— ᠲᠣᠮᠣ ᠴᠠᠬᠢᠯᠭᠠᠨ ᠲᠤᠤᠷ ᠲᠤ᠌ ᠦᠯᠦ ᠤᠷᠤᠬᠰᠠᠨ ᠪᠦᠬᠦ᠌ ᠤᠯᠤᠰ᠎ᠤᠨ ᠬᠠᠮᠤᠭ᠎ᠤᠨ ᠰᠡᠭᠦᠯᠴᠢᠶ᠋ᠢᠨᠱᠢᠶᠠᠩᠳᠤ ᠤᠳᠠᠯ ᠦᠭᠡᠶ ᠴᠠᠬᠢᠯᠭᠠᠨ ᠨᠡᠪᠲᠡᠷᠡᠬᠦ᠌᠎ᠪᠡᠷ ᠪᠤᠢ
ᠠᠷᠠᠳ᠎ᠤᠨ ᠠᠮᠢᠳᠤᠷᠠᠯ᠎ᠢ ᠪᠠᠲᠤᠯᠠᠨ ᠰᠠᠢᠵᠢᠷᠠᠭᠤᠯᠬᠤ ᠡᠷᠴᠢᠮ᠎ᠢᠶᠡᠨ ᠴᠢᠩᠭᠠᠷᠠᠭᠤᠯᠵᠤ᠂ ᠪᠦᠬᠦ᠌ ᠠᠷᠠᠳ ᠲᠦᠮᠡᠨ᠎ᠦ ᠬᠠᠮᠲᠤ᠎ᠪᠠᠷ ᠪᠠᠶᠠᠵᠢᠬᠤ᠎ᠵᠢ ᠯᠠᠪᠳᠠᠭᠤᠨ ᠪᠠᠲᠤᠲᠠᠢ ᠠᠬᠢᠭᠤᠯᠤᠨ᠎ᠠ᠃
— 《ᠤᠯᠤᠰ ᠠᠷᠠᠳ᠎ᠤᠨ ᠠᠵᠤ ᠠᠬᠤᠶ ᠪᠠ ᠨᠡᠢᠭᠡᠮ᠎ᠦᠨ ᠬᠥᠭ᠌ᠵᠢᠯᠲᠡ᠎ᠶ᠋ᠢᠨ ᠠᠷᠪᠠᠨ ᠲᠠᠪᠤᠳᠤᠭᠠᠷ ᠲᠠᠪᠤᠨ ᠵᠢᠯ᠎ᠦᠨ ᠲᠥᠯᠥᠪᠵᠢᠭᠦᠯᠭᠡ᠎ᠶ᠋ᠢ ᠲᠣᠭ᠍ᠲᠠᠭᠠᠬᠤ ᠲᠤᠬᠠᠶ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ᠎ᠵᠢᠨ ᠰᠠᠨᠠᠭᠤᠯᠭ᠎ᠠ》 ᠡᠴᠡ
1 ᠰᠠᠷ᠎ᠠ᠎ᠶ᠋ᠢᠨ 19 ᠤ᠋ ᠡᠳᠦᠷ᠂ ᠶᠡᠬᠡ ᠬᠢᠩᠭᠠᠨ ᠳᠠᠪᠠᠭ᠎ᠠ᠎ᠶ᠋ᠢᠨ ᠬᠣᠢᠲᠤ ᠬᠡᠰᠡᠭ ᠳᠡᠬᠢ ᠣᠶ ᠵᠢᠨ ᠭᠦᠨ᠎ᠡᠴᠡ ᠨᠢᠬᠡᠨ ᠪᠠᠶᠠᠷ᠎ᠤᠨ ᠴᠢᠮᠡᠭᠡ ᠤᠯᠠᠮᠵᠢᠯᠠᠭ᠍ᠳᠠᠯᠠ᠄ ᠣᠶ ᠮᠣᠳᠣ ᠣᠭ᠍ᠲᠣᠯᠬᠤ ᠠᠵᠢᠯ ᠤᠷᠤᠭ᠍ᠰᠢᠲᠠᠶ ᠳᠠᠭᠤᠰᠭᠤ᠎ᠶ᠋ᠢ ᠳᠠᠭᠠᠯᠳᠤᠨ᠂ ᠴᠠᠬᠢᠯᠭᠠᠨ ᠬᠦᠴᠦᠨ᠎ᠦ ᠪᠠᠷᠢᠯᠭ᠎ᠠ᠎ᠶ᠋ᠢᠨ ᠡᠩᠨᠡᠭᠡ ᠵᠢᠩᠬᠢᠨᠢ᠎ᠪᠡᠷ ᠪᠠᠷᠢᠯᠭ᠎ᠠ ᠵᠢᠨ ᠭᠠᠵᠠᠷ ᠲᠸ᠋ ᠬᠦᠷᠴᠤ᠂ ᠲᠣᠮᠣ ᠴᠠᠬᠢᠯᠭᠠᠨ ᠲᠤᠤᠷ ᠲᠤ᠌ ᠦᠯᠦ ᠤᠷᠤᠬᠰᠠᠨ ᠪᠥᠬᠥ᠌ ᠤᠯᠤᠰ᠎ᠤᠨ ᠬᠠᠮᠤᠭ᠎ᠤᠨ ᠰᠡᠭᠦᠯᠴᠢ᠎ᠶ᠋ᠢᠨ ᠨᠢᠭᠡ ᠱᠢᠶᠠᠩ — ᠡᠷᠭᠦᠨ᠎ᠡ ᠬᠣᠲᠠ᠎ᠶ᠋ᠢᠨ ᠴᠢ ᠴᠢᠶᠠᠨ ᠱᠢᠶᠠᠩ᠎ᠳᠤ ᠤᠳᠠᠯ ᠥᠬᠡᠶ ᠲᠣᠮᠣ ᠴᠠᠬᠢᠯᠭᠠᠨ ᠲᠤᠤᠷ ᠳᠠᠢ ᠬᠤᠯᠪᠤᠬᠰᠠᠨ ᠴᠠᠬᠢᠯᠭᠠᠨ ᠨᠡᠪᠲᠡᠷᠡᠬᠦ᠌᠎ᠪᠡᠷ ᠪᠤᠯᠵᠠᠢ᠃
ᠴᠢ ᠴᠢᠶᠠᠨ ᠱᠢᠶᠠᠩ ᠨᠢ ᠳᠤᠮᠳᠠᠳᠤ ᠤᠷᠤᠰ᠎ᠤᠨ ᠬᠢᠯᠢ᠎ᠳᠦ ᠪᠠᠢᠷᠢᠯᠠᠵᠤ᠂ ᠡᠷᠭᠦᠨ᠎ᠡ ᠭᠣᠣᠯ᠎ᠤᠨ ᠬᠦᠪᠡᠭᠡ᠂ ᠶᠡᠬᠡ ᠬᠢᠩᠭᠠᠨ ᠳᠠᠪᠠᠭ᠎ᠠ᠎ᠶ᠋ᠢᠨ ᠬᠣᠢᠲᠤ ᠬᠡᠰᠡᠭ᠎ᠦᠨ ᠪᠠᠯᠠᠷ ᠤᠢ᠎ᠶ᠋ᠢᠨ ᠬᠦᠨᠳᠦ ᠪᠠᠢᠵᠦ᠂ ᠡᠷᠭᠦᠨ᠎ᠡ ᠬᠤᠳᠠ᠎ᠡᠴᠡ 380 ᠺᠢᠯᠣᠮᠧᠲ᠋ᠷ ᠵᠠᠢᠲᠠᠢ᠃ ᠱᠢᠶᠠᠩ᠎ᠤᠨ ᠵᠠᠰᠠᠭ᠎ᠤᠨ ᠣᠷᠳᠣᠨ᠎ᠤ ᠰᠠᠭᠤᠭ᠎ᠠ ᠭᠠᠵᠠᠷ ᠴᠢ ᠴᠢᠶᠠᠨ ᠲᠣᠰᠭᠣᠨ᠎ᠳᠤ ᠵᠥᠪᠬᠡᠨ 9 ᠡᠷᠦᠬᠡ ᠪᠠᠢᠩᠭᠤ ᠰᠠᠭᠤᠭ᠎ᠠ ᠰᠠᠭᠤᠭᠠᠯᠢ ᠠᠷᠠᠳ ᠪᠠᠢᠵᠤ᠂ ᠬᠢᠯᠢ ᠬᠢᠵᠠᠭᠠᠷ᠎ᠢ ᠲᠣᠭ᠍ᠲᠠᠪᠤᠷᠢᠵᠢᠭᠤᠯᠬᠤ ᠴᠢᠬᠤᠯᠠ ᠵᠠᠩᠭᠢᠯᠠᠭ᠎ᠠ᠎ᠶ᠋ᠢᠨ ᠴᠡᠭ ᠪᠣᠯᠤᠨ᠎ᠠ᠃
ᠴᠢ ᠴᠢᠶᠠᠨ ᠱᠢᠶᠠᠩ 1956 ᠣᠨ᠎ᠳᠤ ᠱᠢᠶᠠᠩ ᠪᠠᠯᠭᠠᠰᠤᠨ᠎ᠤ ᠪᠠᠢᠭᠤᠯᠤᠮᠵᠢ᠎ᠵᠢᠨ ᠳᠦᠷᠢᠮ᠎ᠢ ᠪᠠᠢᠭᠤᠯᠵᠠᠢ᠂ ᠣᠨᠴᠠᠭᠠᠢ ᠭᠠᠵᠠᠷ ᠵᠦᠶ᠎ᠶ᠋ᠢᠨ ᠪᠠᠢᠷᠢᠯᠠᠯ᠎ᠡᠴᠡ ᠪᠣᠯᠵᠤ᠂ ᠤᠷᠲᠤ ᠬᠤᠭᠤᠴᠠᠭᠠᠨ᠎ᠤ ᠲᠤᠷᠰᠢ᠂ ᠴᠠᠬᠢᠯᠭᠠᠨ ᠨᠡᠪᠳᠡᠷᠡᠬᠦᠯᠬᠦ ᠪᠣᠯ ᠡᠨᠳᠡᠬᠢ ᠬᠠᠮᠤᠭ᠎ᠤᠨ ᠶᠡᠬᠡ ᠬᠦᠴᠢᠷ ᠠᠰᠠᠭᠤᠳᠠᠯ ᠪᠣᠯᠵᠠᠶ᠃ ᠲᠤᠬᠠᠢ᠎ᠶ᠋ᠢᠨ ᠭᠠᠵᠠᠷ ᠨᠢ ᠵᠥᠪᠬᠡᠨ ᠰᠠᠯᠬᠢᠨ ᠬᠦᠴᠤᠨ ᠭᠡᠷᠡᠯᠴᠢ ᠴᠡᠨᠡᠭ᠎ᠦᠨ ᠨᠥᠬᠥᠪᠥᠷᠢᠯᠡᠯᠲᠡᠪᠡᠷ ᠴᠠᠬᠢᠯᠭᠠᠨ ᠬᠠᠩᠭᠠᠵᠤ᠂ ᠴᠠᠬᠢᠯᠭᠠᠨ ᠡᠨᠧᠷᠭᠢ᠎ᠶ᠋ᠢᠨ ᠠᠮᠢᠨ ᠰᠤᠳᠠᠰᠤ ᠨᠢ ᠪᠦᠷᠢᠮᠦᠰᠦᠨ ᠴᠠᠭ ᠠᠭᠤᠷ᠎ᠲᠠᠶ ᠬᠣᠯᠪᠣᠭ᠍ᠳᠠᠵᠤ᠂ ᠲᠤᠩᠭᠠᠯᠠᠭ ᠡᠳᠦᠷ᠎ᠤᠨ ᠨᠡᠷᠡᠨ᠎ᠦ ᠲᠤᠰᠤᠯᠲᠠ ᠭᠦᠢᠴᠡᠳ ᠪᠤᠰᠤ ᠪᠤᠶᠤ ᠪᠦᠷᠬᠦᠭ ᠡᠳᠦᠷ ᠰᠠᠯᠬᠢᠨ᠎ᠤ ᠬᠦᠴᠦ᠍ᠨ ᠪᠠᠭᠤᠷᠠᠢ ᠦᠶᠡᠰ᠂ ᠴᠠᠬᠢᠯᠭᠠᠨ ᠬᠦᠴᠦᠳᠡᠯ ᠨᠢ ᠪᠠᠢᠨ ᠳᠠᠬᠢᠨ ᠬᠡᠯᠪᠡᠯᠵᠡᠵᠦ᠍᠂ ᠳ᠋ᠧᠩ᠎ᠦᠨ ᠭᠡᠷᠡᠯ ᠭᠡᠨᠡᠳᠲᠡ ᠭᠡᠷᠡᠯᠲᠦᠵᠦ᠍ ᠭᠡᠨᠡᠳᠲᠡ ᠪᠦᠳᠡᠭᠢᠷᠡᠵᠦ᠍ ᠂ ᠴᠠᠬᠢᠯᠭᠠᠨ ᠬᠡᠷᠡᠭ᠌ᠰᠡᠯ ᠬᠡᠷᠡᠭᠯᠡᠬᠦ᠎ᠵᠢᠨ ᠠᠷᠭ᠎ᠠ ᠦᠭᠡᠢ ᠪᠠᠢᠳᠠᠭ᠃ ᠲᠣᠭ᠍ᠲᠠᠭᠤᠨ ᠪᠤᠰᠤ ᠴᠠᠬᠢᠯᠭᠠᠨ ᠬᠠᠩᠭᠠᠯᠭ᠎ᠠ ᠨᠢ ᠲᠤᠬᠠᠢ᠎ᠶ᠋ᠢᠨ ᠭᠠᠵᠠᠷ᠎ᠤᠨ ᠠᠵᠤ ᠠᠬᠤᠢ᠎ᠶ᠋ᠢᠨ ᠬᠥᠭ᠌ᠵᠢᠯᠲᠡ ᠪᠠ ᠠᠷᠠᠳ ᠤᠯᠠᠨ᠎ᠤ ᠦᠢᠯᠡᠳᠪᠦᠷᠢᠯᠡᠯ ᠠᠮᠢᠳᠤᠷᠠᠯ᠎ᠢ ᠬᠦᠨᠳᠦ ᠨᠣᠴᠢᠲᠠᠢ ᠬᠢᠵᠠᠭᠠᠷᠯᠠᠵᠤ᠂ ᠠᠶᠤᠯᠭᠦᠢ ᠤᠰᠤ ᠤᠮᠳᠠ᠎ᠶ᠋ᠢᠨ ᠪᠠᠲᠤᠯᠠᠭ᠎ᠠ ᠦᠭᠡᠢ᠂ ᠠᠵᠤ ᠦᠢᠯᠡᠰ᠎ᠢ ᠬᠦᠭᠵᠢᠬᠦᠯᠦᠨ ᠦᠷᠭᠡᠳᠬᠡᠬᠦ ᠶᠠᠪᠤᠳᠠᠯ ᠬᠠᠷᠰᠢ ᠰᠠᠭᠠᠳ᠎ᠲᠤ ᠤᠴᠠᠷᠠᠵᠤ᠂ ᠮᠡᠳᠡᠭᠡ ᠬᠣᠯᠪᠣᠭ᠎ᠠ ᠵᠢᠨ ᠬᠠᠷᠢᠯᠴᠠᠭ᠎ᠠ ᠰᠠᠭᠠᠳ᠎ᠲᠠᠶ ᠪᠠᠢᠪᠠ᠃
ᠴᠠᠬᠢᠯᠭᠠᠨ ᠬᠡᠷᠡᠭ᠌ᠯᠡᠬᠦ᠌ ᠬᠦᠴᠢᠷᠳᠡᠯ᠎ᠢ ᠱᠢᠶ᠋ᠳᠪᠦᠷᠢᠯᠡᠬᠦ᠌᠎ᠶ᠋ᠢᠨ ᠲᠥᠯᠥᠭᠡ᠂ ᠡᠷᠭᠦᠨ᠎ᠡ ᠬᠣᠲᠠ᠎ᠶ᠋ᠢᠨ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ ᠤᠯᠤᠰ᠎ᠤᠨ ᠴᠠᠬᠢᠯᠭᠠᠨ ᠲᠤᠤᠷ᠎ᠤᠨ ᠥᠪᠥᠷ ᠮᠣᠩᠭᠣᠯ᠎ᠤᠨ ᠵᠡᠭᠦᠨ ᠬᠡᠰᠡᠭ᠎ᠦᠨ ᠴᠠᠬᠢᠯᠭᠠᠨ ᠬᠦᠴᠦᠨ᠎ᠦ ᠬᠢᠵᠠᠭᠠᠷᠲᠤ ᠺᠣᠮᠫᠠᠨᠢ᠎ᠶ᠋ᠢᠨ ᠬᠥᠯᠥᠨ ᠪᠣᠢᠷ ᠳᠡᠬᠢ ᠴᠠᠬᠢᠯᠭᠠᠨ ᠬᠠᠩᠭᠠᠬᠤ ᠺᠣᠮᠫᠠᠨᠢ᠎ᠲᠠᠶ ᠢᠳᠡᠪᠬᠢᠲᠡᠶ ᠨᠡᠪᠳᠡᠷᠡᠯᠴᠡᠵᠤ᠂ 2023 ᠣᠨ᠎ᠤ 9 ᠰᠠᠷ᠎ᠠ᠎ᠳᠤ ᠪᠠᠶ ᠯᠦ᠍ ᠳ᠋ᠤᠤ ᠡᠴᠡ ᠴᠢ ᠴᠢᠶᠠᠨ ᠰᠢᠶᠠᠩ ᠬᠥᠷᠬᠥ᠌ ᠴᠠᠬᠢᠯᠭᠠᠨ ᠬᠦᠷᠭᠡᠬᠦ᠌ ᠱᠤᠭᠤᠮ᠎ᠤᠨ ᠲᠥᠷᠥᠯ ᠵᠦᠶ᠋ᠯ᠎ᠢ ᠡᠬᠢᠯᠡᠭᠦᠯᠪᠡ᠃ ᠠᠵᠢᠯ᠎ᠤᠨ ᠲᠤᠰᠭᠠᠶ ᠠᠩᠭᠢ ᠤᠷᠢᠳ ᠬᠣᠵᠢᠳ ᠪᠡᠭᠡᠵᠢᠩ᠂ ᠬᠥᠬᠡᠬᠣᠲᠠ᠎ᠳᠤ 12 ᠤᠳᠠᠭ᠎ᠠ ᠬᠦᠷᠴᠤ ᠵᠥᠪᠱᠢᠶᠡᠷᠡᠬᠦᠯᠬᠦ ᠭᠠᠷᠳᠠᠮ᠎ᠢ ᠬᠦᠢᠴᠡᠳᠬᠡᠵᠤ᠂ ᠤᠯᠤᠰ᠎ᠤᠨ ᠣᠶ ᠱᠢᠭᠤᠶ ᠪᠠ ᠨᠤᠲᠤᠭ ᠪᠡᠯᠴᠢᠭᠡᠷ᠎ᠦᠨ ᠲᠣᠪᠴᠢᠶ᠎ᠠ᠂ ᠥᠪᠡᠷᠲᠡᠭᠡᠨ ᠵᠠᠰᠠᠬᠤ ᠣᠷᠣᠨ᠎ᠤ ᠣᠶ ᠱᠢᠭᠤᠶ ᠪᠠ ᠨᠤᠲᠤᠭ ᠪᠡᠯᠴᠢᠭᠡᠷ᠎ᠦᠨ ᠲᠣᠪᠴᠢᠶ᠎ᠠ᠂ ᠣᠶ ᠱᠢᠭᠤᠶ᠎ᠶ᠋ᠢᠨ ᠠᠵᠤ ᠦᠶ᠋ᠯᠡᠳᠪᠦᠷᠢ᠎ᠶ᠋ᠢᠨ ᠪᠦᠯᠦᠭ᠌ᠯᠡᠯ ᠵᠡᠷᠭᠡ ᠨᠢᠭᠡᠴᠢ᠎ᠲᠡᠶ ᠳᠠᠬᠢᠨ ᠳᠠᠪᠲᠠᠨ 40 ᠭᠠᠷᠤᠶ ᠤᠳᠠᠭ᠎ᠠ ᠵᠣᠯᠭᠠᠭᠤᠯᠤᠨ ᠵᠣᠬᠢᠴᠠᠭᠤᠯᠵᠤ᠂ 3 ᠤᠳᠠᠭ᠎ᠠ᠎ᠵᠢᠨ ᠣᠶ ᠱᠢᠭᠤᠶ᠎ᠶ᠋ᠢᠨ ᠪᠠᠢᠴᠠᠭᠠᠯᠲᠠ᠂ 4 ᠬᠤᠪᠢ ᠲᠤᠰᠭᠠᠶ ᠵᠦᠶ᠋ᠯ᠎ᠦᠨ ᠮᠡᠳᠡᠭᠦᠯᠦᠯᠲᠡ᠎ᠶ᠋ᠢ ᠨᠠᠢᠷᠠᠭᠤᠯᠤᠨ ᠵᠣᠬᠢᠶᠠᠬᠤ ᠠᠵᠢᠯ᠎ᠢ ᠵᠣᠬᠢᠴᠠᠭᠤᠯᠤᠨ ᠪᠡᠶᠡᠯᠡᠭᠦᠯᠵᠦ᠍᠂ ᠡᠷᠭᠦᠨ᠎ᠡ᠎ᠶ᠋ᠢᠨ ᠤᠯᠤᠰ᠎ᠤᠨ ᠲᠠᠰ᠎ᠤᠨ ᠪᠠᠢᠭᠠᠯᠢ᠎ᠶ᠋ᠢᠨ ᠬᠠᠮᠠᠭᠠᠯᠠᠯᠲᠠ᠎ᠶ᠋ᠢᠨ ᠣᠷᠣᠨ᠎ᠤ ᠭᠤᠤᠯ ᠣᠷᠣᠨ᠂ ᠵᠠᠪᠰᠠᠷ᠎ᠤᠨ ᠣᠷᠣᠨ᠎ᠢ ᠨᠡᠪᠲᠡᠷᠡᠬᠦᠯᠦᠭᠰᠡᠨ ᠬᠢᠨᠠᠨ ᠵᠥᠪᠱᠢᠶᠡᠷᠡᠬᠦᠯᠬᠦ ᠠᠰᠠᠭᠤᠳᠠᠯ᠎ᠢ ᠱᠢᠶ᠋ᠳᠪᠦᠷᠢᠯᠡᠵᠦ᠍᠂ ᠲᠥᠷᠥᠯ ᠵᠦᠶ᠋ᠯ᠎ᠢ ᠨᠠᠢᠳᠠᠪᠤᠷᠢᠵᠢᠭᠤᠯᠬᠤ᠎ᠳᠤ ᠳᠠᠪᠬᠤᠷ ᠳᠠᠪᠬᠤᠷ ᠬᠠᠷᠰᠢ ᠰᠠᠭᠠᠳ᠎ᠢ ᠠᠷᠢᠯᠭᠠᠵᠤ ᠥᠭ᠌ᠴᠡᠶ᠃
《ᠲᠤᠰ ᠵᠠᠮ ᠱᠤᠭᠤᠮ᠎ᠨᠢ ᠬᠣᠶᠠᠷ ᠬᠠᠮᠠᠭᠠᠯᠠᠯᠲᠠ᠎ᠶ᠋ᠢᠨ ᠣᠷᠣᠨ᠎ᠤ ᠣᠨᠴᠠ ᠬᠡᠷᠡᠭ᠌ᠴᠡᠭᠡᠨ᠎ᠦ ᠣᠶ ᠪᠣᠯᠤᠨ ᠬᠠᠯᠬᠠᠪᠴᠢ ᠣᠶ ᠳᠠᠢ ᠬᠤᠯᠪᠤᠭᠳᠠᠨ᠎ᠠ᠂ ᠪᠥᠬᠥ᠌ ᠣᠷᠳᠣᠨ᠎ᠢ 40 ᠭᠠᠷᠤᠶ ᠺᠢᠯᠣᠮᠧᠲ᠋ᠷ ᠪᠠᠢᠵᠤ᠂ ᠠᠯᠬᠤᠮ ᠪᠦᠷᠢ ᠵᠢᠨ ᠪᠠᠷᠢᠯᠭ᠎ᠠ᠎ᠶ᠋ᠢᠨ ᠠᠵᠢᠯ ᠲᠤᠮᠳᠠ ᠠᠮᠢ ᠠᠬᠤᠶ ᠳ᠋ᠤ ᠦᠵᠡᠬᠦᠯᠬᠦ ᠨᠥᠯᠥᠭᠡ᠎ᠶ᠋ᠢ ᠠᠯᠢ ᠴᠢᠳᠠᠬᠤ᠎ᠪᠠᠷ ᠬᠠᠮᠤᠭ᠎ᠤᠨ ᠳᠤᠤᠷ᠎ᠠ ᠬᠡᠮᠵᠢᠶᠡᠨ᠎ᠳᠦ ᠬᠦᠷᠲᠡᠯ᠎ᠡ ᠪᠠᠭᠤᠷᠠᠭᠤᠯᠬᠤ ᠬᠡᠷᠡᠭ᠌ᠲᠡᠶ᠂ ᠡᠨᠡ ᠪᠣᠯ ᠪᠢᠳᠡᠨ᠎ᠦ ᠡᠷᠬᠡᠪᠰᠢ ᠪᠠᠲᠤ ᠰᠠᠬᠢᠬᠤ ᠬᠣᠷᠢᠭ᠎ᠠ ᠱᠤᠭᠤᠮ ᠪᠣᠯᠤᠨ᠎ᠠ》᠃ ᠮᠣᠷᠢᠳᠠᠭᠠ ᠣᠶ ᠱᠢᠭᠤᠶ᠎ᠶ᠋ᠢᠨ ᠠᠵᠤ ᠦᠶ᠋ᠯᠡᠳᠪᠦᠷᠢ᠎ᠶ᠋ᠢᠨ ᠺᠣᠮᠫᠠᠨᠢ᠎ᠶ᠋ᠢᠨ ᠣᠶ ᠱᠢᠭᠤᠶ᠎ᠶ᠋ᠢᠨ ᠡᠵᠡᠩᠨᠡᠯᠲᠡ᠎ᠶ᠋ᠢᠨ ᠬᠡᠯᠲᠡᠰ᠎ᠦᠨ ᠬᠠᠷᠢᠭᠤᠴᠠᠯᠭᠠᠲᠠᠨ ᠯᠢᠦ ᠵᠢᠩ ᠶᠠᠩ᠂ ᠪᠠᠷᠢᠯᠭ᠎ᠠ᠎ᠶ᠋ᠢᠨ ᠠᠵᠢᠯ ᠳᠤᠮᠳᠠ ᠲᠠᠳᠠ ᠣᠶ ᠮᠣᠳᠣ ᠵᠢ ᠣᠭ᠍ᠲᠣᠯᠬᠤ ᠵᠥᠪᠱᠢᠶᠡᠷᠡᠯ᠎ᠦᠨ ᠦᠨᠡᠮᠯᠡᠯ᠎ᠤᠨ ᠴᠣᠬᠣᠯᠠᠪᠤᠷᠢ ᠶᠣᠰᠣᠭᠠᠷ᠂ ᠣᠶ ᠱᠢᠭᠤᠶ᠎ᠶ᠋ᠢᠨ ᠠᠵᠤ ᠦᠶ᠋ᠯᠡᠳᠪᠦᠷᠢ᠎ᠶ᠋ᠢᠨ ᠪᠦᠯᠦᠭ᠌ᠯᠡᠯ᠎ᠦᠨ ᠳᠣᠭᠢᠷᠠᠭᠤᠯᠤᠭ᠍ᠰᠠᠨ ᠱᠢᠨ᠎ᠡ ᠮᠠᠶᠢᠭ᠎ᠤᠨ ᠣᠶ ᠱᠢᠭᠤᠶ᠎ᠶ᠋ᠢᠨ ᠡᠵᠡᠩᠨᠡᠯᠲᠡ᠎ᠶ᠋ᠢᠨ ᠮᠠᠱᠢᠨ᠎ᠢ ᠬᠡᠷᠡᠭ᠌ᠯᠡᠨ᠂ ᠴᠠᠭ ᠪᠠᠴᠢᠮ᠂ ᠡᠭᠦᠷᠭᠡ ᠬᠦᠨᠳᠦ᠂ ᠲᠤᠢᠯ᠎ᠤᠨ ᠬᠦᠶ᠋ᠲᠡᠨ ᠴᠠᠭ ᠠᠭᠠᠷ᠂ ᠭᠠᠵᠠᠷ᠎ᠤᠨ ᠪᠠᠢᠴᠠ ᠪᠤᠳᠤᠯᠢᠶᠠᠨᠲᠠᠶ᠂ ᠪᠠᠷᠢᠯᠭ᠎ᠠ᠎ᠶ᠋ᠢᠨ ᠠᠵᠢᠯ᠎ᠤᠨ ᠲᠦᠪᠡᠭᠳᠡᠯ ᠶᠡᠬᠡ ᠵᠡᠷᠭᠡ ᠠᠯᠢ ᠤᠯᠠᠨ ᠬᠦᠴᠢᠷᠳᠡᠯ᠎ᠢ ᠢᠯᠡᠨ ᠳᠠᠪᠠᠵᠤ᠂ ᠮᠣᠳᠣ ᠤᠨᠠᠭᠠᠬᠤ ᠴᠢᠭ᠌ᠯᠡᠯ᠎ᠢ ᠴᠢᠩᠭ᠎ᠠ ᠬᠢᠵᠠᠭᠠᠷᠯᠠᠵᠤ᠂ ᠬᠠᠮᠤᠭ᠎ᠤᠨ ᠶᠡᠬᠡ ᠴᠢᠷᠮᠠᠢᠯᠭ᠎ᠠ ᠭᠠᠷᠭᠠᠵᠤ ᠨᠢᠯᠬ᠎ᠠ ᠮᠣᠳᠣ ᠴᠢᠬᠢ ᠮᠤᠳᠤ᠎ᠶ᠋ᠢ ᠰᠠᠢᠲᠤᠷ ᠬᠠᠮᠠᠭᠠᠯᠠᠵᠤ᠂ 40 ᠡᠳᠦᠷ᠎ᠲᠦ 40 ᠭᠠᠷᠤᠶ ᠺᠢᠯᠣᠮᠧᠲ᠋ᠷ᠎ᠦᠨ ᠣᠶ ᠮᠣᠳᠣ ᠵᠢ ᠣᠭ᠍ᠲᠣᠯᠬᠤ ᠪᠠ ᠣᠢᠲᠤ ᠭᠠᠵᠠᠷ᠎ᠢ ᠴᠡᠪᠡᠷᠯᠡᠬᠦ᠌ ᠠᠵᠢᠯ᠎ᠢ ᠴᠢᠨᠠᠷ ᠰᠠᠢᠲᠠᠶ ᠪᠡᠶᠡᠯᠡᠭᠦᠯᠵᠦ᠍᠂ ᠬᠤᠢᠳᠤ᠎ᠬᠢ ᠠᠵᠢᠯ᠎ᠤᠨ ᠤᠷᠤᠭ᠍ᠰᠢᠲᠠᠶ ᠶᠠᠪᠤᠭ᠍ᠳᠠᠬᠤ᠎ᠳᠤ ᠪᠠᠲᠤ ᠪᠠᠬᠢ ᠰᠠᠭᠤᠷᠢ᠎ᠶ᠋ᠢ ᠲᠠᠯᠪᠢᠵᠤ ᠥᠭ᠌ᠴᠡᠶ ᠭᠡᠵᠦ ᠲᠠᠨᠢᠯᠴᠠᠭᠤᠯᠪᠠ᠃
《ᠶᠠᠭᠤ ᠪᠤᠯᠤᠭᠰᠠᠨ ᠴᠸ᠋ 〈ᠲᠩᠷᠢ ᠵᠢᠨ ᠴᠢᠷᠠᠢ ᠬᠠᠷᠠᠵᠤ ᠬᠣᠭᠣᠯᠠ ᠢᠳᠡᠬᠦ᠌〉 ᠠᠮᠢᠳᠤᠷᠠᠯᠮᠠᠨᠢ ᠳᠠᠭᠤᠰᠬᠤ ᠪᠤᠯᠵᠠᠢ》᠃ ᠤᠳᠠᠯ ᠦᠭᠡᠢ ᠴᠠᠬᠢᠯᠭᠠᠨ ᠨᠡᠪᠲᠡᠷᠡᠬᠦ᠌ ᠭᠡᠵᠦ᠍ ᠪᠠᠢᠭ᠎ᠠ ᠰᠠᠢᠬᠠᠨ ᠴᠢᠮᠡᠭᠡ ᠨᠢ ᠴᠢ ᠴᠢᠶᠠᠨ ᠲᠣᠰᠭᠣᠨ᠎ᠤ ᠲᠤᠰᠬᠤᠨ᠎ᠤ ᠠᠷᠠᠳ᠎ᠢ ᠶᠡᠬᠡᠳᠡ ᠪᠠᠶᠠᠷᠯᠠᠭᠤᠯᠵᠠᠢ᠃
ᠴᠢ ᠴᠢᠶᠠᠨ ᠱᠢᠶᠠᠩ᠎ᠤᠨ ᠨᠠᠮ᠎ᠤᠨ ᠬᠤᠷᠢᠶ᠎ᠠ᠎ᠵᠢᠨ ᠱᠦᠵᠢ ᠯᠢᠦ ᠱᠢᠶᠤᠤ ᠱᠢᠩ᠎ᠤᠨ ᠰᠡᠳᠬᠢᠯᠳ᠋ᠤ ᠴᠠᠬᠢᠯᠭᠠᠨ ᠨᠡᠪᠲᠡᠷᠡᠭᠰᠡᠨ᠎ᠤ ᠳᠠᠷᠠᠭᠠᠬᠢ ᠬᠦᠭᠵᠢᠯᠲᠡ᠎ᠵᠢᠨ ᠠᠤᠭ᠎ᠠ ᠲᠦᠰᠦᠪ ᠬᠡᠳᠦᠢᠨ ᠵᠢᠷᠤᠭᠯᠠᠬᠳᠠᠪᠠ᠄ 《ᠴᠢ ᠴᠢᠶᠠᠨ ᠲᠣᠰᠭᠣᠨ ᠪᠣᠯ ᠠᠩᠬᠠᠳᠠᠬᠴᠢ ᠪᠦᠯᠦᠭ᠎ᠤᠨ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠲᠡᠦᠬᠡ ᠰᠣᠶᠣᠯ᠎ᠤᠨ ᠨᠠᠷᠠᠲᠤ ᠲᠣᠰᠭᠣᠨ ᠮᠥᠨ᠂ ᠳᠤᠰ ᠳᠤᠰᠬᠤᠨ ᠳ᠋ᠤ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠬᠠᠮᠠᠭᠠᠯᠠᠯᠲᠠ᠎ᠶ᠋ᠢᠨ ᠨᠢᠭᠡᠴᠢ 3 ᠪᠠᠢᠵᠦ᠂ 44 ᠰᠠᠭᠤᠷᠢ ᠣᠷᠣᠰ ᠮᠠᠶᠢᠭ᠎ᠤᠨ ᠮᠦᠭᠸᠯᠸᠩ ᠪᠠᠷᠢᠯᠭ᠎ᠠ᠎ᠲᠠᠶ᠂ ᠬᠢᠯᠢ ᠳᠣᠲᠣᠷᠠᠬᠢ ᠪᠠᠯᠠᠷ ᠣᠶ᠎ᠳᠤ ᠬᠡᠭᠡᠷ᠎ᠡ᠎ᠶ᠋ᠢᠨ ᠵᠢᠮᠢᠰ᠂ ᠬᠣᠪᠣᠷ ᠴᠤᠬᠠᠭ ᠵᠢᠭᠦᠷᠲᠡᠨ ᠠᠷᠢᠶᠠᠲᠠᠨ᠂ ᠡᠮ᠎ᠳᠦ ᠣᠷᠣᠬᠤ ᠤᠷᠭᠤᠮᠠᠯ ᠡᠯᠪᠡᠭ ᠪᠠᠢᠵᠤ᠂ ᠠᠮᠢ ᠠᠬᠤᠶ ᠪᠠ ᠰᠤᠶᠤᠯ ᠢᠷᠭᠡᠨᠰᠢᠯ᠎ᠦᠨ ᠡᠬᠢ ᠪᠠᠶᠠᠯᠢᠭᠵᠢᠡᠷ ᠳᠠᠪᠠᠭᠤᠯᠢᠭ ᠪᠠᠢᠳᠠᠭ》᠃ ᠲᠡᠷᠡ᠄ 《ᠴᠠᠬᠢᠯᠭᠠᠨ ᠨᠡᠪᠲᠡᠷᠡᠬᠦ᠌ ᠨᠢ ᠡᠴᠦᠰ᠎ᠦᠨ ᠴᠡᠭ ᠪᠢᠰᠢ᠂ ᠬᠠᠷᠢᠨ ᠴᠢᠨᠠᠷ ᠰᠠᠢᠲᠠᠢ ᠬᠥᠭ᠌ᠵᠢᠯᠲᠡ᠎ᠶ᠋ᠢᠨ ᠡᠬᠢᠯᠡᠯᠲᠡ ᠪᠣᠯᠤᠨ᠎ᠠ᠃ ᠪᠢᠳᠠ ᠴᠠᠬᠢᠯᠭᠠᠨ ᠬᠦᠴᠦᠨ᠎ᠦ ᠳᠠᠪᠠᠭᠤᠯᠢᠭ᠎ᠢ ᠬᠥᠭ᠌ᠵᠢᠯᠲᠡ᠎ᠶ᠋ᠢᠨ ᠳᠠᠪᠠᠭᠤᠯᠢᠭ ᠪᠣᠯᠭᠠᠨ ᠬᠤᠪᠢᠷᠠᠭᠤᠯᠵᠤ᠂ ᠡᠨᠡ ᠬᠦ᠌ ᠤᠢ ᠱᠢᠭᠤᠢ᠎ᠶ᠋ᠢᠨ ᠡᠴᠢᠨ᠎ᠡ ᠨᠢᠭᠤᠴᠠᠭᠠᠢ ᠭᠠᠵᠠᠷ᠎ᠢ ᠨᠡᠩ ᠤᠯᠠᠨ ᠬᠥᠮᠦᠰ᠎ᠲᠦ ᠦᠵᠡᠭᠦᠯᠵᠦ᠍᠂ ᠡᠨᠡ ᠬᠦ᠌ 〈ᠴᠠᠬᠢᠯᠭᠠᠨ᠎ᠤ ᠬᠦᠴᠦᠨ〉᠎ᠳ᠋ᠤ ᠲᠦᠰᠢᠭᠯᠡᠨ ᠬᠢᠯᠢ᠎ᠶ᠋ᠢᠨ ᠤᠯᠠᠨ ᠲᠦᠮᠡᠨ᠎ᠤ ᠣᠷᠣᠯᠭ᠎ᠠ᠎ᠶ᠋ᠢ ᠨᠢ ᠨᠡᠮᠡᠭ᠌ᠳᠡᠭᠦᠯᠦᠨ ᠪᠠᠶᠠᠵᠢᠭᠤᠯᠬᠤ ᠪᠡᠷ ᠴᠢᠷᠮᠠᠢᠨ᠎ᠠ》 ᠭᠡᠪᠡ᠃
ᠪᠠᠶ ᠯᠦ᠍ ᠳ᠋ᠤᠤ᠎ᠡᠴᠡ ᠴᠢ ᠴᠢᠶᠠᠨ ᠰᠢᠶᠠᠩ ᠬᠥᠷᠬᠥ᠌ ᠴᠠᠬᠢᠯᠭᠠᠨ ᠬᠦᠷᠭᠡᠬᠦ᠌ ᠱᠤᠭᠤᠮ᠎ᠤᠨ ᠢᠨᠵᠧᠨᠧᠷᠢᠩ᠎ᠨᠢ ᠵᠢᠱ᠌ᠢᠯᠲᠡ᠎ᠪᠡᠷ ᠡᠨᠡ ᠵᠢᠯ᠎ᠦᠨ 6 ᠰᠠᠷ᠎ᠠ᠎ᠳᠤ ᠪᠥᠬᠥ᠌ ᠲᠠᠯ᠎ᠠ᠎ᠪᠠᠷ ᠪᠠᠷᠢᠯᠭ᠎ᠠ ᠳᠠᠭᠤᠰᠭᠠᠬᠤ ᠪᠣᠯᠤᠨ᠎ᠠ᠃ ᠳᠤᠬᠠᠢ ᠵᠢᠨ ᠦᠶ᠎ᠡ᠎ᠳᠦ᠂ ᠲᠣᠭ᠍ᠲᠠᠭᠤᠨ ᠪᠥᠭᠡᠳ ᠨᠠᠢᠳᠠᠪᠤᠷᠢᠲᠠᠶ ᠲᠣᠮᠣ ᠴᠠᠬᠢᠯᠭᠠᠨ ᠲᠤᠤᠷ᠎ᠤᠨ ᠴᠠᠬᠢᠯᠭᠠᠨ᠎ᠨᠢ ᠡᠨᠡ ᠬᠦ᠌ ᠬᠢᠯᠢ ᠬᠢᠵᠠᠭᠠᠷ᠎ᠤᠨ ᠬᠥᠳᠡᠭᠡ ᠲᠣᠰᠭᠣᠨ᠎ᠢ ᠲᠤᠢᠯᠪᠤᠷᠢᠲᠠᠶ ᠭᠡᠷᠡᠯᠲᠦᠭᠦᠯᠵᠦ᠍᠂ ᠬᠢᠯᠢ ᠬᠢᠵᠠᠭᠠᠷ᠎ᠢ ᠲᠣᠭ᠍ᠲᠠᠪᠤᠷᠢᠵᠢᠭᠤᠯᠬᠤ᠂ ᠠᠮᠢ ᠠᠬᠤᠶ᠎ᠶ᠋ᠢ ᠬᠠᠮᠠᠭᠠᠯᠠᠬᠤ᠂ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ᠎ᠳᠤ ᠬᠦᠴᠦᠲᠡᠶ ᠬᠥᠳᠡᠯᠭᠡᠬᠦ᠌ ᠡᠨᠧᠷᠭᠢ ᠨᠡᠮᠡᠷᠢᠯᠡᠵᠦ᠍᠂ ᠣᠶ ᠱᠢᠭᠤᠶ᠎ᠶ᠋ᠢᠨ ᠭᠦᠨ᠎ᠳᠡᠬᠢ ᠵᠣᠯ ᠵᠢᠷᠭᠠᠯᠲᠤ ᠠᠮᠢᠳᠤᠷᠠᠯ᠎ᠢ ᠬᠡᠷᠡᠯ ᠭᠡᠭᠡ᠎ᠶ᠋ᠢᠨ ᠳᠤᠮᠳᠠ ᠱᠢᠨ᠎ᠡ ᠬᠡᠷᠡᠯ ᠭᠢᠯᠪᠠᠭ᠎ᠠ ᠰᠠᠴᠤᠷᠠᠭᠤᠯᠬᠤ ᠪᠣᠯᠤᠨ᠎ᠠ᠃