ᠬᠥᠬᠡ ᠵᠢᠮᠢᠰᠭᠡᠨ᠎ᠡ ᠵᠡᠯ᠎ᠡ ᠳᠦᠭᠦᠷᠡᠩ ᠰᠠᠭᠤᠵᠤ ᠰᠣᠷᠢᠨᠵᠢᠨ ᠡᠨ᠋ᠸᠷᠬᠢ ᠡᠴᠡ ᠦᠯᠡᠮᠵᠢ ᠠᠰᠢᠭ ᠬᠦᠷᠳᠡᠪᠡ
2025-12-16 11:45:46
ᠵᠣᠬᠢᠶᠠᠭ᠍ᠴᠢ᠄
ᠱᠢᠤᠸᠠᠢ ᠯᠠᠶ
ᠣᠩᠱᠢᠭ᠍ᠰᠠᠨ ᠣᠳᠠᠭ᠎ᠠ᠄
★★★☆☆

ᠬᠥᠳᠡᠭᠡ ᠠᠵᠤ ᠠᠬᠤᠢ ᠬᠥᠳᠡᠭᠡ ᠲᠣᠰᠭᠣᠨ ᠤ᠋ ᠣᠳᠣᠬᠢᠴᠢᠯᠠᠯᠲᠠ ᠶ᠋ᠢ ᠲᠦᠷᠭᠡᠳᠭᠡᠵᠦ᠍᠂ ᠬᠥᠳᠡᠭᠡ ᠲᠣᠰᠭᠣᠨ ᠢ᠋ ᠪᠦᠬᠦ᠌ ᠲᠠᠯ᠎ᠠ ᠪᠡᠷ ᠬᠥᠭ᠌ᠵᠢᠭᠦᠯᠦᠨ ᠮᠠᠨᠳᠤᠭᠤᠯᠬᠤ ᠶ᠋ᠢ ᠯᠠᠪᠳᠠᠭᠤᠨ ᠪᠠᠲᠤᠲᠠᠢ ᠠᠬᠢᠭᠤᠯᠤᠨ᠎ᠠ᠃

 《ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠬᠣᠷᠢᠳᠤᠭᠠᠷ ᠬᠤᠭᠤᠴᠠᠭᠠᠨ ᠤ᠋ ᠲᠥᠪ ᠬᠣᠷᠢᠶ᠎ᠠ ᠵᠢᠨ ᠳᠥᠷᠪᠡᠳᠦᠭᠡᠷ ᠪᠦᠬᠦᠳᠡ ᠬᠤᠷᠠᠯ ᠤ᠋ᠨ ᠠᠯᠪᠠᠨ ᠮᠡᠳᠡᠭᠡ》 ᠡᠴᠡ ᠰᠡᠢᠷᠡᠭᠦᠯᠪᠡ


12 ᠰᠠᠷ᠎ᠠ ᠵᠢᠨ 11᠎ᠤ᠋ ᠡᠳᠦᠷ ᠤ᠋ᠨ 7 ᠴᠠᠭ ᠲᠤ᠌᠂ ᠬᠠᠩᠭᠢᠨ ᠬᠣᠢᠲᠤ ᠬᠣᠱᠢᠭᠤᠨ ᠤ᠋ ᠮᠸᠩ ᠬᠠᠶ ᠪᠠᠯᠭᠠᠰᠤᠨ ᠤ᠋ ᠮᠠᠨᠠᠨ ᠬᠠᠷᠠᠬᠠᠨ ᠰᠠᠷᠨᠢᠭᠠᠳᠤᠶ ᠪᠠᠢᠵᠦ᠂ ᠮᠸᠩ ᠬᠠᠶ ᠶᠦᠨ ᠳ᠋ᠢᠩ ᠲᠠᠷᠢᠶᠠᠯᠠᠩ ᠤ᠋ᠨ ᠪᠦᠲᠦᠭᠡᠭ᠌ᠳᠡᠬᠦᠨ ᠤ᠋ ᠦᠶ᠋ᠯᠡᠳᠪᠦᠷᠢᠯᠡᠯ ᠪᠣᠷᠣᠯᠠᠭᠤᠯᠭ᠎ᠠ ᠵᠢᠨ ᠲᠤᠰᠭᠠᠶ ᠬᠣᠷᠱᠢᠶ᠎ᠠ ᠵᠢᠨ ᠬᠠᠷᠢᠭᠤᠴᠠᠯᠭᠠᠲᠠᠨ ᠱᠢᠤᠢ ᠢᠦᠶ ᠴᠢᠩ ᠨᠠᠶ᠋ᠮᠠᠳᠤᠭᠠᠷ ᠦᠶ᠎ᠡ ᠵᠢᠨ ᠤᠶᠤᠨᠴᠢ ᠥᠨᠳᠥᠷ ᠬᠠᠯᠠᠭᠤᠨ ᠬᠦᠯᠡᠮᠵᠢ ᠳ᠋ᠡᠭᠡᠨ ᠤᠷᠤᠬᠤ᠎ᠳᠦ ᠠᠩᠬᠢᠯᠤᠮ᠎ᠠ ᠰᠠᠢᠬᠠᠨ ᠱᠢᠬᠢᠷᠯᠢᠭ ᠵᠢᠮᠢᠰ ᠤ᠋ᠨ ᠦᠨᠦᠷ ᠬᠠᠩᠬᠤᠯᠤᠨ᠎ᠠ᠃ ᠬᠦᠯᠡᠮᠵᠢ᠎ᠳᠤ ᠬᠦᠬᠡ ᠵᠢᠮᠢᠰᠭᠡᠨ᠎ᠡ ᠵᠢᠨ ᠵᠡᠯ᠎ᠡ ᠵᠢᠭ᠌ᠳᠡᠷᠡᠨ ᠵᠢᠭ᠍ᠰᠠᠵᠤ᠂ ᠣᠭ᠌ᠶᠤ ᠨᠣᠭᠣᠭᠠᠨ ᠨᠠᠪᠴᠢ ᠵᠢᠨ ᠳᠤᠮᠳᠠᠬᠢ ᠬᠡᠯᠬᠢᠶᠡᠨ ᠳᠡᠭᠡᠷ᠎ᠡ ᠬᠥᠬᠡ ᠵᠢᠮᠢᠰᠭᠡᠨ᠎ᠡ ᠢᠷᠠᠢᠳᠠᠯ᠎ᠠ ᠰᠠᠭᠤᠵᠤ᠂ 40 ᠭᠠᠷᠤᠶ ᠡᠳᠦᠷ ᠤ᠋ᠨ ᠳᠠᠷᠠᠭ᠎ᠠ ᠪᠤᠯᠪᠠᠰᠤᠷᠠᠭᠠᠳ᠂ ᠴᠠᠭᠠᠨ ᠰᠠᠷ᠎ᠠ ᠡᠴᠡ ᠡᠮᠦᠨ᠎ᠡ ᠲᠦᠭ ᠲᠦᠮᠡᠨ ᠠᠢᠯ ᠡᠷᠦᠬᠡ ᠵᠢᠨ ᠰᠢᠷᠡᠭᠡᠨ᠎ᠳᠦ ᠦᠷᠦᠭᠳᠡᠬᠦ ᠪᠣᠯᠤᠨ᠎ᠠ᠃

《ᠴᠢᠩᠨᠠᠭᠠᠴᠢ! ᠨᠠᠮ ᠵᠢᠮ ᠪᠠᠢᠭ᠎ᠠ ᠪᠢᠵᠡ?》ᠭᠡᠵᠦ᠍ ᠱᠢᠤᠢ ᠢᠦᠶ ᠴᠢᠩ ᠢᠨᠢᠶᠡᠮᠰᠦᠭ᠌ᠯᠡᠨ ᠬᠡᠯᠡᠪᠡ᠃ ᠬᠦᠯᠡᠮᠵᠢ ᠳᠣᠲᠣᠷ᠎ᠠ ᠨᠠᠮ ᠵᠢᠮ ᠪᠠᠢᠬᠤ ᠨᠢ ᠦᠨᠡᠬᠡᠷ ᠭᠠᠢᠬᠠᠯᠲᠠᠶ᠂ ᠵᠦᠪᠭᠡᠨ ᠡᠳ᠋ ᠪᠠᠷᠠᠭᠠᠨ ᠤ᠋ ᠮᠡᠳᠡᠭᠡ ᠵᠠᠩᠭᠢ ᠵᠢᠨ ᠰᠦᠯᠵᠢᠶ᠎ᠡ ᠵᠢᠨ ᠡᠵᠡᠮᠱᠢᠯ ᠯᠠᠩᠭᠦᠶ ᠳᠡᠭᠡᠷ᠎ᠡ ᠢᠯᠡᠷᠡᠵᠤ ᠪᠠᠢᠭ᠎ᠠ ᠲᠣᠭ᠎ᠠ ᠪᠠᠷᠢᠮᠲᠠ ᠨᠢ ᠡᠨᠳᠡᠬᠢ ᠵᠢᠨ 《ᠠᠮᠢ ᠨᠠᠰᠤ》 ᠶ᠋ᠢ ᠭᠡᠷᠡᠴᠢᠯᠡᠨ᠎ᠡ᠄ ᠳᠤᠯᠠᠭᠠᠨ 27.2 °C᠂ ᠴᠢᠭᠢᠭ ᠤ᠋ᠨ ᠬᠡᠮᠵᠢᠶ᠎ᠡ 71.9%᠂ ᠬᠡᠷᠡᠯ ᠤ᠋ᠨ ᠲᠤᠰᠤᠯᠲᠠ ᠵᠢᠨ ᠬᠦᠴᠦᠯᠡᠴᠡ 2.64 ᠲᠦᠮᠡᠨ ᠯᠶᠦ᠋ᠺᠰ᠃ ᠬᠡᠷᠡᠮ ᠤ᠋ᠨ ᠪᠤᠯᠤᠩ ᠳ᠋ᠡᠬᠢ  ᠰᠣᠷᠢᠨᠵᠢᠨ ᠡᠨᠧᠷᠭᠢ ᠵᠢᠨ ᠲᠥᠬᠥᠭᠡᠷᠦᠮᠵᠢ ᠵᠢᠨ ᠵᠢᠭᠠᠯᠲᠠ ᠳ᠋ᠧᠩ ᠲᠡᠭᠰᠢ ᠦᠶᠡᠯᠡᠯ ᠲᠠᠢ ᠭᠢᠯᠠᠯᠵᠠᠵᠤ᠂ ᠠᠭᠠᠷ ᠳᠣᠲᠣᠷᠠᠬᠢ ᠠᠽᠣᠲ ᠹᠣᠰᠹᠣᠷ ᠺᠠᠯᠢ ᠶ᠋ᠢ ᠤᠷᠭᠤᠮᠠᠯ ᠤ᠋ᠨ ᠰᠢᠩᠭᠡᠭᠡᠵᠤ ᠪᠤᠯᠬᠤᠢᠴᠠ ᠱᠢᠮ᠎ᠡ ᠲᠡᠵᠢᠭᠡᠯ ᠪᠣᠯᠭᠠᠨ ᠬᠤᠪᠢᠷᠠᠭᠤᠯᠤᠨ᠎ᠠ᠃

ᠬᠦᠯᠡᠮᠵᠢ ᠵᠢᠨ ᠠᠳᠠᠷ ᠲᠡᠭᠡᠷ᠎ᠡ ᠬᠣᠶᠠᠷ ᠳᠠᠪᠬᠤᠷ ᠮᠥᠩᠭᠥᠨ ᠰᠠᠭᠠᠷᠠᠯ ᠥᠩᠭᠡᠲᠡᠶ ᠨᠠᠨᠤᠮᠸᠲ᠋ᠷ ᠤ᠋ᠨ ᠳᠤᠯᠠᠭᠠᠨ ᠢ᠋ ᠬᠠᠮᠠᠭᠠᠯᠠᠬᠤ ᠬᠥᠪᠥᠩ ᠬᠥᠨᠵᠢᠯᠡ ᠶᠠᠭ ᠬᠡᠷᠡᠯ ᠤ᠋ᠨ ᠲᠤᠰᠤᠯᠲᠠ ᠵᠢᠨ ᠬᠤᠪᠢᠷᠠᠯᠲᠠ ᠶ᠋ᠢ ᠳᠠᠭᠠᠯᠳᠤᠨ ᠠᠦ᠋ᠲ᠋ᠣ᠋ ᠪᠡᠷ ᠬᠠᠷᠠᠭᠠᠰᠤ ᠪᠠᠨ ᠲᠤᠬᠢᠷᠠᠭᠤᠯᠤᠨ᠎ᠠ᠃ ᠬᠦᠯᠡᠮᠵᠢ ᠵᠢᠨ ᠵᠢᠶᠠᠰᠠ ᠵᠢᠨ ᠳᠤᠮᠳᠡᠬᠢ ᠡᠯᠸᠺᠲ᠋ᠷᠤᠨ ᠲᠡᠯᠭᠡᠴᠡ ᠠᠩᠬᠠᠷᠤᠯ ᠢ᠋ ᠲᠠᠲᠠᠨ᠎ᠠ᠃ 《ᠡᠨᠡ ᠪᠣᠯ ᠬᠡᠷᠡᠯ ᠳᠣᠯᠭᠢᠶᠠᠨ ᠤ᠋ ᠮᠠᠰᠢᠨ᠂ ᠲᠤᠰᠭᠠᠢᠯᠠᠨ ᠲᠣᠭ᠍ᠲᠠᠭ᠍ᠰᠠᠨ ᠳᠣᠯᠭᠢᠶᠠᠨ ᠤ᠋ ᠬᠥᠬᠡ ᠬᠡᠷᠡᠯ ᠰᠠᠴᠤᠷᠠᠭᠤᠯᠳᠠᠭ᠃ ᠤᠷᠭᠤᠮᠠᠯ ᠳᠡᠭᠡᠷ᠎ᠡ ᠲᠣᠰᠭᠣ ᠳ᠋ᠤ ᠤᠷᠭᠤᠮᠠᠯ ᠳ᠋ᠤ ᠡᠪ ᠥᠬᠡᠶ ᠰᠠᠨᠠᠭᠳᠠᠳᠠᠭ ᠪᠤᠯᠬᠤᠷ ᠲᠠᠳᠠ ᠥᠪᠡᠷ ᠢ᠋᠎ᠪᠡᠨ ᠬᠠᠮᠠᠭᠠᠯᠠᠬᠤ ᠵᠢᠨ ᠲᠥᠯᠥᠭᠡ ᠶᠡᠬᠡ ᠬᠡᠮᠵᠢᠶᠡᠨ ᠤ᠋ ᠨᠠᠪᠴᠢᠨ ᠤ᠋ ᠱᠢᠷ᠎ᠠ ᠡᠳ᠋ ᠱᠢᠭᠦᠷᠡᠭᠦᠯᠳᠡᠭ᠃ ᠮᠠᠨ ᠤ᠋ ᠬᠥᠬᠡ ᠵᠢᠮᠢᠰᠭᠡᠨ᠎ᠡ ᠵᠢᠨ ᠨᠠᠪᠴᠢᠨ ᠤ᠋ ᠱᠢᠷ᠎ᠠ ᠡᠳ᠋ ᠤ᠋ᠨ ᠠᠭᠤᠯᠤᠭ᠍ᠳᠠᠴᠠ ᠵᠠᠬ᠎ᠠ ᠳᠡᠯᠭᠡᠭᠦᠷ ᠤ᠋ᠨ ᠪᠦᠲᠦᠭᠡᠭ᠌ᠳᠡᠬᠦᠨ ᠡᠴᠡ 5 ᠡᠴᠡ 6 ᠳᠠᠬᠢᠨ ᠥᠨᠳᠥᠷ ᠪᠠᠢᠳᠠᠭ᠎ᠢ ᠰᠢᠯᠭᠠᠨ ᠪᠠᠢᠴᠠᠭᠠᠯᠳᠠ ᠪᠠᠷ ᠭᠡᠷᠡᠴᠢᠯᠡᠭᠰᠡᠨ》 ᠭᠡᠵᠦ᠍ ᠱᠢᠤᠢ ᠢᠦᠶ ᠴᠢᠩ ᠲᠠᠢᠯᠪᠤᠷᠢᠯᠠᠪᠠ᠃

ᠬᠣᠷᠱᠢᠶᠠᠨ ᠤ᠋ ᠮᠡᠷᠭᠡᠵᠢᠯᠲᠡᠨ ᠱᠢᠶᠣᠤ ᠯᠢᠦ ᠶᠠᠭ ᠲᠣᠭ᠎ᠠ ᠪᠠᠷᠢᠮᠲᠠ ᠴᠤᠭᠯᠠᠭᠤᠯᠤᠨ᠎ᠠ᠃ 《ᠲᠠ ᠠᠮᠲᠠᠯᠠᠵᠤ ᠦᠵᠡᠭᠡᠷᠡᠢ᠂ ᠬᠡᠳᠦᠢᠪᠡᠷ ᠭᠦᠢᠴᠡᠳ ᠪᠣᠯᠪᠠᠰᠤᠷᠠᠭᠠᠳᠤᠢ ᠪᠣᠯᠪᠠᠴᠤ᠌ ᠨᠢᠭᠡᠨᠲᠡ ᠮᠠᠰᠢ ᠱᠢᠬᠢᠷᠯᠢᠭ ᠪᠤᠯᠵᠠᠢ》 ᠭᠡᠵᠤ ᠲᠡᠷᠡ ᠬᠠᠭᠠᠰ ᠨᠢ ᠬᠥᠬᠡ ᠬᠠᠭᠠᠰ ᠨᠢ ᠪᠣᠷᠣ ᠵᠢᠮᠢᠰ ᠢ᠋ ᠰᠤᠷᠪᠤᠯᠵᠢᠯᠠᠭ᠍ᠴᠢ ᠳ᠋ᠤ ᠠᠮᠰᠠᠭᠤᠯᠪᠠ᠃ ᠵᠢᠮᠢᠰ ᠨᠢ ᠠᠮᠠᠨ ᠳ᠋ᠤ ᠤᠷᠤᠮᠠᠭᠴᠠ ᠱᠢᠬᠢᠷᠯᠢᠭ ᠱᠢᠭᠦᠰᠦ ᠨᠢ ᠠᠮᠠ ᠳᠦᠭᠦᠷᠴᠤ᠂ ᠥᠪᠡᠷᠮᠢᠴᠡ ᠱᠢᠭᠦᠰᠦᠯᠢᠭ ᠵᠢᠮᠢᠰ ᠤ᠋ᠨ ᠠᠩᠬᠢᠯᠤᠮ᠎ᠠ ᠦᠨᠦᠷ᠎ᠰᠡᠩᠬᠢ ᠳᠠᠳᠠᠨ᠎ᠠ᠃

ᠡᠨᠡ 36 ᠮᠦ᠍ ᠬᠥᠬᠡ ᠵᠢᠮᠢᠰᠭᠡᠨ᠎ᠡ ᠪᠣᠯ ᠮᠧᠩ ᠬᠠᠢ ᠪᠠᠯᠭᠠᠰᠤᠨ ᠤ᠋ ᠲᠥᠬᠦᠭᠡᠷᠦᠮᠵᠢᠲᠦ ᠲᠠᠷᠢᠶᠠᠯᠠᠩ ᠤ᠋ᠨ ᠬᠦᠷᠢᠶᠡᠯᠡᠩ ᠲᠣᠭᠣᠷᠢᠭ ᠤ᠋ᠨ ᠨᠢᠭᠡᠳᠦᠭᠡᠷ ᠬᠤᠭᠤᠴᠠᠭᠠᠨ ᠤ᠋ ᠦᠷ᠎ᠡ ᠪᠦᠲᠦᠭᠡᠯ ᠪᠠᠢᠵᠤ᠂ ᠶᠡᠷᠦᠩᠬᠡᠢ ᠦᠢᠯᠡᠳᠬᠦᠨ ᠤ᠋ ᠥᠷᠲᠡᠭ ᠨᠢ 500 ᠲᠦᠮᠡᠨ ᠲᠥᠭᠥᠷᠢᠭ ᠲᠤ᠌ ᠬᠦᠷᠴᠡᠢ᠃ 2025 ᠣᠨ ᠳ᠋ᠤ ᠪᠥᠬᠥ᠌ ᠪᠠᠯᠭᠠᠰᠤ 9800 ᠲᠦᠮᠡᠨ ᠲᠥᠭᠥᠷᠢᠭ ᠤ᠋ᠨ ᠪᠠᠯᠠ ᠣᠷᠣᠭᠤᠯᠵᠤ᠂ 2000 ᠮᠥ᠍ ᠥᠨᠳᠥᠷ ᠪᠠᠷᠢᠮᠵᠢᠶᠠᠲᠤ ᠲᠥᠬᠦᠭᠡᠷᠦᠮᠵᠢᠲᠦ ᠲᠠᠷᠢᠶᠠᠯᠠᠩ ᠤ᠋ᠨ ᠬᠦᠷᠢᠶᠡᠯᠡᠩ ᠢ᠋ ᠲᠥᠯᠥᠪᠵᠢᠭᠦᠯᠦᠨ᠂ 《ᠡᠳ᠋ ᠤ᠋ᠨ ᠵᠠᠰᠠᠭ + ᠡᠳ᠋ ᠬᠥᠷᠥᠩᠭᠡ + ᠬᠠᠮᠲᠤ ᠨᠡᠢᠲᠡ + ᠲᠣᠰᠭᠣᠨ ᠤ᠋ ᠠᠷᠠᠳ + ᠮᠥᠩᠭᠥᠨ ᠭᠦᠶ᠋ᠯᠭᠡᠭᠡᠨ》 ᠤ᠋ ᠣᠯᠠᠨ ᠲᠠᠯ᠎ᠠ ᠡᠴᠡ ᠴᠤᠭ᠍ᠯᠠᠭᠤᠯᠬᠤ ᠲᠣᠭ᠍ᠲᠠᠴᠠ ᠵᠢᠨ ᠱᠢᠨ᠎ᠡ ᠶ᠋ᠢ ᠡᠭᠦᠳᠴᠠᠢ᠃ ᠣᠳᠣᠬᠠᠨ ᠳ᠋ᠤ ᠨᠢᠭᠡᠨᠲᠡ ᠪᠠᠢᠭᠤᠯᠤᠭ᠍ᠰᠠᠨ 41 ᠣᠶᠤᠨᠴᠢ ᠥᠨᠳᠥᠷ ᠬᠠᠯᠠᠭᠤᠨ ᠬᠦᠯᠡᠮᠵᠢ᠂ ᠵᠠᠯᠭᠠᠯᠳᠤᠭ᠍ᠰᠠᠨ ᠬᠦᠯᠡᠮᠵᠢ ᠳ᠋ᠤ ᠬᠥᠬᠡ ᠵᠢᠮᠢᠰᠭᠡᠨ᠎ᠡ᠂ ᠢᠩᠲᠣᠣᠷᠲᠤ ᠲᠥᠪᠡᠳ ᠬᠠᠰᠢ᠂ ᠵᠢᠮᠢᠰ ᠤ᠋ᠨ ᠥᠷᠭᠡᠰᠦᠲᠦ ᠬᠡᠮᠬᠡ ᠵᠡᠷᠭᠡ ᠥᠨᠳᠥᠷ ᠨᠡᠮᠡᠯᠲᠡ ᠥᠷᠲᠡᠭ᠌ᠲᠦ ᠲᠠᠷᠢᠮᠠᠯ ᠶᠠᠭ ᠢᠳᠡᠷᠡᠭᠦᠨ ᠵᠢᠡᠷ ᠤᠷᠭᠤᠵᠤ ᠪᠠᠢᠨ᠎ᠠ᠃

《ᠡᠷᠳᠡᠨᠢ ᠱᠢᠰᠢ ᠪᠡᠷ ᠵᠢᠱ᠌ᠢᠶᠡᠯᠡᠪᠡᠯ᠂ ᠮᠥ᠍ ᠪᠦᠷᠢ ᠵᠢᠨ ᠳᠤᠮᠳᠠᠴᠢ ᠴᠡᠪᠡᠷ ᠣᠷᠣᠯᠭ᠎ᠠ ᠨᠢ ᠪᠠᠷᠤᠭ 1200 ᠲᠥᠭᠥᠷᠢᠭ᠂ ᠨᠢᠭᠡ ᠮᠥ᠍ ᠥᠨᠳᠥᠷ ᠪᠠᠷᠢᠮᠵᠢᠶᠠᠲᠤ ᠲᠥᠬᠦᠭᠡᠷᠦᠮᠵᠢᠲᠦ ᠲᠠᠷᠢᠶᠠᠯᠠᠩ ᠤ᠋ᠨ ᠲᠣᠮᠣ ᠬᠦᠯᠡᠮᠵᠢ ᠵᠢᠨ ᠵᠢᠯ ᠳᠤᠮᠳᠠᠴᠢ ᠵᠢᠨ ᠴᠡᠪᠡᠷ ᠣᠷᠣᠯᠭ᠎ᠠ ᠨᠢ 5 ᠲᠦᠮᠡᠨ ᠲᠥᠭᠥᠷᠢᠭ ᠡᠴᠡ ᠳᠡᠭᠡᠭ᠌ᠰᠢ ᠪᠠᠢᠳᠠᠭ᠂ ᠡᠨᠡ ᠪᠣᠯ ᠳᠠᠷᠤᠶ 〈ᠨᠢᠭᠡ ᠮᠥ᠍ ᠬᠦᠯᠡᠮᠵᠢ ᠡᠴᠡ ᠠᠷᠪᠠᠨ ᠮᠥ᠍ ᠲᠠᠷᠢᠶ᠎ᠠ ᠬᠤᠷᠢᠶᠠᠬᠤ〉 ᠶ᠋ᠢᠨ ᠦᠷ᠎ᠡ ᠠᠱᠢᠭ ᠪᠣᠯᠤᠨ᠎ᠠ》 ᠭᠡᠵᠦ᠍ ᠮᠸᠩ ᠬᠠᠶ ᠪᠠᠯᠭᠠᠰᠤᠨ ᠤ᠋ ᠨᠠᠮ ᠤ᠋ᠨ ᠬᠣᠷᠢᠶᠠᠨ ᠤ᠋ ᠱᠦᠵᠢ ᠶᠠᠩ ᠵᠧᠩ ᠲᠠᠨᠢᠯᠴᠠᠭᠤᠯᠪᠠ᠃

ᠬᠦᠷᠢᠶᠡᠯᠡᠩ ᠲᠣᠭᠣᠷᠢᠭ ᠨᠢ ᠲᠠᠷᠢᠶᠠᠯᠠᠩ ᠤ᠋ᠨ ᠦᠶ᠋ᠯᠡᠳᠪᠦᠷᠢᠯᠡᠯ ᠤ᠋ᠨ ᠠᠷᠭ᠎ᠠ ᠮᠠᠶᠢᠭ ᠢ᠋ ᠬᠤᠪᠢᠷᠠᠭᠤᠯᠤᠭ᠍ᠰᠠᠨ ᠵᠢᠡᠷ ᠪᠠᠷᠠᠬᠤ ᠦᠭᠡᠢ ᠨᠠᠩ ᠴᠤ᠌ ᠲᠠᠷᠢᠶᠠᠴᠢᠨ ᠤ᠋ ᠪᠡᠶ᠎ᠡ ᠵᠢᠨ ᠭᠠᠷᠤᠯ ᠢ᠋ ᠳᠠᠬᠢᠨ ᠱᠤᠭᠤᠪᠠ᠃ ᠬᠣᠷᠱᠢᠶ᠎ᠠ ᠨᠢ ᠮᠡᠷᠭᠡᠵᠢᠯ ᠤ᠋ᠨ ᠪᠣᠯᠪᠠᠰᠤᠷᠠᠯ ᠬᠦᠷᠲᠡᠭᠡᠬᠦ᠌᠂ ᠠᠵᠢᠯ ᠣᠯᠭᠣᠬᠤ᠂ ᠠᠱᠢᠭ ᠣᠷᠣᠯᠭ᠎ᠠ ᠬᠤᠪᠢᠶᠠᠬᠤ ᠵᠡᠷᠭᠡ ᠬᠡᠯᠪᠡᠷᠢ ᠪᠡᠷ 200 ᠭᠠᠷᠤᠶ ᠲᠣᠰᠭᠣᠨ ᠤ᠋ ᠠᠷᠠᠳ ᠢ᠋ ᠣᠶᠤᠨᠴᠢ ᠲᠠᠷᠢᠶᠠᠯᠠᠩ ᠤ᠋ᠨ ᠠᠵᠤ ᠦᠶ᠋ᠯᠡᠰ ᠤ᠋ᠨ ᠬᠡᠯᠬᠢᠶ᠎ᠡ᠎ᠳᠦ ᠣᠷᠣᠯᠴᠠᠭᠤᠯᠪᠠ᠃ ᠲᠣᠰᠭᠣᠨ ᠤ᠋ ᠠᠷᠠᠳ ᠭᠠᠵᠠᠷ ᠱᠢᠷᠣᠶ ᠪᠡᠷ ᠵᠢᠡᠨ ᠬᠤᠪᠢ ᠣᠷᠣᠪᠠᠯ ᠮᠦ᠍ ᠪᠦᠷᠢ ᠡᠴᠡ ᠨᠢᠭᠡ ᠵᠢᠯ᠎ᠳᠤ 1200 ᠲᠥᠭᠥᠷᠢᠭ ᠤ᠋ᠨ ᠪᠠᠲᠤᠯᠠᠭᠠᠲᠤ ᠲᠦᠷᠢᠶᠡᠰᠦᠨ ᠮᠥᠩᠭᠥ ᠤᠯᠬᠤ ᠡᠴᠡ ᠭᠠᠳᠠᠨ᠎ᠠ ᠪᠠᠰᠠ ᠴᠡᠪᠡᠷ ᠠᠱᠢᠭ ᠬᠣᠨᠵᠢᠪᠣᠷᠢ ᠵᠢᠨ 40% ᠵᠢᠨ ᠠᠰᠢᠭ ᠬᠤᠪᠢᠶᠠᠷᠢᠯᠠᠯᠲᠠ ᠶ᠋ᠢ ᠡᠳ᠋ᠯᠡᠵᠦ᠍ ᠪᠣᠯᠤᠨ᠎ᠠ᠃ ᠨᠢᠳᠤᠨᠤᠨ ᠬᠣᠷᠱᠢᠶ᠎ᠠ ᠳ᠋ᠤ ᠣᠷᠣᠯᠴᠠᠭ᠍ᠰᠠᠨ ᠲᠠᠷᠢᠶᠠᠴᠢᠨ ᠡᠷᠦᠬᠡ ᠵᠢᠨ ᠡᠷᠦᠬᠡ ᠪᠦᠷᠢ ᠵᠢᠨ ᠣᠷᠣᠯᠭ᠎ᠠ ᠴᠥᠮ 2.3 ᠲᠦᠮᠡᠨ ᠲᠥᠭᠥᠷᠢᠭ ᠨᠡᠮᠡᠭ᠌ᠳᠡᠭᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号