ᠬᠤᠤᠰ ᠪᠠᠶᠠᠷ ᠤ᠋ᠨ ᠬᠤᠭᠤᠴᠠᠭᠠᠨ ᠳ᠋ᠤ᠂ ᠤᠯᠠᠭᠠᠨᠬᠠᠳᠠ ᠬᠤᠲᠠ ᠲᠦᠮᠡᠨ ᠬᠥᠮᠦᠨ᠎ᠦ ᠲᠠᠮᠢᠷ᠎ᠤᠨ ᠲᠠᠯᠠᠪᠠᠢ ᠵᠢᠨ ᠲᠠᠭᠤᠤ ᠬᠦᠭᠵᠢᠮ ᠤ᠋ᠨ ᠴᠤᠭ᠍ᠯᠠᠭᠠᠨ᠎ᠡᠴᠡ ᠠᠮᠢᠵᠢᠷᠠᠯ ᠤ᠋ᠨ ᠬᠦᠴᠤᠨ ᠵᠢᠡᠷ ᠪᠢᠯᠬᠠᠭ᠍ᠰᠠᠨ ᠠᠷᠠᠳ᠎ᠤᠨ ᠵᠠᠩ ᠦᠢᠯᠡ᠎ᠶ᠋ᠢᠨ ᠠᠵᠢᠯᠯᠠᠭ᠎ᠠ ᠬᠦᠷᠲᠡᠯ᠎ᠡ᠂ ᠣᠷᠭᠢᠯᠤᠮ᠎ᠠ ᠬᠠᠯᠠᠭᠤᠨ ᠬᠦᠷ ᠬᠦᠭᠵᠢᠶᠠᠨᠳᠠᠢ ᠪᠡᠶ᠎ᠡ᠎ᠶ᠋ᠢᠨ ᠲᠠᠮᠢᠷ᠎ᠤᠨ ᠤᠷᠤᠯᠳᠤᠭᠠᠨ᠎ᠡᠴᠡ ᠠᠭᠤᠯᠤᠬᠳᠠᠬᠤᠨ ᠬᠦᠨ ᠵᠤᠵᠠᠭᠠᠨ ᠲᠡᠤᠭᠡ ᠵᠢᠨ ᠲᠤᠷᠠᠰᠬᠠᠯᠳᠤ ᠵᠦᠢᠯᠡᠰ ᠮᠦᠽᠸᠢ ᠵᠢᠨ ᠦᠵᠡᠰᠭᠦᠯᠡᠩ ᠬᠦᠷᠲᠡᠯ᠎ᠡ᠂ ᠲᠠᠪᠤᠨ ᠶᠡᠬᠡ ᠭᠣᠣᠯ ᠰᠡᠳᠦᠪ᠂ ᠵᠠᠭᠤ ᠱᠢᠬᠠᠮ ᠲᠠᠯᠠᠪᠠᠢ ᠠᠵᠢᠯᠯᠠᠭ᠎ᠠ ᠪᠡᠷ ᠪᠦᠬᠦ᠌ ᠬᠤᠲᠠ᠎ᠶ᠋ᠢ ᠬᠠᠮᠤᠷᠴᠤ᠌᠂ 《ᠭᠠᠷᠠᠭ᠎ᠤᠨ ᠰᠡᠭᠦᠯᠴᠢ᠎ᠪᠡᠷ ᠵᠢᠭᠤᠯᠴᠢᠯᠡᠨ ᠲᠤᠭᠤᠷᠢᠬᠤ ᠤᠯᠠᠭᠠᠨᠬᠠᠳᠠᠳ᠋ᠡᠬᠢ ᠠᠶᠠᠯᠠᠯ》 ᠰᠣᠶᠣᠯ ᠵᠢᠭᠤᠯᠴᠢᠯᠠᠯ᠎ᠤᠨ ᠲᠦᠷᠦᠯ ᠲᠡᠮᠳᠡᠭ᠎ᠢ᠋ ᠴᠤᠬᠴᠠᠯᠠᠪᠠ᠃
10 ᠰᠠᠷ᠎ᠠ᠎ᠶ᠋ᠢᠨ 1 ᠤ᠋ ᠡᠳᠦᠷ᠂ 2025 ᠣᠨ᠎ᠤ ᠢᠯᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠯ ᠪᠥᠮᠪᠥᠭᠡ᠎ᠶ᠋ᠢᠨ ᠲᠡᠰ ᠡᠴᠡ ᠲᠠᠪᠠᠬᠰᠡᠨ ᠬᠣᠯᠪᠣᠭᠠᠲᠤ ᠤᠷᠤᠯᠳᠤᠭᠠᠨ᠎ᠤ ᠲᠡᠭᠡᠳᠤ ᠲᠦᠷᠪᠡ ᠵᠢᠨ ᠱᠢᠶ᠋ᠳᠪᠦᠷᠢᠲᠦ ᠤᠷᠤᠯᠳᠤᠭᠠᠨ ᠤᠯᠠᠭᠠᠨᠬᠠᠳᠠ᠎ᠳᠤ ᠡᠬᠢᠯᠡᠵᠦ᠍᠂ ᠤᠯᠠᠭᠠᠨᠬᠠᠳᠠ᠎ᠶ᠋ᠢᠨ ᠠᠩᠭᠢ ᠪᠣᠯᠤᠨ ᠬᠥᠯᠥᠨ ᠪᠣᠢᠷ᠎ᠤᠨ ᠠᠩᠭᠢ ᠤᠷᠤᠯᠳᠤᠭᠠᠨ ᠳ᠋ᠤ ᠬᠤᠷᠴᠡ ᠰᠢᠷᠦᠬᠦᠨ ᠦᠷᠢᠰᠤᠯᠳᠤᠵᠤ᠂ ᠡᠵᠡᠨ ᠲᠠᠯᠠᠪᠠᠶ ᠵᠢᠨ ᠤᠯᠠᠭᠠᠨᠬᠠᠳᠠ᠎ᠶ᠋ᠢᠨ ᠠᠩᠭᠢ ᠲᠠᠪᠠᠭᠤᠯᠢᠭ ᠪᠠᠢᠷᠢ ᠵᠢ ᠡᠵᠡᠯᠡᠵᠤ᠂ ᠠᠩᠭᠢ᠎ᠶ᠋ᠢᠨ ᠲᠠᠮᠢᠷᠴᠢᠳ ᠰᠡᠳᠬᠢᠯ ᠨᠢᠭᠡᠳᠤᠨ ᠬᠤᠷᠰᠢᠯᠴᠠᠵᠤ᠂ ᠳᠠᠭᠠᠷᠢᠬᠤ ᠬᠣᠷᠢᠭ᠍ᠯᠠᠬᠤ ᠡᠷᠴᠢᠮ ᠵᠢᠡᠨ ᠪᠠᠳᠤ ᠡᠵᠡᠮᠳᠡᠵᠤ ᠪᠠᠢᠯ᠎ᠠ᠃ ᠵᠣᠴᠢᠨ ᠲᠠᠯᠠᠪᠠᠢ᠎ᠵᠢᠨ ᠬᠥᠯᠥᠨ ᠪᠤᠢ᠌ᠷ᠎ᠤᠨ ᠠᠩᠭᠢ ᠴᠤ᠌ ᠮᠡᠷᠭᠡᠵᠢᠯ ᠤ᠋ᠨ ᠲᠦᠪᠰᠢᠨ ᠦᠨᠳᠤᠷ ᠪᠠᠢᠵᠤ᠂ ᠤᠨᠤᠴᠠᠳᠠᠢ ᠭᠡᠳᠡᠷᠭᠦ᠌ ᠳᠠᠭᠠᠷᠢᠯᠳᠠ ᠪᠠ ᠬᠤᠷᠢᠬᠯᠠᠯᠳᠠ᠎ᠪᠡᠷ ᠰᠡᠷᠭᠡᠢᠯᠡᠯᠲᠡ᠎ᠶ᠋ᠢᠨ ᠱᠤᠭᠤᠮ᠎ᠢ ᠪᠠᠢᠨ ᠳᠠᠬᠢᠨ ᠡᠪᠳᠡᠵᠦ᠍᠂ ᠡᠵᠡᠨ ᠲᠠᠯᠠᠪᠠᠢ ᠵᠢᠨ ᠠᠩᠭᠢ᠎ᠳᠤ ᠪᠠᠭ᠎ᠠ ᠪᠤᠰᠤ ᠳᠠᠷᠤᠯᠲᠠ ᠥᠭ᠌ᠴᠡᠢ᠃
ᠤᠯᠤᠰ᠎ᠤ᠋ᠨ ᠪᠠᠶᠠᠷᠲᠤᠬᠢᠶᠠᠯᠳᠤᠵᠤ᠂ ᠤᠷᠤᠯᠳᠤᠭᠠᠨ᠎ᠤ ᠳᠠᠷᠠᠭ᠎ᠠ 《ᠡᠯᠢᠭᠡᠨ ᠬᠠᠢᠷᠠᠳᠤ ᠡᠭᠡ ᠤᠷᠤᠨ ᠮᠢᠨᠢ》 ᠭᠡᠬᠦ᠌ ᠳᠠᠭᠤᠤ ᠵᠢ ᠪᠦᠬᠦ᠌ ᠲᠠᠯᠠᠪᠠᠢ᠎ᠶ᠋ᠢᠨ ᠦᠵᠡᠭ᠌ᠴᠢᠳ ᠬᠠᠮᠳᠤ ᠪᠡᠷ ᠲᠠᠭᠤᠯᠠᠵᠤ ᠲᠠᠯᠠᠪᠠᠢ ᠲᠠᠶᠠᠭᠠᠷ ᠤ᠋ᠨ ᠠᠭᠤᠷ ᠠᠮᠢᠰᠬᠤᠯ ᠢ᠋ ᠬᠠᠮᠤᠭ ᠤ᠋ᠨ ᠬᠦᠭᠵᠢᠶᠠᠨᠲᠠᠢ ᠪᠤᠯᠭᠠᠪᠠ᠃ ᠬᠥᠮᠦᠰ ᠬᠥᠯ ᠪᠥᠮᠪᠥᠭᠡ᠎ᠶ᠋ᠢᠨ ᠲᠤᠬᠠᠢ ᠬᠠᠢᠷ᠎ᠠ ᠪᠠᠬᠠᠷᠬᠠᠯ ᠪᠠ ᠡᠬᠡ ᠤᠯᠤᠰ᠎ᠤ᠋ᠨ ᠲᠤᠬᠠᠢ ᠬᠦᠰᠡᠯ ᠵᠥᠩᠨᠡᠯ᠎ᠢ ᠨᠢᠭ᠍ᠲᠠ ᠠᠭᠤᠰᠤᠯᠴᠠᠭᠤᠯᠪᠠ᠃ 《ᠦᠪᠤᠷ ᠮᠤᠨᠭᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠬᠦᠯ ᠪᠦᠮᠪᠦᠭᠡ ᠵᠢᠨ ᠲᠡᠰ ᠡᠴᠡ ᠲᠠᠪᠠᠬᠰᠡᠨ ᠬᠣᠯᠪᠣᠭᠠᠲᠤ ᠤᠷᠤᠯᠳᠤᠭᠠᠨ᠎ᠤ ᠲᠤᠬᠢᠶᠠᠯ ᠵᠢᠡᠷ ᠲᠦᠮᠡ ᠭᠠᠷᠤᠶ ᠪᠥᠮᠪᠥᠭᠡᠨ ᠪᠠᠬᠠᠳᠡᠳ ᠲᠠᠢ ᠬᠠᠮᠲᠤ ᠤᠯᠤᠰ᠎ᠤᠨ ᠪᠠᠶᠠᠷ᠎ᠢ ᠥᠩᠭᠡᠷᠡᠭᠦᠯᠵᠦ᠍᠂ ᠡᠨᠡ ᠤᠳᠠᠭ᠎ᠠ ᠵᠢᠨ ᠥᠪᠥᠷ ᠮᠣᠩᠭᠣᠯ᠎ᠤᠨ ᠠᠶᠠᠯᠠᠯ ᠰᠠᠢᠨ ᠡᠬᠢᠯᠡᠯᠲᠡ᠎ᠲᠡᠶ ᠪᠣᠯᠵᠠᠢ》᠃ ᠯᠢᠶᠣᠤᠨᠢᠩ᠎ᠤᠨ ᠴᠤᠤᠶᠠᠩ᠎ᠤ᠋ᠨ ᠵᠢᠭᠤᠯᠴᠢᠯᠠᠬᠴᠢ ᠦ᠋ ᠱᠢᠶᠤᠤ ᠭᠤᠸᠠᠩ᠎ᠤᠨ ᠠᠮᠠᠷᠠᠯᠲᠠ᠎ᠪᠠᠷ ᠤᠯᠠᠭᠠᠨᠬᠠᠳᠠ᠎ᠳᠤ ᠢᠷᠡᠵᠦ᠍ ᠵᠢᠭᠤᠯᠴᠢᠯᠡᠨ ᠲᠣᠭᠣᠷᠢᠵᠤ᠂ ᠤᠷᠤᠯᠳᠤᠭᠠᠨ ᠰᠤᠨᠢᠷᠬᠠᠬᠤ ᠪᠣᠯ ᠲᠡᠭᠦᠨ᠎ᠤ ᠨᠢᠭᠡᠳᠦᠭᠡᠷ ᠠᠶᠠᠨ ᠪᠣᠯᠤᠨ᠎ᠠ᠂ 《ᠰᠦᠯᠵᠢᠶᠡᠨ ᠳᠡᠭᠡᠷ᠎ᠡ᠎ᠡᠴᠡ ᠤᠯᠠᠭᠠᠨᠬᠠᠳᠠ ᠮᠠᠰᠢ ᠬᠥᠭ᠌ᠵᠢᠶᠡᠨᠲᠡᠶ ᠪᠠᠢᠬᠤ᠎ᠶ᠋ᠢ ᠣᠯᠵᠤ ᠦᠵᠡᠭᠡᠳ᠂ ᠲᠤᠰᠭᠠᠢᠯᠠᠨ ᠥᠪᠥᠷ ᠮᠣᠩᠭᠣᠯ᠎ᠳᠤ ᠢᠷᠡᠵᠦ᠍ ᠵᠢᠭᠤᠯᠴᠢᠯᠠᠨ ᠲᠤᠭᠤᠷᠢᠵᠠᠢ᠂ ᠵᠠᠯᠭᠠᠭᠠᠳ ᠪᠢ ᠮᠦᠽᠧᠢ᠎ᠪᠡᠷ ᠲᠣᠭᠣᠷᠢᠵᠤ᠂ ᠤᠯᠠᠭᠠᠨᠬᠠᠳᠠ᠎ᠶ᠋ᠢᠨ ᠠᠮᠲᠠᠲᠤ ᠢᠳᠡᠭᠡᠨ᠎ᠢ ᠠᠮᠲᠠᠯᠠᠶᠠ ᠭᠡᠵᠤ ᠪᠤᠳᠤᠵᠤ ᠪᠠᠢᠨ᠎ᠠ》 ᠭᠡᠵᠤ ᠪᠠᠶᠠᠷᠳᠠᠢᠬᠠᠨ ᠬᠡᠯᠡᠨ᠎ᠠ᠃
《ᠥᠪᠥᠷ ᠮᠣᠩᠭᠣᠯ᠎ᠤᠨ ᠦᠪᠡᠷᠳᠡᠭᠡᠨ ᠵᠠᠰᠠᠬᠤ ᠤᠷᠤᠨ ᠤ᠋ ᠬᠦᠯ ᠪᠦᠮᠪᠦᠭᠡ ᠵᠢᠨ ᠲᠡᠰ ᠡᠴᠡ ᠲᠠᠪᠠᠬᠰᠡᠨ ᠬᠣᠯᠪᠣᠭᠠᠲᠤ ᠤᠷᠤᠯᠳᠤᠭᠠᠨ》 ᠵᠢᠡᠷ ᠲᠤᠯᠤᠭ᠍ᠴᠢ ᠴᠡᠭ ᠪᠣᠯᠭᠠᠵᠤ᠂ ᠤᠯᠠᠭᠠᠨᠬᠠᠳᠠ ᠬᠣᠲᠠ ᠠᠮᠠᠷᠠᠯᠲᠠ᠎ᠶ᠋ᠢᠨ ᠡᠳᠦᠷ᠎ᠦᠨ ᠠᠵᠤ ᠠᠬᠤᠶ᠎ᠶ᠋ᠢ ᠠᠮᠵᠢᠯᠲᠠ᠎ᠲᠠᠶ ᠬᠦᠭᠵᠢᠭᠡᠵᠠᠢ᠂ ᠪᠡᠶ᠎ᠡ᠎ᠶ᠋ᠢᠨ ᠲᠠᠮᠢᠷ᠎ᠤᠨ ᠲᠠᠯᠠᠪᠠᠶ᠎ᠶ᠋ᠢᠨ ᠣᠢᠷᠠᠯᠴᠠᠭ᠎ᠠ ᠬᠠᠯᠠᠭᠤᠨ ᠲᠣᠭᠣᠭᠠᠨ᠎ᠤ ᠠᠷᠠᠯᠵᠢᠶ᠎ᠠ ᠡᠵᠡᠩᠨᠡᠵᠦ᠍ ᠪᠠᠢᠭ᠎ᠠ ᠯᠢᠦ ᠠᠪᠤᠭᠠᠶ ᠵᠢᠨ ᠬᠡᠯᠡᠬᠦ ᠪᠡᠷ᠂ ᠤᠷᠤᠯᠳᠤᠭᠠᠨ ᠳᠠᠭᠤᠰᠤᠭ᠍ᠰᠠᠨ᠎ᠤ ᠳᠠᠷᠠᠭ᠎ᠠ᠂ ᠬᠤᠭᠤᠯᠠᠨ ᠭᠡᠷ ᠤ᠋ᠳ ᠵᠤᠴᠢᠳ ᠤ᠋ᠨ ᠬᠤᠭᠤᠯᠠᠯᠠᠬᠤ ᠣᠷᠭᠢᠯᠬᠤᠭᠤᠴᠠᠭᠠ ᠪᠡᠨ ᠤᠬᠳᠤᠵᠤ᠂ ᠰᠥᠨᠢ᠎ᠶ᠋ᠢᠨ ᠡᠵᠡᠩᠨᠡᠯᠲᠡ᠎ᠶ᠋ᠢᠨ ᠲᠣᠭ᠎ᠠ᠎ᠨᠢ ᠡᠩ᠎ᠦᠨ ᠦᠶᠡᠶ᠋ᠢᠨᠬᠢᠡᠴᠡ 30% ᠰᠢᠬᠠᠮ ᠳᠡᠭᠡᠭ᠌ᠰᠢᠯᠡᠵᠡᠶ ᠭᠡᠪᠡ᠃ ᠪᠡᠶ᠎ᠡ᠎ᠶ᠋ᠢᠨ ᠲᠠᠮᠢᠷ᠎ᠤᠨ ᠲᠠᠯᠠᠪᠠᠢ᠎ᠶ᠋ᠢᠨ ᠣᠢᠷᠠᠯᠴᠠᠭᠠᠬᠢ ᠨᠢᠭᠡᠨ ᠵᠤᠴᠢᠳ᠎ᠤᠨ ᠪᠠᠭᠤᠳᠠᠯ᠎ᠤᠨ App ᠶ᠋ᠢᠨ ᠲᠣᠭ᠎ᠠ ᠪᠠᠷᠢᠮᠲᠠ᠎ᠳᠤ ᠬᠠᠷᠠᠭᠤᠯᠤᠬᠰᠡᠨ ᠵᠢᠡᠷ᠂ ᠵᠣᠴᠢᠳ᠎ᠤᠨ ᠥᠷᠥᠭᠡ ᠨᠢ ᠤᠷᠤᠯᠳᠤᠭᠠᠨ ᠡᠬᠢᠯᠡᠬᠦ᠌᠎ᠡᠴᠡ ᠡᠮᠦᠨ᠎ᠡ ᠨᠢᠭᠡ ᠭᠠᠷᠠᠭ᠎ᠲᠤ ᠨᠢᠭᠡᠨᠲᠡ ᠵᠠᠬᠢᠶᠠᠯᠠᠵᠤ ᠲᠠᠭᠤᠰᠪᠠ᠃ 《ᠰᠣᠶᠣᠯ ᠵᠢᠭᠤᠯᠴᠢᠯᠠᠯ ᠪᠠᠶ᠎ᠠ ᠵᠢᠨ ᠲᠠᠮᠢᠷ +》 ᠨᠢ ᠵᠠᠮ ᠬᠠᠷᠢᠯᠴᠠᠭ᠎ᠠ᠂ ᠬᠣᠨᠣᠭ ᠪᠠᠭᠤᠳᠠᠯ᠂ ᠢᠳᠡᠭᠡᠨ ᠤᠮᠳᠠᠭᠠᠨ᠂ ᠪᠠᠷᠠᠭ᠎ᠠ ᠬᠤᠳᠠᠯᠳᠤᠨ ᠠᠪᠬᠤ ᠵᠡᠷᠭᠡ ᠪᠦᠬᠦᠯᠢ ᠴᠣᠭ᠍ᠴᠠ᠎ᠶ᠋ᠢᠨ ᠬᠡᠷᠡᠭ᠌ᠯᠡᠭᠡᠨ᠎ᠦ ᠬᠡᠯᠬᠢᠶ᠎ᠡ᠎ᠶ᠋ᠢᠨ ᠴᠡᠴᠡᠭ᠌ᠯᠡᠯ ᠬᠥᠭ᠌ᠵᠢᠯ᠎ᠢ ᠳᠠᠢᠴᠢᠯᠠᠪᠠ᠃
《ᠬᠤᠶᠠᠷ ᠪᠠᠶᠠᠷ》 ᠤ᠋ᠨ ᠠᠮᠠᠷᠠᠯᠲᠠ᠎ᠶ᠋ᠢᠨ ᠬᠤᠭᠤᠴᠠᠭᠠᠨ᠎ᠳᠤ᠂ ᠤᠯᠠᠭᠠᠨᠬᠠᠳᠠ ᠮᠦᠽᠧᠶ 《ᠤᠯᠠᠭᠠᠨᠬᠠᠳᠠᠳ᠋ᠡᠬᠢ ᠤᠴᠠᠷᠠᠯ ᠬᠠᠰ ᠯᠤᠤ ᠵᠢᠨ ᠨᠤᠳᠤᠭ ᠵᠢᠡᠷ ᠠᠶᠠᠯᠠᠬᠤᠢ》 ᠤᠯᠠᠭᠠᠨᠬᠠᠳᠠ ᠣᠷᠣᠨ᠎ᠤ ᠮᠦᠽᠧᠶ᠎ᠶ᠋ᠢᠨ 《3+1》 ᠲᠥᠪᠯᠡᠷᠡᠭᠦᠯᠦᠨ ᠲᠠᠮᠠᠭ᠎ᠠ ᠴᠤᠬᠯᠠᠭᠤᠯᠤᠨ ᠵᠢᠭᠤᠯᠴᠢᠯᠡᠨ ᠲᠤᠭᠤᠷᠢᠬᠤ ᠠᠵᠢᠯᠯᠠᠭ᠎ᠠ ᠥᠷᠨᠢᠭᠦᠯᠪᠡ᠃ ᠵᠢᠭᠤᠯᠴᠢᠯᠠᠬᠰᠡᠳ ᠤᠯᠠᠭᠠᠨᠬᠠᠳᠠᠮᠦᠽᠧᠶᠶ᠋ᠢᠨ ᠯᠢᠶᠣᠤ ᠤᠯᠤᠰ᠎ᠤᠨ ᠦᠶ᠎ᠡ᠎ᠶ᠋ᠢᠨ ᠲᠡᠦᠬᠡ ᠰᠣᠶᠣᠯ᠎ᠤᠨ ᠮᠦᠽᠧᠶ᠎ᠶ᠋ᠢᠨ ᠲᠣᠭᠣᠷᠢᠭ᠂ ᠬᠤᠩᠱᠠᠨ ᠰᠣᠶᠣᠯ᠎ᠤᠨ ᠮᠦᠽᠧᠶ᠂ ᠡᠯ ᠳ᠋ᠤᠤ ᠵᠢᠩ ᠽᠢ ᠪᠠᠭᠤᠷᠢ᠎ᠶ᠋ᠢᠨ ᠮᠦᠽᠧᠶ ᠵᠢᠴᠢ ᠥᠪᠡᠰᠤᠪᠡᠨ ᠰᠣᠩᠭᠣᠭ᠍ᠰᠠᠨ ᠨᠢᠭᠡ ᠬᠣᠱᠢᠭᠤ ᠱᠢᠶᠠᠨ ᠲᠣᠭᠣᠷᠢᠭ᠎ᠤᠨ ᠮᠦᠽᠧᠶ᠎ᠶ᠋ᠢ ᠲᠣᠭᠣᠷᠢᠨ ᠦᠵᠡᠵᠦ᠍᠂ 4 ᠮᠦᠽᠧᠶ᠎ᠶ᠋ᠢᠨ ᠲᠠᠮᠠᠭ᠎ᠠ᠎ᠶ᠋ᠢ ᠪᠥᠷᠢᠳᠦᠭᠦᠯᠪᠡᠯ ᠳᠠᠷᠤᠶ 《ᠤᠯᠠᠭᠠᠨᠬᠠᠳᠠ᠎ᠶ᠋ᠢᠨ ᠲᠡᠤᠭᠡ ᠵᠢᠨ ᠲᠤᠷᠠᠰᠬᠠᠯᠳᠤ ᠵᠦᠢᠯᠡᠰ ᠮᠦᠽᠸᠢ ᠵᠢᠨ 3D ᠱᠢᠭᠢᠳᠭᠡᠮᠡᠯ ᠲᠠᠮᠠᠭ᠎ᠠ᠎ᠶ᠋ᠢᠨ ᠳᠡᠪᠲᠡᠷ》 ᠢ᠋ ᠣᠯᠵᠤ ᠪᠣᠯᠤᠨ᠎ᠠ᠃
ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭᠠᠨ᠎ᠳᠤ᠂ ᠤᠯᠠᠭᠠᠨᠬᠠᠳᠠ᠎ᠶ᠋ᠢᠨ ᠡᠯ᠎ᠡ ᠭᠠᠵᠠᠷ᠎ᠤᠨ ᠣᠯᠠᠨ ᠲᠦᠮᠡᠨᠴᠢ ᠰᠣᠶᠣᠯ᠎ᠤᠨ ᠠᠵᠢᠯᠯᠠᠭ᠎ᠠ ᠤᠳᠬ᠎ᠠ ᠲᠡᠬᠦᠯᠳᠡᠷ ᠠᠭᠤᠯᠭ᠎ᠠ ᠪᠠᠶᠠᠯᠢᠭ ᠪᠠᠢᠯ᠎ᠠ᠃ 10 ᠰᠠᠷ᠎ᠠ᠎ᠶ᠋ᠢᠨ 5 ᠤ᠋ ᠡᠳᠦᠷ᠂ ᠤᠯᠠᠭᠠᠨᠬᠠᠳᠠ ᠬᠣᠲᠠ᠎ᠶ᠋ᠢᠨ ᠯᠢᠨᠰᠢ ᠱᠢᠶᠠᠨ᠎ᠤ ᠬᠣᠲᠠ᠎ᠶ᠋ᠢᠨ ᠡᠮᠦᠨ᠎ᠡ ᠵᠡᠭᠡᠯᠢ ᠭᠤᠳᠤᠮᠵᠢ᠎ᠶ᠋ᠢᠨ ᠲᠦᠩ ᠳ᠋ᠦ᠋ ᠨᠡᠢᠭᠡᠮ ᠲᠣᠭᠣᠷᠢᠭ᠎ᠤᠨ ᠱᠢᠨ᠎ᠡ ᠴᠠᠭ ᠦᠶ᠎ᠡ᠎ᠶ᠋ᠢᠨ ᠪᠣᠯᠪᠠᠰᠤᠨ᠎ᠤ ᠦᠶ᠋ᠯᠡᠳᠦᠯᠭᠡ᠎ᠶ᠋ᠢᠨ ᠥᠷᠲᠡᠭᠡ᠎ᠳᠦ᠂ ᠠᠩᠬᠢᠯᠤᠮ᠎ᠠ ᠰᠠᠢᠬᠠᠨ ᠶᠧᠪᠡᠩ᠎ᠦᠨ ᠦᠨᠦᠷ ᠬᠠᠨᠭᠬᠤᠯᠵᠤ᠂ 40 ᠭᠠᠷᠤᠶ ᠨᠡᠢᠭᠡᠮ ᠲᠣᠭᠣᠷᠢᠭ᠎ᠤᠨ ᠰᠠᠭᠤᠭᠠᠯᠢ ᠠᠷᠠᠳ ᠨᠢᠭᠡ ᠲᠠᠩᠬᠢᠮ᠎ᠳᠤ ᠴᠤᠭ᠍ᠯᠠᠷᠠᠵᠤ᠂ ᠣᠯᠠᠨ᠎ᠢᠶᠠᠷ᠎ᠢᠶᠠᠨ ᠭᠤᠯᠢᠷ ᠨᠤᠬᠤᠵᠤ᠂ ᠠᠵᠢᠯ ᠬᠤᠪᠢᠶᠠᠷᠢᠯᠠᠨ ᠬᠠᠮᠵᠢᠯᠴᠠᠵᠤ᠂ 《ᠨᠠᠶ᠋ᠮᠠᠨ ᠰᠠᠷ᠎ᠠ᠎ᠶ᠋ᠢᠨ ᠲᠡᠷᠭᠡᠯ ᠪᠠᠶᠠᠷ ᠤ᠋ᠨ ᠮᠠᠨᠳᠤᠴᠢᠯᠡᠯ ᠲᠡᠪᠰᠢᠬᠦᠯᠤᠶᠠ》 ᠭᠡᠬᠦ ᠭᠡᠪ ᠲᠠᠢ ᠨᠠᠷᠢᠯᠢᠭ ᠬᠢᠴᠡᠲᠡᠶ ᠶᠧᠪᠡᠩᠬᠠᠭᠠᠷᠢᠪᠠ᠃ 《ᠥᠪᠡᠰᠤᠪᠡᠨ ᠬᠠᠭᠠᠷᠢᠬᠰᠡᠨ ᠶᠧᠪᠡᠩ ᠦᠨᠡᠭᠡᠷ ᠠᠮᠲᠠᠲᠠᠢ! ᠦᠪᠡᠰᠦᠪᠡᠨ ᠬᠦᠳᠡᠯᠮᠤᠷᠢᠯᠡᠬᠦ ᠬᠠᠪᠤ ᠴᠡᠩᠭᠡᠯ᠎ᠢ ᠣᠢᠯᠠᠭᠠᠬᠰᠡᠨ ᠪᠦᠭᠡᠳ ᠨᠠᠩ ᠴᠤ᠌ ᠤᠯᠠᠮᠵᠢᠯᠠᠯᠲᠤ ᠰᠣᠶᠣᠯᠵᠢᠡᠨ ᠤᠢᠯᠠᠭᠠᠨ ᠮᠡᠳᠡᠷᠡᠵᠠᠢ》 ᠭᠡᠵᠤ ᠰᠠᠭᠤᠭᠠᠯᠢ ᠠᠷᠠᠳ ᠮᠠ ᠱᠢᠤ ᠶᠦᠨ ᠬᠡᠯᠡᠨ᠎ᠠ᠃
ᠠᠷᠤ ᠬᠣᠷᠴᠢᠨ ᠬᠣᠱᠢᠭᠤᠨ᠎ᠤ ᠬᠠᠤᠯᠢ ᠪᠡᠷ ᠵᠠᠰᠠᠬᠤ ᠰᠣᠶᠣᠯ᠎ᠤᠨ ᠠᠭᠤᠳᠠᠮ ᠲᠠᠯᠠᠪᠠᠶ᠎ᠳᠤ᠂ 《ᠪᠢᠳᠡᠨ᠎ᠦ ᠪᠠᠶᠠᠷ᠎ᠤᠨ ᠡᠳᠦᠷ·ᠨᠠᠶ᠋ᠮᠠᠨ ᠰᠠᠷ᠎ᠠ᠎ᠶ᠋ᠢᠨ ᠲᠡᠷᠭᠡᠯ ᠪᠠᠶᠠᠷ》 ᠭᠡᠬᠦ ᠭᠤᠤᠯ ᠰᠡᠳᠦᠪᠲᠦ ᠠᠵᠢᠯᠯᠠᠭ᠎ᠠ ᠡᠬᠢᠯᠡᠪᠡ᠂ ᠠᠵᠢᠯᠯᠠᠭ᠎ᠠ᠎ᠨᠢ 《ᠴᠡᠴᠡᠷᠯᠢᠭᠵᠢᠡᠷ ᠵᠢᠭᠤᠯᠴᠢᠯᠡᠨ ᠲᠤᠭᠤᠷᠢᠬᠤ》 ᠬᠡᠯᠪᠡᠷᠢ᠎ᠪᠡᠷ 《ᠠᠷᠠᠳ᠎ᠤᠨ ᠵᠠᠩ ᠦᠶ᠋ᠯᠡ᠎ᠶ᠋ᠢ ᠪᠡᠶᠡᠴᠢᠯᠡᠨ ᠣᠢᠯᠠᠭᠠᠬᠤ》᠂ 《ᠪᠣᠳᠠᠰ᠎ᠤᠨ ᠪᠤᠰᠤ ᠰᠣᠶᠣᠯ᠎ᠤᠨ ᠥᠪ᠎ᠢ ᠳᠡᠯᠭᠡᠨ ᠦᠵᠡᠭᠦᠯᠬᠦ᠌》 ᠬᠣᠶᠠᠷ ᠭᠤᠤᠯ ᠭᠣᠭ᠍ᠴᠣᠭ᠎ᠠ᠎ᠶ᠋ᠢ ᠲᠣᠬᠢᠷᠠᠭᠤᠯᠵᠤ᠂ ᠤᠯᠠᠮᠵᠢᠯᠠᠯᠲᠤ ᠰᠣᠶᠣᠯ ᠬᠢᠭᠡᠳ ᠣᠯᠠᠨ ᠲᠦᠮᠡᠨ᠎ᠢ᠋ ᠤᠢᠷᠠᠳᠤᠭᠤᠯᠪᠠ᠃ 《ᠪᠢᠳᠡ ᠨᠠᠢ᠍ᠮᠠᠨ ᠰᠠᠷ᠎ᠠ᠎ᠶ᠋ᠢᠨ ᠲᠡᠷᠭᠡᠯ ᠪᠠᠶᠠᠷ᠎ᠢ ᠮᠡᠳᠡᠷᠡᠵᠤ ᠪᠣᠯᠬᠤ᠂ ᠣᠷᠣᠯᠴᠠᠵᠤ ᠪᠣᠯᠬᠤ᠂ ᠡᠷᠭᠢᠴᠡᠭᠦᠯᠵᠦ᠍ ᠪᠣᠯᠬᠤ ᠰᠣᠶᠣᠯ᠎ᠤᠨ ᠠᠶᠠᠯᠠᠯ ᠪᠣᠯᠭᠠᠬᠤ᠎ᠶ᠋ᠢ ᠬᠦᠰᠡᠵᠦ᠍ ᠪᠠᠢᠨ᠎ᠠ》 ᠭᠡᠵᠦ᠍ ᠠᠷᠤ ᠬᠣᠷᠴᠢᠨ ᠬᠣᠱᠢᠭᠤᠨ᠎ᠤ ᠱᠢᠨ᠎ᠡ ᠴᠠᠭ ᠦᠶ᠎ᠡ᠎ᠶ᠋ᠢᠨ ᠪᠣᠯᠪᠠᠰᠤᠨ᠎ᠤ ᠦᠶ᠋ᠯᠡᠳᠦᠯᠭᠡ᠎ᠶ᠋ᠢᠨ ᠲᠥᠪ᠎ᠦᠨ ᠡᠷᠬᠢᠯᠡᠭ᠌ᠴᠢ ᠸᠠᠩ ᠯᠢ ᠬᠣᠩ ᠬᠡᠯᠡᠪᠡ᠃