢᠰᠠ ᠵᠢ ᠤᠯᠠᠮ ᠨᠢᠬᠡ ᠠᠯᠬᠤᠮ ᠬᠠᠮᠠᠭᠠᠯᠠᠵᠦ ᠪᠠᠢᠨ᠎ᠠ᠃
ᠰᠦᠯᠵᠢᠶ᠎ᠠ ᠪᠡᠷ ᠠᠰᠢᠭ ᠤᠷᠤᠯᠭᠠᠵᠢᠭᠰᠠᠨ ᠰᠢᠷ᠎ᠠ ᠲᠦᠪᠡᠤᠨ ᠬᠠᠰᠢ
ᠬᠠᠳᠤᠨ ᠭᠤᠤᠯᠤᠨ ᠤᠰᠤᠯᠠᠯᠳᠡ ᠵᠢᠨ ᠨᠦᠬᠦᠴᠡᠯ ᠨᠢ ᠪᠠᠶᠠᠨᠨᠠᠭᠤᠷ ᠬᠤᠳᠠ ᠵᠢᠨ ᠡᠯ᠎ᠠ ᠵᠤᠢᠯᠤᠨ ᠲᠠᠷᠢᠮᠠᠯᠤᠨ ᠦᠢᠯᠡᠰ ᠢ ᠬᠦᠭᠵᠢᠬᠦᠯᠬᠦᠳᠤ ᠤᠷᠢᠳᠡᠯ ᠨᠦᠬᠦᠴᠡᠯ ᠬᠠᠩᠭᠠᠵᠠᠢ᠃ ᠡᠨᠡ ᠬᠦ᠌ ᠭᠠᠵᠠᠷ ᠵᠦᠢ ᠵᠢᠨ ᠪᠠᠢᠷᠢᠰᠢᠯ ᠳ᠋ᠠᠭᠠᠨ ᠲᠦᠰᠢᠭᠯᠡᠨ᠂ ᠪᠠᠶᠠᠨᠨᠠᠭᠤᠷ ᠬᠤᠳᠠ ᠲᠠᠷᠢᠮᠠᠯᠤᠨ ᠪᠦᠳᠤᠴᠠᠳᠤ ᠲᠤᠬᠢᠷᠠᠭᠤᠯᠤᠯᠳᠡ ᠬᠢᠵᠦ᠂ ᠤᠳᠤ ᠦᠶ᠎ᠠ ᠵᠢᠨ ᠪᠤᠬᠢᠷᠳᠤᠯ ᠦᠬᠡᠢ ᠲᠦᠬᠦᠬᠡᠷᠤᠮᠵᠢᠳᠤ ᠲᠠᠷᠢᠶᠠᠯᠠᠩ ᠢ ᠬᠦᠭᠵᠢᠬᠦᠯᠬᠦ ᠵᠠᠮ ᠵᠢᠡᠷ ᠵᠠᠮᠨᠠᠵᠦ ᠡᠬᠢᠯᠡᠯ᠎ᠠ᠃
ᠦᠶᠤᠸᠠᠨ ᠰᠢᠶᠡᠨ ᠪᠤᠯ ᠪᠠᠶᠠᠨᠨᠠᠭᠤᠷ ᠬᠤᠳᠠ ᠵᠢᠨ ᠲᠦᠬᠦᠬᠡᠷᠤᠮᠵᠢᠳᠤ ᠲᠠᠷᠢᠶᠠᠯᠠᠩ ᠢ ᠬᠠᠮᠤᠬ ᠡᠷᠳᠡ ᠬᠦᠭᠵᠢᠬᠦᠯᠦᠭᠰᠡᠨ ᠤᠷᠤᠨ ᠪᠤᠯᠤᠨ᠎ᠠ᠃ ᠰᠢᠷ᠎ᠠ ᠲᠥᠪᠡᠳ ᠬᠠᠰᠢ ᠨᠢ ᠦᠶᠤᠸᠠᠨ ᠰᠢᠶᠠᠨ ᠤ ᠣᠨᠴᠠᠯᠢᠭᠲᠤ ᠲᠠᠷᠢᠶᠠᠯᠠᠩᠤᠨ ᠪᠦᠲᠦᠭᠡᠭᠳᠡᠬᠦᠨ ᠪᠣᠯᠤᠭᠰᠠᠨ ᠤ ᠬᠤᠪᠢᠳᠤ᠂ ᠣᠯᠠᠨ ᠤᠳᠠᠭ᠎ᠠ ᠡᠭᠦᠯᠳᠡᠷ ᠰᠠᠢᠵᠢᠷᠠᠭᠤᠯᠬᠤ ᠪᠠ ᠮᠡᠷᠭᠡᠵᠢᠯᠤᠨ ᠴᠡᠪᠡᠷᠵᠢᠭᠦᠯᠦᠯᠲᠡ ᠪᠡᠷ ᠳᠡᠮᠵᠢᠨ᠂ ᠨᠢᠭᠡᠨᠲᠡ ᠪᠠᠷᠢᠮᠵᠢᠶᠠᠵᠢᠭᠰᠠᠨ᠂ ᠠᠵᠤ ᠦᠢᠯᠡᠰᠵᠢᠭᠰᠡᠨ᠂ ᠬᠡᠪᠴᠢᠶᠡᠵᠢᠭᠰᠡᠨ ᠲᠠᠷᠢᠮᠠᠯᠤᠨ ᠵᠠᠭᠪᠤᠷ ᠢ ᠪᠣᠶ ᠪᠣᠯᠭᠠᠵᠤ᠂ ᠭᠡᠷᠡᠭᠯᠡᠭᠴᠢᠤᠨᠤᠨ ᠬᠦᠷᠢᠶᠠᠯᠠᠯ ᠢ ᠤᠯᠵᠦ᠂ ᠰᠦᠯᠵᠢᠶᠡᠨ ᠤ ᠪᠣᠷᠤᠯᠠᠭᠤᠯᠭ᠎ᠠ ᠶ᠋ᠢᠨ ᠬᠠᠩᠭᠠᠯᠭ᠎ᠠ ᠨᠢ ᠬᠡᠷᠡᠭᠴᠡᠭᠡ ᠳ᠋ᠡᠭᠡᠨ ᠬᠦᠷᠬᠦ ᠦᠭᠡᠢ ᠪᠣᠯᠤᠭᠰᠠᠨ ᠪᠠᠢᠨ᠎ᠠ᠃ ᠣᠢᠷ᠎ᠠ ᠶ᠋ᠢᠨ ᠵᠢᠯ ᠡᠴᠡ᠂ ᠦᠶᠤᠸᠠᠨ ᠰᠢᠶᠠᠨ《ᠲᠠᠪᠴᠠᠩ ᠪᠠᠢᠭᠤᠯᠬᠤ᠂ ᠴᠢᠳᠠᠪᠤᠷᠢᠲᠠᠨ ᠢ ᠬᠥᠮᠥᠵᠢᠭᠦᠯᠬᠦ᠂ ᠲᠦᠷᠦᠯ ᠲᠡᠮᠳᠡᠭ ᠢ ᠡᠭᠦᠳᠬᠦ》 ᠪᠡᠷ ᠬᠦᠴᠦᠯᠡᠬᠦ ᠴᠡᠭ ᠪᠣᠯᠭᠠᠵᠤ᠂ ᠰᠢᠶᠠᠨ ᠤ ᠬᠡᠪᠴᠢᠶᠡᠨ ᠦ ᠡᠯᠧᠺᠲᠷᠤᠨ ᠬᠤᠳᠠᠯᠳᠤᠭ᠎ᠠ ᠪᠣᠯᠣᠨ ᠠᠵᠤ ᠦᠢᠯᠡᠰᠤᠨ ᠭᠦᠨᠵᠡᠭᠡᠢ ᠠᠭᠤᠰᠤᠯᠴᠠᠯ ᠢ ᠦᠷᠭᠦᠯᠵᠢᠯᠡᠨ ᠠᠬᠢᠭᠤᠯᠵᠤ᠂ ᠰᠢᠷ᠎ᠠ ᠲᠥᠪᠡᠳ ᠬᠠᠰᠢ ᠵᠢᠨ ᠪᠣᠷᠣᠯᠠᠭᠤᠯᠭ᠎ᠠ ᠵᠢᠨ ᠠᠷᠭ᠎ᠠ ᠵᠠᠮ ᠢ ᠲᠠᠰᠤᠷᠠᠯᠲᠠ ᠦᠭᠡᠢ ᠥᠷᠭᠡᠳᠬᠡᠵᠦ ᠪᠠᠢᠨ᠎ᠠ᠃
ᠨᠢᠳᠤᠨᠤᠨ ᠂ ᠦᠶᠤᠸᠠᠨ ᠰᠢᠶᠠᠨ ᠤ ᠰᠢᠷ᠎ᠠ ᠲᠥᠪᠡᠳ ᠬᠠᠰᠢ ᠶ᠋ᠢᠨ ᠠᠵᠤ ᠦᠢᠯᠡᠰ ᠢ ᠡᠷᠬᠢᠯᠡᠵᠦ ᠪᠠᠢᠭ᠎ᠠ ᠲᠠᠷᠢᠶᠠᠴᠢᠨ ᠡᠷᠦᠭᠡ 3000 ᠭᠠᠷᠤᠢ ᠪᠠᠢᠵᠤ᠂ ᠰᠢᠷ᠎ᠠ ᠲᠥᠪᠡᠳ ᠬᠠᠰᠢ ᠶ᠋ᠢᠨ ᠬᠦᠯᠡᠮᠵᠢ ᠶ᠋ᠢᠨ ᠮᠦ᠍ ᠪᠦᠷᠢ ᠶ᠋ᠢᠨ ᠳᠤᠮᠳᠠᠴᠢ ᠣᠷᠣᠯᠭ᠎ᠠ ᠨᠢ 4 ᠠ᠋ᠴᠠ 6 ᠲᠦᠮᠡᠨ ᠲᠥᠭᠥᠷᠢᠭᠲᠦ ᠬᠦᠷᠴᠦ᠂ ᠬᠠᠮᠤᠭ ᠥᠨᠳᠥᠷᠲᠡᠬᠡᠨ 8 ᠲᠦᠮᠡᠨ ᠲᠥᠭᠥᠷᠢᠭᠲᠦ ᠬᠦᠷᠴᠦ᠂ ᠲᠣᠮᠣ ᠬᠦᠯᠡᠮᠵᠢ᠂ ᠢᠯᠠ ᠭᠠᠵᠠᠷᠤᠨ ᠮᠦ᠍ ᠳᠤᠮᠳᠠᠴᠢ ᠦᠷ᠎ᠡ ᠠᠰᠢᠭ᠋ ᠨᠢ 1.5 ᠠ᠋ᠴᠠ 2 ᠲᠦᠮᠡᠨ ᠲᠥᠭᠥᠷᠢᠭᠲᠦ ᠬᠦᠷᠴᠦ᠂ ᠰᠢᠷ᠎ᠠ ᠲᠥᠪᠡᠳ ᠬᠠᠰᠢ ᠳᠠᠷᠢᠬᠤ ᠲᠠᠯᠠᠪᠠᠶ 2021 ᠣᠨᠳᠤ 1020 ᠮᠦ᠍ ᠪᠠᠢᠭᠰᠠᠨ ᠠ᠋ᠴᠠ ᠪᠠᠨ ᠣᠲᠣ 3000 ᠮᠦ᠍ ᠪᠣᠯᠤᠨ ᠥᠷᠭᠡᠵᠢᠵᠡᠢ᠃
ᠪᠤᠷᠤᠳᠤᠬᠤᠢ ᠡᠯᠧᠺᠲ᠋ᠷᠤᠨ ᠬᠤᠳᠡᠯᠳᠤᠭᠠᠨ ᠤ ᠶᠠᠪᠤᠳᠡᠯᠤᠨ ᠠᠵᠦ ᠦᠢᠯᠡᠰᠤᠨ ᠬᠦᠷᠢᠶᠠᠯᠠᠩ ᠨᠢ ᠦᠶᠤᠸᠠᠨ ᠰᠢᠶᠡᠨ ᠤ ᠴᠤᠷᠤᠨ ᠭᠠᠬᠴᠠ ᠡᠯᠧᠺᠲ᠋ᠷᠤᠨ ᠬᠤᠳᠡᠯᠳᠤᠭᠠᠨ ᠤ ᠬᠦᠷᠢᠶᠠᠯᠠᠩ ᠲᠤᠭᠤᠷᠢᠬ ᠪᠤᠯᠤᠬᠰᠡᠨ ᠤ ᠬᠤᠪᠢ ᠳ᠋ᠤ᠂ ᠲᠤᠦ ᠪᠤᠦ᠂ ᠵᠢᠩ ᠳ᠋ᠦᠩ᠂ ᠲᠢᠶᠡᠨ ᠮᠤᠦ ᠵᠡᠷᠬᠡ ᠨᠡᠷᠡᠳᠤ ᠡᠯᠧᠺᠲ᠋ᠷᠤᠨ ᠬᠤᠳᠡᠯᠳᠤᠭᠠᠨ ᠤ ᠠᠵᠦ ᠠᠬᠤᠢᠯᠠᠯ ᠲᠠᠢ ᠬᠠᠮᠳᠤᠷᠠᠯᠴᠠᠵᠦ᠂ ᠡᠯᠧᠺᠲ᠋ᠷᠤᠨ ᠬᠤᠳᠡᠯᠳᠤᠭᠠᠨ ᠤ ᠠᠵᠦ ᠠᠬᠤᠢᠯᠠᠯᠳᠤ ᠨᠡᠷᠡᠳᠤ ᠲᠡᠮᠳᠡᠭᠳᠤ ᠵᠢ ᠲᠡᠯᠬᠡᠷᠡᠬᠦᠯᠬᠦ᠂ ᠪᠠᠷᠠᠭᠠᠨ ᠤ ᠬᠦᠢᠯᠬᠡᠬᠡ᠂ ᠴᠢᠳᠡᠪᠤᠷᠢᠳᠡᠨ ᠢ ᠬᠦᠮᠤᠵᠢᠬᠦᠯᠬᠦ᠂ ᠮᠡᠷᠬᠡᠵᠢᠯᠤᠨ ᠲᠡᠮᠵᠢᠯᠬᠡ ᠦᠵᠡᠬᠦᠯᠬᠦ ᠵᠡᠷᠬᠡ ᠰᠢᠰᠲ᠋ᠧᠮᠵᠢᠭᠰᠡᠨ ᠰᠢᠯᠢᠳᠡᠭ ᠦᠢᠯᠡᠴᠢᠯᠡᠬᠡ ᠬᠠᠩᠭᠠᠵᠦ᠂ ᠤᠢ᠍ᠶᠤᠸᠠᠨ ᠰᠢᠶᠡᠨ ᠤ ᠰᠢᠷ᠎ᠠ ᠲᠦᠪᠡᠤᠨ ᠬᠠᠰᠢ ᠵᠢ ᠪᠦᠬᠦ ᠤᠯᠤᠰᠤᠨ ᠡᠯ᠎ᠠ ᠭᠠᠵᠠᠷ ᠲᠦ᠍ ᠪᠤᠷᠤᠯᠠᠭᠤᠯᠵᠦ ᠪᠠᠢᠨ᠎ᠠ᠃
ᠲᠡᠯᠡᠬᠡᠢ ᠵᠢᠨ ᠵᠠᠬ᠎ᠠ ᠳ᠋ᠤ ᠭᠠᠷᠤᠬᠰᠡᠨ ᠨᠠᠷᠡᠨ ᠬᠤᠸᠠᠷᠤᠨ ᠦᠷ᠎ᠠ
ᠪᠠᠶᠠᠨᠨᠠᠭᠤᠷ ᠬᠣᠲᠠ ᠪᠣᠯ ᠪᠥᠬᠥ ᠤᠯᠤᠰᠤᠨ ᠬᠠᠮᠤᠭᠤᠨ ᠲᠣᠮᠣ ᠨᠡᠷᠡᠨ ᠬᠤᠸᠠᠷ ᠳᠠᠷᠢᠬᠤ ᠰᠠᠭᠤᠷᠢᠨ ᠭᠠᠵᠠᠷ ᠪᠠ ᠲᠥᠪᠯᠡᠷᠡᠭᠦᠯᠦᠨ ᠲᠠᠷᠬᠠᠭᠠᠬᠤ ᠭᠠᠵᠠᠷ ᠪᠠᠢᠵᠤ᠂ ᠳᠠᠷᠢᠬᠤ ᠲᠠᠯᠠᠪᠠᠶ᠂ ᠭᠠᠷᠤᠯᠲᠠ᠂ ᠬᠡᠪᠴᠢᠶᠡᠵᠢᠭᠦᠯᠦᠨ ᠳᠠᠷᠢᠬᠤ ᠬᠢᠷᠢ ᠬᠡᠮᠵᠢᠶ᠎ᠡ᠂ ᠲᠥᠷᠥᠯ ᠵᠦᠢᠯ ᠢ ᠰᠤᠳᠤᠯᠤᠨ ᠨᠡᠭᠡᠭᠡᠬᠦ᠂ ᠡᠳ᠋ᠰᠢᠭᠦᠯᠬᠦ ᠴᠢᠳᠠᠪᠤᠷᠢ᠂ ᠭᠠᠳᠠᠭᠠᠳᠤᠳᠤ ᠭᠠᠷᠭᠠᠬᠤ ᠬᠡᠮᠵᠢᠶ᠎ᠡ ᠨᠢ ᠴᠥᠮ ᠪᠥᠬᠥ ᠤᠯᠤᠰᠤᠨ ᠲᠡᠷᠢᠭᠦᠨᠳᠤ ᠣᠷᠣᠨ᠎ᠠ᠃ ᠨᠢᠳᠤᠨᠤᠨ ᠤ ᠪᠠᠶᠠᠨᠨᠠᠭᠤᠷ ᠬᠣᠲᠠ ᠶ᠋ᠢᠨ ᠨᠡᠷᠡᠨ ᠬᠤᠸᠠᠷ ᠳᠠᠷᠢᠬᠰᠡᠨ ᠲᠠᠯᠠᠪᠠᠶ 450 ᠲᠦᠮᠡᠨ ᠮᠦ᠍ᠳᠦ ᠬᠦᠷᠴᠦ᠂ ᠨᠡᠷᠡᠨ ᠬᠤᠸᠠᠷᠤᠨ ᠦᠷ᠎ᠡ ᠶ᠋ᠢ ᠰᠤᠳᠤᠯᠤᠨ ᠨᠡᠭᠡᠭᠡᠬᠦ᠂ ᠰᠠᠭᠤᠷᠢᠨ ᠭᠠᠵᠠᠷ᠎ᠲᠤ ᠳᠠᠷᠢᠬᠤ᠂ ᠨᠠᠷᠢᠯᠢᠭ ᠡᠳ᠋ᠰᠢᠭᠦᠯᠬᠦ᠂ ᠵᠠᠬ᠎ᠠ ᠳᠡᠯᠭᠡᠭᠦᠷᠲᠦ ᠡᠵᠡᠩᠨᠡᠨ ᠪᠣᠷᠣᠯᠠᠭᠤᠯᠬᠤ᠂ ᠵᠤᠭᠠᠴᠠᠨ ᠲᠣᠭᠣᠷᠢᠬᠤ ᠶ᠋ᠢ ᠨᠢᠭᠡ ᠴᠤᠭᠴᠠᠵᠢᠭᠤᠯᠤᠭᠰᠠᠨ ᠪᠥᠬᠥ ᠠᠵᠤ ᠦᠢᠯᠡᠰ ᠤᠨ ᠬᠡᠯᠬᠢᠶ᠎ᠡ ᠶ᠋ᠢ ᠪᠦᠷᠢᠯᠳᠦᠭᠦᠯᠦᠨ᠂ ᠨᠡᠷᠡᠨ ᠬᠤᠸᠠᠷᠤᠨ ᠨᠢᠭᠡᠳᠦᠭᠡᠷ ᠬᠣᠶᠠᠳᠤᠭᠠᠷ ᠭᠤᠷᠪᠠᠳᠤᠭᠠᠷ ᠠᠵᠤ ᠦᠢᠯᠡᠰ ᠦᠨ ᠭᠦᠨᠵᠡᠭᠡᠶ ᠠᠭᠤᠰᠤᠯᠴᠠᠨ ᠬᠥᠭᠵᠢᠬᠦ ᠶ᠋ᠢ ᠪᠡᠶᠡᠯᠡᠭᠦᠯᠪᠡ᠃
ᠰᠢᠯᠢᠳᠡᠭ ᠨᠡᠷᠡᠨ ᠬᠤᠸᠠᠷᠤᠨ ᠦᠷ᠎ᠠ ᠵᠢ ᠪᠤᠢᠵᠢᠭᠤᠯᠬᠤᠳᠤ ᠡᠬᠢ ᠡᠬᠦᠰᠤᠯ ᠡᠴᠠ ᠨᠢ 《 ᠪᠤᠭᠤᠮᠳᠡ ᠵᠢ ᠰᠠᠬᠢᠬᠤ》 ᠭᠡᠷᠡᠭᠳᠡᠢ᠃ ᠰᠠᠨ ᠫᠠᠩ ᠳ᠋ᠠᠠ ᠨᠠᠷᠡᠨ ᠬᠤᠸᠠᠷᠤᠨ ᠦᠷ᠎ᠠ ᠵᠢᠨ ᠲᠦᠬᠦᠬᠡᠢ ᠡᠳ᠋ ᠨᠢ ᠳᠤᠰ ᠭᠠᠵᠠᠷᠤᠨ ᠲᠠᠷᠢᠮᠠᠯᠤᠨ ᠰᠠᠭᠤᠷᠢᠨ ᠭᠠᠵᠠᠷ ᠵᠢᠴᠢ ᠬᠡᠰᠡᠭ ᠵᠠᠬᠢᠶᠠᠯᠠᠭ᠎ᠠ ᠡᠴᠠ ᠢᠷᠡᠯᠳᠡ ᠲᠠᠢ᠃ ᠵᠠᠬᠢᠶᠠᠯᠠᠭ᠎ᠠ ᠵᠢᠨ ᠲᠠᠷᠢᠶᠠᠴᠢᠨ ᠡᠷᠤᠬᠡ ᠨᠢ ᠴᠦᠮ ᠺᠤᠮᠫᠠᠨᠢ ᠵᠢᠨ ᠨᠢᠬᠡᠳᠤᠯᠳᠡᠢ ᠬᠠᠩᠭᠠᠬᠰᠡᠨ ᠰᠢᠯᠢᠳᠡᠭ ᠦᠷ᠎ᠠ ᠵᠢ ᠲᠠᠷᠢᠳᠡᠬ ᠪᠦᠬᠡᠤᠨ ᠲᠤᠰᠬᠠᠢ ᠮᠡᠷᠬᠡᠵᠢᠯᠳᠡᠨ ᠵᠢᠯᠤᠭᠤᠳᠤᠯᠭ᠎ᠠ ᠬᠢᠵᠦ᠂ ᠤᠰᠤᠯᠠᠬᠤ᠂ ᠪᠤᠷᠳᠤᠭᠤᠷ ᠤᠷᠤᠭᠤᠯᠬᠤ᠂ ᠲᠠᠷᠢᠶᠡᠨ ᠡᠮ ᠭᠡᠷᠡᠬᠯᠡᠬᠦ ᠵᠡᠷᠬᠡ ᠲᠠᠯ᠎ᠠ ᠪᠡᠷ ᠮᠠᠰᠢ ᠴᠢᠩᠭ᠎ᠠ ᠪᠠᠷᠢᠮᠵᠢᠶ᠎ᠠ ᠲᠠᠢ ᠪᠠᠢᠵᠦ᠂ ᠪᠤᠯᠪᠠᠰᠤᠷᠠᠬᠰᠡᠨ ᠤ ᠲᠠᠷᠠᠭ᠎ᠠ ᠬᠤᠷᠢᠶᠠᠬᠤᠳᠤ ᠤᠯᠠᠮᠵᠢᠯᠠᠯᠳᠤ ᠬᠤᠷᠢᠶᠠᠬᠤ ᠠᠷᠭ᠎ᠠ ᠲᠠᠢ ᠠᠳᠠᠯᠢ ᠦᠬᠡᠢ ᠪᠠᠢᠵᠦ᠂ ᠪᠤᠯᠪᠠᠰᠤᠷᠠᠬᠰᠡᠨ ᠨᠠᠷᠡᠨ ᠬᠤᠸᠠᠷ ᠵᠢᠡᠨ ᠤᠬᠳᠤᠯᠤᠬᠰᠡᠨ ᠤ ᠲᠠᠷᠠᠭ᠎ᠠ ᠤᠷᠢᠳ ᠵᠢᠡᠷ ᠨᠡᠷᠡᠡ ᠬᠤᠸᠠᠷᠤᠨ ᠡᠰᠢᠨ ᠲᠡᠬᠡᠷ᠎ᠠ ᠬᠠᠳᠬᠤᠵᠦ ᠬᠠᠳᠡᠭᠠᠳᠡᠬ᠃ ᠡᠨᠡ ᠨᠢ ᠨᠠᠷᠡᠨ ᠬᠤᠸᠠᠷᠤᠨ ᠦᠷ᠎ᠠ ᠨᠢ ᠨᠠᠷ᠎ᠡ ᠰᠠᠯᠬᠢᠨᠳᠤ ᠬᠦᠢᠴᠡᠤᠨ ᠬᠠᠳᠠᠵᠦ᠂ ᠸᠠᠯᠠᠵᠦ ᠢᠯᠵᠢᠷᠡᠬᠦ ᠡᠴᠠ ᠰᠠᠷᠬᠡᠢᠯᠠᠵᠦ ᠴᠢᠳᠡᠳᠡᠬ᠃ 《ᠠᠷᠪᠠᠨ ᠵᠢᠩ ᠨᠠᠷᠡᠨ ᠬᠤᠸᠠᠷᠤᠨ ᠦᠷ᠎ᠠ ᠡᠴᠠ ᠬᠤᠶᠠᠷ ᠯᠠᠩ ᠰᠤᠩᠭᠤᠨ ᠭᠠᠷᠭᠠᠬᠤ》 ᠦᠨᠳᠤᠷ ᠪᠠᠷᠢᠮᠵᠢᠶ᠎ᠠ ᠪᠡᠷ ᠨᠠᠷᠡᠨ ᠬᠤᠸᠠᠷ ᠤᠨ ᠮᠦᠬᠦᠯᠢᠭ ᠢ ᠰᠤᠩᠭᠤᠵᠦ᠂ ᠮᠦᠬᠦᠯᠢᠭ ᠪᠦᠷᠢ ᠵᠢᠨ ᠦᠩᠬᠡ᠂ ᠬᠦᠨᠳᠤ᠂ ᠶᠡᠬᠡ ᠪᠠᠭ᠎ᠠ᠂ ᠰᠤᠷᠭᠤᠬ ᠤᠨ ᠬᠡᠮᠵᠢᠶ᠎ᠠ ᠵᠡᠷᠬᠡ ᠰᠢᠭᠰᠢᠯᠳᠡ ᠪᠡᠷ ᠰᠠᠨ ᠫᠠᠩ ᠳ᠋ᠠᠨ ᠲᠡᠮᠳᠡᠭᠳᠤ ᠨᠠᠷᠡᠨ ᠬᠤᠸᠠᠷᠤᠨ ᠦᠷ᠎ᠠ ᠵᠢᠨ ᠴᠢᠨᠠᠷ ᠢ ᠪᠠᠳᠤᠯᠠᠵᠦ᠂ 《ᠲᠤᠮᠳᠡᠳᠤ ᠤᠯᠤᠰᠤᠨ ᠬᠠᠮᠤᠬᠤᠨ ᠰᠠᠢᠨ ᠪᠤᠬᠢᠷᠳᠤᠯ ᠦᠬᠡᠢ ᠠᠮᠳᠡᠳᠤ ᠨᠡᠷᠡᠨ ᠬᠤᠸᠠᠷᠤᠨ ᠦᠷ᠎ᠠ》 ᠪᠡᠷ ᠤᠨᠴᠠᠯᠢᠬᠳᠡᠨ᠂ ᠦᠢ ᠤᠯᠠᠨ ᠨᠡᠷᠡᠨ ᠬᠤᠸᠠᠷᠤᠨ ᠦᠷ᠎ᠠ ᠵᠢᠨ ᠨᠡᠷᠡᠳᠤ ᠲᠡᠮᠳᠡᠭᠳᠤ ᠵᠢᠨ ᠲᠤᠮᠳᠡ ᠡᠴᠠ ᠴᠤᠯᠭᠤᠷᠡᠨ ᠭᠠᠷᠴᠦ᠂ ᠤᠯᠤᠰᠤᠨ ᠲᠤᠳᠤᠭᠠᠳᠤ ᠭᠠᠳᠡᠭᠠᠳᠤ ᠵᠢᠨ ᠭᠡᠷᠡᠭᠯᠡᠭᠴᠢᠤᠨᠤᠨ ᠲᠠᠭᠠᠰᠢᠶᠠᠯ ᠢ ᠬᠦᠷᠳᠡᠵᠦ᠂ ᠪᠤᠷᠤᠯᠠᠭᠤᠯᠭ᠎ᠠ ᠴᠦ᠍ ᠡᠳ᠋ᠤᠷ ᠡᠴᠠ ᠡᠳ᠋ᠤᠷ ᠰᠠᠢᠵᠢᠷᠠᠵᠦ ᠪᠠᠢᠨ᠎ᠠ᠃
《ᠰᠠᠨ ᠫᠠᠩ ᠳ᠋ᠠᠨ》 ᠲᠡᠮᠳᠡᠭᠳᠤ ᠨᠡᠷᠡᠨ ᠬᠤᠸᠠᠷᠤᠨ ᠦᠷ᠎ᠠ ᠨᠢ ᠦᠢᠷ᠎ᠠ ᠵᠢᠨ ᠵᠢᠯ ᠳ᠋ᠤ᠂ ᠪᠠᠶᠠᠨᠨᠠᠭᠤᠷ ᠬᠤᠳᠡ ᠵᠢᠨ ᠡᠬᠦᠳᠤᠨ ᠪᠠᠢᠭᠤᠯᠤᠬᠰᠡᠨ 《ᠲᠡᠭᠷᠢ ᠵᠢᠨ ᠬᠡᠰᠢᠬ᠌ᠳᠤ ᠪᠤᠷᠤᠳᠤᠬᠤᠢ》 ᠨᠠᠢᠳᠡ ᠵᠢᠨ ᠭᠡᠷᠡᠭᠯᠡᠭᠡᠨ ᠤ ᠳᠦᠷᠤᠯ ᠲᠡᠮᠳᠡᠭᠤᠨ ᠬᠡᠷᠡᠬᠯᠡᠬᠦ ᠡᠷᠬᠡ ᠵᠢ ᠤᠯᠵᠦ᠂ ᠪᠤᠰᠢᠭᠤ ᠭᠠᠷ᠂ ᠴᠤᠤᠷᠢᠶ᠎ᠠ᠂ ᠵᠢᠩ ᠳ᠋ᠦᠩ ᠵᠡᠷᠬᠡ ᠡᠯᠧᠺᠲᠷᠤᠨ ᠬᠤᠳᠡᠯᠳᠤᠭᠠᠨ ᠤ ᠲᠠᠪᠴᠠᠩ ᠢ ᠠᠰᠢᠬᠯᠠᠨ᠂ ᠰᠦᠯᠵᠢᠶ᠎ᠠ ᠪᠡᠷ ᠲᠠᠮᠵᠢᠨ ᠲᠡᠯᠡᠬᠡᠢ ᠵᠢᠨ ᠵᠠᠬᠠᠳᠤ ᠭᠠᠷᠴᠦ᠂ ᠰᠢᠨ᠎ᠡ ᠽᠢᠯᠠᠨᠳ᠋᠂ ᠮᠠᠯᠠᠢᠰᠢᠶ᠎ᠠ ᠵᠡᠷᠬᠡ ᠤᠯᠤᠰ ᠵᠢᠡᠷ ᠪᠤᠷᠤᠯᠠᠭᠤᠯᠤᠬᠳᠡᠵᠦ ᠪᠠᠢᠨ᠎ᠠ᠃ ᠨᠢᠳᠤᠨᠤᠨ᠂ 《ᠬᠤᠤᠰ ᠠᠷᠪᠠᠨ ᠨᠢᠭᠡ》 ᠢ᠋ᠢᠨ ᠪᠤᠷᠤᠯᠠᠭᠤᠯᠭ᠎ᠠ ᠵᠢᠨ ᠡᠳ᠋ᠤᠷ ᠲᠤ᠌ ᠨᠢᠬᠡ ᠯᠡ ᠴᠠᠬᠤᠨ ᠲᠤᠳᠤᠷ᠎ᠠ 300 ᠲᠦᠮᠡᠨ ᠲᠦᠬᠦᠷᠢᠭᠤᠨ ᠤᠷᠤᠯᠭ᠎ᠠ ᠡᠬᠦᠳᠦᠭᠰᠡᠨ ᠲᠡᠤᠬᠡ ᠲᠠᠢ ᠪᠠᠢᠵᠦ᠂ ᠮᠠᠯᠴᠢᠨ ᠲᠠᠷᠢᠶᠠᠴᠢᠨ ᠤ ᠤᠷᠤᠯᠭ᠎ᠠ ᠵᠢ ᠨᠡᠮᠡᠭᠳᠡᠬᠦᠯᠦᠭᠰᠡᠨ ᠵᠢᠡᠷ ᠪᠠᠷᠠᠬᠤ ᠦᠬᠡᠢ ᠪᠠᠶᠠᠠᠨᠠᠭᠤᠷᠬᠤᠳᠠ ᠵᠢᠨ ᠨᠡᠷ᠎ᠡ ᠨᠦᠯᠤᠬᠡ ᠵᠢ ᠦᠷᠬᠡᠳᠬᠡᠬᠦ ᠴᠢᠬᠣᠯᠠ ᠬᠦᠳᠡᠯᠬᠡᠬᠦᠷ ᠪᠤᠯᠤᠬᠰᠡᠨ ᠪᠠᠢᠨ᠎ᠠ᠃
ᠪᠠᠶᠠᠨᠨᠠᠭᠤᠷ ᠬᠤᠳᠠ ᠵᠢᠨ ᠬᠠᠮ ᠵᠠᠭᠤᠴᠢᠯᠠᠭᠤᠷᠤᠨ ᠳᠦᠪ ᠳᠠᠢ ᠬᠠᠮᠳᠤᠷᠡᠨ ᠤᠬᠠᠭᠠᠯᠠᠪᠠ