ᠤᠢᠷ᠎ᠠ ᠳ᠋ᠤ᠂ ᠦᠪᠦᠷ ᠮᠤᠩᠭᠤᠯ ᠤ᠋ᠨ ᠥᠪᠡᠷᠲᠡᠭᠡᠨ ᠵᠠᠰᠠᠬᠤ ᠣᠷᠣᠨ ᠤ᠋ ᠮᠣᠩᠭᠣᠯ ᠡᠮᠨᠡᠯᠭᠡ ᠵᠢᠨ ᠡᠷᠡᠭᠦᠯᠵᠢᠯ ᠤ᠋ᠨ ᠡᠮᠴᠢᠯᠡᠭᠡᠨ ᠤ᠋ ᠶᠠᠰᠤ ᠴᠢᠨᠠᠷ ᠢ᠋ ᠡᠵᠡᠮᠳᠡᠬᠦ ᠲᠥᠪ ᠤ᠋ᠨ ᠬᠢᠨ ᠪᠦᠯᠬᠦᠮ ᠪᠠᠢᠭᠤᠯᠤᠨ ᠰᠢᠯᠢ ᠵᠢᠨ ᠭᠣᠣᠯ ᠠᠢᠮᠠᠭ ᠤ᠋ᠨ ᠮᠣᠩᠭᠣᠯ ᠡᠮᠨᠡᠯᠭᠡ ᠵᠢᠨ ᠬᠣᠷᠢᠶ᠎ᠠ ᠳ᠋ᠤ᠌ ᠬᠦᠷᠴᠦ ᠮᠣᠩᠭᠣᠯ ᠡᠮᠨᠡᠯᠭᠡ ᠵᠢᠨ ᠡᠷᠡᠭᠦᠯᠵᠢᠯ ᠤ᠋ᠨ ᠡᠮᠴᠢᠯᠡᠭᠡᠨ ᠤ᠋ ᠶᠠᠰᠤ ᠴᠢᠨᠠᠷ ᠢ᠋ ᠡᠵᠡᠮᠳᠡᠬᠦ ᠪᠠ ᠲᠤᠰᠬᠠᠢ ᠪᠠᠢᠴᠠᠭᠠᠨ ᠰᠤᠳᠤᠯᠤᠯᠳᠠ ᠵᠢᠨ ᠠᠵᠢᠯ ᠥᠷᠨᠢᠭᠦᠯᠪᠡ᠃
ᠪᠠᠢᠴᠠᠭᠠᠨ ᠰᠤᠳᠤᠯᠤᠯᠳᠠ ᠵᠢᠨ ᠪᠦᠯᠬᠦᠮ ᠤ᠋ᠨ ᠬᠢᠨ ᠮᠣᠩᠭᠣᠯ ᠡᠮᠨᠡᠯᠭᠡ ᠵᠢᠨ ᠡᠷᠡᠭᠦᠯᠵᠢᠯ ᠤ᠋ᠨ ᠠᠨᠠᠭᠠᠬᠤ ᠤᠬᠠᠭᠠᠨ ᠤ᠋ ᠲᠤᠰᠬᠠᠢ ᠮᠡᠷᠭᠡᠵᠢᠯ ᠤ᠋ᠨ ᠡᠮᠴᠢᠯᠡᠭᠡᠨ ᠤ᠋ ᠶᠠᠰᠤ ᠴᠢᠨᠠᠷ ᠢ᠋ ᠡᠵᠡᠮᠳᠡᠬᠦ ᠰᠠᠯᠠᠭ᠎ᠠ ᠲᠠᠰᠤᠭ ᠤ᠋ᠨ ᠬᠡᠪᠴᠢᠶᠡᠳᠤ ᠭᠦᠢᠴᠡᠳᠬᠡᠯ ᠲᠣᠭ᠎ᠠ᠂ ᠠᠮᠤᠷ ᠲᠦᠪᠰᠢᠨ ᠤ᠋ ᠬᠠᠮᠢᠶᠠᠷᠤᠯᠲᠠ ᠵᠢᠨ ᠭᠦᠢᠴᠡᠳᠬᠡᠯ ᠲᠣᠭ᠎ᠠ᠂ ᠠᠵᠢᠯᠲᠠᠨ ᠢ᠋ ᠲᠣᠬᠢᠷᠠᠭᠤᠯᠬᠤ ᠭᠦᠢᠴᠡᠳᠬᠡᠯ ᠲᠣᠭ᠎ᠠ᠂ ᠡᠷᠡᠭᠦᠯᠵᠢᠯ ᠤ᠋ᠨ ᠦᠢᠯᠡᠴᠢᠯᠡᠭᠡᠨ ᠤ᠋ ᠴᠢᠳᠠᠪᠤᠷᠢ ᠵᠢᠨ ᠭᠦᠢᠴᠡᠳᠬᠡᠯ ᠲᠣᠭ᠎ᠠ᠂ ᠮᠣᠩᠭᠣᠯ ᠡᠮᠨᠡᠯᠭᠡ ᠵᠢᠨ ᠡᠷᠡᠭᠦᠯᠵᠢᠯ ᠤ᠋ᠨ ᠦᠢᠯᠡᠴᠢᠯᠡᠭᠡᠨ ᠤ᠋ ᠴᠢᠳᠠᠪᠤᠷᠢ ᠵᠢᠨ ᠭᠦᠢᠴᠡᠳᠬᠡᠯ ᠲᠣᠭ᠎ᠠ᠂ ᠡᠷᠡᠭᠦᠯᠵᠢᠯ ᠤ᠋ᠨ ᠡᠵᠡᠮᠳᠠᠯ ᠤ᠋ᠨ ᠭᠦᠢᠴᠡᠳᠬᠡᠯ ᠲᠣᠭ᠎ᠠ᠂ ᠰᠤᠪᠢᠯᠠᠬᠤ ᠦᠢᠯᠡᠴᠢᠯᠡᠭᠡᠨ ᠤ᠋ ᠴᠢᠳᠠᠪᠤᠷᠢ ᠵᠢᠨ ᠭᠦᠢᠴᠡᠳᠬᠡᠯ ᠲᠣᠭ᠎ᠠ᠂ ᠰᠢᠨ᠎ᠡ ᠵᠢ ᠡᠭᠦᠳᠬᠦ ᠴᠢᠳᠠᠪᠤᠷᠢ ᠵᠢᠨ ᠭᠦᠢᠴᠡᠳᠬᠡᠯ ᠲᠣᠭ᠎ᠠ ᠵᠡᠷᠭᠡ ᠲᠠᠯ᠎ᠠ ᠵᠢ ᠦᠨᠳᠦᠰᠦᠯᠡᠨ ᠵᠢᠯᠣᠭᠣᠳᠬᠤ ᠠᠵᠢᠯ ᠢ᠋ ᠬᠢᠪᠡ᠃ ᠳᠤᠰ ᠤᠳᠠᠭ᠎ᠠ ᠵᠢᠨ ᠦᠪᠦᠷ ᠮᠤᠩᠭᠤᠯ ᠤ᠋ᠨ ᠥᠪᠡᠷᠲᠡᠭᠡᠨ ᠵᠠᠰᠠᠬᠤ ᠣᠷᠣᠨ ᠤ᠋ ᠮᠣᠩᠭᠣᠯ ᠡᠮᠨᠡᠯᠭᠡ ᠵᠢᠨ ᠡᠷᠡᠭᠦᠯᠵᠢᠯ ᠤ᠋ᠨ ᠡᠮᠴᠢᠯᠡᠭᠡᠨ ᠤ᠋ ᠶᠠᠰᠤ ᠴᠢᠨᠠᠷ ᠢ᠋ ᠡᠵᠡᠮᠳᠡᠬᠦ ᠲᠥᠪ ᠤ᠋ᠨ ᠪᠠᠢᠴᠠᠭᠠᠨ ᠰᠤᠳᠤᠯᠤᠯᠳᠠ ᠬᠢᠵᠤ ᠰᠤᠯᠢᠯᠴᠠᠭ᠎ᠠ ᠵᠢᠯᠤᠭᠤᠳᠤᠯᠭ᠎ᠠ ᠬᠢᠭᠰᠡᠨ ᠨᠢ ᠰᠤᠷᠤᠯᠴᠠᠯᠭ᠎ᠠ ᠪᠠ ᠰᠤᠯᠢᠯᠴᠠᠭ᠎ᠠ ᠬᠢᠭᠰᠡᠨ ᠤ᠋ ᠡᠷᠬᠢᠮ ᠨᠠᠨᠳᠢᠨ ᠠᠵᠠ ᠳᠤᠬᠢᠶᠠᠯ ᠪᠤᠯᠬᠤ ᠶᠤᠮ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号