ᠬᠦᠬᠡᠬᠤᠲᠠ᠎ᠶᠢᠨ ᠱᠢᠨ᠎ᠡ ᠬᠣᠲᠠ ᠲᠣᠭᠣᠷᠢᠭ ᠬᠣᠶᠠᠳᠤᠭᠠᠷ ᠬᠤᠭᠤᠴᠠᠭᠠᠨ᠎ᠤ ᠵᠡᠮᠳᠡᠭ᠌ᠴᠦᠳ᠎ᠦᠨ ᠰᠣᠶᠣᠯ ᠤᠷᠠᠯᠢᠭ᠎ᠤᠨ ᠨᠠᠢᠷ ᠡᠷᠬᠢᠯᠡᠪᠡ
2025-12-11 11:24:55
ᠵᠣᠬᠢᠶᠠᠭ᠍ᠴᠢ᠄
ᠰᠠᠴᠤᠷᠠᠯ
ᠣᠩᠱᠢᠭ᠍ᠰᠠᠨ ᠣᠳᠠᠭ᠎ᠠ᠄
★★★☆☆

ᠣᠢᠷ᠎ᠠ᠎ᠳᠤ᠂ ᠬᠦᠬᠡᠬᠤᠲᠠ ᠎ᠶᠢᠨ ᠱᠢᠨ᠎ᠡ ᠬᠣᠲᠠ ᠲᠣᠭᠣᠷᠢᠭ᠎ᠤᠨ ᠬᠣᠶᠠᠳᠤᠭᠠᠷ ᠬᠤᠭᠤᠴᠠᠭᠠᠨ᠎ᠤ ᠵᠡᠮᠳᠡᠭ᠌ᠴᠦᠳ ᠎ᠦᠨ ᠰᠣᠶᠣᠯ ᠤᠷᠠᠯᠢᠭ᠎ᠤᠨ ᠨᠠᠢᠷ ᠵᠢᠴᠢ ᠣᠯᠠᠨ ᠤᠯᠤᠰ᠎ᠤᠨ ᠵᠡᠮᠳᠡᠭ᠌ᠴᠦᠳ᠎ᠦᠨ ᠡᠳᠦᠷ ᠎ᠦᠨ《ᠵᠡᠮᠳᠡᠭ᠌ᠴᠦᠳ᠎ᠦᠨ ᠪᠠᠭ᠍ᠲᠠᠭᠠᠮᠵᠢᠲᠤ ᠨᠡᠢᠭᠡᠮ᠎ᠢ ᠴᠤᠬᠴᠠᠯᠠᠵᠦ᠂ ᠨᠡᠢᠭᠡᠮ᠎ᠦᠨ ᠳᠠᠪᠱᠢᠯᠲᠠ᠎ᠶ᠋ᠢ ᠠᠬᠢᠭᠤᠯᠬᠤ》 ᠭᠤᠤᠯ ᠰᠡᠳᠦᠪᠲᠦ ᠤᠷᠠᠨ ᠰᠠᠢᠬᠠᠨ᠎ᠤ ᠲᠣᠭ᠍ᠯᠠᠯᠲᠠ ᠬᠥᠬᠡᠬᠣᠲᠠ᠎ᠶ᠋ᠢᠨ ᠵᠠᠯᠠᠭᠤᠴᠤᠳ ᠪᠠᠭᠠᠴᠤᠳ᠎ᠤᠨ ᠬᠥᠳᠡᠯᠭᠡᠭᠡᠨ ᠎ᠦ ᠲᠥᠪ᠎ᠲᠦ ᠶᠠᠪᠤᠭ᠍ᠳᠠᠪᠠ᠃ 

ᠲᠣᠭ᠍ᠯᠠᠯᠲᠠ᠎ᠶ᠋ᠢᠨ ᠠᠬᠤᠶ ᠲᠠᠯᠠᠪᠠᠶ ᠭᠣᠢᠳᠠ ᠰᠠᠢᠬᠠᠨ ᠪᠠᠢᠵᠦ᠂ ᠵᠡᠮᠳᠡᠭᠴᠤᠳ ᠪᠠ ᠡᠷᠡᠬᠦᠯ ᠬᠦᠮᠦᠰ᠎ᠤᠨ ᠰᠡᠳᠭᠢᠯ ᠎ᠢ ᠳᠤᠯᠠᠭᠠᠴᠠᠭᠤᠯᠤᠮ᠎ᠠ ᠵᠢᠷᠤᠭ ᠳᠦᠷᠰᠦ ᠬᠣᠢᠨ᠎ᠠ ᠬᠣᠢᠨ᠎ᠠ᠎ᠠᠴᠠ᠎ᠪᠠᠨ ᠳᠡᠯᠭᠡᠭ᠌ᠳᠡᠪᠡ᠃ ᠬᠥᠬᠡᠬᠣᠲᠠ᠎ᠶ᠋ᠢᠨ ᠵᠠᠯᠠᠭᠤᠴᠤᠳ ᠪᠠᠭᠠᠴᠤᠳ᠎ᠤᠨ ᠬᠥᠳᠡᠯᠭᠡᠭᠡᠨ᠎ᠦ ᠲᠥᠪ ᠮᠣᠷᠢᠨ ᠬᠤᠭᠤᠷ᠎ᠤᠨ ᠠᠶ᠎ᠠ ᠶ᠋ᠢ ᠬᠥᠭ᠌ᠵᠢᠮᠳᠡᠨ᠂ ᠵᠠᠯᠠᠭᠤ ᠨᠠᠰᠤᠨ᠎ᠤ ᠠᠢᠵᠠᠮ᠎ᠢ ᠴᠢᠪᠬᠠᠳᠠᠵᠤ᠂ ᠬᠥᠭ ᠠᠶᠠᠰ᠎ᠨᠢ ᠴᠣᠭ ᠵᠢᠪᠬᠤᠭ᠎ᠠ ᠲᠡᠭᠦᠯᠳᠡᠷ ᠪᠠᠢᠯ᠎ᠠ᠃ ᠥᠪᠥᠷ ᠮᠣᠩᠭᠣᠯ᠎ᠤᠨ ᠵᠥᠩ ᠢ ᠵᠡᠮᠳᠡᠭ᠌ᠴᠦᠳ᠎ᠦᠨ ᠦᠶ᠋ᠯᠡᠴᠢᠯᠡᠭᠡᠨ᠎ᠦ ᠲᠥᠪ ᠳᠣᠬᠢᠶᠠᠨ᠎ᠤ ᠬᠡᠯᠡᠨ᠎ᠦ ᠲᠠᠮᠢᠷ《ᠬᠠᠢᠷ᠎ᠠ ᠬᠠᠯᠠᠮᠵᠢ᠎ᠶ᠋ᠢ ᠤᠯᠠᠮᠵᠢᠯᠠᠶ᠎ᠠ》 ᠭᠡᠬᠦ ᠲᠤᠬᠯᠠᠯᠲᠠ᠎ᠶᠢ ᠠᠪᠴᠢᠷᠠᠵᠤ᠂ ᠳᠠᠭᠤ ᠦᠬᠡᠢ ᠶᠢᠷᠳᠢᠨᠴᠦ᠎ᠶᠢ ᠢᠯᠡᠷᠡᠬᠦᠯᠦᠭᠰᠡᠨ ᠵᠢᠷᠤᠭ ᠲᠦᠷᠰᠦ ᠨᠢ ᠬᠥᠮᠦᠰ᠎ᠦᠨ ᠰᠡᠳᠭᠢᠯ᠎ᠳᠦ ᠭᠦᠨ ᠰᠠᠭᠤᠭ᠍ᠳᠠᠵᠠᠶ᠃ ᠳᠠᠯᠠᠨ ᠬᠠᠷ᠎ᠠ ᠵᠡᠭᠡᠯᠢ ᠭᠤᠳᠤᠮᠵᠢ᠎ᠶ᠋ᠢᠨ ᠬᠡᠷᠡᠭ ᠡᠷᠬᠢᠯᠡᠬᠦ ᠭᠠᠵᠠᠷ᠎ᠤᠨ ᠵᠡᠮᠳᠡᠭ᠌ᠴᠦᠳ᠎ᠦᠨ ᠬᠣᠯᠪᠣᠭ᠎ᠠ᠎ᠵᠢᠨ ᠬᠢᠨ ᠰᠠᠺᠰ᠎ᠤᠨ ᠭᠣᠴᠣᠯᠠᠯ ᠬᠦᠭᠵᠢᠮ ᠬᠥᠭ᠌ᠵᠢᠮᠳᠡᠵᠦ᠍᠂ ᠠᠮᠢᠳᠤᠷᠠᠯ᠎ᠳᠤ ᠬᠠᠨᠳᠤᠬᠰᠠᠨ ᠬᠠᠯᠠᠭᠤᠨ ᠰᠡᠳᠬᠢᠯᠭᠡ ᠪᠠᠨ ᠢᠯᠡᠷᠡᠬᠦᠯᠪᠡ᠃ ᠡᠬᠦᠨ ᠡᠴᠡ ᠭᠠᠳᠠᠨ᠎ᠠ᠂ ᠳᠠᠭᠤᠤ ᠬᠠᠪᠰᠤᠷᠭᠠᠬᠰᠠᠨ ᠪᠥᠵᠢᠭ 《ᠵᠡᠭᠦᠳᠦᠨ᠎ᠳᠡᠬᠢ ᠡᠵᠢ》᠂ ᠠᠹᠷᠢᠺᠠ ᠲᠢᠪ᠎ᠦᠨ ᠬᠡᠩᠭᠡᠷᠭᠡ 《ᠲᠤᠲᠤᠷᠭ᠎ᠠ᠎ᠶ᠋ᠢᠨ ᠦᠨᠦᠷ》 ᠵᠡᠷᠭᠡ ᠲᠣᠭ᠍ᠯᠠᠯᠲᠠ ᠡᠭᠡᠯᠵᠢᠯᠡᠨ ᠢᠯᠡᠷᠡᠵᠦ᠍᠂ ᠠᠶᠠᠯᠭᠤ ᠳᠠᠭᠤᠤ᠂ ᠬᠥᠭ᠌ᠵᠢᠮ᠎ᠦᠨ ᠲᠠᠭᠤᠨ᠂ ᠠᠯᠠᠭ᠎ᠠ ᠲᠠᠱᠢᠯᠳᠠ᠎ᠶ᠋ᠢᠨ ᠲᠠᠭᠤᠨ ᠲᠠᠰᠤᠷᠠᠯᠳᠠ ᠦᠭᠡᠢ ᠴᠤᠤᠷᠢᠶᠠᠲᠤᠵᠤ᠂ ᠦᠵᠡᠭ᠌ᠴᠢᠳ᠎ᠲᠦ ᠬᠠᠷᠠᠭᠠᠨ ᠰᠡᠷᠡᠯ᠂ ᠰᠣᠨᠣᠷ᠎ᠤᠨ ᠰᠡᠷᠡᠯ᠎ᠤᠨ ᠦᠪᠡᠳᠡᠭ᠌ᠰᠢ ᠶᠡᠬᠡ ᠨᠠᠢᠷ᠎ᠢ ᠠᠪᠴᠢᠷᠠᠪᠠ᠃ 

ᠲᠣᠰ ᠤᠳᠠᠭᠠᠨ᠎ᠤ ᠠᠵᠢᠯᠯᠠᠭ᠎ᠠ᠎ᠨᠢ ᠵᠡᠮᠳᠡᠭ᠌ᠴᠦᠳ᠎ᠲᠦ ᠠᠪᠢᠶᠠᠰ ᠴᠢᠳᠠᠪᠤᠷᠢ᠎ᠪᠠᠨ ᠢᠯᠡᠷᠡᠭᠦᠯᠬᠦ᠌ ᠲᠠᠪᠴᠡᠩ ᠬᠠᠩᠭᠠᠬᠰᠠᠨ ᠵᠢᠡᠷ ᠪᠠᠷᠠᠬᠤ ᠥᠬᠡᠶ᠂ ᠪᠠᠰᠠ ᠣᠯᠠᠨ ᠨᠡᠢᠲᠡ᠎ᠶ᠋ᠢᠨ ᠵᠡᠮᠳᠡᠭ᠌ᠴᠦᠳ᠎ᠦᠨ ᠲᠤᠬᠠᠶ ᠣᠢᠯᠠᠭᠠᠯᠲᠠ ᠪᠠ ᠳᠡᠮᠵᠢᠯᠭᠡ᠎ᠶ᠋ᠢ ᠨᠡᠮᠡᠭ᠌ᠳᠡᠭᠦᠯᠵᠡᠢ᠃ ᠢᠷᠡᠭᠡᠳᠦᠶ᠎ᠳᠦ᠂ ᠱᠢᠨ᠎ᠡ ᠬᠣᠲᠠ ᠲᠣᠭᠣᠷᠢᠭ ᠎ᠤᠨ ᠵᠡᠮᠳᠡᠭ᠌ᠴᠦᠳ᠎ᠦᠨ ᠬᠤᠯᠪᠤᠭ᠎ᠠ ᠡᠭᠦᠨ᠎ᠢᠶᠡᠷ ᠠᠵᠠ ᠲᠣᠬᠢᠶᠠᠯ ᠪᠣᠯᠭᠠᠵᠤ᠂ 《ᠶᠡᠬᠡ ᠬᠠᠢᠷ᠎ᠠ ᠎ᠶᠢᠨ ᠤᠮᠠᠷᠠᠲᠤ ᠬᠢᠯᠢ·ᠲᠠᠩᠰᠤᠭ ᠠᠮᠢᠳᠤᠷᠠᠯ — ᠵᠡᠮᠳᠡᠭ᠌ᠴᠦᠳ᠎ᠦᠨ ᠰᠣᠶᠣᠯ ᠤᠷᠠᠯᠢᠭ᠎ᠤᠨ ᠲᠥᠪ》 ᠤ᠋ᠨ ᠰᠠᠭᠤᠷᠢᠨ ᠎ᠤ ᠦᠶ᠋ᠯᠡᠳᠦᠯ ᠎ᠢ ᠭᠦᠶ᠋ᠴᠡᠳ ᠪᠠᠳᠠᠷᠠᠭᠤᠯᠵᠤ᠂ ᠠᠵᠢᠯ ᠎ᠤᠨ ᠪᠣᠳᠠᠲᠤ ᠦᠷ᠎ᠡ ᠪᠦᠲᠦᠮᠵᠢ᠎ᠪᠡᠷ᠎ᠢᠶᠡᠨ ᠵᠡᠮᠳᠡᠭ᠌ᠴᠤᠳ ᠪᠠ ᠡᠷᠡᠬᠦᠯ ᠬᠦᠮᠦᠰ ᠠᠭᠤᠰᠤᠯᠴᠠᠬᠰᠠᠨ᠂ ᠬᠠᠷᠢᠯᠴᠠᠨ ᠬᠠᠪᠰᠤᠷᠤᠯᠴᠠᠬᠤ ᠡᠶ᠎ᠡ ᠨᠠᠢᠷᠲᠠᠶ ᠪᠠᠢᠬᠤ ᠨᠡᠢᠭᠡᠮ᠎ᠦᠨ ᠪᠣᠯᠪᠠᠰᠤᠨ ᠬᠡᠪ ᠰᠤᠷᠲᠠᠯ ᠎ᠢ ᠦᠷᠭᠦᠯᠵᠢᠯᠡᠨ ᠢᠯᠡᠷᠡᠭᠦᠯᠬᠦ᠌ ᠪᠣᠯᠤᠨ᠎ᠠ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号