《ᠭᠠᠷᠠᠭ ᠪᠤᠯᠭᠠᠨ ᠠᠢᠯᠴᠢᠯᠠᠵᠤ ᠡᠷᠦᠬᠡ ᠪᠣᠯᠭᠠᠨ ᠳ᠋ᠤ ᠬᠦᠷᠬᠦ᠌ 》 ᠠᠵᠢᠯ ᠤ᠋ᠨ ᠠᠷᠭ᠎ᠠ ᠪᠡᠷ ᠣᠯᠠᠨ ᠲᠦᠮᠡᠨ ᠤ᠋ 《 ᠰᠡᠳᠭᠢᠯ ᠤ᠋ᠨ ᠵᠠᠩᠭᠢᠷᠠᠭ᠎ᠠ 》 ᠵᠢ ᠲᠠᠢᠯᠪᠡ
ᠱᠢᠨ᠎ᠡ ᠴᠠᠭ ᠦᠶ᠎ᠡ ᠵᠢᠨ 《 ᠹᠸᠩᠴᠢᠶᠣᠤ ᠵᠢᠨ ᠲᠤᠷᠱᠢᠯᠭ᠎ᠠ 》 ᠵᠢ ᠪᠠᠷᠢᠮᠲᠠᠯᠠᠨ ᠬᠥᠭ᠌ᠵᠢᠭᠦᠯᠵᠦ᠍᠂ ᠬᠥᠳᠡᠭᠡ ᠲᠣᠰᠭᠣᠨ ᠤ᠋ ᠵᠠᠰᠠᠯᠲᠠ ᠵᠢ ᠴᠢᠩᠭᠠᠳᠭᠠᠵᠤ ᠂ ᠨᠡᠢᠭᠡᠮ ᠲᠣᠭᠣᠷᠢᠭ ᠤ᠋ᠨ ᠵᠠᠰᠠᠯᠲᠠ ᠵᠢ ᠲᠡᠭᠦᠯᠳᠡᠷᠵᠢᠭᠦᠯᠦᠨ᠎ᠡ᠃
— 《ᠤᠯᠤᠰ ᠠᠷᠠᠳ ᠤ᠋ᠨ ᠠᠵᠤ ᠠᠬᠤᠶ ᠪᠠ ᠨᠡᠢᠭᠡᠮ ᠤ᠋ᠨ ᠬᠥᠭ᠌ᠵᠢᠯᠲᠡ ᠵᠢᠨ ᠠᠷᠪᠠᠨ ᠲᠠᠪᠤᠳᠤᠭᠠᠷ ᠲᠠᠪᠤᠨ ᠵᠢᠯ ᠤ᠋ᠨ ᠲᠥᠯᠥᠪᠵᠢᠭᠦᠯᠭᠡ ᠵᠢ ᠲᠣᠭ᠍ᠲᠠᠭᠠᠬᠤ ᠲᠤᠬᠠᠶ ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠲᠥᠪ ᠬᠣᠷᠢᠶᠠᠨ ᠤ᠋ ᠰᠠᠨᠠᠭᠤᠯᠭ᠎ᠠ 》 ᠡᠴᠡ ᠰᠡᠢᠷᠡᠭᠦᠯᠪᠡ
ᠬᠢᠩᠭᠠᠨ ᠠᠢᠮᠠᠭ ᠤ᠋ᠨ ᠵᠠᠯᠠᠢᠳ ᠬᠣᠱᠢᠭᠤᠨ ᠤ᠋ ᠪᠠᠳᠠᠷᠠᠬᠤ ᠪᠠᠯᠭᠠᠰᠤᠨ ᠤ ᠲᠠᠷᠢᠶᠠᠴᠢᠳ ᠲᠠᠷᠢᠶ᠎ᠠ ᠲᠥᠮᠥᠰᠥ ᠪᠠᠨ ᠬᠤᠷᠢᠶᠠᠨ ᠲᠠᠭᠤᠰᠴᠤ᠂ ᠲᠠᠷᠢᠶᠠᠯᠠᠩ ᠤ᠋ᠨ ᠰᠡᠯᠡᠭᠦᠦ ᠴᠠᠭᠲᠠᠭᠠᠨ ᠤᠷᠤᠭᠰᠠᠨ ᠪᠤᠯᠪᠠᠴᠤ ᠭᠠᠴᠠᠭᠠᠨ ᠤ᠋ ᠠᠷᠠᠳ ᠵᠤᠤ ᠣᠪᠣᠭ᠍ᠲᠤ ᠶᠠᠷᠤᠨᠢ ᠰᠠᠨᠠᠭ᠎ᠠ ᠰᠡᠳᠬᠢᠯ ᠲᠤᠭᠳᠠᠪᠤᠷᠢ ᠦᠭᠡᠢ ᠪᠤᠬᠢᠨᠢᠳᠤᠨ ᠰᠠᠭᠤᠨ᠎ᠠ᠃ ᠤᠤᠯ ᠨᠢ ᠨᠠᠮᠤᠷ ᠤ᠋ᠨ ᠬᠤᠷᠢᠶᠠᠯᠲᠠ ᠵᠢᠨ ᠦᠶ᠎ᠡ ᠳ᠋ᠤ ᠵᠡᠷᠭᠡᠯᠡᠳᠡᠭᠡ ᠠᠢᠯ ᠤ᠋ᠨ ᠪᠦᠦ ᠣᠪᠣᠭ᠍ᠲᠤ ᠬᠠᠷᠢᠨ ᠲᠡᠭᠦᠨ ᠤ᠋ ᠲᠠᠪᠤᠨ ᠳᠠᠯᠠᠩ ᠲᠠᠷᠢᠶ᠎ᠠ ᠵᠢ ᠨᠢ ᠡᠨᠳᠡᠭᠦᠷᠡᠵᠤ ᠬᠤᠷᠢᠶᠠᠭᠰᠠᠨ ᠪᠠᠢᠵᠠᠢ᠃ ᠲᠡᠭᠡᠭᠡᠳ ᠲᠥᠯᠥᠪᠦᠷᠢ ᠵᠢᠨ ᠲᠥᠯᠥᠭᠡ ᠬᠣᠶᠠᠷ ᠠᠢᠯᠵᠢᠡᠷᠵᠢᠡᠨ ᠬᠡᠲᠦ ᠤᠳᠠᠭ᠎ᠠ ᠶᠠᠷᠢᠯᠴᠠᠭ᠍ᠰᠠᠨ ᠪᠤᠯᠪᠠᠴᠤ ᠬᠠᠨᠤᠮᠵᠢᠳᠠᠢ ᠳ᠋ᠦᠡᠭ ᠤᠯᠵᠤ ᠴᠢᠳᠠᠭᠰᠠᠨ ᠦᠭᠡᠢ᠃ ᠡᠢᠮᠦ᠍ᠷᠬᠦᠤ ᠶᠠᠪᠤᠳᠠᠯ ᠨᠢ ᠣᠯᠠᠩᠬᠢ ᠳ᠋ᠠᠭᠠᠨ ᠬᠦᠷᠰᠢ ᠵᠡᠷᠭᠡᠯᠡᠳᠡᠭᠡ ᠠᠢᠯ ᠤ᠋ᠨ ᠬᠣᠭᠣᠷᠣᠨᠳᠣᠬᠢ ᠠᠯᠳᠠᠷᠠᠭᠠᠰᠢ ᠦᠭᠡᠢ ᠵᠠᠩᠭᠢᠷᠠᠭ᠎ᠠ ᠪᠣᠯᠳᠠᠭ᠃
ᠪᠠᠳᠠᠷᠠᠬᠤ ᠪᠠᠯᠭᠠᠰᠤᠨ ᠤ᠋ ᠠᠷᠠᠳ ᠤ᠋ᠨ ᠡᠶᠡᠳᠡᠭᠦᠯᠦᠭ᠌ᠴᠢ ᠪᠠᠢ ᠰᠦᠸᠸ ᠳᠡᠳᠡᠨᠡᠢᠬᠢᠨᠳᠤ ᠬᠦᠷᠦᠭᠰᠡᠨ ᠡᠴᠡ ᠨᠠᠭᠠᠰᠢ ᠡᠨᠡᠬᠦ ᠶᠠᠪᠤᠳᠠᠯ ᠳ᠋ᠤ ᠡᠷᠭᠢᠯᠲᠡ ᠭᠠᠷᠴᠠᠢ᠃ ᠲᠡᠷᠡ ᠬᠠᠤᠯᠢ ᠴᠠᠭᠠᠵᠠ ᠶ᠋ᠢᠨ ᠲᠤᠬᠠᠢ ᠲᠠᠢᠯᠪᠤᠷᠢᠯᠠᠵᠤ᠂ ᠵᠥᠪ ᠪᠤᠷᠤᠭᠤ ᠵᠢ ᠱᠢᠭᠦᠨ ᠲᠠᠰᠤᠯᠤᠨ᠎ᠠ ᠭᠡᠵᠦ ᠶᠠᠭᠠᠷᠠᠭ᠎ᠠ ᠥᠬᠡᠶ᠂ ᠵᠦᠪᠬᠡᠨ ᠵᠠᠮ ᠳᠠᠭᠠᠷᠠᠬᠰᠠᠨ ᠰᠢᠭ ᠵᠣᠤ ᠣᠪᠣᠭ᠍ᠲᠤ ᠵᠢᠨ ᠳ᠋ᠤ ᠤᠷᠢᠳᠠᠪᠠᠷ ᠬᠦᠷᠴᠦ᠂ ᠡᠨᠡ ᠵᠢᠯ ᠤ᠋ᠨ ᠬᠤᠷᠢᠶᠠᠯᠲᠠ᠂ ᠭᠡᠷ ᠤ᠋ᠨ ᠠᠷᠰᠠᠷ ᠶᠠᠪᠤᠳᠠᠯ ᠤᠨ ᠲᠤᠬᠠᠢ ᠵᠤᠭᠤᠬ ᠲᠠᠯᠭᠡᠪᠠ; ᠳᠠᠬᠢᠭᠠᠳ ᠪᠦᠦ ᠣᠪᠣᠭ᠍ᠲᠤ ᠵᠢᠨ ᠳ᠋ᠤ ᠣᠴᠢᠵᠤ᠂ ᠠᠮᠤ ᠪᠤᠳᠠᠭᠠᠨ ᠤ᠋ ᠦᠨ᠎ᠡ ᠵᠢᠨ ᠲᠤᠬᠠᠶ ᠶᠠᠷᠢᠯᠴᠠᠵᠤ ᠂ ᠭᠡᠷ ᠤ᠋ᠨ ᠬᠦᠴᠢᠷᠳᠡᠯ ᠢ᠋ ᠨᠢ ᠯᠠᠪᠯᠠᠨ ᠠᠰᠠᠭᠤᠪᠠ᠃
ᠡᠨᠡ ᠬᠦ᠌《 ᠵᠣᠭᠣᠭ ᠳᠡᠯᠭᠡᠬᠦ᠌ 》 ᠲᠤᠮᠳᠠ ᠬᠣᠶᠠᠷ ᠠᠢᠯᠤᠨ ᠬᠥᠮᠦᠰ ᠤ᠋ᠨ ᠴᠢᠷᠠᠶ ᠳᠤ ᠠᠭᠠᠵᠢᠮ ᠢ᠋ᠶ᠋ᠡᠷ ᠪᠠᠶᠠᠷᠤᠨ ᠮᠦᠰᠢᠶᠠᠳᠤ ᠲᠤᠳᠤᠷᠠᠪᠠ᠃ ᠪᠠᠶ ᠰᠦᠸᠸ ᠨᠢᠭᠡ ᠲᠠᠯ᠎ᠠ ᠪᠡᠷ ᠲᠡᠷᠡ ᠬᠡᠳᠦᠨ ᠳᠠᠯᠠᠩ ᠡᠷᠳᠡᠨᠢ ᠱᠢᠰᠢ ᠵᠢᠨ ᠬᠣᠬᠢᠷᠠᠯ ᠢ᠋ ᠲᠣᠭᠠᠴᠢᠨ ᠪᠤᠳᠤᠵᠤ᠂ ᠨᠥᠭᠥᠭᠡ ᠲᠠᠯ᠎ᠠ ᠪᠡᠷ ᠪᠦᠦ ᠣᠪᠣᠭ᠍ᠲᠤ ᠵᠢᠨ ᠵᠤᠭᠤᠰ ᠵᠤᠭ᠎ᠠ ᠳᠤᠲᠠᠮᠠᠭ ᠲᠤᠯᠠ 《ᠠᠮᠤ ᠪᠤᠳᠠᠭ᠎ᠠ ᠪᠠᠨ ᠬᠤᠳᠠᠯᠳᠤᠭᠰᠠᠨᠤ᠋ ᠳᠠᠷᠠᠭ᠎ᠠ ᠰᠠᠶᠢ ᠲᠦᠯᠦᠪᠦᠷᠢ ᠦᠭᠴᠦ ᠳᠡᠢᠯᠦᠨ᠎ᠡ》 ᠭᠡᠵᠦ᠍ ᠵᠣᠣ ᠣᠪᠣᠭ᠍ᠲᠤ ᠵᠢ ᠢᠳᠭᠠᠪᠠ᠃ ᠲᠡᠭᠡᠭᠡᠳ ᠵᠤᠤ ᠤᠪᠤᠬᠲᠤ ᠪᠠ ᠪᠤᠤ ᠤᠪᠤᠬᠲᠤ ᠬᠤᠶᠠᠭᠤᠯᠠ 《2500 ᠲᠥᠭᠥᠷᠢᠭ ᠤ᠋ᠨ ᠲᠦᠯᠤᠪᠤᠷᠢ ᠮᠦᠡᠭᠬᠦ ᠬᠡᠯᠡᠯᠴᠡᠨ ᠳᠤᠬᠢᠷᠠᠯᠴᠠᠵᠦ᠂ ᠪᠤᠤ ᠤᠪᠤᠬᠲᠤ ᠠᠮᠤ ᠪᠤᠳᠠᠭ᠎ᠠ ᠪᠠᠨ ᠬᠤᠳᠠᠯᠳᠤᠮᠠᠬᠴᠠ ᠥᠭ᠌ᠭᠦᠨᠡ 》 ᠭᠡᠵᠤ ᠠᠮᠠᠨ ᠪᠣᠯᠵᠣᠭ᠎ᠠ ᠲᠣᠭ᠍ᠲᠠᠵᠠᠶ ᠃
ᠵᠥᠷᠢᠴᠡᠯ ᠢ᠋ ᠲᠠᠷᠢᠶᠠᠨ ᠳᠤᠮᠳᠠ ᠰᠢᠢᠳᠪᠤᠷᠢᠯᠡᠵᠤ᠂ ᠡᠪ ᠨᠠᠢᠷᠢ ᠡᠶᠡᠳᠡᠬᠦᠯᠭᠡᠵᠢᠨ ᠲᠤᠮᠳᠠ ᠵᠤᠵᠠᠭᠠᠳᠬᠠᠪᠠ᠃ ᠨᠢᠭᠡ ᠤᠳᠠᠭᠠᠨ ᠤ᠋ ᠥᠱᠢᠶᠡ ᠵᠠᠩᠭᠢᠳᠴᠤ᠌ ᠮᠡᠳᠡᠬᠦ᠌ ᠬᠦᠷᠰᠢ ᠵᠡᠷᠭᠡᠯᠡᠳᠡᠭᠡ ᠠᠢᠯᠤᠨ ᠵᠠᠭᠤᠷᠠᠯᠳᠤᠭᠠᠨ ᠢᠩᠭᠢᠵᠦ᠍ ᠰᠢᠢᠳᠪᠤᠷᠢᠯᠡᠭᠳᠡᠯᠠ᠃ 《ᠪᠤᠳᠤᠯ ᠤ᠋ᠨ ᠵᠠᠨᠭᠭᠢᠷᠠᠭᠠ ᠠᠯᠳᠠᠷᠠᠵᠤ ᠰᠡᠳᠭᠢᠯ ᠰᠠᠨᠠᠭ᠎ᠠ ᠰᠠᠷᠠᠭᠤᠯᠵᠢᠵᠠᠢ᠂ ᠬᠣᠢᠱᠢᠳᠠ ᠬᠥᠷᠰᠢ ᠵᠡᠷᠭᠡᠯᠠᠳᠡᠭᠡ ᠪᠡᠷ ᠢ᠋ᠶ᠋ᠡᠨ ᠡᠶ᠎ᠡ ᠨᠠᠢᠷᠲᠠᠢ ᠶᠠᠪᠤᠯᠴᠠᠨ᠎ᠠ》᠃ ᠵᠣᠣ ᠣᠪᠣᠭ᠍ᠲᠤ ᠵᠢᠨ ᠡᠨᠡᠬᠦ ᠦᠭᠡ ᠨᠢ ᠬᠢᠩᠭᠠᠨ ᠠᠢᠮᠠᠭ ᠤ᠋ᠨ 《ᠭᠠᠷᠠᠭ ᠪᠤᠯᠭᠠᠨ ᠠᠢᠯᠴᠢᠯᠠᠵᠤ᠂ ᠡᠷᠦᠬᠡ ᠪᠣᠯᠭᠠᠨ ᠳ᠋ᠤ ᠬᠦᠷᠬᠦ》 ᠠᠵᠢᠯ ᠤ᠋ᠨ ᠠᠷᠭ᠎ᠠ ᠵᠢᠨ ᠦᠶ᠋ᠯᠡᠳᠦᠯᠭᠡᠳᠤ ᠪᠤᠳᠠᠳᠠᠢᠲᠠᠢᠯᠪᠤᠷᠢᠯᠠᠯᠳᠠ ᠬᠢᠭᠰᠡᠨ ᠪᠠᠢᠨ᠎ᠠ ᠃
2025 ᠣᠨ ᠤ᠋ 8 ᠰᠠᠷ᠎ᠠ ᠡᠴᠡ ᠡᠬᠢᠯᠡᠨ ᠠᠢᠮᠠᠭ᠂ ᠬᠣᠱᠢᠭᠤ᠂ ᠱᠢᠶᠠᠩ ᠭᠤᠷᠪᠠᠨ ᠱᠠᠲᠤᠨ ᠤ᠋ ᠶᠡᠷᠦᠩᠬᠡᠢᠯᠡᠨ ᠵᠠᠰᠠᠬᠤ ᠲᠥᠪ ᠬᠣᠯᠪᠣᠭᠠᠯᠠᠨ ᠬᠥᠳᠡᠯᠦᠯᠴᠡᠵᠦ᠍᠂ ᠬᠠᠤᠯᠢ ᠴᠠᠭᠠᠵᠠ ᠂ ᠳᠣᠲᠣᠭᠠᠳᠤ ᠵᠢ ᠬᠠᠮᠠᠭᠠᠯᠠᠬᠤ ᠵᠡᠷᠭᠡ ᠰᠠᠯᠠᠭ᠎ᠠ ᠮᠥᠴᠢᠷ ᠤ᠋ᠨ ᠬᠦᠴᠦᠨ ᠢ᠋ ᠨᠡᠢᠳᠭᠡᠵᠦ᠂ 3580 ᠲᠤᠤᠷᠵᠢᠯ ᠤ᠋ᠨ ᠨᠠᠮ ᠤ᠋ᠨ ᠳᠤᠭᠤᠢᠯᠠᠩ᠂ 5462 ᠲᠤᠰᠭᠠᠶ ᠲᠤᠱᠢᠶᠠᠯᠲᠤ ᠲᠤᠤᠷᠵᠢᠯ ᠤ᠋ᠨ ᠠᠵᠢᠯᠲᠠᠨ᠂ 25599 ᠠᠰᠠᠷ (ᠨᠢᠭᠡᠴᠢ᠂ ᠬᠣᠯᠪᠣᠭᠠᠯᠠᠭᠰᠠᠨ ᠡᠷᠦᠬᠡ ) ᠤ᠋ᠨ ᠳᠠᠷᠤᠭ᠎ᠠ ᠵᠢ ᠳᠠᠢᠴᠢᠯᠠᠵᠤ᠂ ᠵᠥᠷᠢᠴᠡᠯ ᠵᠠᠭᠤᠷᠠᠯᠳᠤᠭᠠᠨ ᠢ᠋ ᠰᠢᠢᠳᠪᠤᠷᠢᠯᠡᠬᠦ ᠲᠤᠤᠷ ᠢ᠋ ᠨᠢᠭ᠍ᠲᠠ ᠰᠦᠯᠵᠢᠪᠡ ᠃
《 ᠤᠯᠠᠨ ᠲᠦᠮᠡᠨ ᠤ᠋ ᠡᠷᠢᠵᠦ ᠢᠷᠡᠬᠦ ᠵᠢ ᠬᠦᠯᠢᠶᠡᠬᠦ᠌ ᠦᠭᠡᠢ᠂ ᠰᠠᠨᠠᠭᠠᠴᠢᠯᠠᠭ᠎ᠠ ᠡᠴᠡ ᠪᠠᠨ ᠠᠰᠠᠭᠤᠳᠠᠯ ᠡᠷᠢᠨ᠎ᠡ》᠃ ᠵᠠᠯᠠᠢᠳ ᠬᠣᠱᠢᠭᠤᠨ ᠤ᠋ ᠢᠨᠳᠡᠷ ᠪᠠᠯᠭᠠᠰᠤᠨ ᠤ᠋ ᠨᠠᠮ ᠤ᠋ᠨ ᠬᠣᠷᠢᠶᠠᠵᠢᠨ ᠳᠡᠳ᠋ ᠱᠦᠵᠢ᠂ ᠤᠯᠤᠰ ᠲᠥᠷᠥ᠍ ᠬᠠᠤᠯᠢ ᠴᠠᠭᠠᠵᠠ ᠵᠢᠨ ᠭᠡᠱᠢᠭᠦᠨ ᠶᠠᠨ ᠬᠤᠤ ᠵᠢᠨ ᠠᠯᠪᠠᠨ ᠱᠢᠷᠡᠭᠡᠨ ᠳᠡᠭᠡᠷ᠎ᠡ 《ᠵᠥᠷᠢᠴᠡᠯ ᠢ᠋ ᠵᠢᠭ᠍ᠰᠠᠭᠠᠨ ᠪᠠᠢᠴᠠᠭᠠᠬᠤ ᠡᠬᠡ ᠲᠠᠩᠰᠠ 》 ᠲᠠᠯᠪᠢᠭᠠᠰᠤᠲᠠᠶ᠃ ᠨᠢᠭᠡᠨ ᠭᠠᠴᠠᠭᠠᠨ ᠤ᠋ ᠬᠣᠶᠠᠷ ᠡᠷᠦᠬᠡ ᠲᠠᠷᠢᠶᠠᠨ ᠭᠠᠵᠠᠷ ᠤ᠋ᠨ ᠵᠠᠭᠠᠭ ᠱᠤᠭᠤᠮ ᠤ᠋ᠨ ᠲᠤᠬᠠᠢ ᠮᠠᠷᠭᠤᠯᠳᠤᠪᠠ᠂ ᠨᠢᠭᠡᠨ ᠰᠠᠭᠤᠭᠠᠯᠢ ᠠᠷᠠᠳ ᠤ᠋ᠨ ᠲᠣᠭᠣᠷᠢᠭ ᠤ᠋ᠨ ᠪᠤᠬᠢᠷ ᠤᠰᠤᠨ ᠤ᠋ ᠬᠤᠭᠤᠯᠠᠢ ᠪᠥᠭ᠌ᠯᠡᠷᠡᠭ᠌ᠰᠡᠨ ᠡᠴᠡ ᠪᠣᠯᠵᠤ ᠬᠥᠷᠰᠢ ᠵᠡᠷᠭᠡᠯᠡᠳᠡᠭᠡᠵᠢᠨ ᠵᠠᠭᠤᠷᠠᠯᠳᠤᠭᠠᠨ ᠪᠤᠯᠪᠠ ᠁ ᠡᠬᠡ ᠳᠠᠨᠭᠰᠠ ᠳ᠋ᠤ ᠣᠯᠠᠨ ᠲᠦᠮᠡᠨ ᠤ᠋ ᠡᠯ᠎ᠡ ᠵᠦᠢᠯ ᠤ᠋ᠨ ᠬᠦᠰᠡᠯ ᠱᠠᠭᠠᠷᠳᠠᠯᠭ᠎ᠠ ᠪᠠ ᠪᠠᠴᠢᠮᠳᠠᠵᠤ ᠳᠦᠪᠡᠭᠳᠡᠵᠦ ᠵᠤᠪᠠᠨᠢᠵᠤ ᠬᠦᠰᠡᠵᠦ ᠪᠠᠢᠭ᠎ᠠ ᠠᠰᠠᠭᠤᠳᠠᠯ ᠢ᠋ ᠨᠠᠷᠢᠨ ᠲᠣᠳᠣᠷᠬᠠᠶ ᠲᠡᠮᠳᠡᠭ᠌ᠯᠡᠵᠦ᠍᠂ ᠵᠤᠷᠪᠤᠰ ᠪᠦᠷᠢ ᠳ᠋ᠤ ᠴᠥᠮ 《ᠨᠢᠭᠡᠨᠲᠡ ᠰᠢᠢᠳᠪᠦᠷᠢᠯᠡᠭᠰᠡᠨ》 ᠪᠤᠶᠤ 《ᠰᠢᠢᠳᠪᠦᠷᠢᠯᠡᠵᠦ ᠪᠠᠢᠭ᠎ᠠ》 ᠭᠡᠵᠦ᠍ ᠲᠡᠮᠳᠡᠭ᠌ᠯᠡᠬᠦᠰᠢᠳᠠᠢ ᠪᠠᠢᠯ᠎ᠠ᠃
ᠡᠢᠮᠤᠷᠬᠦᠤ ᠠᠵᠢᠯᠤᠨ ᠤᠪᠤᠷ ᠨᠢ 《ᠭᠠᠷᠠᠭ ᠪᠤᠯᠭᠠᠨ ᠠᠢᠯᠴᠢᠯᠠᠵᠤ᠂ ᠡᠷᠦᠬᠡ ᠪᠣᠯᠭᠠᠨ ᠳ᠋ᠤ ᠬᠦᠷᠬᠦ 》 ᠶ᠋ᠢᠨ ᠬᠠᠲᠠᠭᠤ ᠱᠠᠭᠠᠷᠳᠠᠯᠭ᠎ᠠ ᠪᠤᠯᠬᠤ ᠶᠤᠮ ᠃ ᠲᠤᠤᠷᠵᠢᠯ ᠤ᠋ᠨ ᠠᠵᠢᠯᠲᠠᠨ ᠭᠠᠷᠠᠭ ᠪᠤᠯᠭᠠᠨ ᠨᠠᠭᠠᠳᠤ ᠵᠠᠬ᠎ᠠ ᠳ᠋ᠠᠭᠠᠨ 3 ᠤᠳᠠᠭ᠎ᠠ ᠦᠨᠳᠦᠰᠦᠨ ᠱᠠᠲᠤᠨ ᠳ᠋ᠤ ᠭᠦᠨᠵᠡᠭᠡᠢᠷᠡᠨ᠂ ᠣᠨᠴᠠᠭᠠᠶ ᠬᠡᠷ ᠪᠦᠯᠢ ᠵᠢᠨ ᠬᠢᠨᠢ ᠭᠤᠤᠯᠳᠠᠯᠭ᠎ᠠ ᠲᠠᠢ ᠠᠩᠬᠠᠷᠴᠤ᠌᠂ ᠲᠡᠳᠡᠨ ᠤ᠋ ᠠᠮᠢᠳᠤᠷᠠᠯ ᠤ᠋ᠨ ᠪᠠᠢᠳᠠᠯ ᠪᠠ ᠦᠵᠡᠯ ᠰᠠᠨᠠᠭᠠᠨ ᠤ᠋ ᠬᠤᠪᠢᠷᠠᠯᠲᠠ ᠵᠢ ᠬᠥᠳᠡᠯᠦᠩᠭᠦᠶ ᠪᠡᠷ ᠡᠵᠡᠮᠱᠢᠳᠡᠭ; ᠲᠣᠰᠭᠣᠨ (ᠨᠡᠢᠭᠡᠮ ᠲᠣᠭᠣᠷᠢᠭ ) ᠰᠠᠷ᠎ᠠ ᠪᠦᠷᠢ ᠵᠤᠷᠰᠢᠯᠲᠤ ᠬᠤᠷᠠᠯ ᠬᠤᠷᠠᠯᠳᠤᠭᠤᠯᠵᠤ᠂ ᠵᠢᠭ᠍ᠰᠠᠭᠠᠨ ᠪᠠᠢᠴᠠᠭᠠᠵᠤ ᠭᠠᠷᠭᠠᠭ᠍ᠰᠠᠨ ᠵᠥᠷᠢᠴᠡᠯ ᠵᠠᠭᠤᠷᠠᠯᠳᠤᠭᠠᠨ ᠢ᠋ ᠲᠥᠷᠥᠯ ᠬᠤᠪᠢᠶᠠᠨ ᠱᠢᠶ᠋ᠳᠪᠦᠷᠢᠯᠡᠵᠦ᠍᠂ ᠬᠦᠡᠭᠭᠡᠪᠳᠤᠷ ᠢ ᠨᠢ ᠠᠰᠠᠷ ᠤ᠋ᠨ ᠳᠠᠷᠤᠭ᠎ᠠ ᠲᠤᠬᠠᠶ ᠵᠢᠨ ᠭᠠᠵᠠᠷ ᠲᠤᠨᠢ ᠡᠶᠡᠳᠡᠭᠦᠯᠵᠦ᠍᠂ ᠪᠤᠳᠤᠯᠢᠶᠠᠨᠲᠠᠶ ᠠᠰᠠᠭᠤᠳᠠᠯ ᠢ᠋ ᠬᠠᠮᠲᠤᠷᠠᠨ ᠬᠥᠳᠡᠯᠦᠯᠴᠡᠬᠦ᠌ ᠲᠣᠭ᠍ᠲᠠᠴᠠ ᠵᠢ ᠬᠡᠷᠡᠭᠵᠢᠭᠦᠯᠵᠦ᠂ ᠬᠠᠤᠯᠢ ᠴᠠᠭᠠᠵᠠ ᠵᠢᠨ ᠭᠠᠵᠠᠷ᠂ ᠲᠣᠮᠢᠯᠠᠭ᠍ᠰᠠᠨ ᠰᠠᠯᠪᠤᠷᠢ᠂ ᠲᠣᠰᠭᠣᠨ ᠤ᠋ 《ᠬᠣᠶᠠᠷ ᠵᠥᠪᠯᠡᠯ 》 ᠬᠠᠮᠲᠤᠷᠠᠨ ᠰᠢᠢᠳᠪᠦᠷᠢᠯᠡᠳᠡᠭ᠃
ᠤᠯᠠᠭᠠᠨᠬᠣᠲᠠ ᠵᠢᠨ ᠢᠯᠠᠯᠲᠠ ᠪᠠᠯᠭᠠᠰᠤᠨ ᠤ᠋ ᠨᠠᠮ ᠤ᠋ᠨ ᠬᠣᠷᠢᠶᠠᠵᠢᠨ ᠳᠡᠳ᠋ ᠱᠦᠵᠢ᠂ ᠤᠯᠤᠰ ᠲᠥᠷᠥ᠍ ᠬᠠᠤᠯᠢ ᠴᠠᠭᠠᠵᠠ ᠵᠢᠨ ᠭᠡᠱᠢᠭᠦᠨ ᠨᠠᠷᠠᠰᠤ ᠵᠤᠪ ᠵᠤᠵᠠᠭᠠᠨ 《ᠠᠷᠠᠳ ᠤ᠋ᠨ ᠪᠠᠢᠳᠠᠯ ᠤ᠋ᠨ ᠡᠳᠦᠷ ᠤ᠋ᠨ ᠲᠡᠮᠳᠡᠭ᠌ᠯᠡᠯ 》ᠳ᠋ᠡᠭᠡᠨ᠂ ᠠᠢᠯ ᠡᠷᠤᠭᠡ ᠪᠠᠷ ᠰᠤᠷᠪᠤᠯᠵᠢᠯᠠᠭ᠎ᠠ ᠬᠢᠬᠦ ᠳᠤᠮᠳᠠᠬᠢ ᠵᠢᠵᠢᠭ ᠰᠠᠵᠢᠭ ᠵᠦᠶ᠋ᠯᠡᠰ ᠢ᠋ ᠨᠠᠷᠢᠨ ᠲᠡᠮᠲᠡᠭᠯᠡᠭᠰᠡᠨ ᠪᠠᠢᠪᠠ ᠃ ᠵᠢᠷᠭᠠᠯᠠᠩ ᠭᠠᠴᠠᠭ᠎ᠠ ᠶ᠋ᠢᠨ ᠲᠣᠰᠭᠣᠨ ᠤ᠋ ᠠᠷᠠᠳ ᠵᠣᠣ ᠣᠪᠣᠭ᠍ᠲᠤ ᠭᠠᠵᠠᠷ ᠱᠢᠷᠣᠶ ᠵᠢᠨ ᠵᠠᠭᠤᠷᠠᠯᠳᠤᠭᠠᠨ ᠡᠴᠡ ᠪᠣᠯᠵᠣ ᠭᠡᠷᠡᠬᠦᠯ ᠡᠬᠦᠰᠴᠤ᠂ ᠲᠠᠷᠠᠴᠢᠯᠠᠨ ᠵᠡᠮᠳᠡᠭ ᠪᠣᠯᠵᠤ᠂ ᠲᠥᠯᠥᠪᠦᠷᠢ ᠵᠢᠨ ᠵᠣᠭᠣᠰ ᠠᠪᠬᠤ ᠭᠡᠵᠤ ᠭᠡᠴᠢᠨᠡᠨ ᠬᠦᠶᠦᠭᠰᠡᠨ ᠪᠤᠯᠪᠠᠴᠤ ᠲᠠᠢᠯᠦᠭᠰᠡᠨ ᠦᠭᠡᠢ᠂ ᠴᠢᠨᠠᠭᠰᠢᠯᠠᠨ ᠬᠡᠷ ᠤ᠋ᠨ ᠠᠮᠢᠳᠤᠷᠠᠯ ᠨᠢ ᠨᠠᠡᠭ ᠬᠦᠴᠢᠷᠳᠡᠯᠲᠡᠢ ᠪᠤᠯᠤᠭᠰᠠᠨ ᠡᠴᠡ ᠠᠭᠤᠷ ᠠᠭᠠᠰᠢ ᠨᠢ ᠭᠡᠴᠡᠬᠦᠳᠠᠵᠠᠢ ᠁ ᠡᠲᠡᠭᠡᠷ ᠨᠠᠷᠢᠨ ᠵᠦᠶ᠋ᠯᠡᠰ ᠲᠦ᠍ ᠨᠢᠭᠤᠭ᠍ᠳᠠᠵᠤ ᠪᠠᠢᠭ᠎ᠠ 《ᠰᠡᠳᠭᠢᠯ ᠤ᠋ᠨ ᠵᠠᠩᠭᠢᠷᠠᠭ᠎ᠠ 》 ᠵᠢ ᠲᠡᠷᠡ ᠤᠳᠠᠭ᠎ᠠ ᠪᠦᠷᠢ ᠵᠢᠨ ᠠᠢᠯ ᠡᠷᠦᠬᠡ ᠪᠡᠷ ᠣᠷᠣᠵᠤ ᠰᠤᠷᠪᠤᠯᠵᠢᠯᠠᠬᠤ ᠳᠤᠮᠳᠠ ᠬᠦᠯᠢᠴᠡᠩᠭᠦᠶ ᠰᠣᠨᠣᠰᠴᠤ᠌᠂ ᠢᠳᠡᠭ ᠢᠳᠡᠭ ᠢ᠋ᠶ᠋ᠡᠷ ᠲᠣᠳᠣᠷᠬᠠᠶ ᠣᠢᠯᠠᠭᠠᠪᠠ᠃
《ᠪᠢᠳᠡ ᠡᠷᠦᠬᠡ ᠪᠡᠷ ᠬᠦᠷᠬᠦᠳᠡᠭᠡᠨ ᠤᠷᠢᠳᠠᠪᠠᠷ ᠬᠠᠷᠢᠯᠴᠠᠨ ᠮᠡᠨᠳᠤᠯᠴᠠᠵᠤ᠂ ᠲᠠᠷᠠᠴᠢᠯᠠᠨ ᠲᠠᠷᠢᠶ᠎ᠠ ᠲᠦᠮᠦᠰᠤᠵᠢᠨ ᠬᠤᠷᠢᠶᠠᠯᠲᠠ ᠵᠢ ᠰᠤᠷᠠᠵᠤ᠂ ᠵᠣᠭᠣᠭ ᠳᠡᠯᠭᠡᠬᠦ ᠳᠤᠮᠳᠠ ᠰᠡᠳᠬᠢᠯᠵᠢᠡᠨ ᠤᠯᠤᠯᠴᠠᠪᠠᠯ ᠰᠠᠶᠢ ᠲᠠᠳᠠᠨᠠᠷ ᠠᠭᠠᠵᠢᠮ ᠢ᠋ᠶ᠋ᠡᠷ ᠪᠤᠳᠤᠯ ᠢ᠋ᠶ᠋ᠡᠨ ᠳᠡᠯᠭᠡᠨ᠂ ᠤᠷᠤᠰᠢᠵᠤ ᠪᠦᠬᠦᠢ ᠬᠦᠴᠢᠷᠳᠡᠯ ᠪᠠ ᠰᠡᠳᠭᠢᠯ ᠤ᠋ᠨ ᠵᠠᠩᠭᠢᠷᠠᠭ᠎ᠠ ᠪᠠᠨ ᠪᠢᠳᠡᠨ ᠳ᠋ᠤ ᠶᠠᠷᠢᠳᠠᠭ》 ᠭᠡᠵᠦ ᠨᠠᠷᠠᠰᠤ ᠬᠡᠯᠡᠨ᠎ᠠ᠃ 2025 ᠣᠨ ᠳ᠋ᠤ ᠢᠯᠠᠯᠲᠠ ᠪᠠᠯᠭᠠᠰᠤ ᠡᠨᠡ ᠬᠦ᠌ ᠠᠷᠭ᠎ᠠ ᠬᠡᠯᠪᠡᠷᠢ ᠪᠡᠷ ᠵᠠᠭᠤ ᠭᠠᠷᠤᠢ ᠤᠳᠠᠭ᠎ᠠ ᠵᠢᠨ ᠡᠯ᠎ᠡ ᠲᠥᠷᠥᠯ ᠤ᠋ᠨ ᠵᠥᠷᠢᠴᠡᠯ ᠲᠦᠭ᠌ᠰᠢᠭᠦᠷᠢ ᠵᠢ ᠰᠠᠨᠠᠭᠠᠴᠢᠯᠠᠭ᠎ᠠ ᠡᠴᠡ ᠵᠢᠭ᠍ᠰᠠᠭᠠᠨ ᠪᠠᠢᠴᠠᠭᠠᠭ᠍ᠰᠠᠨ ᠪᠥᠭᠡᠳ ᠰᠢᠢᠳᠪᠦᠷᠢᠯᠡᠬᠦ ᠳ᠋ᠤ ᠣᠷᠣᠯᠴᠠᠵᠤ᠂ ᠣᠯᠠᠩᠬᠢ ᠵᠢᠨᠢ ᠪᠦᠲᠦᠮᠵᠢᠲᠡᠶ ᠰᠢᠢᠳᠪᠦᠷᠢᠯᠡᠭᠰᠡᠨ ᠪᠠᠢᠪᠠ᠃
ᠲᠣᠭ᠎ᠠ ᠪᠠᠷᠢᠮᠲᠠ ᠳ᠋ᠤ ᠬᠠᠷᠠᠭᠤᠯᠤᠬᠰᠠᠨ ᠢ᠋ᠶ᠋ᠡᠷ᠂ 2025 ᠣᠨ ᠳ᠋ᠤ ᠬᠢᠩᠭᠠᠨ ᠠᠢᠮᠠᠭ 《 ᠭᠠᠷᠠᠭ ᠪᠤᠯᠭᠠᠨ ᠠᠢᠯᠴᠢᠯᠠᠵᠤ᠂ ᠡᠷᠦᠬᠡ ᠪᠣᠯᠭᠠᠨ ᠳ᠋ᠤ ᠬᠦᠷᠬᠦ 》 ᠠᠵᠢᠯ ᠤ᠋ᠨ ᠠᠷᠭ᠎ᠠ ᠪᠡᠷ ᠳᠠᠮᠵᠢᠨ ᠵᠥᠷᠢᠴᠡᠯ ᠵᠠᠭᠤᠷᠠᠯᠳᠤᠭᠠᠨ ᠢ᠋ ᠱᠢᠶ᠋ᠳᠪᠦᠷᠢᠯᠡᠭ᠌ᠰᠡᠨ ᠨᠣᠷᠮ᠎ᠠ 99.63% ᠳ᠋ᠤ ᠬᠦᠷᠴᠡᠶ᠃ 《ᠵᠥᠷᠢᠴᠡᠯ 〈ᠡᠷᠢᠵᠦ ᠢᠷᠡᠬᠦ〉ᠵᠢ ᠬᠦᠯᠢᠶᠡᠵᠦ᠍ ᠪᠣᠯᠬᠤ ᠥᠬᠡᠶ᠂ ᠬᠠᠷᠢᠨ ᠰᠠᠨᠠᠭᠠᠴᠢᠯᠠᠭ᠎ᠠ ᠡᠴᠡ ᠪᠠᠨ ᠰᠦᠪᠡᠭ᠌ᠴᠢ ᠡᠷᠢᠬᠦ᠌ ᠬᠡᠷᠡᠭ᠌ᠲᠡᠶ᠃ ᠣᠳᠣᠬᠠᠨ ᠳ᠋ᠤ 〈 ᠪᠠᠭ᠎ᠠ ᠶᠠᠪᠤᠳᠠᠯ ᠢ᠋ ᠲᠣᠰᠭᠣᠨ ᠡᠴᠡ ᠭᠠᠷᠭᠠᠬᠤ ᠦᠭᠡᠢ ᠂ ᠶᠡᠬᠡ ᠶᠠᠪᠤᠳᠠᠯ ᠢ᠋ ᠪᠠᠯᠭᠠᠰᠤᠨ ᠡᠴᠡ ᠭᠠᠷᠭᠠᠬᠤ ᠦᠭᠡᠢ 〉 ᠪᠠᠢᠬᠤ ᠵᠢ ᠪᠣᠳᠠᠲᠠᠢᠵᠢᠭᠤᠯᠵᠤ᠂ ᠤᠯᠠᠨ ᠲᠦᠮᠡᠨ ᠤ᠋ ᠠᠮᠤᠷ ᠲᠦᠪᠱᠢᠨ ᠤ᠋ ᠲᠦᠷᠦᠭ᠌ᠳᠡᠯ᠂ ᠬᠠᠨᠤᠮᠵᠢ ᠵᠢᠨ ᠬᠡᠮᠵᠢᠶ᠎ᠡ ᠴᠥᠮ ᠳᠡᠭᠡᠭ᠌ᠰᠢᠯᠡᠪᠡ》 ᠭᠡᠵᠦ ᠶᠠᠨ ᠬᠤᠤ ᠬᠡᠯᠡᠨ᠎ᠠ᠃
《ᠠᠯᠪᠠᠨ ᠭᠡᠷ ᠲᠡᠭᠡᠨ ᠠᠯᠪᠠᠯᠠᠬᠤ 》 ᠡᠴᠡ 《ᠰᠠᠨᠠᠭᠠᠴᠢᠯᠠᠭ᠎ᠠ ᠡᠴᠡ ᠪᠠᠨ ᠦᠨᠳᠦᠰᠦᠨ ᠱᠠᠲᠤᠨ ᠳ᠋ᠤ ᠭᠦᠨᠵᠡᠭᠡᠢᠷᠡᠬᠦ᠌ 》 ᠬᠦᠷᠲᠡᠯ᠎ᠡ᠂ 《 ᠭᠠᠭ᠍ᠴᠠᠭᠠᠷ ᠠᠵᠢᠯᠯᠠᠵᠤ ᠭᠠᠭ᠍ᠴᠠᠭᠠᠷ ᠲᠡᠮᠡᠴᠡᠬᠦ᠌ 》ᠡᠴᠡ 《ᠤᠯᠠᠨ ᠡᠱᠢᠲᠦ ᠬᠣᠯᠪᠣᠭᠠᠯᠠᠨ ᠬᠥᠳᠡᠯᠦᠯᠴᠡᠬᠦ᠌ 》 ᠬᠦᠷᠲᠡᠯ᠎ᠡ᠂ ᠬᠢᠩᠭᠠᠨ ᠠᠢᠮᠠᠭᠤᠨ ᠬᠢᠨ 《 ᠳᠦᠭᠦᠮ ᠠᠷᠭ᠎ᠠ》 ᠪᠡᠷ ᠱᠢᠨ᠎ᠡ ᠴᠠᠭ ᠦᠶ᠎ᠡ ᠵᠢᠨ 《ᠹᠸᠩᠴᠢᠶᠣᠤ ᠵᠢᠨ ᠲᠤᠷᠱᠢᠯᠭ᠎ᠠ 》 ᠵᠢ ᠦᠢᠯᠡᠳᠦᠯᠭᠡᠵᠢᠭᠦᠯᠵᠦ᠍ ᠪᠠᠢᠨ᠎ᠠ᠃ ᠦᠨᠳᠦᠰᠦᠨ ᠱᠠᠲᠤᠨ ᠳ᠋ᠤ ᠭᠦᠨᠵᠡᠭᠡᠢᠷᠡᠨ᠂ ᠰᠡᠳᠭᠢᠯ ᠢ᠋ᠶ᠋ᠡᠨ ᠤᠯᠠᠨ ᠲᠦᠮᠡᠨ ᠲᠠᠢ ᠣᠢᠷᠠᠲᠤᠭᠤᠯᠪᠠᠯ ᠰᠠᠶ᠍ᠢ ᠠᠷᠠᠳ ᠤᠯᠠᠨ ᠤ᠋ 《ᠰᠡᠳᠭᠢᠯ ᠤ᠋ᠨ ᠵᠠᠩᠭᠢᠷᠠᠭ᠎ᠠ》 ᠵᠢ ᠦᠨᠡᠨ ᠬᠦ᠌ ᠲᠠᠢᠯᠵᠤ᠂ ᠨᠡᠢᠭᠡᠮ ᠤ᠋ᠨ ᠲᠣᠭ᠍ᠲᠠᠭᠤᠨ ᠢ᠋ ᠦᠨᠡᠨᠬᠦ ᠪᠠᠳᠤᠯᠠᠵᠤ ᠴᠢᠳᠠᠬᠤ ᠶᠤᠮ ᠃