ᠠᠭᠤᠯᠠᠨ ᠬᠤᠳᠠ ᠴᠦᠩᠴᠢᠩ ᠡᠴᠡ ᠠᠮᠢᠵᠢᠷᠠᠯ ᠤ᠋ᠨ ᠬᠦᠴᠦᠨ ᠲᠡᠶ ᠭᠤᠸᠠᠩᠳᠦ᠋ᠩ ᠱᠢᠶᠠᠩᠭᠠᠩ ᠣᠣᠮᠧᠨ ᠤ᠋ ᠶᠡᠬᠡ ᠪᠤᠯᠤᠩ ᠤ᠋ᠨ ᠣᠷᠣᠨ ᠬᠦᠷᠲᠡᠯ᠎ᠡ᠂ ᠠᠵᠢᠯ ᠲᠦᠷᠦᠯ ᠤ᠋ᠨ ᠱᠢᠨ᠎ᠡ ᠵᠢ ᠡᠭᠦᠳᠬᠦ᠌ ᠦᠪᠡᠳᠡᠭ᠌ᠰᠢ ᠴᠤᠭ᠍ᠯᠠᠭᠠᠨ ᠡᠴᠡ ᠠᠵᠤ ᠦᠢᠯᠡᠰ ᠤ᠋ᠨ ᠬᠥᠭ᠌ᠵᠢᠯᠲᠡ ᠶ᠋ᠢᠨ ᠡᠮᠦᠨ᠎ᠡ ᠹᠷᠣᠨᠲ ᠬᠦᠷᠲᠡᠯ᠎ᠡ᠂ ᠬᠣᠩ ᠶᠠᠨ ᠬᠤᠪᠢᠰᠭᠠᠯ ᠤ᠋ᠨ ᠳᠤᠷᠠᠰᠭᠠᠯ ᠤ᠋ᠨ ᠣᠷᠳᠣᠨ ᠡᠴᠡ ᠳᠤᠮᠳᠠᠳᠤ ᠶ᠋ᠢᠨ ᠪᠦᠬᠦ᠌ ᠤᠯᠤᠰ ᠤ᠋ᠨ ᠠᠵᠢᠯᠴᠢᠨ ᠤ᠋ ᠶᠡᠷᠦᠩᠬᠡᠢ ᠡᠪᠯᠡᠯ ᠤ᠋ᠨ ᠬᠠᠭᠤᠴᠢᠨ ᠪᠠᠭᠤᠷᠢ ᠶ᠋ᠢᠨ ᠳᠤᠷᠠᠰᠭᠠᠯ ᠤ᠋ᠨ ᠣᠷᠳᠣᠨ ᠬᠦᠷᠲᠡᠯ᠎ᠡ ᠁ ᠡᠨᠡ ᠵᠢᠯ ᠤ᠋ᠨ ᠬᠤᠶᠠᠷ ᠬᠤᠭᠤᠴᠠᠭᠠᠨ ᠤ᠋ ᠤᠮᠠᠷᠠᠲᠤ ᠬᠢᠯᠢ ᠶ᠋ᠢᠨ ᠤᠷᠠᠨ ᠲᠠᠷᠬᠠᠨ ᠤ᠋ ᠪᠣᠯᠪᠠᠰᠤᠷᠠᠯ ᠨᠢ ᠥᠪᠥᠷ ᠮᠣᠩᠭᠣᠯ ᠤ᠋ᠨ ᠡᠯ᠎ᠡ ᠠᠵᠢᠯ ᠲᠦᠷᠦᠯ ᠡᠴᠡ ᠢᠷᠡᠭ᠌ᠰᠡᠨ 40 ᠭᠠᠷᠤᠢ ᠬᠦᠮᠦᠨ ᠤ᠋ ᠤᠷ᠎ᠠ ᠴᠢᠳᠠᠪᠤᠷᠢ ᠵᠢ ᠤᠯᠠᠮ ᠴᠢᠨᠠᠭᠰᠢᠳᠠ ᠲᠠᠬᠡᠭᠰᠢᠯᠡᠬᠦᠯᠪᠡ᠃
ᠤᠮᠠᠷᠠᠲᠤ ᠬᠢᠯᠢ ᠶ᠋ᠢᠨ ᠤᠷᠠᠨ ᠳᠠᠷᠬᠠᠨ ᠤ᠋ ᠣᠷᠣᠨ ᠪᠦᠰᠡ ᠠᠯᠤᠰᠯᠠᠭ᠍ᠰᠠᠨ ᠪᠣᠯᠪᠠᠰᠤᠷᠠᠯ ᠥᠷᠨᠢᠭᠦᠯᠬᠦ᠌ ᠪᠣᠯ ᠥᠪᠡᠷᠲᠡᠭᠡᠨ ᠵᠠᠰᠠᠬᠤ ᠣᠷᠣᠨ ᠤ᠋ ᠠᠵᠢᠯᠴᠢᠨ ᠤ᠋ ᠶᠡᠷᠦᠩᠬᠡᠶ ᠡᠪᠯᠡᠯ ᠤ᠋ᠨ ᠨᠠᠮ ᠤ᠋ᠨ ᠬᠣᠷᠢᠳᠤᠭᠠᠷ ᠬᠤᠭᠤᠴᠠᠭᠠᠨ ᠤ᠋ ᠲᠥᠪ ᠬᠤᠷᠢᠶ᠎ᠠ ᠵᠢᠨ ᠳᠥᠷᠪᠡᠳᠦᠭᠡᠷ ᠪᠥᠬᠥᠳᠡ ᠬᠤᠷᠠᠯ ᠤ᠋ᠨ ᠵᠣᠷᠢᠭ ᠰᠠᠨᠠᠭ᠎ᠠ ᠵᠢ ᠭᠦᠨᠵᠡᠭᠡᠶ ᠲᠤᠭᠤᠱᠢᠯᠠᠭᠤᠯᠤᠨ ᠨᠠᠢᠳᠠᠪᠤᠷᠢᠵᠢᠭᠤᠯᠬᠤ ᠪᠣᠳᠠᠲᠠᠶ ᠠᠷᠭ᠎ᠠ ᠬᠡᠮᠵᠢᠶ᠎ᠡ ᠪᠤᠯᠤᠨ᠎ᠠ᠂ ᠪᠠᠰᠠ ᠴᠤ᠌ 《ᠤᠮᠠᠷᠠᠲᠤ ᠬᠢᠯᠢ ᠶ᠋ᠢᠨ ᠤᠷᠠᠨ ᠳᠠᠷᠬᠠᠨ ᠤ᠋ ᠴᠢᠳᠠᠪᠤᠷᠢᠲᠠᠨ ᠢ᠋ ᠬᠥᠮᠦᠵᠢᠭᠦᠯᠬᠦ᠌ ᠢᠨᠵᠧᠨᠧᠷᠢᠩ ᠢ᠋ ᠬᠡᠷᠡᠭ᠌ᠵᠢᠭᠦᠯᠬᠦ᠌ ᠠᠷᠭ᠎ᠠ》 ᠶ᠋ᠢ ᠦᠶ᠋ᠯᠡᠳᠦᠯᠭᠡᠵᠢᠭᠦᠯᠬᠦ᠌ ᠱᠢᠨ᠎ᠡ ᠦᠶ᠋ᠯᠡᠳᠦᠯᠭᠡ ᠶᠤᠮ᠃
ᠡᠪᠦᠯ ᠤ᠋ᠨ ᠡᠬᠢ ᠪᠡᠷ᠂ ᠥᠪᠡᠷᠲᠡᠭᠡᠨ ᠵᠠᠰᠠᠬᠤ ᠣᠷᠣᠨ ᠤ᠋ ᠠᠵᠢᠯᠴᠢᠨ ᠤ᠋ ᠶᠡᠷᠦᠩᠬᠡᠶ ᠡᠪᠯᠡᠯ ᠥᠪᠥᠷ ᠮᠣᠩᠭᠣᠯ ᠤ᠋ᠨ ᠠᠵᠤ ᠦᠶ᠋ᠯᠡᠰ ᠤ᠋ᠨ ᠬᠥᠭ᠌ᠵᠢᠯᠲᠡ ᠶ᠋ᠢᠨ ᠬᠡᠷᠡᠭ᠌ᠴᠡᠭᠡ ᠳ᠋ᠦ ᠰᠠᠭᠤᠷᠢᠯᠠᠨ ᠭᠤᠸᠠᠩᠳᠦ᠋ᠩ ᠳ᠋ᠦ ᠬᠣᠶᠠᠳᠤᠭᠠᠷ ᠬᠤᠭᠤᠴᠠᠭᠠᠨ ᠤ᠋ ᠤᠮᠠᠷᠠᠲᠤ ᠬᠢᠯᠢ ᠶ᠋ᠢᠨ ᠤᠷᠠᠨ ᠳᠠᠷᠬᠠᠨ ᠤ᠋ ᠪᠣᠯᠪᠠᠰᠤᠷᠠᠯ ᠢ᠋ ᠵᠣᠬᠢᠶᠠᠨ ᠪᠠᠢᠭᠤᠯᠤᠨ ᠥᠷᠨᠢᠭᠦᠯᠵᠦ᠍᠂ ᠥᠪᠥᠷ ᠮᠣᠩᠭᠣᠯ ᠤ᠋ᠨ ᠣᠲᠣ ᠦᠶ᠎ᠡ ᠶ᠋ᠢᠨ ᠰᠦ ᠶ᠋ᠢᠨ ᠦᠶ᠋ᠯᠡᠰ᠂ ᠱᠢᠨ᠎ᠡ ᠡᠨᠧᠷᠭᠢ᠂ ᠣᠶᠤᠨᠴᠢ ᠦᠶ᠋ᠯᠡᠳᠭᠡᠯ᠂ ᠠᠮᠢᠳᠤ ᠪᠣᠳᠠᠰ ᠤ᠋ᠨ ᠡᠮ ᠡᠮᠨᠡᠯᠭᠡ᠂ ᠣᠲᠣ ᠦᠶ᠎ᠡ ᠶ᠋ᠢᠨ ᠨᠡᠭᠦᠷᠡᠰᠦ ᠬᠢᠮᠢ ᠶ᠋ᠢᠨ ᠠᠵᠤ ᠦᠶ᠋ᠯᠡᠳᠪᠦᠷᠢ ᠵᠡᠷᠭᠡ ᠭᠤᠤᠯᠳᠠᠯᠭ᠎ᠠ ᠲᠠᠶ ᠠᠵᠤ ᠦᠶ᠋ᠯᠡᠰ ᠲᠡᠬᠢ ᠤᠮᠠᠷᠠᠲᠤ ᠬᠢᠯᠢ ᠶ᠋ᠢᠨ ᠤᠷᠠᠨ ᠳᠠᠷᠬᠠᠨ ᠢ᠋ᠶ᠋ᠡᠷ ᠬᠥᠮᠦᠵᠢᠭᠦᠯᠬᠦ᠌ 40 ᠭᠠᠷᠤᠶ ᠬᠦᠮᠦᠨ ᠨᠢᠭᠡ ᠲᠠᠩᠬᠢᠮ ᠳ᠋ᠦ ᠴᠤᠭ᠍ᠯᠠᠷᠠᠵᠤ᠂ ᠨᠢᠭᠡ ᠭᠠᠷᠠᠭ ᠰᠤᠳᠤᠯᠤᠨ ᠰᠤᠷᠤᠯᠴᠠᠬᠤ ᠪᠠᠷ ᠳᠡᠮᠵᠢᠨ ᠤᠷ᠎ᠠ ᠴᠢᠳᠠᠪᠤᠷᠢ ᠶ᠋ᠢᠨ ᠲᠦᠪᠱᠢᠨ ᠢ᠋ᠶ᠋ᠡᠨ ᠳᠡᠭᠡᠭ᠌ᠰᠢᠯᠡᠭᠦᠯᠵᠦ᠍ ᠂ ᠱᠢᠨ᠎ᠡ ᠵᠢ ᠡᠭᠦᠳᠬᠦ᠌ ᠬᠠᠷᠠᠭ᠎ᠠ ᠪᠠᠨ ᠥᠷᠭᠡᠳᠭᠡᠪᠡ᠃
《ᠡᠨᠡ ᠬᠦ᠌ ᠮᠢᠩᠭᠠᠨ ᠭᠠᠵᠠᠷ ᠠᠯᠤᠰᠯᠠᠭᠰᠠᠨ ᠪᠤᠯᠪᠠᠰᠤᠷᠠᠯ ᠢ᠋ᠶ᠋ᠡᠷ ᠳᠠᠮᠵᠢᠭᠠᠳ ᠪᠢ ᠲᠤᠮᠤ ᠤᠯᠤᠰ ᠤ᠋ᠨ ᠤᠷᠠᠨ ᠳᠠᠷᠬᠠᠨ ᠲᠠᠶ ᠠᠭᠤᠯᠵᠠᠭ᠍ᠰᠠᠨ ᠢ᠋ᠶ᠋ᠠᠷ ᠪᠠᠷᠠᠬᠤ ᠦᠭᠡᠢ ᠨᠡᠩ ᠴᠤ᠌ ᠬᠡᠷᠬᠢᠨ ᠳᠡᠳᠡᠨ ᠰᠢᠭ ᠤᠷᠠᠨ ᠳᠠᠷᠬᠠᠨ ᠪᠣᠯᠬᠤ ᠵᠢ ᠰᠡᠳᠬᠢᠬᠦ ᠪᠤᠯᠵᠠᠢ᠂ 〈ᠤᠷᠠᠨ ᠳᠠᠷᠬᠠᠨ ᠤ᠋ ᠲᠠᠪᠤᠨ ᠬᠦᠴᠦᠨ〉 ᠨᠢ ᠨᠠᠳᠠ ᠳ᠋ᠦ ᠨᠡᠩ ᠴᠤ᠌ ᠠᠵᠢᠯᠯᠠᠭᠠᠨ ᠤ᠋ ᠬᠥᠭᠥᠷᠭᠡ ᠪᠣᠯᠤᠭᠰᠠᠨ ᠶᠤᠮ》 ᠭᠡᠵᠦ ᠵᠥᠩ ᠲᠢᠶᠠᠨ ᠾᠧ ᠴᠤᠸᠠᠩ ᠬᠢᠮᠢ ᠶ᠋ᠢᠨ ᠠᠵᠤ ᠦᠶ᠋ᠯᠡᠳᠪᠦᠷᠢ ᠶ᠋ᠢᠨ ᠬᠤᠪᠢᠶᠠᠷᠢ ᠺᠣᠮᠫᠠᠨᠢ ᠶ᠋ᠢᠨ ᠰᠢᠨᠵᠢᠯᠡᠨ ᠱᠢᠯᠭᠠᠬᠤ ᠲᠥᠪ ᠤ᠋ᠨ ᠮᠡᠷᠭᠡᠵᠢᠯ ᠤ᠋ᠨ ᠬᠠᠮᠢᠶᠠᠷᠤᠯᠲᠠ ᠶ᠋ᠢᠨ ᠢᠨᠵᠧᠨᠧᠷ ᠯᠢᠦ ᠱᠢᠨ ᠬᠡᠯᠡᠨ᠎ᠠ᠃ ᠲᠣᠰ ᠤᠳᠠᠭ᠎ᠠ ᠵᠢᠨ ᠰᠤᠳᠤᠯᠤᠨ ᠰᠤᠷᠤᠯᠴᠠᠬᠤ ᠠᠵᠢᠯᠯᠠᠭ᠎ᠠ ᠨᠢ ᠳᠡᠬᠦᠨ ᠳ᠋ᠦ ᠤᠷ᠎ᠠ ᠴᠢᠳᠠᠪᠤᠷᠢ ᠪᠠᠨ ᠳᠡᠭᠡᠭ᠌ᠰᠢᠯᠡᠭᠦᠯᠬᠦ᠌ ᠴᠢᠭ᠌ᠯᠡᠯ ᠪᠠ ᠠᠷᠭ᠎ᠠ ᠵᠠᠮ ᠢ᠋ ᠤᠯᠭᠤᠭᠰᠠᠨ ᠪᠥᠭᠡᠳ ᠤᠷᠠᠨ ᠳᠠᠷᠬᠠᠨ ᠤ᠋ ᠬᠠᠷᠢᠭᠤᠴᠠᠯᠭ᠎ᠠ ᠪᠠ ᠡᠭᠦᠷᠭᠡᠯᠡᠯ ᠢ᠋ ᠨᠠᠩ ᠲᠣᠳᠣᠷᠬᠠᠶ ᠪᠣᠯᠭᠠᠵᠠᠶ᠃
ᠭᠤᠸᠠᠩᠵᠸᠤ ᠵᠢᠨ ᠡᠮ ᠡᠮᠨᠡᠯᠬᠡ ᠵᠢᠨ ᠪᠦᠯᠦᠭ᠌ᠯᠡᠯ ᠤ᠋ᠨ ᠭᠠᠷ ᠤᠷᠠᠯᠠᠯ ᠤ᠋ᠨ ᠣᠳᠣᠬᠢᠴᠢᠯᠠᠯᠳᠠ ᠵᠢᠨ ᠦᠶ᠋ᠯᠡᠳᠦᠯᠭᠡ᠂ ᠭᠤᠸᠠᠩᠵᠸᠤ ᠵᠢᠨ ᠪᠠᠶ ᠶᠦᠨ ᠴᠠᠬᠢᠯᠭᠠᠨ ᠬᠡᠷᠡᠭᠰᠡᠯ ᠤ᠋ᠨ ᠬᠢᠵᠠᠭᠠᠷᠳᠤ ᠺᠤᠮᠫᠠᠨᠢ ᠵᠢᠨ ᠪᠠᠷᠢᠮᠵᠢᠶ᠎ᠠ ᠵᠢ ᠴᠢᠩᠭ᠎ᠠ ᠡᠴᠡ ᠴᠢᠩᠭ᠎ᠠ ᠠᠳᠬᠤᠭᠰᠠᠨ᠂ ᠭᠤᠸᠠᠩᠵᠸᠤ ᠵᠢᠨ ᠮᠠᠰᠢᠨ ᠲᠡᠷᠬᠡᠨ ᠤ᠋ ᠪᠦᠯᠦᠭ᠌ᠯᠡᠯ ᠤ᠋ᠨ ᠬᠢᠵᠠᠭᠠᠷᠳᠤ ᠺᠤᠮᠫᠠᠨᠢ ᠵᠢᠨ ᠱᠢᠨ᠎ᠡ ᠡᠨᠧᠷᠭᠢ ᠶ᠋ᠢᠨ ᠮᠡᠷᠭᠡᠵᠢᠯ ᠢ᠋ᠶ᠋ᠡᠷ ᠠᠵᠢᠯ ᠲᠥᠷᠥᠯ ᠤ᠋ᠨ ᠬᠤᠪᠢᠰᠤᠯᠲᠠ ᠵᠢ ᠬᠥᠲᠥᠯᠥᠨ ᠳᠠᠭᠠᠭᠤᠯᠤᠭᠰᠠᠨ ᠁ ᠤᠮᠠᠷᠠᠲᠤ ᠬᠢᠯᠢ ᠶ᠋ᠢᠨ ᠤᠷᠠᠨ ᠳᠠᠷᠬᠠᠨ ᠤ᠋ ᠪᠣᠯᠪᠠᠰᠤᠷᠠᠯ ᠨᠢ ᠲᠡᠷᠢᠭᠦᠨ ᠤ᠋ ᠬᠢ ᠲᠡᠶ ᠬᠠᠷᠭᠤᠭᠤᠯᠤᠨ᠂ ᠬᠠᠷᠢᠯᠴᠠᠨ ᠰᠣᠯᠢᠯᠴᠠᠵᠤ ᠬᠠᠷᠢᠯᠴᠠᠨ ᠲᠣᠯᠢᠯᠠᠬᠤ ᠵᠢ ᠪᠠᠷᠢᠮᠲᠠᠯᠠᠵᠤ᠂ ᠴᠢᠳᠠᠪᠤᠷᠢᠲᠠᠨ ᠢ᠋ ᠬᠥᠮᠦᠵᠢᠭᠦᠯᠬᠦ᠌ ᠵᠠᠭ᠍ᠪᠤᠷ ᠤ᠋ᠨ ᠱᠢᠨ᠎ᠡ ᠵᠢ ᠡᠬᠦᠳᠤᠨ᠂ ᠣᠶᠤᠨᠴᠢ ᠦᠶ᠋ᠯᠡᠳᠬᠦ᠌ ᠲᠠᠰᠤᠭ ᠪᠤᠯᠤᠨ ᠮᠡᠷᠭᠡᠵᠢᠯ ᠤ᠋ᠨ ᠱᠢᠨ᠎ᠡ ᠵᠢ ᠡᠭᠦᠳᠬᠦ᠌ ᠲᠥᠪ ᠢ᠋ ᠲᠤᠬᠠᠶ ᠶ᠋ᠢᠨ ᠲᠠᠯᠠᠪᠠᠶ ᠶ᠋ᠢᠨ ᠬᠢᠴᠢᠶᠡᠯ ᠤ᠋ᠨ ᠲᠠᠩᠬᠢᠮ ᠪᠣᠯᠭᠠᠨ ᠬᠤᠪᠢᠷᠠᠭᠤᠯᠵᠤ᠂ ᠤᠮᠠᠷᠠᠲᠤ ᠬᠢᠯᠢ ᠶ᠋ᠢᠨ ᠤᠷᠠᠨ ᠳᠠᠷᠬᠠᠨ ᠢ᠋ᠶ᠋ᠡᠷ ᠬᠥᠮᠦᠵᠢᠭᠦᠯᠬᠦ᠌ ᠡᠲᠡᠭᠡᠳ ᠢ᠋ ᠵᠣᠬᠢᠶᠠᠨ ᠪᠠᠢᠭᠤᠯᠤᠨ ᠠᠵᠢᠯ ᠲᠥᠷᠥᠯ ᠤ᠋ᠨ ᠳᠠᠭᠠᠭᠤᠯᠤᠭ᠍ᠴᠢ ᠠᠵᠤ ᠠᠬᠤᠢᠯᠠᠯ ᠳ᠋ᠦ ᠣᠴᠢᠭᠤᠯᠵᠤ᠂ ᠲᠤᠮᠤ ᠤᠯᠤᠰ ᠤ᠋ᠨ ᠤᠷᠠᠨ ᠳᠠᠷᠬᠠᠨ ᠪᠤᠯᠤᠨ ᠲᠤᠰᠭᠠᠶ ᠮᠡᠷᠭᠡᠵᠢᠯ ᠤ᠋ᠨ ᠠᠵᠢᠯᠴᠢᠨ ᠡᠴᠡ ᠲᠤᠰᠭᠠᠶ ᠰᠡᠳᠦᠪᠲᠦ ᠲᠠᠢᠯᠤᠮᠵᠢ ᠬᠢᠬᠦ᠂ ᠨᠡᠢᠳᠡᠯᠢᠭ ᠵᠢᠱ᠌ᠢᠶ᠎ᠡ ᠵᠢ ᠰᠤᠳᠤᠯᠤᠨ ᠶᠠᠷᠢᠯᠴᠠᠬᠤ ᠵᠡᠷᠬᠡ ᠠᠵᠢᠯᠯᠠᠭ᠎ᠠ ᠥᠷᠨᠢᠭᠦᠯᠵᠦ᠍᠂ ᠭᠦᠨᠵᠡᠭᠡᠶ ᠰᠣᠯᠢᠯᠴᠠᠨ ᠬᠤᠤᠰ ᠴᠢᠭ᠌ᠯᠡᠯ ᠢ᠋ᠶ᠋ᠡᠷ ᠨᠡᠪᠲᠡᠷᠡᠯᠴᠡᠬᠦ᠌ ᠳᠤᠮᠳᠠ ᠲᠡᠷᠢᠭᠦᠨ ᠤ᠋ ᠮᠡᠷᠭᠡᠵᠢᠯ ᠢ᠋ ᠰᠤᠷᠤᠯᠴᠠᠵᠤ᠂ ᠪᠣᠯᠪᠠᠰᠤᠷᠠᠩᠭᠤᠶ ᠲᠤᠷᠱᠢᠯᠭ᠎ᠠ ᠵᠢ ᠨᠢ ᠲᠣᠯᠢᠯᠠᠨ ᠠᠰᠢᠬᠯᠠᠬᠤ ᠵᠢ ᠠᠬᠢᠭᠤᠯᠪᠠ᠃
ᠬᠤᠸᠠ ᠨᠧᠩ ᠪᠦᠯᠦᠭᠯᠡᠯ ᠤ᠋ᠨ ᠥᠪᠥᠷ ᠮᠣᠩᠭᠣᠯ ᠤ᠋ᠨ ᠵᠡᠭᠦᠨ ᠬᠡᠰᠡᠭ ᠤ᠋ᠨ ᠱᠢᠨ᠎ᠡ ᠡᠨᠧᠷᠭᠢ ᠶ᠋ᠢᠨ ᠺᠣᠮᠫᠠᠨᠢ ᠶ᠋ᠢᠨ ᠠᠷᠤᠨ ᠬᠣᠱᠢᠭᠤᠨ ᠤ᠋ ᠡᠵᠡᠩᠨᠡᠯᠳᠡ ᠠᠷᠠᠴᠢᠯᠠᠭ᠎ᠠ ᠶ᠋ᠢᠨ ᠥᠷᠲᠡᠭᠡ ᠶ᠋ᠢᠨ ᠳᠠᠷᠤᠭ᠎ᠠ ᠯᠢᠦ ᠵᠢᠶᠠ ᠮᠢᠩ ᠭᠤᠷᠪᠠᠳᠤᠭᠠᠷ ᠬᠤᠭᠤᠴᠠᠭᠠᠨ ᠤ᠋ ᠲᠤᠮᠤ ᠤᠯᠤᠰ ᠤ᠋ᠨ ᠤᠷᠠᠨ ᠳᠠᠷᠬᠠᠨ ᠤ᠋ ᠱᠢᠨ᠎ᠡ ᠵᠢ ᠡᠭᠦᠳᠬᠦ᠌ ᠰᠣᠯᠢᠯᠴᠠᠭᠠᠨ ᠤ᠋ ᠶᠡᠬᠡ ᠬᠤᠷᠠᠯ ᠵᠢᠴᠢ ᠲᠤᠮᠤ ᠤᠯᠤᠰ ᠤ᠋ᠨ ᠤᠷᠠᠨ ᠳᠠᠷᠬᠠᠨ ᠤ᠋ ᠶᠠᠷᠢᠶᠠᠨ ᠤ᠋ ᠳᠠᠪᠴᠠᠩᠤᠨ ᠬᠤᠭᠤᠴᠠᠭᠠᠨ ᠳ᠋ᠦ ᠴᠦᠩᠴᠢᠩ ᠳ᠋ᠦ ᠶᠠᠪᠤᠭ᠍ᠳᠠᠭ᠍ᠰᠠᠨ ᠠᠩᠬᠠᠳᠤᠭᠠᠷ ᠬᠤᠭᠤᠴᠠᠭᠠᠨ ᠤ᠋ ᠤᠮᠠᠷᠠᠲᠤ ᠬᠢᠯᠢ ᠶ᠋ᠢᠨ ᠤᠷᠠᠨ ᠳᠠᠷᠬᠠᠨ ᠤ᠋ ᠪᠣᠯᠪᠠᠰᠤᠷᠠᠯ ᠳ᠋ᠤ ᠤᠷᠤᠯᠴᠠᠭᠰᠠᠨ ᠶᠤᠮ᠃ 《ᠴᠦᠩᠴᠢᠩ ᠳᠡᠬᠢ ᠪᠣᠯᠪᠠᠰᠤᠷᠠᠯ ᠳ᠋ᠦ 〈ᠠᠵᠤ ᠦᠶ᠋ᠯᠡᠰ ᠤ᠋ᠨ ᠬᠡᠯᠬᠢᠶ᠎ᠡ ᠶ᠋ᠢᠨ ᠬᠠᠮᠵᠢᠯᠴᠠᠨ ᠱᠢᠨ᠎ᠡ ᠵᠢ ᠡᠭᠦᠳᠬᠦ᠌〉 ᠲᠤᠬᠠᠶ ᠨᠠᠩ ᠭᠦᠨᠵᠡᠭᠡᠶ ᠣᠢᠯᠠᠭᠠᠯᠲᠠ ᠲᠠᠶ ᠪᠣᠯᠵᠠᠢ᠃ ᠠᠵᠢᠯ ᠤ᠋ᠨ ᠪᠠᠢᠷᠢ ᠳ᠋ᠠᠭᠠᠨ ᠪᠤᠴᠠᠭ᠍ᠰᠠᠨ ᠤ᠋ ᠳᠠᠷᠠᠭ᠎ᠠ ᠪᠢ ᠪᠦᠯᠬᠦᠮ ᠢ᠋ᠶ᠋ᠡᠨ ᠳᠠᠭᠠᠭᠤᠯᠤᠨ ᠮᠡᠷᠭᠡᠵᠢᠯ ᠤ᠋ᠨ ᠱᠢᠨ᠎ᠡ ᠵᠢ ᠡᠭᠦᠳᠬᠦ᠌ ᠵᠢ ᠦᠷᠭᠦᠯᠵᠢᠯᠡᠨ ᠠᠬᠢᠭᠤᠯᠵᠤ᠂ ᠣᠳᠣᠬᠠᠨ ᠳ᠋ᠦ ᠨᠢᠭᠡᠨᠲᠡ 10 ᠭᠠᠷᠤᠶ ᠵᠦᠶ᠋ᠯ ᠤ᠋ᠨ ᠬᠡᠷᠡᠭ᠌ᠯᠡᠭᠡᠨ ᠤ᠋ ᠱᠢᠨ᠎ᠡ ᠬᠡᠯᠪᠡᠷᠢ ᠶ᠋ᠢᠨ ᠲᠤᠰᠭᠠᠶ ᠠᠱᠢᠭ ᠢ᠋ ᠣᠯᠵᠤ᠂ ᠣᠯᠠᠨ ᠬᠤᠪᠢ ᠮᠡᠷᠭᠡᠵᠢᠯ ᠤ᠋ᠨ ᠥᠭᠦᠯᠡᠯ ᠨᠡᠢᠲᠡᠯᠡᠪᠠ》 ᠬᠡᠵᠤ ᠯᠢᠦ ᠵᠢᠶᠠ ᠮᠢᠩ ᠤᠷᠮᠠᠳᠠᠢ ᠶᠠᠷᠢᠨ᠎ᠠ᠃
ᠪᠣᠯᠪᠠᠰᠤᠷᠠᠯ ᠤ᠋ᠨ ᠲᠡᠭᠦᠰᠭᠦ ᠶᠣᠰᠣᠯᠠᠯ ᠳᠡᠭᠡᠷ᠎ᠡ᠂ ᠤᠮᠠᠷᠠᠲᠤ ᠬᠢᠯᠢ ᠶ᠋ᠢᠨ ᠤᠷᠠᠨ ᠳᠠᠷᠬᠠᠨ ᠤ᠋ ᠪᠤᠯᠪᠠᠰᠤᠷᠠᠯ ᠳ᠋ᠤ ᠤᠷᠤᠯᠴᠠᠭᠰᠠᠨ 6 ᠲᠥᠯᠥᠭᠡᠯᠡᠭ᠌ᠴᠢ ᠨᠠᠮ ᠤ᠋ᠨ ᠬᠣᠷᠢᠳᠤᠭᠠᠷ ᠬᠤᠭᠤᠴᠠᠭᠠᠨ ᠤ᠋ ᠲᠥᠪ ᠬᠤᠷᠢᠶ᠎ᠠ ᠵᠢᠨ ᠳᠥᠷᠪᠡᠳᠦᠭᠡᠷ ᠪᠥᠬᠥᠳᠡ ᠬᠤᠷᠠᠯ ᠤ᠋ᠨ ᠵᠣᠷᠢᠭ ᠰᠠᠨᠠᠭ᠎ᠠ ᠵᠢ ᠰᠤᠷᠤᠯᠴᠠᠨ ᠲᠤᠭᠤᠱᠢᠯᠠᠭᠤᠯᠬᠤ ᠶ᠋ᠢᠨ ᠲᠣᠭᠣᠷᠢᠨ ᠳ᠋ᠦ ᠲᠣᠰ ᠲᠣᠰ ᠤ᠋ᠨ ᠠᠵᠢᠯ ᠲᠥᠷᠥᠯ ᠤ᠋ᠨ ᠪᠣᠳᠠᠲᠤ ᠪᠠᠢᠳᠠᠯ ᠲᠠᠶ ᠪᠠᠨ ᠤᠶᠠᠯᠳᠤᠭᠤᠯᠤᠨ ᠰᠤᠳᠤᠯᠤᠨ ᠰᠤᠷᠤᠯᠴᠠᠭ᠍ᠰᠠᠨ ᠣᠯᠤᠯᠲᠠ ᠲᠥᠷᠥᠭ᠌ᠳᠡᠯ ᠢ᠋ᠶ᠋ᠡᠨ ᠬᠤᠪᠢᠶᠠᠯᠴᠠᠵᠤ᠂ ᠠᠵᠢᠯ ᠤ᠋ᠨ ᠪᠠᠢᠷᠢ ᠶ᠋ᠢᠨ ᠡᠭᠦᠷᠭᠡ ᠬᠠᠷᠢᠭᠤᠴᠠᠯᠭ᠎ᠠ ᠳ᠋ᠠᠭᠠᠨ ᠰᠠᠭᠤᠷᠢᠯᠠᠨ ᠠᠵᠤ ᠦᠶ᠋ᠯᠡᠰ ᠤ᠋ᠨ ᠬᠥᠭ᠌ᠵᠢᠯᠲᠡ ᠵᠢ ᠬᠦᠴᠦᠯᠡᠨ ᠠᠬᠢᠭᠤᠯᠬᠤ ᠡᠷᠴᠢ ᠵᠣᠷᠢᠭ ᠢ᠋ᠶ᠋ᠠᠨ ᠢᠯᠡᠳᠭᠡᠪᠡ᠃
《ᠨᠠᠮ ᠤ᠋ᠨ ᠬᠣᠷᠢᠳᠤᠭᠠᠷ ᠬᠤᠭᠤᠴᠠᠭᠠᠨ ᠤ᠋ ᠲᠥᠪ ᠬᠤᠷᠢᠶ᠎ᠠ ᠵᠢᠨ ᠳᠥᠷᠪᠡᠳᠦᠭᠡᠷ ᠪᠦᠬᠦᠳᠡ ᠬᠤᠷᠠᠯ ᠡᠴᠡ 〈ᠥᠨᠳᠥᠷ ᠲᠦᠪᠱᠢᠨ ᠪᠦᠬᠦᠢ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠢ᠋ ᠪᠡᠶ᠎ᠡ ᠪᠡᠨ ᠳᠠᠭᠠᠭᠠᠨ ᠬᠦᠴᠦᠷᠬᠡᠭ᠌ᠵᠢᠬᠦᠯᠬᠦ ᠵᠢ ᠲᠦᠷᠭᠡᠳᠭᠡᠵᠦ᠍᠂ ᠱᠢᠨ᠎ᠡ ᠴᠢᠨᠠᠷ ᠤ᠋ᠨ ᠦᠢᠯᠡᠳᠪᠦᠷᠢᠯᠡᠯ ᠤ᠋ᠨ ᠬᠦᠴᠦᠨ ᠢ᠋ ᠬᠦᠭᠵᠢᠬᠦᠯᠬᠦ ᠵᠢ ᠬᠦᠳᠦᠯᠥᠨ ᠳᠠᠭᠠᠭᠤᠯᠤᠨ᠎ᠠ〉 ᠭᠡᠵᠦ᠍ ᠳᠤᠷᠠᠳᠴᠤ᠌᠂ ᠮᠠᠨ ᠤ᠋ ᠠᠵᠤ ᠦᠢᠯᠡᠰ ᠤ᠋ᠨ ᠠᠵᠢᠯᠴᠢᠨ ᠪᠣᠯᠤᠨ ᠤᠷᠠᠨ ᠳᠠᠷᠬᠠᠨ ᠴᠢᠳᠠᠪᠤᠷᠢᠲᠠᠨ ᠳ᠋ᠦ ᠤᠷᠤᠭ᠍ᠰᠢᠯᠠᠬᠤ ᠴᠢᠭ᠌ᠯᠡᠯ ᠢ᠋ ᠲᠣᠳᠣᠷᠬᠠᠢ ᠵᠢᠭᠠᠵᠤ ᠥᠭ᠌ᠴᠡᠢ》 ᠬᠡᠵᠤ ᠤᠯᠤᠰ ᠤ᠋ᠨ ᠡᠨ᠋ᠸᠷᠬᠢ ᠵᠢᠨ ᠪᠦᠯᠦᠭᠯᠡᠯ ᠤ᠋ᠨ ᠤᠮᠠᠷᠠᠳᠤ ᠵᠢᠨ ᠴᠠᠬᠢᠯᠭᠠᠨ ᠤ᠋ ᠱᠸᠩᠯᠢ ᠡᠨ᠋ᠸᠷᠬᠢ ᠵᠢᠨ ᠬᠢᠵᠠᠭᠠᠷᠳᠤ ᠺᠤᠮᠫᠠᠨᠢ ᠵᠢᠨ ᠬᠠᠳᠠᠭᠠᠯᠠᠵᠤ ᠵᠥᠭᠡᠭᠡᠪᠦᠷᠢᠯᠡᠬᠦ᠌ ᠲᠥᠪ ᠤ᠋ᠨ ᠨᠢᠭᠡᠳᠦᠭᠡᠷ ᠳᠡᠰ ᠤ᠋ᠨ ᠮᠡᠷᠭᠡᠵᠢᠯ ᠤ᠋ᠨ ᠪᠠᠭ᠍ᠰᠢᠳᠠᠨ ᠵᠠᠩ ᡁᠢ ᠸᠸᠨ ᠬᠡᠯᠡᠭᠰᠡᠨ ᠵᠢᠡᠨ 《ᠨᠡᠭᠦᠷᠡᠰᠦᠨ ᠤ᠋ ᠠᠵᠢᠯ ᠲᠦᠷᠦᠯ ᠢ᠋ ᠦᠷᠭᠦᠯᠵᠢᠯᠡᠨ ᠭᠦᠨᠵᠡᠭᠡᠢᠷᠡᠭᠦᠯᠵᠦ᠍᠂ ᠱᠢᠨ᠎ᠡ ᠵᠢ ᠡᠭᠦᠳᠬᠦ᠌ ᠵᠠᠮ ᠳᠡᠭᠡᠷ᠎ᠡ ᠵᠣᠷᠢᠭ᠍ᠲᠠᠢ ᠪᠠᠷ ᠨᠣᠶᠠᠨ ᠤᠷᠬᠢᠯ ᠳ᠋ᠦ ᠭᠠᠷᠴᠤ᠌᠂ ᠨᠡᠩ ᠤᠯᠠᠨ ᠠᠵᠢᠯ ᠲᠦᠷᠦᠯ ᠤ᠋ᠨ ᠬᠦᠴᠢᠷ ᠠᠰᠠᠭᠤᠳᠠᠯ ᠢ᠋ ᠱᠢᠢᠳᠪᠦᠷᠢᠯᠡᠨ᠂ ᠠᠵᠢᠯ ᠲᠦᠷᠦᠯ ᠳ᠋ᠦ ᠨᠡᠩ ᠤᠯᠠᠨ ᠭᠣᠣᠯᠯᠠᠭ᠍ᠴᠢ ᠬᠦᠴᠦᠨ ᠢ᠋ ᠬᠦᠮᠦᠵᠢᠬᠦᠯᠵᠦ᠂ ᠠᠵᠤ ᠦᠢᠯᠡᠰ ᠤ᠋ᠨ ᠬᠡᠯᠬᠢᠶ᠎ᠡ ᠶ᠋ᠢᠨ ᠬᠠᠮᠵᠢᠯᠴᠠᠭ᠎ᠠ ᠳᠤᠮᠳᠠ ᠤᠷᠠᠨ ᠲᠠᠷᠬᠠᠨ ᠤ᠋ ᠦᠨ᠎ᠡ ᠦᠷᠳᠡᠭ ᠢ᠋ ᠢᠯᠡᠷᠡᠭᠦᠯᠦᠨ᠎ᠡ》 ᠭᠡᠵᠤ ᠢᠯᠡᠳᠬᠡᠵᠤ ᠪᠠᠢᠯ᠎ᠠ᠃
《ᠱᠢᠨ᠎ᠡ ᠴᠠᠭ ᠦᠶ᠎ᠡ ᠶ᠋ᠢᠨ ᠤᠷᠠᠨ ᠳᠠᠷᠬᠠᠨ ᠴᠢᠳᠠᠪᠤᠷᠢᠲᠠᠳ ᠪᠥᠬᠥᠳᠡ ᠬᠤᠷᠠᠯ ᠤ᠋ᠨ ᠵᠣᠷᠢᠭ ᠰᠠᠨᠠᠭ᠎ᠠ ᠵᠢ ᠭᠦᠨᠵᠡᠭᠡᠶ ᠣᠢᠯᠠᠭᠠᠬᠤ ᠵᠢᠨ ᠬᠠᠮᠳᠤ ᠴᠢᠨᠠᠷ ᠰᠠᠢᠲᠠᠶ ᠬᠥᠭ᠌ᠵᠢᠯᠲᠡ ᠵᠢ ᠠᠬᠢᠭᠤᠯᠬᠤ ᠪᠣᠳᠠᠲᠤ ᠠᠵᠢᠯᠯᠠᠭ᠎ᠠ ᠪᠣᠯᠭᠠᠨ ᠬᠤᠪᠢᠷᠠᠭᠤᠯᠵᠤ᠂ ᠲᠣᠰ ᠲᠣᠰ ᠤ᠋ᠨ ᠠᠵᠢᠯ ᠤ᠋ᠨ ᠪᠠᠢᠷᠢ ᠳᠡᠭᠡᠷ᠎ᠡ ᠪᠡᠨ ᠤᠷᠠᠨ ᠳᠠᠷᠬᠠᠨ ᠤ᠋ ᠵᠣᠷᠢᠭ ᠰᠠᠨᠠᠭ᠎ᠠ ᠵᠢ ᠪᠠᠳᠠᠷᠠᠭᠤᠯᠤᠨ᠂ ᠲᠤᠰᠭᠠᠶ ᠮᠡᠷᠭᠡᠵᠢᠯ ᠤ᠋ᠨ ᠤᠷ᠎ᠠ ᠴᠢᠳᠠᠪᠤᠷᠢ ᠪᠠᠨ ᠳᠠᠪᠲᠠᠨ ᠪᠣᠯᠪᠠᠰᠤᠷᠠᠭᠤᠯᠵᠤ᠂ ᠰᠤᠳᠤᠯᠤᠨ ᠰᠤᠷᠤᠯᠴᠠᠭᠰᠠᠨ ᠮᠡᠳᠡᠯᠭᠡ ᠮᠡᠷᠭᠡᠵᠢᠯ ᠢ᠋ᠶ᠋ᠠᠨ ᠲᠤᠬᠠᠢᠯᠠᠭᠰᠠᠨ ᠠᠵᠢᠯ ᠳ᠋ᠠᠭᠠᠨ ᠦᠨᠡᠨ ᠬᠦ᠌ ᠬᠡᠷᠡᠭ᠌ᠯᠡᠵᠦ᠍᠂ ᠳᠤᠮᠳᠠᠳᠤ ᠤᠯᠤᠰ ᠤ᠋ᠨ ᠮᠠᠶᠢᠭ ᠤ᠋ᠨ ᠣᠳᠣᠬᠢᠴᠢᠯᠠᠯᠲᠠ ᠶ᠋ᠢᠨ ᠪᠥᠲᠥᠭᠡᠨ ᠪᠠᠢᠭᠤᠯᠤᠯᠲᠠ ᠳ᠋ᠦ ᠤᠮᠠᠷᠠᠲᠤ ᠬᠢᠯᠢ ᠶ᠋ᠢᠨ ᠤᠷᠠᠨ ᠳᠠᠷᠬᠠᠨ ᠤ᠋ ᠡᠭᠦᠷᠭᠡ ᠬᠠᠷᠢᠭᠤᠴᠠᠯᠭ᠎ᠠ ᠪᠠᠨ ᠢᠯᠡᠷᠡᠬᠦᠯᠦᠶᠠ》 ᠭᠡᠵᠦ ᠥᠪᠡᠷᠲᠡᠭᠡᠨ ᠵᠠᠰᠠᠬᠤ ᠣᠷᠣᠨ ᠤ᠋ ᠠᠵᠢᠯᠴᠢᠨ ᠤ᠋ ᠶᠡᠷᠦᠩᠬᠡᠶ ᠡᠪᠯᠡᠯ ᠤ᠋ᠨ ᠬᠠᠮᠢᠶ᠎ᠠ ᠪᠥᠬᠥᠶ ᠬᠠᠷᠢᠭᠤᠴᠠᠯᠭᠠᠲᠠᠨ ᠨᠠᠮ ᠤ᠋ᠨ ᠬᠣᠷᠢᠳᠤᠭᠠᠷ ᠬᠤᠭᠤᠴᠠᠭᠠᠨ ᠤ᠋ ᠲᠥᠪ ᠬᠤᠷᠢᠶ᠎ᠠ ᠵᠢᠨ ᠳᠥᠷᠪᠡᠳᠦᠭᠡᠷ ᠪᠥᠬᠥᠳᠡ ᠬᠤᠷᠠᠯ ᠤ᠋ᠨ ᠵᠣᠷᠢᠭ ᠰᠠᠨᠠᠭ᠎ᠠ ᠵᠢ ᠤᠬᠠᠭᠤᠯᠤᠨ ᠲᠠᠢᠯᠪᠤᠷᠢᠯᠠᠨ᠎ᠠ᠃
ᠬᠣᠶᠠᠷ ᠬᠤᠭᠤᠴᠠᠭᠠᠨ ᠤ᠋ ᠤᠮᠠᠷᠠᠲᠤ ᠬᠢᠯᠢ ᠶ᠋ᠢᠨ ᠤᠷᠠᠨ ᠳᠠᠷᠬᠠᠨ ᠤ᠋ ᠪᠣᠯᠪᠠᠰᠤᠷᠠᠯ ᠳ᠋ᠤ ᠣᠷᠣᠨ ᠪᠦᠰᠡ ᠠᠯᠤᠰᠯᠠᠭ᠍ᠰᠠᠨ ᠰᠣᠯᠢᠯᠴᠠᠭ᠎ᠠ ᠬᠠᠮᠲᠤᠷᠠᠯᠴᠠᠭ᠎ᠠ ᠶ᠋ᠢᠨ ᠲᠠᠪᠴᠠᠩ ᠢ᠋ ᠪᠠᠢᠭᠤᠯᠬᠤ ᠪᠠᠷ ᠳᠡᠮᠵᠢᠨ ᠤᠷᠠᠨ ᠳᠠᠷᠬᠠᠨ ᠴᠢᠳᠠᠪᠤᠷᠢᠲᠠᠨ ᠢ᠋ ᠬᠥᠮᠦᠵᠢᠭᠦᠯᠬᠦ᠌ ᠵᠠᠭ᠍ᠪᠤᠷ ᠤ᠋ᠨ ᠱᠢᠨ᠎ᠡ ᠵᠢ ᠡᠭᠦᠳᠴᠦ᠍᠂ ᠤᠮᠠᠷᠠᠲᠤ ᠬᠢᠯᠢ ᠶ᠋ᠢᠨ ᠤᠷᠠᠨ ᠳᠠᠷᠬᠠᠨ ᠤ᠋ ᠶᠡᠷᠦᠩᠬᠡᠢᠯᠡᠭ᠌ᠰᠡᠨ ᠬᠡᠪ ᠪᠣᠯᠪᠠᠰᠤᠷᠠᠯ ᠢ᠋ ᠪᠦᠲᠦᠮᠵᠢᠲᠡᠶ ᠳᠡᠭᠡᠭ᠌ᠰᠢᠯᠡᠭᠦᠯᠵᠦ᠍᠂ ᠠᠵᠤ ᠦᠶ᠋ᠯᠡᠰ ᠤ᠋ᠨ ᠮᠡᠷᠭᠡᠵᠢᠯ ᠪᠤᠯᠤᠨ ᠴᠢᠳᠠᠪᠤᠷᠢᠲᠠᠨ ᠤ᠋ ᠡᠬᠢ ᠪᠠᠶᠠᠯᠢᠭ ᠵᠡᠷᠭᠡ ᠲᠠᠯ᠎ᠠ ᠶ᠋ᠢᠨ ᠰᠣᠯᠢᠯᠴᠠᠭ᠎ᠠ ᠬᠠᠮᠲᠤᠷᠠᠯᠴᠠᠭ᠎ᠠ ᠵᠢ ᠴᠢᠩᠭᠠᠳᠭᠠᠭ᠍ᠰᠠᠨ ᠢ᠋ᠶ᠋ᠠᠷ ᠪᠠᠷᠠᠬᠤ ᠥᠬᠡᠶ᠂ ᠨᠠᠩ ᠴᠤ᠌ ᠥᠪᠥᠷ ᠮᠣᠩᠭᠣᠯ ᠤ᠋ᠨ ᠥᠨᠳᠥᠷ ᠬᠡᠪ ᠪᠣᠯᠪᠠᠰᠤᠷᠠᠯ ᠪᠦᠬᠦᠢ ᠠᠵᠤ ᠦᠶ᠋ᠯᠡᠰ ᠤ᠋ᠨ ᠠᠵᠢᠯᠴᠢᠨ ᠤ᠋ ᠡᠩᠨᠡᠭᠡ ᠵᠢ ᠪᠠᠢᠭᠤᠯᠬᠤ᠂ ᠱᠢᠨ᠎ᠡ ᠴᠢᠨᠠᠷ ᠤ᠋ᠨ ᠦᠶ᠋ᠯᠡᠳᠪᠦᠷᠢᠯᠡᠯ ᠤ᠋ᠨ ᠬᠦᠴᠦᠨ ᠢ᠋ ᠲᠦᠷᠭᠡᠳᠭᠡᠨ ᠪᠣᠢᠵᠢᠭᠤᠯᠬᠤ᠂ ᠠᠵᠤ ᠦᠶ᠋ᠯᠡᠰ ᠤ᠋ᠨ ᠴᠢᠨᠠᠷ ᠰᠠᠢᠲᠠᠶ ᠬᠥᠭ᠌ᠵᠢᠯᠲᠡ ᠵᠢ ᠠᠬᠢᠭᠤᠯᠬᠤ ᠱᠢᠨ᠎ᠡ ᠠᠷᠭ᠎ᠠ ᠵᠠᠮ ᠢ᠋ ᠬᠠᠢᠨ ᠰᠦᠪᠡᠭ᠌ᠴᠢᠯᠡᠭᠰᠡᠨ ᠪᠠᠢᠨ᠎ᠠ᠃