《ᠡᠨᠡ ᠡᠳᠦᠷ᠎ᠡᠴᠡ ᠪᠢ ᠴᠢᠨᠦ᠍ 〈ᠡᠵᠢ〉 ᠪᠣᠯᠤᠭ᠍ᠰᠠᠨ ᠱᠢᠤ! ᠬᠣᠵᠢᠮ ᠶᠠᠮᠠᠷ ᠬᠦᠴᠢᠷᠳᠡᠯ ᠳ᠋ᠦ ᠲᠤᠯᠭᠠᠷᠠᠪᠠᠯ ᠡᠵᠢ᠎ᠳᠡᠭᠡᠨ ᠬᠡᠯᠡᠵᠦ᠍ ᠪᠠᠢᠭᠠᠷᠠᠢ᠃ ᠭᠠᠷᠠᠭ᠎ᠤᠨ ᠰᠡᠭᠦᠯᠴᠢ᠂ ᠪᠠᠶᠠᠷ ᠳᠤᠷᠠᠰᠭᠠᠯ᠎ᠤᠨ ᠡᠳᠦᠷ᠂ ᠪᠢ ᠪᠦᠷ ᠴᠢᠮ᠎ᠠ᠎ᠲᠠᠶ ᠬᠠᠷᠢᠯᠴᠠᠨ᠎ᠠ᠂ ᠪᠢᠳᠡ ᠨᠢᠭᠡ ᠭᠡᠷ᠎ᠦᠨ ᠬᠥᠮᠦᠨ ᠪᠤᠯᠤᠬᠰᠠᠨ ᠰᠢᠦ!》 ᠬᠥᠬᠡᠬᠣᠲᠠ᠎ᠶ᠋ᠢᠨ 《ᠴᠡᠯᠡᠭᠡᠷ ᠲᠠᠯ᠎ᠠ ᠵᠢᠨ ᠡᠨᠡᠷᠢᠩᠭᠦᠢ ᠰᠡᠳᠬᠢᠯᠲᠤ ᠡᠵᠢ》 ᠬᠠᠪᠰᠤᠷᠤᠯᠴᠠᠭ᠎ᠠ ᠪᠠᠢᠭᠤᠯᠤᠨ ᠬᠦᠴᠢᠷᠳᠡᠯ ᠳ᠋ᠦ ᠲᠤᠯᠭᠠᠷᠠᠬᠰᠠᠨ ᠬᠡᠦᠬᠡᠳ᠎ᠢ ᠬᠠᠯᠠᠮᠵᠢᠯᠠᠨ ᠬᠠᠢᠷᠠᠯᠠᠬᠤ ᠠᠵᠢᠯᠯᠠᠭ᠎ᠠ᠎ᠶ᠋ᠢᠨ ᠲᠤᠬᠠᠢ᠎ᠶ᠋ᠢᠨ ᠲᠠᠯᠠᠪᠠᠢ᠎ᠳᠤ᠂ 《ᠴᠡᠯᠡᠭᠡᠷ ᠲᠠᠯ᠎ᠠ ᠵᠢᠨ ᠡᠨᠡᠷᠢᠩᠭᠦᠢ ᠰᠡᠳᠬᠢᠯᠲᠤ ᠡᠵᠢ》 ᠸᠠᠩ ᠵᠢᠶᠠ ᠮᠢᠨ 11 ᠨᠠᠰᠤᠲᠠᠢ ᠬᠦᠴᠢᠷᠳᠡᠯ ᠳ᠋ᠦ ᠲᠤᠯᠭᠠᠷᠠᠬᠰᠠᠨ ᠬᠡᠦᠬᠡᠳ ᠯᠢ ᠱᠢᠶᠤᠤ ᠲᠦᠩ (ᠪᠤᠷᠤᠭᠤᠯᠠᠭ᠍ᠰᠠᠨ ᠨᠡᠷ᠎ᠡ) ᠤ᠋ᠨ ᠲᠣᠯᠣᠭᠠᠢ᠎ᠶ᠋ᠢ ᠬᠥᠩᠭᠡᠬᠡᠨ ᠢᠯᠪᠢᠵᠦ᠍᠂ ᠡᠶᠡᠯᠳᠡᠭ ᠵᠥᠭᠡᠯᠡᠨ ᠪᠦᠭᠡᠳ ᠡᠷᠡᠰ ᠰᠢᠭᠤᠷᠬᠠᠢ ᠶᠠᠷᠢᠯ᠎ᠠ᠃
《ᠪᠠᠶᠠᠷᠯᠠᠯ᠎ᠠ᠂ ᠡᠵᠢ ᠡ!》 ᠯᠢ ᠱᠢᠶᠤᠤ ᠲᠦᠩ᠎ᠦᠨ ᠨᠢᠳᠦ ᠭᠱᠠᠨ ᠵᠠᠭᠤᠷ᠎ᠠ ᠭᠡᠷᠡᠯᠲᠦᠵᠦ᠍᠂ ᠪᠠᠬᠠᠨ ᠡᠷᠡᠭᠡᠯᠵᠡᠭ᠌ᠰᠡᠨᠦ ᠳᠠᠷᠠᠭ᠎ᠠ᠄ 《ᠦᠨᠡᠭᠡᠷ ᠪᠢ ᠨᠢᠭᠡ ᠬᠦᠰᠡᠯ ᠲᠠᠢ᠂ ᠤᠳᠤ ᠲᠠᠨ᠎ᠳᠤ ᠬᠡᠯᠡᠵᠦ᠍ ᠪᠣᠯᠤᠨ᠎ᠠ ᠦᠦ?》 ᠭᠡᠯᠡ᠃
《ᠶᠠᠷᠢᠶᠠᠨ ᠦᠭᠡᠢ ᠪᠣᠯᠤᠨ᠎ᠠ》 ᠭᠡᠵᠦ᠍ ᠸᠠᠩ ᠵᠢᠶᠠ ᠮᠢᠨ ᠬᠡᠦᠬᠡᠳ᠎ᠦᠨ ᠭᠠᠷ᠎ᠢ ᠠᠳᠭᠤᠨ ᠲᠡᠬᠦᠨ᠎ᠤ ᠬᠡᠯᠡᠬᠦ ᠵᠢ ᠬᠦᠯᠢᠴᠡᠩᠬᠦᠢ ᠬᠦᠯᠢᠶᠡᠨ᠎ᠡ᠃
《ᠪᠢ ᠨᠢᠭᠡ ᠵᠦᠶ᠋ᠯ᠎ᠦᠨ ᠭᠠᠷ ᠤᠷᠠᠯᠠᠯ ᠰᠤᠷᠬᠤ ᠰᠠᠨᠠᠭ᠎ᠠ᠎ᠲᠠᠶ᠂ ᠲᠣᠮᠣ ᠪᠣᠯᠤᠭ᠍ᠰᠠᠨ ᠬᠤᠢᠨ᠎ᠠ ᠥᠪᠡᠷ᠎ᠦᠨ ᠴᠢᠳᠠᠪᠤᠷᠢ᠎ᠪᠡᠷ ᠵᠢᠡᠨ ᠤᠯᠤᠰ᠂ ᠨᠡᠢᠭᠡᠮ᠎ᠳᠦ ᠬᠤᠪᠢ ᠨᠡᠮᠡᠷᠢ ᠦᠵᠡᠭᠦᠯᠬᠦ ᠵᠢ ᠬᠦᠰᠡᠨ᠎ᠡ》᠃ ᠬᠡᠦᠬᠡᠳ᠎ᠦᠨ ᠳᠠᠭᠤ ᠲᠡᠢᠮᠦ᠍ ᠶᠡᠬᠡ ᠪᠢᠰᠢ ᠴᠸ᠋ ᠨᠠᠰᠤ ᠵᠢᠯ᠎ᠡᠴᠡ ᠪᠡᠨ ᠳᠠᠪᠠᠭ᠍ᠰᠠᠨ ᠤᠬᠠᠭ᠎ᠠ ᠲᠣᠮᠣᠭ᠎ᠠ᠎ᠲᠠᠶ ᠦᠭᠡ ᠪᠠᠢᠯ᠎ᠠ᠃
ᠸᠠᠩ ᠵᠢᠶᠠ ᠮᠢᠨ᠄《ᠡᠨᠡ ᠬᠦ᠌ ᠬᠦᠰᠡᠯ ᠡᠷᠡᠮᠡᠯᠵᠡᠯ ᠮᠠᠰᠢ ᠰᠠᠢ᠌ᠨ! ᠭᠡᠪᠡᠴᠦ᠍ ᠴᠢᠨᠦ᠍ ᠣᠳᠣ᠎ᠶ᠋ᠢᠨ ᠲᠡᠷᠢᠭᠦᠨ ᠴᠢᠬᠤᠯᠠ ᠡᠭᠦᠷᠭᠡ ᠪᠣᠯ ᠰᠣᠶᠣᠯ᠎ᠤᠨ ᠬᠢᠴᠢᠶᠡᠯ ᠵᠢᠡᠨ ᠰᠠᠢᠨ ᠰᠤᠷᠴᠤ᠌᠂ ᠪᠠᠲᠤ ᠪᠡᠬᠢ ᠰᠠᠭᠤᠷᠢ ᠵᠢ ᠲᠠᠯᠪᠢᠬᠤ ᠴᠢᠬᠤᠯᠠ ᠲᠠᠢ᠃ ᠴᠢ ᠤᠷᠢᠳ᠎ᠢᠶᠠᠷ ᠶᠠᠮᠠᠷ ᠮᠡᠷᠭᠡᠵᠢᠯ ᠳ᠋ᠤ ᠲᠤᠷᠠᠳᠠᠢ ᠪᠠᠨ ᠲᠤᠩᠭᠠᠵᠤ ᠦᠵᠡ᠂ ᠪᠢᠳᠡ ᠠᠭᠠᠵᠢᠮ ᠲᠥᠯᠥᠪᠯᠡᠶᠡ᠂ ᠡᠵᠢ ᠨᠢ ᠦᠷᠭᠦᠯᠵᠢ ᠴᠢᠮᠠᠶ᠋ᠢ ᠲᠤᠰᠠᠯᠠᠵᠤ᠂ ᠴᠢᠮ᠎ᠠ᠎ᠳᠤ ᠬᠠᠨᠢ ᠪᠣᠯᠵᠤ ᠠᠯᠬᠤᠮ ᠠᠯᠬᠤᠮ᠎ᠢᠶᠠᠷ ᠬᠦᠰᠡᠯ᠎ᠢ ᠴᠢᠨᠢ ᠪᠡᠶᠡᠯᠡᠭᠦᠯᠦᠶ᠎ᠡ》 ᠭᠡᠯᠡ᠃ ᠡᠨᠡ ᠦᠭᠡ᠎ᠶ᠋ᠢ ᠰᠣᠨᠣᠰᠤᠭᠠᠳ ᠯᠢ ᠱᠢᠶᠤᠤ ᠲᠦᠩ ᠬᠦᠴᠦᠳᠡᠢᠬᠡᠨ ᠲᠣᠯᠣᠭᠠᠶ ᠳᠣᠬᠢᠵᠤ᠂ ᠴᠢᠷᠠᠶ᠎ᠳᠤᠨᠢ ᠢᠨᠢᠶᠡᠮᠰᠦᠭ᠌ᠯᠡᠯ ᠲᠣᠳᠣᠷᠠᠵᠤ᠂ ᠸᠠᠩ ᠵᠢᠶᠠ ᠮᠢᠨᠦ ᠭᠠᠷ᠎ᠢ ᠴᠢᠩᠭ᠎ᠠ ᠠᠳᠭᠤᠪᠠ᠃
ᠡᠨᠡᠬᠦ᠌ ᠬᠠᠯᠠᠭᠤᠨ ᠳᠣᠲᠣᠨᠣ ᠶᠠᠷᠢᠯᠴᠠᠭ᠎ᠠ ᠪᠣᠯ 《ᠴᠡᠯᠡᠭᠡᠷ ᠲᠠᠯ᠎ᠠ ᠵᠢᠨ ᠡᠨᠡᠷᠢᠩᠭᠦᠢ ᠰᠡᠳᠬᠢᠯᠲᠤ ᠡᠵᠢ》 ᠪᠣᠯᠤᠨ ᠬᠦᠴᠢᠷᠳᠡᠯ ᠳ᠋ᠦ ᠲᠤᠯᠭᠠᠷᠠᠬᠰᠠᠨ ᠭᠡᠦᠭᠡᠳ᠂ ᠭᠡᠷ᠎ᠲᠡᠬᠡᠨ ᠬᠣᠴᠣᠷᠤᠭ᠍ᠰᠠᠨ ᠬᠡᠦᠬᠡᠳ᠎ᠦᠨ ᠬᠠᠪᠰᠤᠷᠤᠯᠴᠠᠭ᠎ᠠ ᠪᠠᠢᠭᠤᠯᠬᠤ ᠠᠵᠢᠯᠯᠠᠭ᠎ᠠ᠎ᠶ᠋ᠢᠨ ᠰᠡᠳᠭᠢᠯ ᠬᠥᠳᠡᠯᠭᠡᠮ᠎ᠡ ᠦᠵᠡᠭᠳᠡᠯ ᠪᠣᠯᠤᠨ᠎ᠠ᠃ 《ᠲᠣᠰ ᠡᠳᠦᠷ ᠨᠡᠢᠲᠡ 10 ᠬᠡᠦᠬᠡᠳ 〈ᠴᠡᠯᠡᠭᠡᠷ ᠲᠠᠯ᠎ᠠ ᠵᠢᠨ ᠡᠨᠡᠷᠢᠩᠭᠦᠢ ᠰᠡᠳᠬᠢᠯᠲᠤ ᠡᠵᠢ〉ᠲᠡᠶ ᠠᠮᠵᠢᠯᠲᠠ᠎ᠲᠠᠶ᠎ᠪᠠᠷ ᠬᠠᠪᠰᠤᠷᠤᠯᠴᠠᠭ᠎ᠠ ᠪᠠᠢᠭᠤᠯᠪᠠ᠂ ᠢᠷᠡᠭᠡᠳᠦᠶ᠎ᠳᠦ᠂ ᠡᠵᠢᠨᠡᠷ ᠨᠢ ᠲᠣᠭ᠍ᠲᠠᠮᠠᠯ ᠬᠤᠭᠤᠴᠠᠭ᠎ᠠ᠎ᠲᠠᠶ᠎ᠪᠠᠷ ᠲᠣᠭᠣᠷᠢᠨ ᠦᠵᠡᠵᠦ᠍᠂ ᠰᠦᠯᠵᠢᠶ᠎ᠡ ᠪᠡᠷ ᠬᠠᠷᠢᠯᠴᠠᠵᠤ᠂ ᠬᠡᠦᠬᠡᠳ᠎ᠦᠨ᠎ᠢᠶᠡᠨ ᠠᠵᠤ ᠠᠮᠢᠳᠤᠷᠠᠯ᠂ ᠰᠤᠷᠤᠯᠭ᠎ᠠ᠎ᠶ᠋ᠢᠨ ᠠᠬᠢᠴᠠ ᠪᠠ ᠰᠡᠳᠭᠢᠴᠡ᠎ᠶ᠋ᠢᠨ ᠪᠠᠢᠳᠠᠯ᠎ᠢ ᠪᠥᠬᠥ᠌ ᠲᠠᠯ᠎ᠠ᠎ᠪᠠᠷ ᠠᠩᠬᠠᠷᠴᠤ᠂ ᠦᠷᠭᠦᠯᠵᠢᠯᠡᠨ ᠪᠠᠷ᠎ᠠ ᠪᠣᠯᠵᠣ ᠲᠡᠳᠡᠨ᠎ᠦ ᠡᠷᠡᠭᠦᠯ ᠮᠡᠨᠳᠦ ᠪᠠᠶᠠᠷ ᠬᠥᠷ᠎ᠲᠡᠶ ᠦᠰᠦᠨ ᠪᠣᠢᠵᠢᠬᠤ᠎ᠶ᠋ᠢ ᠰᠠᠬᠢᠨ ᠬᠠᠮᠠᠭᠠᠯᠠᠨ᠎ᠠ》 ᠬᠡᠵᠦ 《ᠴᠡᠯᠡᠭᠡᠷ ᠲᠠᠯ᠎ᠠ ᠵᠢᠨ ᠡᠨᠡᠷᠢᠩᠭᠦᠢ ᠰᠡᠳᠬᠢᠯᠲᠤ ᠡᠵᠢ》 ᠶ᠋ᠢᠨ ᠲᠥᠯᠥᠭᠡᠯᠡᠭ᠌ᠴᠢ ᠸᠠᠩ ᠵᠢᠶᠠ ᠮᠢᠨ ᠰᠤᠷᠪᠤᠯᠵᠢᠯᠠᠬᠴᠢ ᠳ᠋ᠦ ᠲᠠᠨᠢᠯᠴᠠᠭᠤᠯᠤᠨ᠎ᠠ᠃
ᠬᠡᠦᠬᠡᠳ᠎ᠦᠳ᠎ᠲᠦ ᠨᠢᠭᠡᠨ ᠪᠦᠷᠢᠨ ᠲᠡᠭᠦᠯᠳᠡᠷ ᠪᠥᠭᠡᠳ ᠤᠳᠭ᠎ᠠ ᠠᠭᠤᠯᠭ᠎ᠠ᠎ᠲᠠᠶ ᠪᠠᠶᠠᠷ ᠲᠤᠷᠠᠰᠬᠠᠯ᠎ᠤᠨ ᠡᠳᠦᠷ ᠪᠠ ᠠᠮᠠᠷᠠᠯᠲᠠ ᠵᠢᠨ ᠡᠳᠦᠷ᠎ᠢ ᠥᠩᠭᠡᠷᠡᠭᠦᠯᠬᠦ᠌᠎ᠶ᠋ᠢᠨ ᠲᠥᠯᠥᠭᠡ 《ᠴᠡᠯᠡᠭᠡᠷ ᠲᠠᠯ᠎ᠠ ᠵᠢᠨ ᠡᠨᠡᠷᠢᠩᠭᠦᠢ ᠰᠡᠳᠬᠢᠯᠲᠤ ᠡᠵᠢ》 ᠵᠢᠨ ᠪᠦᠯᠬᠦᠮ ᠶᠡᠷᠦ᠎ᠨᠢ ᠤᠷᠢᠳᠴᠢᠯᠠᠨ ᠲᠥᠰᠦᠪᠯᠡᠵᠦ᠍᠂ ᠨᠠᠷᠢᠯᠢᠭ ᠵᠣᠬᠢᠶᠠᠨ ᠪᠠᠢᠭᠤᠯᠳᠠᠬ᠃ ᠪᠠᠶᠠᠷ ᠲᠤᠷᠠᠰᠬᠠᠯ᠎ᠤᠨ ᠡᠳᠦᠷ ᠲᠸ᠋᠂ 《ᠴᠡᠯᠡᠭᠡᠷ ᠲᠠᠯ᠎ᠠ ᠵᠢᠨ ᠡᠨᠡᠷᠢᠩᠭᠦᠢ ᠰᠡᠳᠬᠢᠯᠲᠤ ᠡᠵᠢ》 ᠨᠠᠷ ᠬᠡᠦᠬᠡᠳ᠎ᠦᠳ᠎ᠢ ᠵᠢᠯᠤᠭᠤᠳᠤᠨ ᠰᠠᠢᠨ ᠰᠠᠢᠬᠠᠨ ᠬᠦᠰᠡᠯ ᠵᠥᠩᠨᠡᠯ ᠵᠢᠡᠨ ᠰᠡᠳᠬᠢᠯ ᠬᠦᠳᠡᠯᠭᠡᠮ᠎ᠡ ᠭᠣᠶᠣ ᠰᠠᠢᠬᠠᠨ ᠦᠵᠡᠮᠵᠢ ᠪᠤᠯᠭᠠᠨ ᠵᠢᠷᠤᠭᠯᠠᠳᠠᠭ; 《ᠥᠴᠦᠬᠡᠨ ᠬᠦᠰᠡᠯ》 ᠢ᠋ ᠭᠡᠷᠡᠯᠲᠦᠭᠦᠯᠬᠦ᠌ ᠭᠣᠭ᠍ᠴᠣᠭ᠎ᠠ᠎ᠳᠤ᠂ ᠡᠵᠢᠨᠡᠷ ᠬᠡᠦᠬᠡᠳ᠎ᠦᠳ᠎ᠦᠨ ᠬᠦᠰᠡᠯ ᠡᠷᠡᠮᠡᠯᠵᠡᠯ᠎ᠢ ᠤᠷᠢᠳᠴᠢᠯᠠᠨ ᠴᠤᠭ᠍ᠯᠠᠭᠤᠯᠵᠤ᠂ ᠲᠡᠳᠡᠨ᠎ᠤ ᠪᠠᠬᠠᠷᠬᠠᠳᠠᠭ ᠨᠣᠮ ᠪᠢᠴᠢᠭ᠂ ᠪᠢᠴᠢᠭ᠎ᠦᠨ ᠬᠡᠷᠡᠭ᠌ᠰᠡᠯ ᠪᠠ ᠲᠣᠭ᠍ᠯᠠᠭᠠᠮᠤᠳᠢ ᠬᠦᠷᠭᠡᠵᠦ᠍᠂ ᠬᠡᠦᠬᠡᠳ᠎ᠦᠳ᠎ᠤᠨ ᠬᠦᠰᠡᠯ᠎ᠢ ᠪᠡᠶᠡᠯᠡᠬᠦᠯᠦᠨ᠎ᠡ; ᠬᠡᠦᠬᠡᠳ᠎ᠤᠨ ᠲᠦᠷᠦᠭᠰᠡᠨ ᠡᠳᠦᠷ᠎ᠤᠨ ᠪᠠᠶᠠᠷᠲᠦ ᠴᠢᠭ᠌ᠯᠡᠭᠦᠯᠦᠨ ᠡᠵᠢᠨᠡᠷ ᠬᠠᠮᠲᠤ᠎ᠶ᠋ᠢᠨ ᠲᠥᠷᠥᠭ᠌ᠰᠡᠨ ᠡᠳᠦᠷ᠎ᠦᠨ ᠪᠠᠶᠠᠷ᠎ᠢ ᠪᠡᠯᠭᠡᠯᠡᠬᠦ ᠠᠵᠢᠯᠯᠠᠭ᠎ᠠ ᠵᠢ ᠨᠠᠷᠢᠨ ᠨᠢᠮᠪᠠᠶ ᠲᠦᠰᠦᠪᠯᠡᠵᠦ᠂ ᠪᠣᠭᠣᠷᠰᠣᠭ᠂ ᠯᠠ᠂ ᠲᠥᠷᠥᠭ᠌ᠰᠡᠨ ᠡᠳᠦᠷ᠎ᠦᠨ ᠳᠠᠭᠤᠤ᠎ᠶ᠋ᠢ ᠪᠡᠯᠡᠳᠭᠡᠵᠦ᠂ ᠬᠡᠦᠭᠡᠳ᠎ᠤᠳ ᠲᠸ᠋ ᠰᠠᠢᠨ ᠰᠠᠢᠬᠠᠨ ᠲᠤᠷᠠᠰᠤᠮᠵᠢ ᠦᠯᠡᠳᠡᠭᠡᠳᠡᠭ᠃
2022 ᠣᠨ᠎ᠳᠤ 《ᠴᠡᠯᠡᠭᠡᠷ ᠲᠠᠯ᠎ᠠ ᠵᠢᠨ ᠡᠨᠡᠷᠢᠩᠭᠦᠢ ᠰᠡᠳᠬᠢᠯᠲᠤ ᠡᠵᠢ》 ᠲᠥᠷᠥᠯ ᠵᠦᠶ᠋ᠯ᠎ᠢ ᠡᠬᠢᠯᠡᠨ ᠬᠡᠷᠡᠭᠵᠢᠬᠦᠯᠦᠭᠰᠡᠨ ᠡᠴᠡ ᠨᠠᠭᠠᠰᠢ᠂ ᠸᠠᠩ ᠵᠢᠶᠠ ᠮᠢᠨ ᠵᠡᠷᠭᠡ 100 ᠭᠠᠷᠤᠶ 《ᠴᠡᠯᠡᠭᠡᠷ ᠲᠠᠯ᠎ᠠ ᠵᠢᠨ ᠡᠨᠡᠷᠢᠩᠭᠦᠢ ᠰᠡᠳᠬᠢᠯᠲᠤ ᠡᠵᠢ》 ᠬᠡᠬᠦᠳᠡᠭ ᠳᠦᠭᠦᠷᠡᠩ ᠬᠠᠯᠠᠭᠤᠨ ᠰᠡᠳᠭᠢᠯᠭᠡ᠎ᠪᠡᠷ 1000 ᠭᠠᠷᠤᠶ ᠬᠦᠴᠢᠷᠳᠡᠯ᠎ᠳᠦ ᠲᠤᠯᠭᠠᠷᠠᠭᠰᠠᠨ᠂ ᠬᠡᠷ᠎ᠲᠡᠬᠡᠨ ᠬᠣᠴᠣᠷᠤᠭ᠍ᠰᠠᠨ ᠬᠡᠦᠬᠡᠳ᠎ᠲᠦ ᠬᠠᠢᠷ᠎ᠠ ᠬᠠᠯᠠᠮᠵᠢ ᠪᠠ ᠦᠶ᠋ᠯᠡᠴᠢᠯᠡᠭᠡ ᠬᠦᠷᠭᠡᠵᠦ᠍᠂ ᠡᠳᠦᠷ ᠲᠤᠲᠤᠮ᠎ᠤᠨ ᠬᠢᠴᠢᠶᠡᠯ ᠰᠤᠷᠤᠯᠭ᠎ᠠ᠎ᠶ᠋ᠢ ᠨᠢ ᠬᠠᠪᠰᠤᠷᠤᠨ ᠵᠢᠯᠣᠭᠣᠳᠭᠤ᠂ ᠰᠡᠳᠭᠢᠴᠡ᠎ᠶ᠋ᠢ ᠨᠢ ᠲᠠᠢᠪᠤᠰᠢᠷᠠᠭᠤᠯᠬᠤ᠎ᠠᠴᠠ ᠪᠠᠶᠠᠷ ᠳᠤᠷᠠᠰᠭᠠᠯ ᠠᠮᠠᠷᠠᠯᠲᠠ᠎ᠶ᠋ᠢᠨ ᠡᠳᠦᠷ᠎ᠦᠨ ᠤᠨᠴᠠᠯᠢᠬ᠍ᠳᠤ ᠠᠵᠢᠯᠯᠠᠭ᠎ᠠ᠂ ᠬᠠᠢᠷ᠎ᠠ ᠬᠠᠯᠠᠮᠵᠢ ᠬᠦᠷᠭᠡᠬᠦ᠌ ᠠᠵᠢᠯᠯᠠᠭ᠎ᠠ ᠦᠷᠨᠢᠬᠦᠯᠬᠦ ᠬᠦᠷᠲᠡᠯ᠎ᠡ᠂ ᠡᠨᠡᠷᠢᠩᠬᠦᠢ ᠰᠡᠳᠬᠢᠯ᠎ᠳᠦ ᠡᠵᠢᠨᠡᠷ ᠪᠣᠳᠠᠲᠤ ᠠᠵᠢᠯᠯᠠᠭ᠎ᠠ᠎ᠪᠠᠷ᠎ᠢᠶᠠᠨ ᠠᠭᠤᠤ ᠶᠡᠬᠡ 《ᠡᠬᠡ᠎ᠶ᠋ᠢᠨ ᠬᠠᠢᠷ᠎ᠠ》 ᠶ᠋ᠢ ᠲᠠᠢᠯᠪᠤᠷᠢᠯᠠᠵᠤ᠂ ᠬᠡᠦᠬᠡᠳ᠎ᠦᠳ᠎ᠢ ᠨᠡᠢᠭᠡᠮ ᠨᠡᠢᠳᠡ ᠵᠢᠨ ᠬᠠᠢᠷ᠎ᠠ ᠬᠠᠯᠠᠮᠵᠢ᠎ᠶ᠋ᠢᠨ ᠳᠤᠮᠳᠠ ᠢᠳᠡᠪᠬᠢ ᠦᠭᠡᠳᠡᠷᠭᠡᠭ ᠦᠰᠦᠨ ᠪᠤᠢᠵᠢᠬᠤ ᠵᠢ ᠠᠬᠢᠭᠤᠯᠤᠬᠰᠠᠨ ᠪᠠᠢᠨ᠎ᠠ᠃