ᠮᠠᠨᠵᠤᠤᠷ᠄ ᠳᠤᠮᠳᠠᠳᠤ ᠣᠷᠣᠰ᠎ᠤᠨ ᠰᠣᠶᠣᠯ ᠵᠢᠭᠤᠯᠴᠢᠯᠠᠯ᠎ᠤᠨ ᠠᠭᠤᠰᠤᠯᠴᠠᠯ᠎ᠤᠨ ᠨᠠᠢᠷᠠᠯ ᠬᠦᠭᠵᠢᠮ ᠢ᠋ ᠴᠢᠪᠬᠠᠳᠠᠨ᠎ᠠ
2025-10-09 10:14:16
ᠵᠣᠬᠢᠶᠠᠭ᠍ᠴᠢ᠄
ᠯᠢ ᠱᠢᠨ ᠵᠢᠶᠦ᠋ᠨ
ᠣᠩᠱᠢᠭ᠍ᠰᠠᠨ ᠣᠳᠠᠭ᠎ᠠ᠄
★★★☆☆

ᠠᠯᠲᠠᠨ ᠨᠠᠮᠤᠷ᠎ᠤᠨ ᠠᠷᠪᠠᠨ ᠰᠠᠷ᠎ᠠ ᠳ᠋ᠤ᠂ 《ᠬᠤᠤᠰ ᠪᠠᠶᠠᠷ》 ᠢ᠋ ᠬᠠᠮᠲᠤ᠎ᠪᠠᠷ ᠪᠡᠯᠭᠡᠯᠡᠵᠦ᠍᠂ ᠳᠤᠮᠳᠠᠳᠤ ᠣᠷᠣᠰ᠎ᠤᠨ ᠬᠢᠯᠢ᠎ᠳᠦ ᠪᠠᠢᠷᠢᠯᠠᠭ᠎ᠠ ᠮᠠᠨᠵᠤᠤᠷ ᠬᠣᠲᠠ ᠣᠨ᠎ᠤ ᠰᠣᠶᠣᠯ ᠵᠢᠭᠤᠯᠴᠢᠯᠠᠯ᠎ᠤᠨ ᠤᠷᠬᠢᠯ ᠬᠤᠭᠤᠴᠠᠭ᠎ᠠ ᠪᠡᠨ ᠤᠭ᠍ᠲᠤᠨ ᠠᠪᠤᠯ᠎ᠠ᠃ ᠡᠨᠡ ᠬᠦ᠌ 《ᠵᠡᠭᠦᠨ ᠠᠽᠢᠶ᠎ᠠ᠎ᠶ᠋ᠢᠨ ᠴᠣᠩᠬᠣᠪᠴᠢ》ᠭᠡᠮᠡᠨ ᠠᠯᠳᠠᠷᠱᠢᠭ᠍ᠰᠠᠨ ᠬᠢᠯᠢ᠎ᠶ᠋ᠢᠨ ᠬᠣᠲᠠ ᠨᠢ ᠬᠢᠯᠢ ᠠᠯᠤᠰᠯᠠᠭ᠍ᠰᠠᠨ ᠰᠣᠶᠣᠯ ᠎ᠤᠨ ᠥᠪᠡᠷᠮᠢᠴᠡ ᠠᠭᠤᠯᠤᠭ᠍ᠳᠠᠬᠤᠨ᠂ ᠨᠠᠮᠤᠷ ᠎ᠤᠨ ᠥᠩᠭᠡ ᠦᠵᠡᠮᠵᠢ ᠵᠢᠴᠢ ᠳᠤᠮᠳᠠᠳᠤ ᠤᠯᠤᠰ ᠡᠴᠡ ᠤᠷᠤᠰ ᠲᠤ᠌ ᠭᠡᠷᠡᠭᠵᠢᠬᠦᠯᠦᠭᠰᠡᠨ ᠦᠯᠤ ᠸᠢᠰᠠᠯᠠᠬᠤ ᠲᠥᠷᠥ ᠎ᠶ᠋ᠢᠨ ᠪᠣᠳᠣᠯᠭ᠎ᠠ᠎ᠳ᠋ᠤ ᠲᠦᠱᠢᠭ᠌ᠯᠡᠨ᠂ ᠳᠤᠮᠳᠠᠳᠤ ᠭᠠᠳᠠᠭᠠᠳᠤ ᠎ᠶ᠋ᠢᠨ ᠵᠢᠭᠤᠯᠴᠢᠯᠠᠭ᠍ᠰᠡᠳ ᠎ᠤᠨ ᠬᠦᠰᠡᠨ ᠮᠥᠷᠥᠭᠡᠳᠬᠦ᠌ ᠵᠢᠭᠤᠯᠴᠢᠯᠠᠯ᠎ᠤᠨ ᠵᠣᠷᠢᠭ᠍ᠰᠠᠨ ᠭᠠᠵᠠᠷ ᠪᠣᠯᠤᠭ᠍ᠰᠠᠨ ᠪᠠᠢᠨ᠎ᠠ᠃

10 ᠰᠠᠷ᠎ᠠ᠎ᠶ᠋ᠢᠨ 6 ᠎ᠤ᠋ ᠦᠳᠡ᠎ᠶ᠋ᠢᠨ ᠡᠮᠦᠨᠡᠬᠢ 9 ᠴᠠᠭ᠎ᠲᠤ᠂ ᠮᠠᠨᠵᠤᠤᠷ᠎ᠤᠨ ᠵᠠᠰᠠᠮᠠᠯ ᠵᠠᠮ᠎ᠤᠨ ᠬᠢᠯᠢ ᠵᠢᠨ ᠪᠣᠭᠣᠮᠲᠠ ᠨᠢᠭᠡᠨᠲᠡ ᠶᠠᠭᠠᠷᠠᠯᠲᠠᠶ ᠪᠠᠢᠳᠠᠯ᠎ᠳᠤ ᠣᠷᠣᠪᠠ᠃ ᠡᠯᠧᠺᠲ᠋ᠷᠣᠨ ᠳᠡᠯᠭᠡᠴᠡ ᠳᠡᠭᠡᠷ᠎ᠡ ᠬᠢᠲᠠᠳ ᠬᠡᠯᠡ ᠪᠠ ᠣᠷᠣᠰ ᠬᠡᠯᠡᠨ᠎ᠦ ᠪᠠᠶᠠᠷ᠎ᠤᠨ ᠡᠳᠦᠷ᠎ᠦᠨ ᠬᠦᠰᠡᠯ ᠵᠥᠩᠨᠡᠯ᠎ᠢ ᠲᠡᠪᠰᠢᠬᠦᠯᠵᠤ᠂ ᠪᠣᠭᠣᠮᠲᠠ᠎ᠶ᠋ᠢᠨ ᠠᠵᠢᠯᠲᠠᠳ ᠠᠶᠠᠨᠴᠢᠳ ᠎ᠢ ᠡᠮᠬᠢ ᠵᠢᠷᠤᠮ᠎ᠲᠠᠶ᠎ᠪᠠᠷ ᠬᠥᠲᠥᠯᠥᠨ ᠵᠢᠯᠣᠭᠣᠳᠴᠤ᠌ ᠪᠣᠭᠣᠮᠲᠠ᠎ᠪᠠᠷ ᠥᠩᠭᠡᠷᠡᠭᠦᠯᠵᠦ᠍ ᠪᠣᠶ᠃

ᠬᠢᠯᠢ ᠵᠢᠨ ᠪᠣᠭᠣᠮᠲᠠ᠎ᠶ᠋ᠢᠨ ᠲᠤᠮᠤ ᠠᠰᠠᠷ᠎ᠡᠴᠡ ᠭᠠᠷᠴᠤ᠌ ᠢᠷᠡᠬᠦ᠌᠎ᠳᠦ᠂ ᠬᠠᠷᠢ ᠤᠷᠤᠨ ᠤ᠋ ᠰᠤᠶᠤᠯ ᠠᠷᠠᠨᠰᠢᠨ ᠦᠪᠡᠷ ᠤ᠋ᠨ ᠡᠷᠭᠡ ᠦᠭᠡᠢ ᠮᠡᠳᠡᠷᠡᠭᠳᠡᠵᠤ᠂ ᠰᠠᠨᠲ ᠫᠸᠲᠸᠷᠪᠦ᠋ᠷᠡᠭ᠎ᠤᠨ ᠣᠶᠤᠲᠠᠨ ᠠᠨᠨᠠ ᠵᠡᠭᠡᠯᠢ᠎ᠶ᠋ᠢᠨ ᠦᠵᠡᠮᠵᠢ᠎ᠶ᠋ᠢ ᠰᠡᠭᠦᠳᠡᠷᠯᠡᠵᠦ᠍ ᠪᠠᠢᠯ᠎ᠠ᠃ ᠠᠨᠨᠠ᠄ 《ᠡᠨᠳᠡᠬᠢ ᠤᠷᠤᠰ ᠮᠠᠶᠢᠭ᠎ᠤᠨ ᠪᠠᠷᠢᠯᠭ᠎ᠠ ᠎ᠶ᠋ᠢᠨ ᠱᠣᠪᠣᠭᠣᠷ ᠤᠷᠤᠢ ᠨᠢ ᠳᠤᠮᠳᠠᠳᠤ ᠤᠯᠤᠰ᠎ᠤᠨ ᠪᠤᠶᠠᠨ ᠦᠰᠦᠭ᠎ᠲᠡᠶ ᠭᠠᠢᠬᠠᠯᠳᠠᠢ ᠠᠭᠤᠰᠤᠯᠴᠠᠵᠤ᠂ ᠶᠠᠭ ᠯᠠ ᠴᠠᠭ ᠤᠷᠤᠨ ᠵᠠᠢ ᠎ᠶ᠋ᠢ ᠲᠤᠭᠤᠯᠤᠭ᠍ᠰᠠᠠ ᠮᠡᠲᠦ᠍ ᠪᠠᠢᠨ᠎ᠠ》ᠭᠡᠯ᠎ᠠ᠃ ᠲᠠᠷᠠ ᠪᠠᠰᠠ ᠮᠠᠨᠵᠤᠤᠷ ᠎ᠤᠨ ᠬᠤᠪᠢᠰᠭᠠᠯᠲᠤ ᠨᠢᠭᠤᠴᠠ ᠵᠠᠮ ᠬᠠᠷᠢᠯᠴᠠᠭᠠᠨ᠎ᠤ ᠱᠤᠭᠤᠮ ᠵᠢᠡᠷ ᠵᠢᠭᠤᠯᠴᠢᠯᠡᠨ ᠲᠤᠭᠤᠷᠢᠬᠤ ᠪᠦᠭᠡᠳ ᠨᠡᠢᠭᠡᠮ᠎ᠦᠨ ᠬᠠᠷᠢᠯᠴᠠᠭᠠᠨ᠎ᠤ ᠵᠠᠭᠤᠴᠢᠯᠠᠭᠤᠷ᠎ᠲᠤ ᠱᠢᠭᠤᠳ ᠨᠡᠪᠲᠡᠷᠡᠭᠦᠯᠭᠡ ᠬᠢᠵᠦ᠍ ᠬᠤᠪᠢᠶᠠᠯᠴᠠᠬᠤ ᠪᠡᠷ ᠲᠦᠯᠦᠪᠯᠡᠵᠤ ᠪᠠᠢᠨ᠎ᠠ ᠭᠡᠵᠤ ᠨᠦᠬᠦᠪᠤᠷᠢᠯᠡᠨ ᠭᠡᠯᠡᠨ᠎ᠠ᠃

ᠬᠤᠸᠠ ᠪᠦ᠋ ᠶᠡᠬᠡ ᠵᠡᠭᠡᠯᠢ᠎ᠪᠡᠷ ᠵᠦᠩ ᠰᠣ᠌ ᠵᠢᠨ ᠵᠡᠭᠡᠯᠢ᠎ᠳᠦ ᠬᠦᠷᠤᠬᠦᠯᠠᠷ᠂ ᠳᠤᠮᠳᠠᠳᠤ ᠤᠷᠤᠰ᠎ᠤᠨ ᠰᠣᠶᠣᠯ᠎ᠤᠨ ᠠᠭᠤᠰᠤᠯᠴᠠᠯ ᠨᠡᠩ ᠠᠮᠢᠳᠤᠯᠢᠭ ᠪᠤᠳᠠᠳᠠᠢ ᠬᠠᠷᠠᠬᠳᠠᠨ᠎ᠠ᠃ ᠽᠠᠨᠳᠠᠨ ᠮᠣᠳᠣᠨ᠎ᠤ ᠳᠡᠯᠭᠡᠭᠦᠷ ᠳᠡᠭᠡᠷ᠎ᠡ᠂ ᠬᠤᠰᠤᠨ ᠮᠣᠳᠣᠨ ᠎ᠤ ᠬᠠᠯᠢᠰᠤᠨ ᠭᠠᠷ ᠤᠷᠠᠯᠠᠯ᠎ᠤᠨ ᠪᠦᠲᠦᠭᠡᠭ᠌ᠳᠡᠬᠦᠨ ᠪᠣᠯᠤᠨ ᠰᠦᠵᠧᠦ᠍᠎ᠶ᠋ᠢᠨ ᠬᠠᠳᠭᠤᠮᠠᠯ ᠬᠠᠯᠬᠠᠪᠴᠢ ᠵᠡᠷᠭᠡ ᠵᠢ ᠳᠡᠯᠭᠡᠨ ᠦᠵᠡᠭᠦᠯᠵᠦ᠍᠂ ᠤᠷᠤᠰ ᠮᠠᠶᠢᠭ᠎ᠤᠨ ᠮᠢᠶᠠᠨᠪᠤᠤ᠎ᠶ᠋ᠢᠨ ᠠᠨᠭᠭᠢᠯᠤᠮ᠎ᠠ ᠦᠨᠤᠷ ᠪᠣᠯᠤᠨ ᠳᠤᠮᠳᠠᠳᠤ ᠤᠯᠤᠰ᠎ᠤᠨ ᠪᠤᠤᠪᠤ ᠪᠣᠭᠣᠷᠰᠣᠭ ᠎ᠤᠨ ᠱᠢᠬᠢᠷᠯᠢᠭ ᠦᠨᠦᠷ ᠬᠠᠩᠬᠤᠯᠤᠨ᠎ᠠ᠃ ᠮᠦᠭ᠌ᠳᠡᠨ ᠎ᠦ ᠵᠢᠭᠤᠯᠴᠢᠯᠠᠬᠴᠢ ᠵᠣᠣ ᠮᠢᠩ ᠶᠤᠸᠠᠨ ᠬᠡᠷ ᠎ᠦᠨ ᠬᠥᠮᠦᠰ ᠎ᠢᠶᠡᠨ ᠳᠠᠭᠠᠭᠤᠯᠤᠨ ᠤᠷᠤᠰ ᠭᠡᠤᠭᠡᠯᠳᠠᠢ ᠬᠤᠳᠠᠯᠳᠤᠨ ᠠᠪᠴᠠᠶ᠂ 《ᠬᠡᠦᠬᠡᠳ ᠬᠥᠭ᠌ᠵᠢᠮᠲᠦ ᠬᠠᠢᠷᠴᠠᠭ᠎ᠲᠤ ᠳᠤᠷᠠᠲᠠᠶ᠂ ᠨᠠᠰᠤᠲᠠᠨ ᠲᠣᠷᠭᠠᠨ ᠠᠯᠴᠢᠭᠤᠷ᠎ᠲᠤ ᠳᠤᠷᠠᠲᠠᠶ᠂ ᠡᠨᠳᠡ ᠪᠥᠬᠥ᠌ ᠬᠡᠷ ᠎ᠦᠨ ᠬᠥᠮᠦᠰ᠎ᠦᠨ ᠬᠡᠷᠡᠭ᠌ᠴᠡᠭᠡ᠎ᠶ᠋ᠢ ᠬᠠᠩᠭᠠᠵᠤ ᠲᠠᠢᠯᠤᠨ᠎ᠠ》 ᠭᠡᠵᠤ ᠬᠡᠯᠡᠨ᠎ᠠ᠃ ᠣᠷᠴᠢᠮ᠎ᠤᠨ ᠰᠦ ᠲᠠᠢ ᠴᠠᠶ᠎ᠶ᠋ᠢᠨ ᠳᠡᠯᠭᠡᠭᠦᠷ᠎ᠦᠨ ᠡᠮᠦᠨ᠎ᠡ᠂ ᠣᠷᠣᠰ᠎ᠤᠨ ᠥᠬᠢᠳ ᠺᠣᠳ᠋ ᠱᠢᠷᠪᠢᠵᠦ᠍ ᠲᠤᠭᠠᠴᠠᠭ᠎ᠠ ᠬᠢᠬᠦ ᠵᠢ ᠰᠤᠷᠴᠤ᠌ ᠪᠠᠢᠯ᠎ᠠ᠂ ᠳᠡᠯᠭᠡᠭᠦᠷ᠎ᠦᠨ ᠠᠵᠢᠯᠴᠢᠨ ᠳᠥᠭᠥᠮᠬᠡᠨ ᠣᠷᠣᠰ ᠬᠡᠯᠡ ᠪᠤᠯᠤᠨ ᠭᠠᠷ᠎ᠤᠨ ᠳᠣᠬᠢᠶ᠎ᠠ᠎ᠪᠡᠷ ᠵᠢᠭᠠᠵᠤ ᠬᠡᠦᠬᠡᠨᠴᠦᠳ᠎ᠢ ᠢᠨᠢᠶᠡᠯᠭᠡᠨ᠎ᠠ᠃

ᠳᠤᠮᠳᠠᠳᠤ ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠬᠤᠯᠤᠰᠤᠨ ᠠᠵᠤ ᠦᠢᠯᠡᠰ᠎ᠦᠨ ᠬᠦᠷᠢᠶᠡᠯᠡᠩ᠎ᠳᠦ᠂ ᠨᠠᠮᠤᠷ᠎ᠤᠨ ᠦᠵᠡᠮᠵᠢ ᠭᠣᠢᠳᠠ ᠰᠠᠢᠬᠠᠨ ᠪᠠᠢᠯ᠎ᠠ᠃ ᠬᠠᠩᠵᠧᠦ᠍ ᠎ᠶ᠋ᠢᠨ ᠭᠡᠷᠡᠯ ᠵᠢᠷᠤᠭ ᠎ᠤᠨ ᠪᠠᠬᠠᠳᠠᠨ ᠯᠢᠨ  ᠶᠤᠸᠠᠢ᠄ 《ᠥᠷᠯᠥᠭᠡ᠎ᠶ᠋ᠢᠨ ᠨᠠᠷᠠᠨ ᠤ᠋ ᠭᠡᠷᠡᠯ ᠎ᠳᠡᠬᠢ ᠬᠤᠯᠤᠰᠤ ᠤᠷᠤᠰᠤᠮᠠᠯ ᠮᠥᠩᠭᠥᠨ ᠲᠣᠷᠭ᠎ᠠ ᠮᠡᠲᠦ᠂ ᠭᠠᠷ᠎ᠤᠨ ᠠᠶ᠎ᠠ ᠎ᠪᠠᠷ ᠎ᠢᠶᠠᠨ ᠰᠡᠭᠦᠳᠡᠷᠯᠡᠭ᠌ᠰᠡᠨ ᠴᠦ᠍ ᠪᠦᠷ ᠭᠤᠴᠤ ᠰᠠᠢᠬᠠᠨ ᠵᠢᠷᠤᠭ ᠪᠤᠯᠵᠤ ᠬᠠᠷᠠᠬᠳᠠᠨ᠎ᠠ》 ᠭᠡᠮᠡᠨ ᠰᠡᠬᠦᠳᠡᠷᠯᠡᠬᠦ ᠵᠢᠶᠠᠰᠠ ᠪᠣᠰᠭᠠᠬᠤ᠎ᠵᠢᠨ ᠲᠠᠭᠠᠤ ᠭᠠᠢᠬᠠᠰᠢ ᠠᠯᠳᠠᠨ ᠭᠡᠯᠡᠨ᠎ᠠ᠃ ᠴᠦᠩᠴᠢᠩ᠎ᠤ᠋ᠨ ᠵᠢᠭᠤᠯᠴᠢᠯᠠᠬᠴᠢ ᠯᠦ᠍ ᠬᠠᠢ ᠱᠢᠶᠠ᠎ᠶ᠋ᠢᠨ ᠬᠢᠨ ᠤᠷᠤᠰ ᠬᠡᠦᠬᠡᠯᠳᠡᠢ᠎ᠶ᠋ᠢᠨ ᠠᠭᠤᠳᠠᠮ ᠲᠠᠯᠠᠪᠠᠢ᠎ᠳᠤ ᠬᠠᠮᠲᠤ᠎ᠶ᠋ᠢᠨ ᠰᠡᠭᠦᠳᠡᠷ ᠲᠠᠲᠠᠭᠤᠯᠤᠨ ᠳᠤᠷᠠᠰᠭᠠᠯ ᠦᠯᠡᠳᠡᠭᠡᠵᠦ᠍᠂ ᠲᠡᠭᠦᠨ᠎ᠦ ᠠᠪᠤ ᠨᠢ ᠰᠡᠭᠦᠳᠡᠷᠯᠡᠬᠦ᠌ ᠬᠠᠷᠠᠭᠠᠰᠤ᠎ᠪᠠᠨ ᠲᠠᠰᠤᠷᠠᠯᠲᠠ ᠦᠭᠡᠢ ᠬᠤᠪᠢᠷᠠᠭᠤᠯᠵᠤ᠂ ᠭᠣᠢᠳᠠ ᠰᠠᠢᠬᠠᠨ ᠬᠣᠷᠣᠮ ᠪᠦᠷᠢ᠎ᠶ᠋ᠢ ᠲᠡᠮᠳᠡᠭ᠌ᠯᠡᠨ᠎ᠠ᠃ ᠤᠯᠤᠰ ᠎ᠤᠨ ᠡᠭᠦᠳᠡ᠎ᠶ᠋ᠢᠨ ᠦᠵᠡᠮᠵᠢ᠎ᠶ᠋ᠢᠨ ᠣᠷᠣᠨ᠎ᠳᠤ᠂ ᠵᠢᠭᠤᠯᠴᠢᠯᠠᠬᠰᠡᠳ ᠲᠣᠭᠣᠷᠢᠨ ᠦᠵᠡᠬᠦ᠌ ᠵᠠᠮ᠎ᠢᠶᠠᠷ ᠠᠯᠭᠤᠷᠬᠠᠨ ᠠᠯᠬᠤᠯᠠᠵᠤ᠂ ᠪᠠᠢᠨ ᠪᠠᠢᠨ ᠵᠣᠭ᠍ᠰᠣᠵᠤ ᠤᠯᠤᠰ᠎ᠤᠨ ᠡᠭᠦᠳᠡᠨ ᠳ᠋ᠤ ᠰᠡᠬᠦᠳᠡᠷ ᠲᠠᠲᠠᠭᠤᠯᠤᠨ᠎ᠠ᠃ ᠱᠠᠩᠬᠠᠢ᠎ᠶ᠋ᠢᠨ ᠵᠢᠭᠤᠯᠴᠢᠯᠠᠬᠴᠢ ᠯᠢ ᠵᠧ᠄ 《ᠡᠮᠦᠨ᠎ᠡ ᠲᠦᠷᠪᠡᠨ ᠦᠶ᠎ᠡ᠎ᠶ᠋ᠢᠨ ᠤᠯᠤᠰ᠎ᠤᠨ ᠡᠭᠦᠳᠡ᠎ᠶ᠋ᠢᠨ ᠵᠠᠭ᠍ᠪᠤᠷ᠎ᠢ ᠲᠣᠭᠣᠷᠢᠨ ᠦᠵᠡᠵᠦ᠍᠂ ᠲᠠᠬᠢᠨ ᠤᠳᠤ᠎ᠶ᠋ᠢᠨ ᠲᠠᠪᠤᠳᠤᠭᠠᠷ ᠦᠶ᠎ᠡ᠎ᠶ᠋ᠢᠨ ᠤᠯᠤᠰ᠎ᠤᠨ ᠡᠭᠦᠳᠡ᠎ᠶ᠋ᠢ ᠦᠵᠡᠭᠡᠳ ᠡᠭᠡ ᠤᠯᠤᠰ ᠎ᠤᠨ ᠡᠳᠦᠷ ᠢᠷᠡᠬᠦᠶ᠎ᠡ ᠬᠦᠴᠦᠷᠬᠡᠭ᠌ᠵᠢᠵᠦ᠍ ᠪᠠᠢᠬᠤ᠎ᠶ᠋ᠢ ᠭᠦᠨᠵᠡᠭᠡᠢ ᠣᠢᠯᠠᠭᠠᠵᠤ ᠮᠡᠳᠡᠷᠡᠵᠠᠢ》 ᠭᠡᠵᠤ ᠬᠦᠨ ᠲᠦᠷᠦᠭᠳᠡᠯ ᠲᠠᠢ ᠬᠡᠯᠡᠨ᠎ᠠ᠃

ᠠᠶᠠᠨᠴᠢᠳ᠎ᠤᠨ ᠣᠷᠭᠢᠯ ᠬᠤᠭᠤᠴᠠᠭᠠᠨ ᠳ᠋ᠤ᠂ ᠮᠠᠨᠵᠤᠤᠷ ᠬᠣᠲᠠ ᠦᠶ᠋ᠯᠡᠴᠢᠯᠡᠭᠡ ᠪᠠᠲᠤᠯᠠᠭ᠎ᠠ᠎ᠶ᠋ᠢ ᠢᠳᠡᠪᠬᠢᠲᠡᠶ ᠰᠠᠢᠲᠤᠷ ᠬᠢᠪᠠ᠃ ᠵᠤᠴᠢᠳ ᠤ᠋ᠨ ᠪᠠᠭᠤᠳᠠᠯ ᠥᠪᠡᠷᠮᠢᠴᠡ ᠣᠨᠴᠠᠯᠢᠭᠳᠤ ᠥᠷᠥᠭᠡᠨ᠎ᠦ ᠦᠶ᠋ᠯᠡᠴᠢᠯᠡᠭᠡ ᠭᠠᠷᠭᠠᠵᠤ᠂ ᠳᠤᠮᠳᠠᠳᠤ ᠣᠷᠣᠰ᠎ᠤᠨ ᠬᠤᠤᠰ ᠬᠡᠯᠡᠨ᠎ᠦ ᠵᠦᠭ᠌ᠯᠡᠭᠦᠷ᠎ᠢ ᠪᠡᠯᠡᠳᠭᠡᠪᠡ; ᠬᠠᠭᠤᠴᠢᠨ ᠨᠠᠷᠠᠲᠤ ᠬᠣᠭᠣᠯᠠᠨ ᠲᠢᠩᠬᠢᠮ ᠱᠢᠨ᠎ᠡ᠎ᠶ᠋ᠢ ᠡᠭᠦᠳᠴᠦ 《ᠳᠤᠮᠳᠠᠳᠤ ᠣᠷᠣᠰ᠎ᠤᠨ ᠠᠭᠤᠰᠤᠯᠴᠠᠭ᠍ᠰᠠᠨ ᠢᠵᠢ ᠦᠶ᠋ᠯᠡᠴᠢᠯᠡᠭᠡ》 ᠲᠤᠬᠢᠷᠠᠭᠤᠯᠪᠠ;ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ᠎ᠳᠤ ᠲᠦᠷ ᠴᠠᠭ᠎ᠤᠨ ᠲᠡᠷᠭᠡᠨ ᠵᠣᠭ᠍ᠰᠣᠭᠠᠯ ᠪᠠ ᠲᠤᠷᠴᠤ ᠬᠦᠷᠭᠡᠬᠦ ᠨᠡᠢᠲᠡ᠎ᠶ᠋ᠢᠨ ᠮᠠᠱᠢᠨ ᠲᠡᠷᠭᠡ᠎ᠵᠢ ᠲᠤᠬᠢᠷᠠᠭᠤᠯᠵᠤ᠌᠂ ᠰᠠᠢᠨ ᠳᠤᠷᠠᠴᠤᠳ ᠣᠯᠠᠨ ᠬᠡᠯᠡᠨ᠎ᠦ ᠠᠰᠠᠭᠤᠨ ᠯᠠᠪᠯᠠᠬᠤ ᠦᠶ᠋ᠯᠡᠴᠢᠯᠡᠭᠡ ᠬᠠᠩᠭᠠᠪᠠ᠃ ᠦᠳᠡᠰᠢ ᠵᠢᠨ ᠬᠠᠷᠠᠨᠭᠭᠤᠢ ᠪᠤᠯᠬᠤ ᠳ᠋ᠤ᠂ ᠪᠸᠢ ᠬᠤ᠌ ᠴᠡᠴᠡᠷᠯᠢᠭ᠎ᠦᠨ ᠦᠨᠭᠭᠡᠳᠤ ᠳ᠋ᠸᠩ ᠲᠤᠸᠠᠯᠡᠨ᠂ ᠳᠤᠮᠳᠠᠳᠤ ᠤᠷᠤᠰ᠎ᠤᠨ ᠤᠷᠠᠯᠢᠭ᠍ᠴᠢᠳ ᠬᠠᠮᠲᠤᠷᠠᠨ ᠲᠣᠭ᠍ᠯᠠᠯᠲᠠ ᠭᠠᠷᠭᠠᠵᠤ᠂ ᠲᠠᠢᠰᠠᠨ ᠳᠣᠣᠷᠠᠬᠢ ᠦᠵᠡᠭ᠌ᠴᠢᠳ ᠤᠤᠬᠠᠢᠯᠡᠨ ᠬᠠᠰᠬᠢᠷᠴᠤ᠂ ᠪᠠᠶᠠᠷ᠎ᠤᠨ ᠡᠳᠦᠷ᠎ᠦᠨ ᠠᠭᠤᠷ ᠠᠮᠢᠰᠭᠤᠯ᠎ᠵᠢᠡᠷ ᠪᠢᠯᠬᠠᠨ᠎ᠠ᠃

ᠪᠦᠷᠢᠳᠭᠡᠯ ᠎ᠢ ᠦᠨᠳᠦᠰᠦᠯᠡᠪᠡᠯ᠂ 10 ᠰᠠᠷ᠎ᠠ᠎ᠶ᠋ᠢᠨ 7 ᠎ᠤ᠋ ᠡᠳᠦᠷ ᠪᠣᠯᠲᠠᠯ᠎ᠠ᠂ 《ᠬᠤᠤᠰ ᠪᠠᠶᠠᠷ》 ᠤ᠋ᠨ ᠬᠤᠭᠤᠴᠠᠭᠠᠨ᠎ᠳᠤ ᠮᠠᠨᠵᠤᠤᠷ ᠬᠣᠲᠠ᠎ᠵᠢᠨ ᠬᠢᠨ ᠵᠢᠭᠤᠯᠴᠢᠯᠠᠬᠰᠡᠳ ᠎ᠢ ᠨᠡᠢᠲᠡ 12.33 ᠲᠦᠮᠡᠨ ᠬᠥᠮᠦᠨ ᠤᠳᠠᠭ᠎ᠠ ᠭᠥᠯᠢᠶᠡᠨ ᠠᠪᠴᠤ᠂ ᠡᠭᠦᠨ ᠎ᠳᠦ ᠭᠤᠤᠯᠳᠠᠯᠭ᠎ᠠ᠎ᠲᠠᠶ ᠦᠵᠡᠮᠵᠢ᠎ᠶ᠋ᠢᠨ ᠣᠷᠣᠨ᠎ᠤ ᠳᠤᠮᠳᠠᠳᠤ ᠣᠷᠣᠰ᠎ᠤᠨ ᠬᠢᠯᠢ᠎ᠶ᠋ᠢᠨ ᠵᠢᠭᠤᠯᠴᠢᠯᠠᠯ ᠎ᠤᠨ ᠣᠷᠣᠨ᠎ᠳᠤ ᠵᠢᠭᠤᠯᠴᠢᠯᠠᠬᠰᠡᠳ᠎ᠢ 5.98 ᠲᠦᠮᠡᠨ ᠬᠥᠮᠦᠨ ᠤᠳᠠᠭ᠎ᠠ ᠭᠥᠯᠢᠶᠡᠨ ᠠᠪᠴᠠᠶ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号