《ᠭᠠᠯᠳᠤ ᠲᠡᠷᠬᠡᠨ ᠦᠷᠳᠡᠬᠡᠨ ᠤ᠋ ᠵᠡᠬᠦᠨ ᠵᠡᠬᠡᠯᠢ ᠵᠢᠨ ᠠᠨᠢᠶ᠎ᠠ》 — ᠵᠡᠬᠡᠯᠢ ᠭᠤᠳᠤᠮᠵᠢ ᠲᠡᠭᠡᠷᠡᠬᠢ 《ᠨᠡᠬᠦᠳᠡᠯ ᠬᠠᠷᠠᠭᠤᠯ ᠤ᠋ᠨ ᠴᠡᠷᠢᠭ》
2025-12-15 10:12:03
ᠵᠣᠬᠢᠶᠠᠭ᠍ᠴᠢ᠄
ᠰᠦᠨ ᠯᠢ ᠶᠢᠩ
ᠣᠩᠱᠢᠭ᠍ᠰᠠᠨ ᠣᠳᠠᠭ᠎ᠠ᠄
★★★☆☆

ᠬᠦᠬᠡᠬᠤᠳᠠ ᠵᠢᠨ ᠭᠠᠯᠳᠤ ᠲᠡᠷᠬᠡᠨ ᠦᠷᠳᠡᠬᠡᠨ ᠤ᠋ ᠵᠡᠬᠦᠨ ᠵᠡᠬᠡᠯᠢ ᠵᠢᠨ ᠭᠤᠳᠤᠮᠵᠢᠨ ᠳ᠋ᠸ᠋᠂ ᠨᠢᠬᠡᠨ ᠦᠪᠡᠷᠮᠢᠴᠡ ᠤᠨᠴᠠᠭᠠᠢ ᠦᠵᠡᠮᠵᠢ ᠵᠢᠨ ᠵᠢᠷᠤᠬ ᠬᠦᠮᠦᠰ ᠤ᠋ᠨ ᠠᠩᠬᠠᠷᠤᠯ ᠎ᠢ ᠲᠠᠳᠠᠨ᠎ᠠ᠃ ᠲᠡᠳᠡᠨᠦᠰ ᠪᠤᠯ ᠤᠯᠠᠭᠠᠨ ᠤᠭᠤᠵᠢ ᠡᠮᠦᠰᠴᠦ᠂ ᠭᠠᠷ ᠲᠠᠭᠠᠨ ᠬᠠᠨᠴᠤᠢ ᠵᠢᠨ ᠲᠡᠮᠳᠡᠭ ᠵᠡᠬᠦᠭᠰᠡᠨ 《ᠭᠠᠯᠳᠤ ᠲᠡᠷᠬᠡᠨ ᠦᠷᠳᠡᠬᠡᠨ ᠤ᠋ ᠵᠡᠬᠦᠨ ᠵᠡᠬᠡᠯᠢ ᠵᠢᠨ ᠠᠨᠢᠶ᠎ᠠ》 ᠨᠠᠷ ᠪᠤᠯᠤᠨ᠎ᠠ᠃ ᠲᠡᠳᠡ ᠪᠤᠯ ᠬᠦᠬᠡᠬᠤᠳᠠ ᠵᠢᠨ ᠲᠤᠳᠤᠭᠠᠳᠤ ᠵᠢ ᠬᠠᠮᠠᠭᠠᠯᠠᠬᠤ ᠲᠤᠪᠴᠢᠶ᠎ᠠ ᠵᠢᠨ ᠰᠢᠨ᠎ᠡ ᠬᠤᠳᠠ ᠲᠤᠭᠤᠷᠢᠬ ᠤ᠋ᠨ ᠬᠤᠪᠢᠶᠠᠷᠢ ᠲᠤᠪᠴᠢᠶ᠎ᠠ ᠵᠢᠨ ᠰᠢᠯᠢ ᠵᠢᠨ ᠭᠤᠤᠯ ᠬᠤᠢᠳᠤ ᠵᠠᠮ ᠳ᠋ᠡᠬᠢ ᠲᠤᠮᠢᠯᠠᠬᠰᠠᠨ ᠰᠠᠯᠪᠤᠷᠢ ᠵᠢᠨ ᠬᠦᠬᠡᠬᠤᠳᠠ ᠵᠢᠨ ᠵᠢᠷᠤᠮ ᠤ᠋ᠨ ᠴᠠᠬᠳᠠᠭ᠎ᠠ ᠪᠠᠢᠵᠤ᠂ ᠬᠠᠯᠠᠭᠤᠨ ᠰᠡᠳᠬᠢᠯᠬᠡ ᠪᠠ ᠡᠬᠦᠷᠬᠡ ᠬᠠᠷᠢᠭᠤᠴᠠᠯᠭ᠎ᠠ ᠪᠡᠷ ᠵᠢᠡᠨ ᠨᠡᠢᠬᠡᠮ ᠲᠤᠭᠤᠷᠢᠬ ᠤ᠋ᠨ ᠠᠮᠤᠷ ᠠᠮᠤᠭᠤᠯᠠᠩ᠎ᠢ ᠬᠠᠮᠠᠭᠠᠯᠠᠨ᠂ ᠤᠯᠠᠨ ᠲᠦᠮᠡᠨ ᠳ᠋ᠡᠬᠡᠨ 《ᠭᠠᠯᠳᠤ ᠲᠡᠷᠬᠡᠨ ᠦᠷᠳᠡᠬᠡᠨ ᠤ᠋ ᠵᠡᠬᠦᠨ ᠵᠡᠬᠡᠯᠢ ᠵᠢᠨ ᠠᠨᠢᠶ᠎ᠠ》 ᠬᠡᠮᠡᠨ ᠲᠠᠭᠤᠳᠠᠬᠳᠠᠵᠠᠢ᠃

《ᠮᠠᠨ ᠤ᠋ ᠭᠤᠤᠯ ᠡᠬᠦᠷᠬᠡ ᠪᠤᠯ ᠠᠮᠤᠭᠤᠯᠠᠩᠳᠤ ᠨᠡᠢᠬᠡᠮ ᠲᠤᠭᠤᠷᠢᠬ᠎ᠢ ᠪᠠᠢᠭᠤᠯᠬᠤ 〈ᠰᠠᠢᠨ ᠬᠠᠪᠰᠤᠷᠤᠬᠴᠢ〉 ᠪᠤᠯᠬᠤ ᠶᠠᠪᠤᠳᠠᠯ ᠪᠤᠯᠤᠨ᠎ᠠ》 ᠬᠡᠵᠦ ᠱᠢ ᠹᠸᠩ ᠵᠢᠢ ᠠᠨᠢᠶ᠎ᠠ ᠬᠡᠯᠡᠨ᠎ᠡ᠃ ᠲᠡᠷᠡ ᠶᠡᠷᠦ ᠡᠴᠨ ᠭᠠᠯᠳᠤ ᠲᠡᠷᠬᠡᠨ ᠦᠷᠳᠡᠬᠡᠨ ᠤ᠋ ᠵᠡᠬᠦᠨ ᠵᠡᠬᠡᠯᠢ ᠵᠢᠨ ᠨᠡᠢᠬᠡᠮ ᠲᠤᠭᠤᠷᠢᠬ ᠲᠦ᠍ ᠠᠮᠢᠳᠤᠷᠠᠵᠤ᠂ ᠨᠡᠢᠬᠡᠮ ᠲᠤᠭᠤᠷᠢᠬ ᠤ᠋ᠨ ᠠᠮᠤᠷ ᠲᠦᠪᠰᠢᠨ ᠳ᠋ᠸ᠋ ᠬᠦᠴᠦ ᠪᠡᠨ ᠡᠷᠬᠦᠬᠦ ᠬᠠᠯᠠᠭᠤᠨ ᠰᠡᠳᠬᠢᠯᠬᠡ ᠪᠡᠷ ᠵᠢᠷᠤᠮ ᠤ᠋ᠨ ᠴᠠᠬᠳᠠᠭ᠎ᠠ ᠵᠢᠨ ᠡᠩᠨᠡᠬᠡᠨ ᠳ᠋ᠸ᠋ ᠤᠷᠤᠯᠴᠠᠭᠠᠳ ᠤᠯᠠᠨ ᠵᠢᠯ ᠪᠤᠯᠵᠠᠢ᠃ 《ᠭᠠᠯᠳᠤ ᠲᠡᠷᠬᠡᠨ ᠦᠷᠳᠡᠬᠡᠨ ᠤ᠋ ᠵᠡᠬᠦᠨ ᠵᠡᠬᠡᠯᠢ ᠵᠢᠨ ᠠᠨᠢᠶ᠎ᠠ》 ᠵᠢᠨ ᠡᠩᠨᠡᠬᠡ ᠨᠢ ᠠᠭᠠᠵᠢᠮ ᠵᠢᠡᠷ ᠪᠤᠵᠠᠭᠠᠢᠷᠠᠵᠤ᠂ ᠡᠳᠦᠬᠡ ᠨᠢᠬᠡᠨᠳᠡ 46 ᠬᠦᠮᠦᠨ ᠲᠠᠢ ᠪᠤᠯᠵᠤ᠂ 《ᠭᠤᠷᠪᠠᠨ ᠲᠤᠬᠳᠠᠴᠠ᠂ ᠲᠠᠪᠤᠨ ᠵᠢᠷᠤᠮᠵᠢᠯ》᠎ᠢ᠋ ᠲᠤᠬᠳᠠᠭᠠᠵᠠᠢ᠃

《ᠭᠠᠯᠳᠤ ᠲᠡᠷᠬᠡᠨ ᠦᠷᠳᠡᠬᠡᠨ ᠤ᠋ ᠵᠡᠬᠦᠨ ᠵᠡᠬᠡᠯᠢ ᠵᠢᠨ ᠠᠨᠢᠶ᠎ᠠ》 ᠡᠳᠦᠷ ᠪᠤᠯᠭᠠᠨ ᠲᠤᠮᠢᠯᠠᠬᠰᠠᠨ ᠰᠠᠯᠪᠤᠷᠢ ᠵᠢᠨ ᠴᠠᠬᠳᠠᠭ᠎ᠠ᠂ ᠲᠤᠤᠷᠵᠢᠯ ᠤ᠋ᠨ ᠠᠵᠢᠯᠳᠠᠨ ᠲᠠᠢ ᠬᠠᠮᠵᠢᠯᠴᠠᠨ ᠨᠡᠢᠬᠡᠮ ᠲᠤᠭᠤᠷᠢᠬ ᠲᠦ᠍ ᠴᠠᠬᠳᠠᠨ ᠲᠤᠭᠤᠷᠢᠵᠤ ᠰᠡᠷᠬᠡᠢᠯᠡᠨ ᠡᠵᠡᠮᠳᠡᠵᠦ᠂ ᠬᠠᠤᠯᠢ ᠴᠠᠭᠠᠵᠠ ᠵᠢᠨ ᠮᠡᠳᠡᠯᠬᠡ ᠵᠢ ᠤᠬᠠᠭᠤᠯᠤᠨ ᠲᠦᠬᠡᠮᠡᠯᠵᠢᠬᠦᠯᠳᠡᠭ᠃ ᠨᠡᠢᠬᠡᠮ ᠲᠤᠭᠤᠷᠢᠬ᠎ᠤᠨ ᠵᠠᠮ ᠴᠡᠪᠡᠷᠬᠡᠨ ᠪᠦᠬᠡᠳ ᠲᠡᠷᠢ ᠲᠡᠭᠰᠢ ᠪᠠᠢᠵᠤ᠂ ᠬᠡᠦᠬᠡᠳ᠎ᠤᠳ ᠬᠦᠬᠡᠷᠦᠯᠳᠦᠨ ᠲᠤᠬᠯᠠᠵᠤ᠂ ᠨᠠᠰᠤᠳᠠᠢᠴᠤᠳ ᠨᠠᠷᠠᠨ ᠳ᠋ᠸ᠋ ᠪᠡᠶ᠎ᠡ ᠪᠡᠨ ᠡᠬᠡᠬᠡᠨ ᠰᠠᠭᠤᠵᠠᠭᠠᠨ᠎ᠠ᠃ 《ᠭᠠᠯᠳᠤ ᠲᠡᠷᠬᠡᠨ ᠦᠷᠳᠡᠬᠡᠨ ᠤ᠋ ᠵᠡᠬᠦᠨ ᠵᠡᠬᠡᠯᠢ ᠵᠢᠨ ᠠᠨᠢᠶ᠎ᠠ》 ᠶᠠᠬ ᠠᠵᠢᠯ ᠤ᠋ᠨ ᠵᠢᠷᠤᠬ ᠪᠠ ᠬᠠᠷᠢᠶ᠎ᠠ ᠤᠷᠤᠨ ᠤ᠋ ᠪᠠᠢᠳᠠᠯ ᠵᠢᠡᠨ ᠠᠵᠢᠯ ᠤ᠋ᠨ ᠬᠤᠯᠪᠤᠭᠠᠨ ᠳ᠋ᠠᠭᠠᠨ ᠲᠠᠮᠵᠢᠭᠤᠯᠤᠨ᠂ ᠤᠯᠠᠨ ᠵᠢᠡᠷ ᠵᠢᠡᠨ ᠬᠠᠷᠢᠯᠴᠠᠨ ᠵᠤᠷᠢᠬᠵᠢᠭᠤᠯᠵᠤ ᠮᠠᠬᠳᠠᠨ ᠰᠠᠢᠰᠢᠶᠠᠨ᠎ᠠ᠃

《ᠤᠤᠯ ᠳ᠋ᠠᠭᠠᠨ ᠪᠠᠭ᠎ᠠ ᠲᠤᠭᠤᠷᠢᠬ ᠲᠦ᠍ ᠴᠠᠬᠢᠯᠭᠠᠨ ᠬᠦᠳᠡᠯᠬᠡᠬᠦᠷᠳᠦ ᠲᠡᠷᠬᠡ᠂ ᠲᠤᠭᠤᠢ ᠲᠡᠷᠬᠡ ᠵᠢ ᠲᠤᠷ᠎ᠠ ᠪᠡᠷ ᠵᠢᠡᠨ ᠲᠠᠯᠪᠢᠵᠤ ᠪᠠᠢᠵᠠᠢ᠂ ᠤᠳᠤ ᠡᠢᠮᠦ ᠪᠠᠢᠳᠠᠯ ᠬᠠᠷᠠᠬᠳᠠᠬᠤ ᠦᠬᠡᠢ ᠪᠤᠯᠤᠬᠰᠠᠨ》 ᠬᠡᠵᠦ ᠬᠠᠷᠢᠶ᠎ᠠ ᠤᠷᠤᠨ ᠤ᠋ ᠰᠠᠭᠤᠭᠠᠯᠢ ᠠᠷᠠᠳ ᠰᠡᠳᠬᠢᠯ ᠬᠦᠳᠡᠯᠦᠨ ᠬᠡᠯᠡᠨ᠎ᠡ᠃ 《ᠭᠠᠯᠳᠤ ᠲᠡᠷᠬᠡᠨ ᠦᠷᠳᠡᠬᠡᠨ ᠤ᠋ ᠵᠡᠬᠦᠨ ᠵᠡᠬᠡᠯᠢ ᠵᠢᠨ ᠠᠨᠢᠶ᠎ᠠ + ᠲᠤᠮᠢᠯᠠᠬᠰᠠᠨ ᠰᠠᠯᠪᠤᠷᠢ ᠵᠢᠨ ᠴᠠᠬᠳᠠᠭ᠎ᠠ + ᠲᠤᠤᠷᠵᠢᠯ ᠤ᠋ᠨ ᠠᠵᠢᠯᠳᠠᠨ》 ᠤ᠋ 《ᠲᠤᠭᠤᠷᠢᠨ ᠴᠠᠬᠳᠠᠵᠤ ᠰᠡᠷᠬᠡᠢᠯᠡᠨ ᠬᠤᠯᠪᠤᠭᠠᠯᠠᠬᠤ》 ᠪᠦᠯᠬᠦᠮ ᠨᠡᠢᠳᠡ ᠨᠢ ᠴᠠᠬᠳᠠᠭᠠᠨ ᠤ᠋ ᠬᠦᠴᠦᠨ ᠬᠢᠵᠠᠭᠠᠷᠳᠠᠢ ᠪᠠᠢᠭ᠎ᠠ ᠠᠰᠠᠭᠤᠳᠠᠯ᠎ᠢ ᠪᠦᠳᠦᠮᠵᠢᠳᠡᠢ ᠰᠢᠢᠳᠪᠦᠷᠢᠯᠡᠨ᠂ ᠠᠮᠤᠷ ᠠᠮᠤᠭᠤᠯᠠᠩ ᠤ᠋ᠨ ᠰᠡᠷᠬᠡᠢᠯᠡᠯᠳᠡ ᠵᠢᠨ ᠬᠡᠷᠡᠮ᠎ᠢ ᠪᠠᠳᠤ ᠴᠤᠬᠴᠠᠯᠠᠪᠠ᠃

《ᠭᠠᠯᠳᠤ ᠲᠡᠷᠬᠡᠨ ᠦᠷᠳᠡᠬᠡᠨ ᠤ᠋ ᠵᠡᠬᠦᠨ ᠵᠡᠬᠡᠯᠢ ᠵᠢᠨ ᠠᠨᠢᠶ᠎ᠠ》 ᠵᠢᠨ ᠡᠩᠨᠡᠬᠡᠨ ᠤ᠋ ᠬᠠᠮᠢᠶᠠᠷᠤᠯᠳᠠ ᠵᠢ ᠤᠯᠠᠮ ᠨᠢᠬᠡ ᠠᠯᠬᠤᠮ ᠴᠢᠩᠭᠠᠳᠬᠠᠬᠤ ᠵᠢᠨ ᠲᠤᠯᠠᠳᠠ᠂ ᠰᠢᠯᠢ ᠵᠢᠨ ᠭᠤᠤᠯ ᠬᠤᠢᠳᠤ ᠵᠠᠮ ᠳ᠋ᠡᠬᠢ ᠲᠤᠮᠢᠯᠠᠬᠰᠠᠨ ᠰᠠᠯᠪᠤᠷᠢ ᠨᠢ ᠲᠤᠬᠳᠠᠮᠠᠯ ᠬᠤᠭᠤᠴᠠᠭ᠎ᠠ ᠲᠠᠢ ᠪᠡᠷ ᠪᠤᠯᠪᠠᠰᠤᠷᠠᠯ ᠡᠷᠬᠢᠯᠡᠵᠦ᠂ ᠴᠠᠬᠳᠠᠭ᠎ᠠ ᠡᠴᠨ ᠬᠠᠷᠢᠶ᠎ᠠ ᠤᠷᠤᠨ ᠤ᠋ ᠠᠮᠤᠷ᠎ᠢ ᠬᠠᠮᠠᠭᠠᠯᠠᠬᠤ ᠪᠠᠢᠳᠠᠯ ᠤ᠋ᠨ ᠲᠠᠯ᠎ᠠ ᠪᠡᠷ ᠵᠠᠷᠯᠠᠨ ᠮᠡᠳᠡᠭᠳᠡᠵᠦ᠂ ᠮᠡᠳᠡᠬᠡ ᠵᠠᠩᠬᠢ ᠵᠢ ᠬᠤᠷᠢᠶᠠᠨ ᠴᠤᠬᠯᠠᠭᠤᠯᠬᠤ᠂ ᠬᠡᠮ ᠰᠤᠭᠤᠬ ᠎ᠢ ᠪᠠᠢᠴᠠᠭᠠᠬᠤ᠂ ᠵᠦᠷᠢᠴᠡᠯ ᠵᠠᠭᠤᠷᠠᠯᠳᠤᠭᠠᠨ ᠎ᠢ ᠠᠷᠢᠯᠭᠠᠬᠤ ᠵᠡᠷᠬᠡ ᠲᠠᠯ᠎ᠠ ᠪᠡᠷ ᠲᠠᠢᠯᠤᠮᠵᠢ ᠬᠢᠳᠡᠭ᠃ ᠴᠠᠬᠳᠠᠭ᠎ᠠ ᠨᠠᠷ ᠪᠠᠰᠠ ᠬᠦᠴᠦᠷᠭᠡᠭᠯᠡᠯ ᠎ᠢ ᠰᠡᠷᠬᠡᠢᠯᠡᠬᠦ ᠪᠠᠭᠠᠵᠢ ᠵᠡᠪᠰᠡᠭ᠎ᠢ ᠬᠡᠷᠡᠭᠯᠡᠬᠦ ᠠᠷᠭ᠎ᠠ ᠵᠢ ᠨᠠᠷᠢᠯᠢᠬ ᠰᠠᠢᠬᠠᠨ ᠲᠠᠢᠯᠪᠤᠷᠢᠯᠠᠵᠤ᠂ 《ᠭᠠᠯᠳᠤ ᠲᠡᠷᠬᠡᠨ ᠦᠷᠳᠡᠬᠡᠨ ᠤ᠋ ᠵᠡᠬᠦᠨ ᠵᠡᠬᠡᠯᠢ ᠵᠢᠨ ᠠᠨᠢᠶ᠎ᠠ》 ᠵᠢᠨ ᠡᠩᠨᠡᠬᠡᠨ ᠤ᠋ ᠶᠡᠷᠦᠩᠬᠡᠢᠯᠡᠭᠰᠡᠨ ᠪᠤᠳᠠᠳᠤ ᠪᠠᠢᠯᠳᠤᠭᠠᠨ ᠤ᠋ ᠴᠢᠳᠠᠪᠤᠷᠢ ᠪᠠ ᠬᠡᠨᠡᠳᠳᠡ ᠡᠬᠦᠰᠦᠭᠰᠡᠨ ᠬᠡᠷᠡᠭ ᠶᠠᠪᠤᠳᠠᠯ᠎ᠢ ᠠᠷᠭᠠᠴᠠᠭᠠᠬᠤ ᠴᠢᠳᠠᠪᠤᠷᠢ ᠵᠢ ᠦᠨᠡᠨ ᠬᠦ᠌ ᠲᠡᠭᠡᠭᠰᠢᠯᠡᠬᠦᠯᠪᠡ᠃

《ᠪᠢᠳᠡ 〈ᠭᠠᠯᠳᠤ ᠲᠡᠷᠬᠡᠨ ᠦᠷᠳᠡᠬᠡᠨ ᠤ᠋ ᠵᠡᠬᠦᠨ ᠵᠡᠬᠡᠯᠢ ᠵᠢᠨ ᠠᠨᠢᠶ᠎ᠠ〉 ᠵᠢᠨ ᠬᠦᠮᠦᠨ ᠭᠠᠵᠠᠷ ᠎ᠢ ᠰᠠᠢᠨ ᠮᠡᠳᠡᠬᠦ᠂ ᠪᠠᠢᠳᠠᠯ ᠎ᠢ ᠰᠠᠢᠨ ᠮᠡᠳᠡᠬᠦ ᠲᠠᠪᠠᠭᠤᠯᠢᠬ᠎ᠢ ᠦᠷᠬᠦᠯᠵᠢᠯᠡᠨ ᠪᠠᠳᠠᠷᠠᠭᠤᠯᠵᠤ᠂ ᠦᠨᠳᠦᠰᠦᠨ ᠱᠠᠳᠤᠨ ᠤ᠋ ᠵᠠᠰᠠᠯᠳᠠ ᠬᠢᠬᠡᠳ ᠠᠮᠤᠷ ᠠᠮᠤᠭᠤᠯᠠᠩ ᠤ᠋ᠨ ᠪᠦᠳᠦᠬᠡᠨ ᠪᠠᠢᠭᠤᠯᠤᠯᠳᠠ ᠵᠢᠨ ᠴᠢᠳᠠᠪᠤᠷᠢ ᠵᠢ ᠴᠢᠩᠭᠠᠳᠬᠠᠨ᠂ ᠰᠠᠭᠤᠭᠠᠯᠢ ᠠᠷᠠᠳ ᠤ᠋ᠨ ᠤᠯᠠᠨ ᠵᠦᠢᠯ ᠤ᠋ᠨ ᠬᠡᠷᠡᠭᠴᠡᠬᠡ ᠱᠠᠭᠠᠷᠳᠠᠯᠭ᠎ᠠ ᠵᠢ ᠬᠠᠩᠭᠠᠨ᠂ ᠡᠯᠪᠡᠭ ᠪᠠᠶᠠᠯᠢᠬ ᠨᠡᠢᠬᠡᠮ ᠲᠤᠭᠤᠷᠢᠬ ᠤ᠋ᠨ ᠠᠵᠢᠯᠯᠠᠭ᠎ᠠ ᠦᠷᠨᠢᠬᠦᠯᠦᠨ᠂ ᠠᠮᠤᠭᠤᠯᠠᠩᠳᠤ ᠬᠦᠬᠡᠬᠤᠳᠠ ᠵᠢ ᠪᠦᠳᠦᠬᠡᠨ ᠪᠠᠢᠭᠤᠯᠬᠤ ᠳ᠋ᠸ᠋  ᠬᠦᠴᠦᠨ ᠴᠢᠳᠠᠯ ᠵᠢᠡᠨ ᠡᠷᠬᠦᠨ᠎ᠡ》 ᠬᠡᠵᠦ ᠰᠢᠯᠢ ᠵᠢᠨ ᠭᠤᠤᠯ ᠬᠤᠢᠳᠤ ᠵᠠᠮ ᠳ᠋ᠡᠬᠢ ᠲᠤᠮᠢᠯᠠᠬᠰᠠᠨ ᠰᠠᠯᠪᠤᠷᠢ ᠵᠢᠨ ᠬᠠᠷᠢᠭᠤᠴᠠᠯᠭᠠᠳᠠᠨ ᠢᠯᠡᠷᠬᠡᠢᠯᠡᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号