ᠵᠢᠭᠤᠯᠴᠢᠯᠠᠯ᠎ᠤᠨ ᠬᠦᠴᠦᠷᠬᠡᠭ ᠤᠯᠤᠰ᠎ᠤᠨ ᠪᠦᠳᠦᠭᠡᠨ ᠪᠠᠢᠭᠤᠯᠤᠯᠲᠠ᠎ᠶ᠋ᠢ ᠠᠬᠢᠭᠤᠯᠵᠤ᠂ ᠴᠢᠨᠠᠷ ᠰᠠᠢᠲᠠᠢ ᠵᠢᠭᠤᠯᠴᠢᠯᠠᠯ ᠤᠨ ᠦᠢᠯᠡᠳᠬᠦᠨ᠎ᠦ ᠬᠠᠩᠭᠠᠯᠭ᠎ᠠ᠎ᠶ᠋ᠢ ᠪᠠᠶᠠᠯᠢᠭ᠍ᠵᠢᠭᠤᠯᠵᠤ᠂ ᠵᠢᠭᠤᠯᠴᠢᠯᠠᠯ ᠤᠨ ᠦᠢᠯᠡᠴᠢᠯᠡᠭᠡᠨ᠎ᠦ ᠶᠠᠰᠤ ᠴᠢᠨᠠᠷ᠎ᠢ ᠳᠡᠭᠡᠭ᠌ᠰᠢᠯᠡᠭᠦᠯᠦᠨ᠎ᠡ᠃
︱ 《ᠤᠯᠤᠰ ᠠᠷᠠᠳ᠎ᠤᠨ ᠠᠵᠤ ᠠᠬᠤᠶ ᠪᠠ ᠨᠡᠢᠭᠡᠮ᠎ᠦᠨ ᠬᠥᠭ᠌ᠵᠢᠯᠲᠡ᠎ᠶ᠋ᠢᠨ ᠠᠷᠪᠠᠨ ᠲᠠᠪᠤᠳᠤᠭᠠᠷ ᠲᠠᠪᠤᠨ ᠵᠢᠯ᠎ᠦᠨ ᠲᠥᠯᠥᠪᠵᠢᠭᠦᠯᠭᠡ᠎ᠶ᠋ᠢ ᠲᠣᠭ᠍ᠲᠠᠭᠠᠬᠤ ᠲᠤᠬᠠᠶ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠵᠢᠨ ᠰᠠᠨᠠᠭᠤᠯᠭ᠎ᠠ 》 ᠡᠴᠡ ᠠᠪᠤᠪᠠ᠃
1 ᠰᠠᠷ᠎ᠠ᠎ᠶ᠋ᠢᠨ 5 ᠤ᠋ ᠡᠷᠲᠡ ᠵᠢᠨ 9 ᠴᠠᠭ ᠦᠡᠭᠭᠡᠷᠡᠮᠡᠭᠴᠡ᠂ ᠤᠯᠠᠭᠠᠨᠴᠠᠪ ᠬᠤᠲᠠ ᠵᠢᠨ ᠴᠠᠬᠠᠷ ᠪᠠᠷᠠᠭᠤᠨ ᠭᠠᠷᠤᠨ ᠡᠮᠦᠨᠡᠲᠦ ᠬᠣᠱᠢᠭᠤᠨ ᠤ 《ᠤᠯᠠᠭᠠᠨᠴᠠᠪ᠎ᠤᠨ ᠦᠳᠡᠰᠢ》 ᠶ᠋ᠢᠨ ᠦᠵᠡᠮᠵᠢ᠎ᠶ᠋ᠢᠨ ᠣᠷᠣᠨ᠎ᠤ ᠳᠡᠷᠭᠡᠳᠡᠬᠢ《ᠤᠯᠠᠭᠠᠨ ᠴᠠᠰᠤᠲᠤ ᠨᠤᠲᠤᠭ》 ᠲᠤ᠌ ᠬᠡᠳᠦᠨ ᠪᠦᠯᠦᠭ ᠵᠢᠭᠤᠯᠴᠢᠯᠠᠭᠴᠢ ᠬᠦᠷᠦᠯᠴᠡᠨ ᠢᠷᠡᠭᠡᠳ ᠲᠣᠭᠣᠷᠢᠨ ᠵᠢᠭᠤᠯᠴᠢᠯᠠᠵᠤ᠂ ᠵᠢᠷᠤᠭ ᠰᠡᠭᠦᠳᠡᠷ ᠲᠠᠳᠠᠵᠤ᠂ ᠮᠥᠰᠥ᠍ ᠴᠠᠰᠤ ᠪᠡᠷ ᠴᠢᠮᠡᠭᠯᠡᠭᠰᠡᠨ ᠦᠵᠡᠮᠵᠢ᠎ᠶ᠋ᠢᠨ ᠣᠷᠣᠨ᠎ᠳᠤ ᠬᠣᠷᠣᠮᠬᠠᠨ ᠵᠠᠭᠤᠷ᠎ᠠ ᠬᠥᠷ ᠬᠥᠭ᠌ᠵᠢᠶᠡᠨᠵᠢᠡᠷ ᠪᠢᠯᠬᠠᠪᠠ᠃
《ᠤᠯᠠᠭᠠᠨ ᠴᠠᠰᠤᠲᠤ ᠨᠤᠲᠤᠭ》 ᠤ᠋ᠨ ᠬᠠᠷᠢᠭᠤᠴᠠᠯᠭᠠᠲᠠᠨ ᠵᠠᠩ ᠪᠢᠨ᠄《ᠮᠠᠨ᠎ᠤ ᠤᠯᠠᠭᠠᠨᠴᠠᠪ ᠬᠠᠬᠢᠷ ᠬᠦᠶ᠋ᠲᠡᠨ ᠦᠶ᠎ᠡ᠎ᠳᠤ ᠥᠪᠡᠷ ᠦᠨ〈ᠴᠠᠰᠤᠲᠤ ᠨᠤᠲᠤᠭ〉ᠵᠢᠡᠨ ᠪᠥᠲᠥᠭᠡᠨ ᠪᠠᠢᠭᠤᠯᠵᠤ ᠪᠤᠯᠤᠨ᠎ᠠ᠂ ᠡᠷᠬᠢᠨ ᠲᠣᠭᠣᠷᠢᠨ᠎ᠤ ᠨᠠᠩ ᠣᠯᠠᠨ ᠬᠥᠮᠦᠰ ᠡᠪᠦᠯ᠎ᠦᠨ ᠤᠯᠠᠷᠢᠯ᠎ᠳᠤ ᠴᠦ᠍ ᠡᠨᠳᠡ ᠵᠢᠭᠤᠯᠴᠢᠯᠠᠵᠤ ᠪᠤᠯᠤᠨ᠎ᠠ᠃ ᠢᠢᠨ ᠬᠦ᠌ ᠪᠢᠳᠡ 4 ᠲᠦᠮᠡᠨ ᠲᠡᠭ᠌ᠰᠢ ᠳᠥᠷᠪᠡᠯᠵᠢᠨ ᠮᠧᠲ᠋ᠷ ᠪᠥᠬᠥᠶ〈ᠤᠯᠠᠭᠠᠨ ᠴᠠᠰᠤᠲᠤ ᠨᠤᠲᠤᠭ〉 ᠢ᠋ ᠲᠠᠰ ᠳᠡᠪᠱᠢᠭᠦᠯᠦᠨ ᠪᠦᠲᠦᠭᠡᠨ ᠪᠠᠢᠭᠤᠯᠵᠠᠢ᠂ ᠡᠭᠦᠨ ᠳ᠋ᠤ ᠠᠷᠠᠳ᠎ᠤᠨ ᠵᠠᠩ ᠦᠶ᠋ᠯᠡ ᠶ᠋ᠢ ᠪᠡᠶᠡᠴᠢᠯᠡᠨ ᠣᠢᠯᠠᠭᠠᠬᠤ ᠲᠤᠭᠤᠷᠢᠭ᠂ ᠮᠥᠰᠥᠨ ᠬᠦᠷᠬᠢᠷ᠎ᠡ᠎ᠶ᠋ᠢᠨ ᠦᠵᠡᠮᠵᠢ ᠶ᠋ᠢᠨ ᠲᠤᠭᠤᠷᠢᠭ᠂ ᠴᠠᠰᠤᠲᠤ ᠬᠥᠲᠥᠯ ᠦᠨ ᠭᠤᠯᠭᠤᠭᠤᠷ ᠱᠠᠲᠤ᠂ ᠬᠡᠦᠬᠡᠳ᠎ᠦᠨ ᠮᠥᠰᠥ᠍ ᠴᠠᠰᠤᠨ ᠤ ᠴᠡᠩᠭᠡᠯ ᠦᠨ ᠬᠦᠷᠢᠶᠡᠯᠡᠩ ᠵᠡᠷᠭᠡ ᠳᠥᠷᠪᠡᠨ ᠶᠡᠬᠡ ᠬᠡᠰᠡᠭ ᠢ᠋ ᠪᠠᠭᠳᠠᠭᠠᠵᠤ᠂ 45 ᠣᠨᠴᠠᠯᠢᠭ᠍ᠲᠤ ᠬᠦᠷᠢᠶ᠎ᠡ ᠬᠠᠰᠢᠶ᠎ᠠ᠎ᠪᠡᠷ ᠪᠦᠷᠢᠯᠳᠦᠭ᠌ᠰᠡᠨ ᠴᠠᠰᠤᠲᠤ ᠨᠤᠲᠤᠭ᠎ᠤᠨ ᠮᠣᠷᠢᠨ ᠴᠢᠷᠭ᠎ᠠ᠂ ᠠᠷᠠᠳ᠎ᠤᠨ ᠭᠠᠷ ᠤᠷᠠᠯᠠᠯ᠂ ᠡᠪᠦᠯ᠎ᠦᠨ ᠤᠯᠠᠷᠢᠯ᠎ᠤᠨ ᠠᠮᠲᠠᠳᠤ ᠢᠳᠡᠭᠡᠨ ᠵᠡᠷᠭᠡ ᠪᠡᠶᠡᠴᠢᠯᠡᠨ ᠣᠢᠯᠠᠭᠠᠬᠤ ᠦᠶ᠋ᠯᠡᠴᠢᠯᠡᠭᠡ ᠬᠠᠩᠭᠠᠵᠤ᠂ ᠭᠡᠷ ᠪᠦᠯᠢ᠂ ᠠᠮᠠᠷᠠᠭ ᠬᠤᠤᠰ᠂ ᠨᠠᠢᠵᠠ ᠨᠦᠭᠦᠳ ᠵᠡᠷᠭᠡ ᠠᠳᠠᠯᠢ ᠪᠤᠰᠤ ᠤᠯᠠᠨ ᠲᠦᠮᠡᠨ ᠤ᠋ ᠵᠢᠭᠤᠯᠴᠢᠯᠠᠨ ᠴᠡᠡᠭᠬᠡᠯᠳᠤᠬᠦ ᠬᠡᠷᠡᠭ᠌ᠴᠡᠭᠡ᠎ᠶ᠋ᠢ ᠬᠠᠩᠭᠠᠵᠤ ᠪᠠᠢᠨ᠎ᠠ》 ᠬᠡᠵᠤ ᠰᠤᠷᠪᠤᠯᠵᠢᠯᠠᠭᠴᠢ᠎ᠳᠤ ᠲᠠᠨᠢᠯᠴᠠᠭᠤᠯᠤᠯ᠎ᠠ᠃
ᠰᠤᠷᠪᠤᠯᠵᠢᠯᠠᠭᠴᠢ 《ᠤᠯᠠᠭᠠᠨ ᠴᠠᠰᠤᠲᠤ ᠨᠤᠲᠤᠭ》 ᠤ᠋ᠨ ᠠᠷᠠᠳ᠎ᠤᠨ ᠵᠠᠩ ᠦᠶ᠋ᠯᠡ᠎ᠶ᠋ᠢ ᠪᠡᠶᠡᠴᠢᠯᠡᠨ ᠣᠢᠯᠠᠭᠠᠬᠤ ᠲᠣᠭᠣᠷᠢᠭ᠎ᠲᠤ ᠬᠦᠷᠬᠦ ᠳ᠋ᠤ ᠦᠡᠭᠭᠡᠷᠡᠭᠰᠡᠨ ᠤ᠋ ᠤᠮᠠᠷᠠᠲᠤ ᠤᠷᠤᠨ ᠤ᠋ ᠡᠪᠤᠯ ᠤ᠋ᠨ ᠬᠦᠳᠡᠭᠡ ᠨᠤᠲᠤᠭ ᠢ ᠬᠠᠷᠠᠭᠤᠯᠤᠭᠰᠠᠨ 45 ᠬᠦᠷᠢᠶ᠎ᠡ ᠬᠠᠱᠢᠶ᠎ᠠ ᠬᠠᠷᠠᠭᠠᠨ᠎ᠳᠤ ᠲᠤᠰᠴᠤ᠂ ᠮᠣᠳᠣᠨ ᠬᠡᠷᠡᠰᠭᠡ ᠳᠡᠭᠡᠷ᠎ᠡ ᠡᠯᠭᠦᠭ᠌ᠰᠡᠨ ᠤᠯᠠᠭᠠᠨ ᠳ᠋ᠧᠩᠯᠦ᠍ᠨᠢᠳᠤ ᠬᠢᠯᠠᠰᠤᠮ᠎ᠠ ᠴᠠᠭᠠᠨ ᠴᠠᠰᠤ᠎ᠲᠠᠶ ᠥᠩᠭᠡ ᠢᠯᠭᠠᠷᠠᠨ᠎ᠠ᠂ ᠬᠡᠷ ᠦᠨ ᠰᠠᠷᠠᠪᠴᠢᠨ ᠳᠤᠤᠷ᠎ᠠ ᠡᠯᠭᠦᠭ᠌ᠳᠡᠭ᠌ᠰᠡᠨ ᠴᠠᠰᠤᠨ ᠬᠥᠱᠢᠭᠡᠵᠡᠷᠭᠡ ᠨᠢ ᠳᠤᠮᠤᠭ ᠤ᠋ᠨ ᠶᠢᠷᠳᠢᠨᠴᠤ᠎ᠳᠤ ᠤᠷᠤᠭᠰᠠᠨ ᠰᠢᠬ ᠰᠠᠨᠠᠭᠳᠠᠨ᠎ᠠ᠃ ᠬᠦᠷᠢᠶ᠎ᠡ ᠬᠠᠱᠢᠶ᠎ᠠ ᠪᠦᠷᠢ ᠳ᠋ᠤ ᠲᠤᠰᠭᠠᠢᠯᠠᠨ ᠵᠢᠷᠤᠭ ᠰᠡᠭᠦᠳᠡᠷ ᠲᠠᠳᠠᠬᠤ ᠭᠠᠵᠠᠷ ᠳᠤᠬᠢᠷᠠᠭᠤᠯᠵᠠᠢ᠃ ᠵᠢᠭᠤᠯᠴᠢᠯᠠᠭᠰᠡᠳ ᠬᠦᠷᠢᠶ᠎ᠠ ᠬᠠᠰᠢᠶ᠎ᠠ ᠪᠡᠷ ᠲᠤᠭᠤᠷᠢᠨ᠂ ᠵᠢᠷᠤᠭ ᠰᠡᠭᠦᠳᠡᠷ ᠲᠠᠳᠠᠵᠠᠭᠠᠵᠤ᠂ ᠪᠠᠶᠠᠷᠯᠠᠵᠤ ᠬᠦᠭᠡᠷᠦᠯᠳᠦᠭᠡᠳ᠂ ᠡᠨᠡ ᠬᠦ᠌《ᠴᠠᠰᠤᠲᠤ ᠨᠤᠲᠤᠭ》ᠲᠦ᠍ ᠬᠥᠭ᠌ᠵᠢᠶᠡᠨᠨᠠᠷᠬᠢᠶᠠᠨ ᠨᠠᠮᠡᠨᠡ᠃
ᠵᠢᠭᠤᠯᠴᠢᠯᠠᠭ᠍ᠴᠢ ᠵᠢᠶᠠ ᠱᠢᠤ ᠵᠧᠨ᠄《ᠰᠦᠯᠵᠢᠶᠡᠨ ᠳᠡᠭᠡᠷ᠎ᠡ᠎ᠡᠴᠡ〈ᠤᠯᠠᠭᠠᠨᠴᠠᠪ᠎ᠤᠨ ᠦᠳᠡᠰᠢ〉 ᠳ᠋ᠤ ᠮᠥᠰᠥ᠍ ᠴᠠᠰᠤᠨ᠎ᠤ ᠲᠥᠷᠥᠯ ᠵᠦᠶ᠋ᠯ ᠨᠡᠮᠡᠭ᠌ᠳᠡᠭ᠌ᠰᠡᠨ᠎ᠢ ᠤᠯᠵᠤ ᠬᠠᠷᠠᠭᠠᠳ ᠨᠠᠢᠵᠠ᠎ᠨᠠᠷ᠎ᠲᠠᠶ᠎ᠪᠠᠨ ᠬᠠᠮᠲᠤ ᠢᠷᠡᠯ᠎ᠡ᠂ ᠦᠵᠡᠭ᠌ᠡᠳ ᠮᠠᠰᠢ ᠰᠣᠨᠢᠨ ᠰᠠᠢᠬᠠᠨ ᠰᠠᠨᠠᠭᠳᠠᠵᠤ ᠪᠠᠢᠨ᠎ᠠ᠂ ᠣᠯᠠᠨ ᠵᠢᠡᠷ ᠵᠢᠡᠨ ᠡᠨᠳᠡ ᠢᠷᠡᠵᠤ ᠵᠢᠭᠤᠯᠴᠢᠯᠠᠵᠤ ᠪᠤᠯᠤᠨ᠎ᠠ︾ ᠭᠡᠵᠦ᠍ ᠰᠤᠷᠪᠤᠯᠵᠢᠯᠠᠭᠴᠢ᠎ᠳᠦ ᠶᠠᠷᠢᠯ᠎ᠠ᠃
ᠵᠢᠭᠤᠯᠴᠢᠯᠠᠯ ᠤᠨ ᠱᠢᠨ᠎ᠡ ᠡᠵᠡᠩᠨᠡᠯᠲᠡ᠎ᠶ᠋ᠢᠨ ᠬᠡᠯᠪᠡᠷᠢ ᠵᠢ ᠪᠦᠷᠢᠳᠦᠭᠦᠯᠦᠭᠰᠡᠨ ᠨᠢ ᠵᠢᠭᠤᠯᠴᠢᠯᠠᠭ᠍ᠰᠡᠳ᠎ᠲᠤ ᠥᠪᠡᠷᠮᠢᠴᠡ ᠣᠨᠴᠠᠯᠢᠭ ᠪᠦᠬᠦᠢ ᠵᠢᠭᠤᠯᠴᠢᠯᠠᠯ᠎ᠤᠨ ᠬᠠᠪᠤ ᠴᠡᠡᠭᠬᠡᠯ ᠢ᠋ ᠡᠳ᠋ᠯᠡᠭᠦᠯᠬᠦ᠎ᠪᠡᠷ ᠪᠠᠷᠠᠬᠤ ᠦᠭᠡᠶ ᠪᠠᠰᠠ ᠰᠣᠶᠣᠯ ᠪᠠᠶ᠎ᠠ ᠵᠢᠨ ᠲᠠᠮᠢᠷ ᠵᠤᠭ᠎ᠠ ᠴᠡᠩᠭᠡᠯ᠎ᠦᠨ ᠠᠵᠤ ᠦᠢᠯᠡᠰ᠎ᠦᠨ ᠬᠥᠭ᠌ᠵᠢᠯᠲᠡ᠎ᠶ᠋ᠢ ᠳᠠᠢᠴᠢᠯᠠᠭ᠍ᠰᠠᠨ ᠪᠠᠢᠨ᠎ᠠ᠃ ᠴᠠᠬᠠᠷ ᠪᠠᠷᠠᠭᠤᠨ ᠭᠠᠷᠤᠨ ᠬᠣᠢᠲᠤ ᠬᠣᠱᠢᠭᠤᠨ᠎ᠤ 36 ᠨᠠᠰᠤᠲᠠᠢ ᠲᠠᠢ ᠳ᠋ᠤᠸᠠᠨ ᠱᠢᠤᠸᠠᠢ ᠵᠢᠶᠦ᠋ᠨ ᠡᠨᠳᠡ ᠲᠡᠮᠡᠭᠡ ᠤᠨᠤᠭᠤᠯᠬᠤ ᠠᠵᠢᠯ ᠬᠢᠵᠦ ᠪᠠᠢᠨ᠎ᠠ᠃ 《 ᠤᠯᠠᠭᠠᠨ ᠴᠠᠰᠤᠲᠤ ᠨᠤᠲᠤᠭ 》 ᠡᠵᠡᠡᠭᠨᠡᠯᠲᠡ ᠬᠢᠵᠤ ᠡᠬᠢᠯᠡᠬᠦ ᠲᠠᠢ ᠵᠠᠷᠭᠡ ᠲᠡᠷᠡ ᠡᠨᠳᠡ ᠲᠡᠮᠡᠭᠡ ᠤᠨᠤᠭᠤᠯᠬᠤ ᠪᠤᠯᠵᠠᠢ᠃ ᠳ᠋ᠤᠸᠠᠨ ᠱᠢᠤᠸᠠᠢ ᠵᠢᠶᠦ᠋ᠨ᠄ 《 ᠪᠢ ᠡᠯ᠎ᠡ ᠦᠵᠡᠮᠵᠢ᠎ᠶ᠋ᠢᠨ ᠣᠷᠣᠨ ᠵᠢᠡᠷ ᠶᠠᠪᠤᠵᠤ ᠲᠡᠮᠡᠭᠡ ᠤᠨᠤᠭᠤᠯᠬᠤ ᠠᠵᠢᠯ ᠢ᠋ ᠬᠢᠭᠡᠳ ᠣᠯᠠᠨ ᠵᠢᠯ ᠪᠤᠯᠵᠦ ᠪᠠᠢᠨ᠎ᠠ᠂ ᠡᠨᠳᠡ ᠢᠷᠡᠭᠡᠳ ᠱᠢᠨ᠎ᠡ ᠵᠢᠯ᠎ᠤᠨ 3 ᠡᠳᠤᠷ ᠤ᠋ᠨ ᠠᠮᠠᠷᠠᠯᠲᠠ ᠳ᠋ᠤ 5000 ᠲᠥᠭᠥᠷᠢᠭ ᠤ᠋ᠨ ᠤᠷᠤᠯᠭ᠎ᠠ ᠣᠯᠤᠭ᠍ᠰᠠᠨ᠂ ᠥᠩᠭᠡᠷᠡᠭ᠌ᠰᠡᠨ ᠵᠢᠯ ᠦᠨ ᠣᠷᠣᠯᠭ᠎ᠠ᠎ᠪᠠᠷ ᠪᠠᠷᠤᠭ᠍ᠴᠠᠭᠠᠯᠠᠪᠠᠯ ᠵᠢᠯ ᠳᠦ ᠪᠠᠷᠤᠭ 10 ᠲᠦᠮᠡᠨ ᠲᠥᠭᠥᠷᠢᠭ ᠤ᠋ᠨ ᠤᠷᠤᠯᠭ᠎ᠠ ᠤᠯᠤᠨ᠎ᠠ 》 ᠬᠡᠵᠤ ᠲᠠᠨᠢᠯᠴᠠᠭᠤᠯᠪᠠ᠃
《〈ᠤᠯᠠᠭᠠᠨᠴᠠᠪ᠎ᠤᠨ ᠦᠳᠡᠰᠢ〉 ᠵᠢ〈ᠬᠦᠭᠵᠢᠶᠠᠨ᠎ᠲᠦ ᠵᠡᠭᠡᠯᠢ〉 ᠡᠴᠡ〈ᠲᠠᠡᠭᠰᠤᠭ ᠨᠤᠲᠤᠭ〉ᠪᠤᠯᠭᠠᠨ ᠪᠠᠢᠭᠤᠯᠵᠦ᠂ ᠬᠦᠮᠤᠰ ᠲᠤ᠌ ᠨᠠᠡᠭ ᠰᠠᠢᠨ ᠰᠠᠭᠤᠭ᠍ᠳᠠᠯᠦᠯᠡᠳᠡᠭᠡᠬᠦ ᠵᠢᠨ ᠲᠦᠯᠦᠭᠡ ᠪᠢᠳᠡ ᠡᠨᠡ ᠵᠢᠯ 〈ᠤᠯᠠᠭᠠᠨ ᠴᠠᠰᠤᠲᠤ ᠨᠤᠲᠤᠭ〉 ᠢ᠋ ᠲᠡᠰ ᠲᠠᠪᠰᠢᠭᠦᠯᠦᠨ ᠪᠠᠢᠭᠤᠯᠵᠠᠢ᠃ ᠡᠨᠡ ᠨᠢ ᠹᠢᠽᠢᠺ᠎ᠦᠨ ᠣᠷᠣᠨ ᠵᠠᠶ᠎ᠶ᠋ᠢᠨ ᠦᠷᠭᠦᠯᠵᠢᠯᠡᠯ ᠪᠣᠯᠬᠤᠲᠡᠳᠦᠢ ᠦᠭᠡᠶ ᠨᠡᠩ ᠴᠤ᠌ ᠵᠢᠭᠤᠯᠴᠢᠯᠠᠯ᠎ᠤᠨ ᠠᠭᠤᠯᠭ᠎ᠠ ᠪᠠ ᠡᠵᠡᠩᠨᠡᠯᠲᠡ᠎ᠶ᠋ᠢᠨ ᠬᠡᠯᠪᠡᠷᠢ ᠵᠢᠨ ᠪᠦᠬᠦ᠌ ᠲᠠᠯ᠎ᠠ᠎ᠵᠢᠨ ᠳᠠᠪᠰᠢᠯᠳᠠ ᠪᠤᠯᠤᠨ᠎ᠠ᠃ ᠪᠢᠳᠡ ᠮᠥᠰᠥ᠍ ᠴᠠᠰᠤ᠎ᠪᠠᠷ ᠦᠵᠡᠮᠵᠢ ᠪᠣᠯᠭᠠᠵᠤ᠂ ᠵᠤᠭ᠎ᠠ ᠴᠡᠩᠭᠡᠯ᠂ ᠠᠮᠲᠠᠲᠤ ᠢᠳᠡᠭᠡᠨ ᠪᠠ ᠠᠷᠠᠳ᠎ᠤᠨ ᠵᠠᠩ ᠦᠢᠯᠡ᠎ᠶ᠋ᠢᠨ ᠰᠣᠶᠣᠯ᠎ᠢ ᠪᠡᠶᠡᠴᠢᠯᠡᠨ ᠣᠢᠯᠠᠭᠠᠬᠤ᠎ᠵᠢ ᠠᠭᠤᠰᠤᠯᠴᠠᠭᠤᠯᠤᠨ᠂ ᠵᠢᠭᠤᠯᠴᠢᠯᠠᠭᠰᠡᠳ᠎ᠲᠤ ᠤᠮᠠᠷᠠᠲᠤ ᠶ᠋ᠢᠨ ᠡᠪᠦᠯ ᠦᠨ ᠤᠯᠠᠷᠢᠯ᠎ᠤᠨ ᠬᠠᠯᠠᠭᠤᠨ ᠰᠡᠳᠭᠢᠯᠭᠡ ᠪᠠ ᠷᠢᠳᠢ ᠱᠢᠳᠢ᠎ᠶ᠋ᠢ ᠪᠦᠬᠦ᠌ ᠲᠠᠯ᠎ᠠ᠎ᠪᠠᠷ ᠮᠡᠳᠡᠷᠡᠭᠦᠯᠤᠨᠠ᠃ ᠰᠣᠶᠣᠯ ᠪᠠ ᠮᠥᠰᠥ᠍ ᠴᠠᠰᠤᠨ᠎ᠤ ᠵᠢᠭᠤᠯᠴᠢᠯᠠᠯ᠎ᠤᠨ ᠭᠦᠨᠵᠡᠭᠡᠶ ᠠᠭᠤᠰᠤᠯᠴᠠᠯ ᠢ ᠠᠬᠢᠭᠤᠯᠬᠤ᠎ᠪᠠᠷ ᠳᠡᠮᠵᠢᠨ ᠪᠢᠳᠡ ᠮᠦᠰᠦᠨ ᠴᠠᠰᠤᠨ᠎ᠤ ᠡᠬᠢ ᠪᠠᠶᠠᠯᠢᠬ᠎ᠢ ᠦᠷᠭᠦᠯᠵᠢᠯᠡᠨ ᠴᠢᠨᠠᠷ ᠰᠠᠢᠲᠠᠶ ᠬᠥᠭ᠌ᠵᠢᠯᠲᠡ᠎ᠶ᠋ᠢᠨ ᠬᠠᠯᠠᠮᠰᠢᠯ ᠠᠵᠤ ᠦᠶ᠋ᠯᠡᠰ ᠪᠣᠯᠭᠠᠨ ᠬᠤᠪᠢᠷᠠᠭᠤᠯᠵᠤ᠂ ᠣᠷᠣᠨ ᠨᠤᠲᠤᠭ᠎ᠤᠨ ᠠᠵᠤ ᠠᠬᠤᠶ᠎ᠳᠤ ᠱᠢᠨ᠎ᠡ ᠠᠮᠢᠵᠢᠷᠠᠯ᠎ᠤᠨ ᠬᠦᠴᠦᠨ ᠨᠡᠮᠡᠷᠢᠯᠡᠬᠦ᠌᠎ᠶ᠋ᠢ ᠵᠣᠷᠢᠯ᠎ᠠ᠃ 2025 ᠣᠨ᠎ᠤ 12 ᠰᠠᠷ᠎ᠠ᠎ᠶ᠋ᠢᠨ 31 ᠤ᠋ ᠡᠳᠦᠷ ᠡᠵᠡᠡᠭᠨᠡᠯᠲᠡ ᠪᠠᠨ ᠡᠬᠢᠯᠡᠭᠦᠯᠵᠤ᠂ ᠣᠲᠣ ᠪᠣᠯᠲᠠᠯ᠎ᠠ ᠵᠢᠭᠤᠯᠴᠢᠯᠠᠭᠰᠡᠳ ᠢ᠋ 15300 ᠬᠥᠮᠦᠨ ᠤᠳᠠᠭ᠎ᠠ ᠭᠥᠯᠢᠶᠡᠨ ᠠᠪᠴᠠᠶ︾ᠬᠡᠵᠤ ᠴᠠᠬᠠᠷ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠭᠦᠸᠧ ᠶᠤᠸᠠᠨ ᠰᠣᠶᠣᠯ ᠵᠢᠭᠤᠯᠴᠢᠯᠠᠯ᠎ᠤᠨ ᠪᠡᠯᠡ ᠣᠷᠣᠭᠤᠯᠤᠯᠲᠠ ᠨᠡᠭᠡᠭᠡᠯᠲᠡ᠎ᠶ᠋ᠢᠨ ᠺᠣᠮᠫᠠᠨᠢ᠎ᠶ᠋ᠢᠨ ᠬᠡᠷᠡᠭ ᠮᠡᠳᠡᠭ᠌ᠴᠢᠳ᠎ᠦᠨ ᠳᠠᠷᠤᠭ᠎ᠠ ᠴᠢᠶᠠᠨ ᠱᠢᠶᠤᠤ ᠯᠸᠢ ᠲᠠᠨᠢᠯᠴᠠᠭᠤᠯᠤᠯ᠎ᠠ᠃
2025 ᠣᠨ᠎ᠳᠤ ᠤᠯᠠᠭᠠᠨᠴᠠᠪ ᠬᠣᠲᠠ᠎ᠶ᠋ᠢᠨ ᠰᠣᠶᠣᠯ ᠵᠢᠭᠤᠯᠴᠢᠯᠠᠯ ᠪᠡᠶ᠎ᠡ᠎ᠶ᠋ᠢᠨ ᠲᠠᠮᠢᠷ᠎ᠤᠨ ᠦᠶ᠋ᠯᠡᠰ᠎ᠤᠨ ᠴᠢᠨᠠᠷ ᠰᠠᠢᠲᠠᠶ ᠬᠥᠭ᠌ᠵᠢᠯᠲᠡ ᠢᠯᠡᠳᠲᠡ ᠦᠷ᠎ᠡ ᠪᠦᠲᠦᠮᠵᠢ ᠣᠯᠵᠤ᠂ ᠨᠡᠢᠲᠡ 2322 ᠲᠦᠮᠡᠨ ᠵᠢᠭᠤᠯᠴᠢᠯᠠᠭᠴᠢ ᠵᠢ ᠭᠥᠯᠢᠶᠡᠨ ᠠᠪᠴᠤ᠌᠂ ᠠᠳᠠᠯᠢ ᠬᠤᠭᠤᠴᠠᠭᠠᠨ᠎ᠤ᠎ᠬᠢ᠎ᠡᠴᠡ 13.6% ᠪᠠᠷ ᠨᠡᠮᠡᠭ᠌ᠳᠡᠨ᠂ ᠵᠢᠭᠤᠯᠴᠢᠯᠠᠭ᠍ᠰᠡᠳ᠎ᠤᠨ ᠶᠡᠷᠦᠩᠬᠡᠶ ᠵᠠᠷᠤᠯᠭ᠎ᠠ 275.8 ᠳ᠋ᠦᠩᠱᠢᠭᠤᠷ ᠲᠥᠭᠥᠷᠢᠭ ᠲᠸ᠋ ᠬᠦᠷᠴᠦ᠍᠂ ᠠᠳᠠᠯᠢ ᠬᠤᠭᠤᠴᠠᠭᠠᠨ᠎ᠤ᠎ᠬᠢ᠎ᠡᠴᠡ 11.8% ᠪᠠᠷ ᠨᠡᠮᠡᠭ᠌ᠳᠡᠭᠰᠡᠨ ᠪᠠᠢᠨ᠎ᠠ᠃