ᠡᠨᠡ ᠬᠦ᠌ ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭᠠᠨ᠎ᠳᠤ᠂ ᠦᠬᠠᠶ ᠬᠣᠲᠠ 《ᠡᠯᠡᠰᠦᠨ ᠴᠥᠯ ᠳ᠋ᠤ ᠲᠡᠯᠡᠶ ᠦᠵᠡᠬᠦ》 ᠵᠢᠭᠤᠯᠴᠢᠯᠠᠯ᠎ᠤᠨ ᠨᠠᠷᠠᠲᠤ ᠲᠡᠮᠳᠡᠭ᠎ᠢᠶᠡᠷ᠎ᠢᠶᠡᠨ ᠳᠠᠬᠢᠨᠲᠠ ᠠᠯᠳᠠᠷᠰᠢᠵᠤ᠂ ᠦᠬᠠᠶ ᠨᠠᠭᠤᠷ᠎ᠤᠨ ᠡᠯᠡᠰᠦ ᠤᠰᠤ ᠵᠠᠯᠭᠠᠯᠳᠤᠭ᠍ᠰᠠᠨ ᠭᠠᠢᠬᠠᠮᠱᠢᠭ᠍ᠲᠤ ᠦᠵᠡᠮᠵᠢᠪᠡᠷᠢᠶᠡᠨ ᠪᠥᠬᠥ᠌ ᠤᠯᠤᠰ᠎ᠤᠨ ᠡᠯ᠎ᠡ ᠭᠠᠵᠠᠷ ᠤ᠋ᠨ ᠵᠢᠭᠤᠯᠴᠢᠯᠠᠭᠰᠠᠳ᠎ᠢ ᠳᠠᠳᠠᠪᠠ᠃ ᠲᠠᠳᠠ ᠣᠩᠭᠣᠴᠠᠨ᠎ᠳᠤ ᠰᠠᠭᠤᠵᠤ ᠨᠠᠭᠤᠷ᠎ᠢᠶᠠᠷ ᠲᠤᠭᠤᠷᠢᠬᠤ᠂ ᠬᠡᠭᠡᠷᠡᠯᠡᠬᠦ ᠮᠠᠰᠢᠨ ᠵᠢᠠᠷ ᠡᠯᠡᠰᠦ ᠳᠤᠭᠤᠯᠬᠤ᠂ ᠡᠯᠡᠰᠦᠨ ᠴᠦᠯ᠎ᠦᠨ ᠳᠠᠭᠤᠤ ᠬᠥᠭ᠌ᠵᠢᠮ᠎ᠦᠨ ᠴᠤᠭ᠍ᠯᠠᠭᠠᠨ ᠵᠡᠷᠭᠡ ᠠᠯᠢ ᠣᠯᠠᠨ ᠲᠥᠷᠥᠯ ᠵᠦᠶ᠋ᠯ ᠳᠤᠮᠳᠠ ᠦᠬᠠᠶ ᠨᠠᠭᠤᠷ᠎ᠤᠨ ᠰᠠᠢᠬᠠᠨ ᠦᠵᠡᠮᠵᠢ ᠵᠢ ᠪᠥᠬᠥ᠌ ᠲᠠᠯ᠎ᠠ᠎ᠪᠠᠷ ᠰᠤᠨᠢᠷᠬᠠᠨ᠎ᠠ᠃
10 ᠰᠠᠷ᠎ᠠ᠎ᠶ᠋ᠢᠨ 3 ᠤ᠋ ᠦᠳᠡ᠎ᠶ᠋ᠢᠨ ᠬᠣᠢᠨ᠎ᠠ᠂ ᠦᠬᠠᠢ ᠨᠠᠭᠤᠷ᠎ᠤᠨ ᠨᠢᠭᠡᠳᠦᠭᠡᠷ ᠨᠣᠮᠧᠷᠲᠤ ᠭᠠᠷᠠᠮ ᠳ᠋ᠤ ᠵᠢᠭᠤᠯᠴᠢᠯᠠᠭᠴᠢ ᠮᠠᠰᠢ ᠤᠯᠠᠨ ᠪᠠᠢᠯ᠎ᠠ᠃ ᠬᠡᠳᠦᠢᠪᠡᠷ ᠠᠶᠠᠨᠴᠢᠳ᠎ᠤᠨ ᠤᠷᠤᠰᠭᠠᠯ ᠶᠡᠬᠡ ᠪᠣᠯᠪᠠᠴᠤ᠌ ᠣᠩᠭᠣᠴᠠ ᠬᠦᠯᠢᠶᠡᠬᠦ ᠡᠭᠦᠳᠡᠨ ᠳ᠋ᠤ ᠡᠮᠬᠢ ᠵᠢᠷᠤᠮ᠎ᠲᠠᠶ ᠪᠠᠢᠵᠤ᠂ ᠥᠨᠳᠥᠷ ᠪᠦᠲᠦᠮᠵᠢᠲᠡᠶ ᠵᠢᠯᠣᠭᠣᠳᠣᠯᠭ᠎ᠠ ᠪᠠ ᠬᠠᠯᠠᠭᠤᠮᠰᠤᠭ ᠦᠶ᠋ᠯᠡᠴᠢᠯᠡᠭᠡ ᠨᠢ ᠵᠢᠭᠤᠯᠴᠢᠯᠠᠭ᠍ᠰᠠᠳ᠎ᠤᠨ ᠬᠦᠷᠢᠶᠡᠯᠡᠯ ᠢ᠋ ᠤᠯᠵᠠᠢ᠃ ᠨᠠᠭᠤᠷ ᠳᠡᠭᠡᠷ᠎ᠡ᠂ ᠬᠡᠳᠦᠨ ᠵᠢᠭᠤᠯᠴᠢᠯᠠᠯ ᠤ᠋ᠨ ᠬᠦᠯᠭᠡ ᠣᠩᠭᠣᠴᠠ ᠠᠯᠭᠤᠷᠬᠠᠨ ᠬᠦᠪᠦᠵᠤ᠂ ᠣᠩᠭᠣᠴᠠᠨ ᠳᠡᠭᠡᠷ᠎ᠡ ᠦᠵᠡᠮᠵᠢ ᠰᠣᠨᠢᠷᠬᠠᠬᠤ ᠵᠢᠭᠤᠯᠴᠢᠯᠠᠭᠰᠠᠳ ᠳᠦᠭᠦᠷᠪᠡ᠃ ᠡᠯᠡᠰᠦᠨ ᠠᠭᠤᠯᠠ᠎ᠶ᠋ᠢ ᠠᠯᠤᠰ ᠡᠴᠡ ᠪᠠᠷᠠᠯᠠᠵᠤ᠂ ᠤᠯᠠᠭᠠᠨ ᠬᠣᠱᠢᠭᠤ᠎ᠲᠤ ᠴᠠᠬᠤᠯᠠᠶ ᠵᠢ ᠰᠤᠨᠢᠷᠬᠠᠨ᠎ᠠ ᠁ ᠵᠢᠭᠤᠯᠴᠢᠯᠠᠭᠰᠠᠳ ᠰᠠᠢᠬᠠᠨ ᠦᠵᠡᠮᠵᠢ ᠵᠢ ᠡᠷᠡᠭᠡᠢ ᠭᠠᠷᠭᠠᠨ ᠱᠠᠭᠰᠢᠨ᠎ᠠ᠃
ᠦᠳᠡᠰᠢ᠎ᠶ᠋ᠢᠨ ᠪᠦᠷᠦᠢ ᠪᠣᠯᠬᠤ᠎ᠶ᠋ᠢ ᠳᠠᠭᠠᠯᠳᠤᠨ᠂ ᠦᠬᠠᠢ᠎ᠶ᠋ᠢᠨ 《ᠡᠯᠡᠰᠦᠨ ᠴᠦᠯ ᠳ᠋ᠤ ᠲᠠᠯᠠᠢ ᠦᠵᠡᠬᠦ》 ᠳᠠᠭᠤᠤ ᠬᠥᠭ᠌ᠵᠢᠮ᠎ᠦᠨ ᠦᠳᠡᠱᠢᠯᠡᠭᠡ ᠡᠯᠡᠰᠦᠨ ᠴᠦᠯ᠎ᠦᠨ 《ᠪᠠᠭᠠᠲᠤᠷ᠎ᠤᠨ ᠳᠠᠪᠠᠭ᠎ᠠ》 ᠳ᠋ᠤ ᠴᠤᠤᠷᠢᠶᠠᠲᠤᠯ᠎ᠠ᠃ ᠦᠬᠠᠶ᠎ᠶ᠋ᠢᠨ ᠰᠣᠶᠣᠯ ᠵᠢᠭᠤᠯᠴᠢᠯᠠᠯ᠎ᠤᠨ ᠪᠦᠯᠦᠭ᠌ᠯᠡᠯ ᠪᠣᠯᠤᠨ ᠦᠬᠠᠶ ᠬᠣᠲᠠ᠎ᠶ᠋ᠢᠨ ᠬᠠᠮ ᠵᠠᠭᠤᠴᠢᠯᠠᠭᠤᠷ᠎ᠤᠨ ᠰᠣᠶᠣᠯ᠎ᠤᠨ ᠳᠠᠮᠵᠢᠭᠤᠯᠭ᠎ᠠ᠎ᠶ᠋ᠢᠨ ᠬᠢᠵᠠᠭᠠᠷᠲᠤ ᠺᠣᠮᠫᠠᠨᠢ᠎ᠶ᠋ᠢᠨ ᠬᠠᠮᠲᠤᠷᠠᠨ ᠪᠠᠢᠭᠤᠯᠤᠭ᠍ᠰᠠᠨ ᠦᠬᠠᠶ ᠨᠠᠭᠤᠷ᠎ᠤᠨ ᠦᠵᠡᠮᠵᠢ᠎ᠶ᠋ᠢᠨ ᠣᠷᠣᠨ᠎ᠤ ᠠᠩᠬᠠᠳᠠᠭ᠍ᠴᠢ ᠰᠥᠨᠢ᠎ᠶ᠋ᠢᠨ ᠲᠥᠷᠥᠯ ᠵᠦᠶ᠋ᠯ ᠪᠣᠯᠠᠠᠦ 《ᠡᠯᠡᠰᠦᠨ ᠴᠥᠯ ᠳ᠋ᠤ ᠲᠡᠯᠡᠶᠦᠵᠡᠬᠦ》 ᠳᠠᠭᠤᠤ ᠬᠥᠭ᠌ᠵᠢᠮ᠎ᠦᠨ ᠦᠳᠡᠱᠢᠯᠡᠭᠡ ᠨᠢ ᠡᠨᠡ ᠵᠢᠯ᠎ᠦᠨ 8 ᠰᠠᠷ᠎ᠠ᠎ᠳᠤ ᠡᠬᠢᠯᠡᠭ᠌ᠰᠡᠨ᠎ᠡᠴᠡ ᠨᠠᠭᠠᠰᠢ ᠬᠥᠭ᠌ᠵᠢᠶᠡᠨ ᠶᠡᠬᠡᠲᠡᠶ ᠪᠠᠢᠵᠤ᠂ ᠦᠬᠠᠶ᠎ᠶ᠋ᠢᠨ ᠵᠢᠭᠤᠯᠴᠢᠯᠠᠯ᠎ᠤᠨ ᠠᠯᠲᠠᠨ ᠦᠰᠦᠭ᠌ᠲᠦ ᠫᠠᠢᠰᠠ ᠪᠣᠯᠤᠭ᠍ᠰᠠᠨ ᠪᠠᠢᠨ᠎ᠠ᠃ ᠡᠨᠡ ᠵᠢᠯ᠎ᠦᠨ ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭᠠᠨ᠎ᠳᠤ᠂ 7 ᠡᠳᠦᠷ 7 ᠲᠠᠯᠠᠪᠤᠷ ᠶᠠᠪᠤᠭᠳᠠᠬᠤ ᠳᠠᠭᠤᠤ ᠬᠥᠭ᠌ᠵᠢᠮ᠎ᠦᠨ ᠦᠳᠡᠱᠢᠯᠡᠭᠡ ᠨᠢ ᠨᠡᠩ ᠴᠤ᠌ ᠵᠢᠭᠤᠯᠴᠢᠯᠠᠭᠰᠠᠳ ᠲᠤ᠌ ᠬᠠᠷᠠᠭ᠎ᠠ ᠰᠣᠨᠣᠷ᠎ᠤᠨ ᠦᠪᠡᠳᠡᠭ᠌ᠰᠢ ᠶᠡᠬᠡ ᠳᠠᠢᠯᠠᠯᠭ᠎ᠠ ᠠᠪᠴᠢᠷᠠᠭᠰᠠᠨ ᠪᠠᠢᠨ᠎ᠠ᠃
ᠲᠤᠰ ᠤᠷᠤᠢ᠎ᠶ᠋ᠢᠨ 6 ᠴᠠᠭ 30 ᠮᠢᠨᠦ᠋ᠲ᠎ᠲᠦ᠂ 《ᠰᠢᠩᠭᠡᠰᠢ ᠦᠭᠡᠢ ᠨᠠᠷᠠᠨ》 ᠭᠡᠬᠦ᠌ ᠢᠷᠠᠭᠤ ᠰᠠᠢᠬᠠᠨ ᠳᠠᠭᠤᠤ ᠨᠢ ᠲᠤᠬᠠᠢ᠎ᠶ᠋ᠢᠨ ᠲᠠᠯᠠᠪᠠᠢ᠎ᠶ᠋ᠢᠨ ᠠᠭᠤᠷ ᠠᠮᠢᠰᠭᠤᠯ᠎ᠢ ᠬᠥᠭ᠌ᠵᠢᠭᠡᠭ᠌ᠰᠡᠨ᠎ᠢᠶᠡᠷ ᠪᠠᠷᠠᠬᠤ ᠦᠭᠡᠢ᠂ ᠲᠤᠰ ᠤᠷᠤᠢ᠎ᠶ᠋ᠢᠨ《ᠡᠯᠡᠰᠦᠨ ᠴᠦᠯ ᠳ᠋ᠤ ᠲᠠᠯᠠᠢ ᠦᠵᠡᠬᠦ》 ᠳᠠᠭᠤᠤ ᠬᠥᠭ᠌ᠵᠢᠮ᠎ᠦᠨ ᠦᠳᠡᠱᠢᠯᠡᠭᠡ᠎ᠶ᠋ᠢᠨ ᠬᠥᠱᠢᠭᠡ᠎ᠶ᠋ᠢ ᠰᠡᠬᠦᠵᠡᠢ᠃ ᠵᠠᠯᠭᠠᠭᠠᠳ᠂ 《ᠪᠢ ᠳᠤᠮᠳᠠᠳᠤ ᠤᠯᠤᠰ᠎ᠢᠶᠠᠨ ᠬᠠᠢᠷᠠᠯᠠᠨ᠎ᠠ》 ᠵᠡᠷᠭᠡ ᠤᠯᠠᠨ ᠤ᠋ ᠰᠤᠨᠤᠰᠬᠤ ᠳᠤᠷᠠᠳᠠᠢ ᠰᠣᠩᠭᠣᠳᠠᠭ ᠳᠠᠭᠤᠤ ᠬᠣᠢᠨ᠎ᠠ ᠬᠣᠢᠨ᠎ᠠ ᠡᠴᠡ ᠬᠠᠩᠭᠢᠨᠠᠵᠤ᠂ ᠳᠠᠭᠤᠴᠢᠳ᠎ᠤᠨ ᠲᠤᠷᠭᠠᠨ ᠬᠤᠭᠤᠯᠠᠢ ᠨᠢ ᠵᠢᠭᠤᠯᠴᠢᠯᠠᠭᠰᠠᠳ ᠲᠤ᠌ ᠲᠠᠭᠠᠰᠢᠶᠠᠭᠳᠠᠨᠠ᠃ ᠣᠷᠭᠢᠯ ᠦᠶ᠎ᠡ᠎ᠳᠦ ᠬᠤᠸᠠᠷ ᠫᠤᠤᠵᠢᠩ ᠥᠩᠭᠡ ᠢᠯᠭᠠᠷᠠᠨ ᠳᠡᠯᠭᠡᠷᠡᠵᠦ᠍᠂ ᠵᠢᠭᠤᠯᠴᠢᠯᠠᠭᠰᠠᠳ᠎ᠤᠨ ᠤᠷᠠᠢᠯᠠᠬᠤ ᠲᠠᠭᠤᠨ ᠪᠣᠯᠤᠨ ᠬᠤᠸᠠᠷ ᠫᠤᠤᠵᠢᠩ᠎ᠤᠨ ᠲᠠᠭᠤᠨ ᠰᠥᠨᠢ᠎ᠶ᠋ᠢᠨ ᠣᠭ᠍ᠲᠠᠷᠭᠤᠶ᠎ᠳᠤ ᠴᠤᠤᠷᠢᠶᠠᠲᠤᠨ᠎ᠠ᠃ ᠲᠣᠭ᠍ᠯᠠᠯᠲᠠ᠎ᠶ᠋ᠢᠨ ᠡᠴᠦᠰ᠎ᠲᠦ ᠠᠵᠢᠯᠲᠠᠳ ᠲᠦᠳᠡᠭ ᠭᠠᠯ ᠨᠣᠴᠣᠭᠠᠵᠤ᠂ ᠵᠢᠭᠤᠯᠴᠢᠯᠠᠭᠰᠠᠳ ᠲᠦᠳᠡᠭ ᠭᠠᠯ᠎ᠢ ᠲᠣᠭᠣᠷᠢᠨ ᠪᠠᠶᠠᠷ ᠬᠥᠷ᠎ᠲᠡᠶ᠎ᠪᠡᠷ ᠪᠥᠵᠢᠭ᠌ᠯᠡᠪᠡ᠃
ᠤᠯᠠᠮᠵᠢᠯᠠᠯᠲᠤ ᠨᠠᠭᠠᠳᠤᠮ᠎ᠤᠨ ᠵᠦᠶ᠋ᠯᠡᠰ᠎ᠡᠴᠡ ᠭᠠᠳᠠᠨ᠎ᠠ᠂ ᠦᠬᠠᠶ ᠬᠣᠲᠠ ᠵᠢᠨ ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭᠠᠨ᠎ᠳᠤ ᠱᠢᠨ᠎ᠡ᠎ᠪᠡᠷ ᠡᠭᠦᠳᠦᠭ᠌ᠰᠡᠨ ᠳᠦᠷᠢ ᠲᠥᠷᠬᠦ᠌᠎ᠶ᠋ᠢᠨ ᠪᠡᠯᠭᠡ ᠲᠡᠮᠳᠡᠭ ᠪᠤᠯᠬᠤ 《ᠴᠠᠬᠤᠯᠠᠶ》 — ᠨᠢᠭᠡᠨ ᠬᠥᠭᠡᠷᠦᠬᠦᠨ ᠲᠣᠮᠣ ᠤᠯᠠᠭᠠᠨ ᠬᠣᠱᠢᠭᠤ᠎ᠲᠤ ᠴᠠᠬᠤᠯᠠᠶ ᠵᠢᠨ ᠬᠡᠤᠬᠡᠯᠳᠠᠢ ᠨᠢ ᠵᠢᠭᠤᠯᠴᠢᠯᠠᠭ᠍ᠰᠠᠳ᠎ᠤᠨ ᠠᠩᠬᠠᠷᠤᠯ ᠢ᠋ ᠳᠠᠳᠠᠪᠠ᠃ ᠦᠬᠠᠶ ᠨᠠᠭᠤᠷ᠎ᠤᠨ ᠨᠢᠭᠡᠳᠦᠭᠡᠷ ᠨᠣᠮᠧᠷᠲᠤ ᠭᠠᠷᠠᠮ ᠳ᠋ᠤ᠂ ᠡᠨᠡ ᠬᠦ᠌ ᠲᠣᠮᠣ ᠤᠯᠠᠭᠠᠨ ᠬᠣᠱᠢᠭᠤ᠎ᠲᠤ ᠴᠠᠬᠤᠯᠠᠶ ᠵᠢᠨ ᠬᠡᠤᠬᠡᠯᠳᠠᠢ ᠨᠢ ᠨᠢᠰᠴᠤ ᠢᠷᠡᠭᠰᠡᠨ ᠬᠡᠳᠦᠨ ᠵᠠᠭᠤᠨ ᠤᠯᠠᠭᠠᠨ ᠬᠣᠱᠢᠭᠤ᠎ᠲᠤ ᠴᠠᠬᠤᠯᠠᠶ᠎ᠲᠠᠶ ᠨᠡᠢᠯᠡᠨ ᠵᠢᠭᠤᠯᠴᠢᠯᠠᠭᠰᠠᠳ᠎ᠤᠨ ᠰᠡᠭᠦᠳᠡᠷ ᠳᠠᠳᠠᠬᠤ ᠭᠠᠵᠠᠷ ᠪᠣᠯᠵᠠᠶ᠃
ᠡᠨᠡ ᠵᠢᠯ᠎ᠦᠨ ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭᠠᠨ᠎ᠳᠤ ᠵᠢᠭᠤᠯᠴᠢᠯᠠᠭᠰᠠᠳ᠎ᠤᠨ ᠪᠡᠶᠡᠴᠢ ᠣᠢᠯᠠᠭᠠᠯᠲᠠ᠎ᠶ᠋ᠢ ᠳᠡᠭᠡᠭ᠌ᠰᠢᠯᠡᠭᠦᠯᠬᠦ᠌᠎ᠶ᠋ᠢᠨ ᠲᠥᠯᠥᠭᠡ᠂ ᠦᠬᠠᠢ ᠬᠤᠳᠠ᠎ᠶ᠋ᠢᠨ ᠬᠢᠨ ᠦᠢᠯᠡᠴᠢᠯᠡᠭᠡ ᠪᠠᠲᠤᠯᠠᠭ᠎ᠠ᠎ᠶ᠋ᠢᠨ ᠲᠠᠯ᠎ᠠ᠎ᠪᠠᠷ ᠭᠦᠢᠴᠡᠳ ᠪᠡᠯᠡᠳᠭᠡᠯ ᠬᠢᠵᠡᠢ᠃ ᠤᠯᠤᠰ᠎ᠤᠨ ᠪᠠᠶᠠᠷ᠎ᠤᠨ ᠠᠮᠠᠷᠠᠯᠲᠠ ᠵᠢᠨ ᠡᠮᠦᠨᠡᠬᠡᠨ᠂ ᠦᠬᠠᠶ ᠬᠣᠲᠠ᠎ᠶ᠋ᠢᠨ ᠰᠣᠶᠣᠯ ᠵᠢᠭᠤᠯᠴᠢᠯᠠᠯ᠎ᠤᠨ ᠰᠠᠯᠠᠭ᠎ᠠ ᠮᠥᠴᠢᠷ ᠢᠳᠡᠵᠦ᠍ ᠤᠤᠭᠤᠬᠤ ᠬᠣᠨᠣᠵᠤ ᠬᠡᠪᠲᠡᠬᠦ᠌ ᠲᠤᠭᠤᠷᠢᠬᠤ ᠪᠠᠷᠠᠭ᠎ᠠ ᠠᠪᠬᠤ ᠨᠠᠭᠠᠳᠬᠤ ᠵᠡᠷᠭᠡ ᠣᠯᠠᠨ ᠲᠠᠯ᠎ᠠ ᠡᠴᠡ ᠠᠷᠭ᠎ᠠ ᠪᠣᠳᠣᠯᠭ᠎ᠠ ᠭᠠᠷᠭᠠᠵᠤ᠂ ᠠᠳᠠᠯᠢ ᠪᠤᠰᠤ ᠵᠢᠭᠤᠯᠴᠢᠯᠠᠭ᠍ᠰᠠᠳ᠎ᠤᠨ ᠬᠡᠷᠡᠭ᠌ᠴᠡᠭᠡ᠎ᠶ᠋ᠢ ᠬᠠᠩᠭᠠᠵᠤ᠂ ᠵᠢᠭᠤᠯᠴᠢᠯᠠᠯ᠎ᠤᠨ ᠲᠥᠷᠥᠭ᠌ᠳᠡᠯ᠎ᠢ ᠳᠡᠭᠡᠭ᠌ᠰᠢᠯᠡᠭᠦᠯᠪᠡ᠃ ᠡᠭᠦᠨ᠎ᠦ ᠬᠠᠮᠲᠤ᠂ ᠰᠣᠶᠣᠯ ᠵᠢᠭᠤᠯᠴᠢᠯᠠᠯ᠎ᠤᠨ ᠰᠠᠯᠠᠭ᠎ᠠ ᠮᠥᠴᠢᠷ ᠠᠯᠪᠠᠨ ᠰᠦᠯᠵᠢᠶ᠎ᠡ᠂ ᠵᠢᠷᠭᠢᠶ᠎ᠠ᠂ ᠪᠢᠴᠢᠯ ᠪᠦᠷᠭᠡ ᠵᠡᠷᠭᠡ ᠠᠷᠭ᠎ᠠ ᠵᠠᠮ᠎ᠢᠶᠠᠷ ᠪᠠᠶᠠᠷ᠎ᠤᠨ ᠡᠳᠦᠷ᠎ᠦᠨ ᠬᠤᠭᠤᠴᠠᠭᠠᠨ᠎ᠳᠠᠬᠢ ᠭᠢᠯᠠᠰ ᠴᠡᠭ᠎ᠢ ᠴᠠᠭ ᠲᠤᠬᠠᠶ᠎ᠳᠤᠨᠢ ᠨᠡᠢᠲᠡᠯᠡᠵᠦ᠍᠂ ᠣᠯᠠᠨ ᠲᠦᠮᠡᠨ᠎ᠦ ᠪᠠᠶᠠᠷ᠎ᠤᠨ ᠡᠳᠦᠷ᠎ᠦᠨ ᠠᠩᠬᠠᠷᠤᠯ᠎ᠤᠨ ᠬᠡᠮᠵᠢᠶ᠎ᠡ ᠪᠠ ᠣᠷᠣᠯᠴᠠᠬᠤ ᠤᠷᠮᠠᠰ ᠢ᠋ ᠤᠯᠠᠮ ᠨᠢᠭᠡ ᠠᠯᠬᠤᠮ ᠳᠡᠭᠡᠭ᠌ᠰᠢᠯᠡᠭᠦᠯᠪᠡ᠃ ᠦᠬᠠᠶ᠎ᠶ᠋ᠢᠨ ᠰᠣᠶᠣᠯ ᠵᠢᠭᠤᠯᠴᠢᠯᠠᠯ᠎ᠤᠨ ᠪᠦᠯᠦᠭ᠌ᠯᠡᠯ᠎ᠦᠨ ᠱᠢᠨ᠎ᠡ᠎ᠪᠡᠷ ᠬᠤᠳᠠᠯᠳᠤᠨ ᠠᠪᠤᠭ᠍ᠰᠠᠨ 2 ᠵᠢᠭᠤᠯᠴᠢᠯᠠᠯ ᠤ᠋ᠨ ᠬᠦᠯᠭᠡ ᠣᠩᠭᠣᠴᠠ᠎ᠶ᠋ᠢ ᠠᠮᠠᠷᠠᠯᠲᠠ ᠡᠴᠡ ᠡᠮᠦᠨ᠎ᠡ ᠵᠢᠩᠬᠢᠨᠢ᠎ᠪᠡᠷ ᠲᠤᠱᠢᠶᠠᠨ ᠥᠭ᠌ᠴᠦ᠂ 2 ᠱᠢᠨ᠎ᠡ ᠵᠢᠭᠤᠯᠴᠢᠯᠠᠯ ᠤ᠋ᠨ ᠬᠥᠯᠭᠡ ᠣᠩᠭᠣᠴᠠ ᠨᠢ ᠨᠢᠭᠡ ᠤᠳᠠᠭ᠎ᠠ ᠳ᠋ᠤ ᠬᠠᠮᠤᠭ ᠤ᠋ᠨ ᠤᠯᠠᠨ᠎ᠳᠠᠭᠠᠨ 96 ᠬᠥᠮᠦᠨ ᠰᠠᠭᠤᠯᠭᠠᠵᠤ᠂ ᠦᠵᠡᠮᠵᠢ᠎ᠶ᠋ᠢᠨ ᠣᠷᠣᠨ᠎ᠤ ᠵᠦᠭᠡᠭᠡᠪᠦᠷᠢ᠎ᠶ᠋ᠢᠨ ᠬᠦᠴᠦᠨ᠎ᠢ 43% ᠱᠢᠬᠠᠮ ᠳᠡᠭᠡᠭ᠌ᠰᠢᠯᠡᠭᠦᠯᠦᠭ᠌ᠰᠡᠨ ᠪᠥᠭᠡᠳ ᠵᠢᠭᠤᠯᠴᠢᠯᠠᠭᠰᠠᠳ᠎ᠤᠨ ᠣᠩᠭᠣᠴᠠ ᠬᠦᠯᠢᠶᠡᠬᠦ᠌ ᠴᠠᠭ᠎ᠢ ᠪᠦᠲᠦᠮᠵᠢᠲᠡᠶ ᠪᠣᠭᠣᠨᠢᠰᠭᠠᠪᠠ᠃ ᠠᠮᠠᠷᠠᠯᠲᠠ᠎ᠶ᠋ᠢᠨ ᠬᠤᠭᠤᠴᠠᠭᠠᠨ᠎ᠳᠤ᠂ ᠦᠬᠠᠶ ᠬᠣᠲᠠ ᠪᠠᠰᠠ ᠡᠯ᠎ᠡ ᠤᠬᠠᠭᠤᠯᠭ᠎ᠠ᠎ᠶ᠋ᠢᠨ ᠲᠠᠪᠴᠠᠩ᠎ᠳᠤ ᠪᠣᠯᠪᠠᠰᠤᠨ ᠵᠢᠡᠷ ᠵᠢᠭᠤᠯᠴᠢᠯᠠᠬᠤ᠂ ᠠᠮᠤᠷ ᠲᠦᠪᠱᠢᠨ᠎ᠢᠶᠡᠷ ᠶᠠᠪᠤᠵᠤ ᠰᠠᠭᠤᠬᠤ ᠲᠤᠬᠠᠢ ᠬᠠᠯᠠᠭᠤᠨ ᠳᠣᠲᠣᠨᠣ ᠰᠠᠨᠠᠭᠤᠯᠤᠮᠵᠢ ᠥᠭ᠌ᠴᠦ᠂ ᠵᠢᠭᠤᠯᠴᠢᠯᠠᠭᠰᠠᠳ᠎ᠤᠨ ᠬᠠᠨᠲᠠᠯ᠎ᠠ ᠨᠠᠭᠠᠳᠬᠤ ᠮᠥᠷᠲᠡᠭᠡᠨ ᠪᠠᠰᠠ ᠰᠠᠨᠠᠭ᠎ᠠ ᠠᠮᠤᠷ ᠨᠠᠭᠠᠳᠬᠤ ᠵᠢ ᠪᠠᠲᠤᠯᠠᠪᠠ᠃