ᠲᠦᠷᠦᠭᠦᠬᠡᠨ ᠪᠡᠭᠡᠵᠢᠩ᠎ᠳᠦ ᠬᠤᠷᠠᠯᠳᠤᠭ᠍ᠰᠠᠨ ᠶᠠᠫᠣᠨ᠎ᠢ ᠡᠰᠡᠷᠭᠦᠴᠡᠬᠦ᠌ ᠲᠡᠢᠨ ᠢᠯᠠᠯᠲᠠ ᠣᠯᠤᠭ᠍ᠰᠠᠨ 80 ᠵᠢᠯ᠎ᠦᠨ ᠣᠶ᠎ᠶ᠋ᠢ ᠳᠤᠷᠠᠰᠭᠠᠬᠤ ᠭᠤᠤᠯ ᠰᠡᠳᠦᠪᠲᠦ ᠰᠦᠯᠵᠢᠶᠡᠨ᠎ᠦ ᠠᠦ᠋ᠳᠢᠣ᠋ ᠸᠢᠳᠢᠣ᠋ ᠵᠢᠨ ᠫᠷᠤᠭ᠌ᠷᠠᠮ᠎ᠤᠨ ᠵᠣᠬᠢᠶᠠᠨ ᠪᠦᠲᠦᠭᠡᠯᠭᠡ᠎ᠶ᠋ᠢᠨ ᠶᠠᠷᠢᠯᠴᠠᠬᠤ ᠬᠤᠷᠠᠯ ᠳᠡᠭᠡᠷ᠎ᠡ᠂ ᠤᠯᠤᠰ᠎ᠤᠨ ᠷᠠᠳᠢᠣ᠋ ᠲᠧᠯᠸᠢᠰ᠎ᠦᠨ ᠶᠡᠷᠦᠩᠬᠡᠶ ᠲᠣᠪᠴᠢᠶ᠎ᠠ᠎ᠶ᠋ᠢᠨ ᠬᠠᠮᠢᠶ᠎ᠠ ᠪᠥᠬᠥᠶ ᠬᠠᠷᠢᠭᠤᠴᠠᠯᠭᠠᠲᠠᠨ᠂ ᠰᠦᠯᠵᠢᠶᠡᠨ᠎ᠦ ᠠᠦ᠋ᠳᠢᠣ᠋ ᠸᠢᠳᠢᠣ᠋ ᠵᠢᠨ ᠠᠵᠢᠯ ᠲᠥᠷᠥᠯ᠎ᠳᠦ ᠴᠠᠭ ᠦᠶ᠎ᠡ᠎ᠶ᠋ᠢᠨ ᠬᠤᠪᠢᠷᠠᠯᠲᠠ᠂ ᠳᠤᠮᠳᠠᠳᠤ ᠤᠯᠤᠰ᠎ᠤᠨ ᠤᠷᠤᠭ᠍ᠰᠢᠯᠠᠯᠲᠠ᠎ᠶ᠋ᠢᠨ ᠳᠤᠮᠳᠠ ᠡᠴᠡ ᠰᠡᠳᠦᠪ ᠴᠤᠭ᠍ᠯᠠᠭᠤᠯᠵᠤ᠂ ᠤᠳᠭ᠎ᠠ ᠤᠷᠠᠯᠢᠭ᠎ᠤᠨ ᠵᠣᠬᠢᠶᠠᠨ ᠪᠦᠲᠦᠭᠡᠯᠭᠡ᠎ᠶ᠋ᠢᠨ ᠴᠢᠭ᠌ᠯᠡᠯ᠎ᠢ ᠪᠠᠲᠤ ᠡᠵᠡᠮᠳᠡᠬᠦ᠌ ᠬᠡᠷᠡᠭ᠌ᠲᠡᠶ;ᠤᠳᠤᠷᠢᠳᠤᠮᠵᠢ᠎ᠪᠠᠷ ᠭᠤᠤᠯ ᠪᠣᠯᠭᠠᠬᠤ᠂ ᠠᠭᠤᠯᠭ᠎ᠠ᠎ᠪᠠᠷ ᠭᠤᠤᠯ ᠪᠣᠯᠭᠠᠬᠤ᠎ᠶ᠋ᠢ ᠪᠠᠷᠢᠮᠲᠠᠯᠠᠵᠤ᠂ ᠪᠦᠲᠦᠭᠡᠯ᠎ᠢ ᠬᠠᠯᠠᠭᠤᠮᠰᠤᠭ ᠪᠥᠭᠡᠳ ᠭᠦᠨᠴᠡ᠎ᠲᠡᠶ᠂ ᠤᠷᠮ᠎ᠠ ᠳᠠᠢ ᠪᠥᠭᠡᠳ ᠤᠳᠭ᠎ᠠ ᠠᠭᠤᠯᠭ᠎ᠠ᠎ᠲᠠᠶ ᠪᠣᠯᠭᠠᠬᠤ ᠭᠡᠷᠡᠭᠳᠠᠢ ᠬᠡᠵᠤ ᠢᠯᠡᠳᠬᠡᠪᠡ᠃
ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ ᠢ ᠡᠰᠡᠷᠭᠦᠴᠡᠬᠦ᠌ ᠲᠡᠢᠨ ᠵᠢᠴᠢ ᠳᠡᠯᠡᠬᠡᠶ᠎ᠶ᠋ᠢᠨ ᠹᠠᠱ᠌ᠢᠰ᠎ᠢ ᠡᠰᠡᠷᠭᠦᠴᠡᠬᠦ᠌ ᠲᠡᠢᠨ ᠢᠯᠠᠯᠲᠠ ᠣᠯᠤᠭ᠍ᠰᠠᠨ 80 ᠵᠢᠯ᠎ᠦᠨ ᠣᠶ᠎ᠶ᠋ᠢ ᠳᠤᠷᠠᠰᠭᠠᠬᠤ ᠲᠠᠱᠢᠷᠠᠮ᠎ᠳᠤ᠂ ᠷᠠᠳᠢᠣ᠋ ᠲᠧᠯᠸᠢᠰ᠎ᠦᠨ ᠶᠡᠷᠦᠩᠬᠡᠶ ᠲᠣᠪᠴᠢᠶ᠎ᠠ ᠵᠢᠨ ᠬᠢᠨ ᠰᠦᠯᠵᠢᠶᠡᠨ᠎ᠦ ᠠᠦ᠋ᠳᠢᠣ᠋ ᠸᠢᠳᠢᠣ᠋ ᠵᠢᠨ ᠠᠵᠢᠯ ᠲᠥᠷᠥᠯ ᠢ ᠵᠢᠯᠣᠭᠣᠳᠴᠤ᠌ 《ᠮᠣᠷᠢᠨ ᠨᠢᠷᠤᠭᠤᠨ ᠳᠡᠭᠡᠷᠡᠬᠢ ᠥᠯᠥᠭᠡᠶ》᠂ 《ᠬᠢᠯᠢᠩᠲᠦ ᠥᠷᠭᠡᠰᠦ》᠂ 《ᠪᠠᠭᠠᠲᠤᠷ ᠡᠷ᠎ᠠ ᠪᠠᠭ᠎ᠠ ᠡᠴᠡ ᠪᠠᠨ》᠂ 《ᠰᠣᠯᠪᠢᠴᠠᠯ》᠂ ᠰᠦᠯᠵᠢᠶᠠᠨ ᠤ᠋ ᠪᠠᠷᠢᠮᠳᠠᠳᠤ ᠺᠢᠨᠤ᠋ 《ᠡᠩᠬᠡ ᠲᠠᠢᠪᠤᠩ ᠢ ᠭᠡᠷᠬᠢᠨ ᠪᠡᠶᠡᠯᠡᠬᠦᠯᠬᠦ ᠪᠣᠶ》᠂ 《ᠪᠢ ᠪᠣᠯ ᠨᠠᠶ᠋ᠮᠠᠳᠤᠭᠠᠷ ᠵᠠᠮ᠎ᠤᠨ ᠴᠡᠷᠢᠭ》 ᠵᠡᠷᠭᠡ ᠶᠠᠫᠣᠨ᠎ᠢ ᠡᠰᠡᠷᠭᠦᠴᠡᠬᠦ᠌ ᠲᠡᠢᠨ᠎ᠦ ᠭᠤᠤᠯ ᠰᠡᠳᠦᠪᠲᠦ ᠰᠦᠯᠵᠢᠶᠡᠨ᠎ᠦ ᠠᠦ᠋ᠳᠢᠣ᠋ ᠸᠢᠳᠢᠣ᠋ ᠵᠢᠨ ᠭᠤᠤᠯᠳᠠᠯᠭ᠎ᠠ᠎ᠲᠠᠶ ᠪᠦᠲᠦᠭᠡᠯ᠎ᠢ ᠵᠣᠬᠢᠶᠠᠨ ᠪᠦᠲᠦᠭᠡᠭ᠌ᠰᠡᠨ ᠪᠠᠢᠨ᠎ᠠ᠃
ᠬᠤᠷᠠᠯ᠎ᠳᠤ ᠣᠷᠣᠯᠴᠠᠭ᠍ᠰᠠᠳ᠎ᠤᠨ ᠦᠵᠡᠬᠦ᠌᠎ᠪᠡᠷ᠂ ᠡᠲᠡᠭᠡᠷ ᠪᠦᠲᠦᠭᠡᠯ᠎ᠨᠢ ᠶᠠᠫᠣᠨ᠎ᠢ ᠡᠰᠡᠷᠭᠦᠴᠡᠬᠦ᠌ ᠲᠠᠢᠨ ᠤ᠋ ᠠᠭᠤᠤ ᠶᠡᠬᠡ ᠵᠣᠷᠢᠭ ᠰᠠᠨᠠᠭ᠎ᠠ᠎ᠪᠠᠷ ᠶᠠᠰᠤ ᠱᠢᠷᠪᠥᠰᠥᠪᠡᠨ ᠪᠣᠯᠭᠠᠵᠤ᠂ ᠦᠨᠡᠨ ᠪᠣᠳᠠᠲᠠᠶ ᠬᠠᠢᠷ᠎ᠠ ᠰᠡᠳᠭᠢᠯᠭᠡ᠎ᠪᠡᠷ ᠴᠢᠰᠤ ᠮᠢᠬᠠᠨ᠎ᠤ ᠪᠠᠷᠢᠯᠳᠤᠯᠭ᠎ᠠ ᠪᠣᠯᠭᠠᠵᠤ᠂ ᠭᠦᠨ ᠵᠤᠵᠠᠭᠠᠨ ᠨᠠᠷᠢᠨ ᠵᠦᠶ᠋ᠯᠡᠰ᠂ ᠭᠡᠬᠦᠳᠡᠭ ᠲᠦᠬᠦᠷᠡᠩ ᠬᠠᠢᠷ᠎ᠠ ᠰᠡᠳᠭᠢᠯᠭᠡ᠂ ᠪᠤᠳᠠᠳᠤ ᠠᠮᠢᠳᠤᠯᠢᠬ ᠳᠦᠷᠢ ᠲᠥᠷᠬᠦ᠌᠂ ᠡᠯᠪᠡᠭ ᠪᠠᠶᠠᠯᠢᠭ ᠠᠭᠤᠯᠤᠭ᠍ᠳᠠᠬᠤᠨ᠎ᠢᠶᠠᠷ ᠤᠯᠠᠮᠵᠢᠯᠠᠨ ᠳᠠᠮᠵᠢᠭᠤᠯᠵᠤ᠂ ᠬᠠᠮᠲᠤ᠎ᠶ᠋ᠢᠨ ᠬᠦᠷᠢᠶᠡᠯᠡᠯ᠎ᠢ ᠣᠯᠵᠤ᠂ ᠨᠡᠢᠭᠡᠮ ᠳᠠᠶᠠᠭᠠᠷ᠎ᠲᠤ ᠪᠠᠭᠠᠲᠤᠷᠴᠤᠳ᠎ᠢ ᠮᠠᠭ᠍ᠲᠠᠨ ᠰᠠᠢᠱᠢᠶᠠᠬᠤ᠂ ᠶᠠᠫᠣᠨ᠎ᠢ ᠡᠰᠡᠷᠭᠦᠴᠡᠬᠦ᠌ ᠲᠠᠢᠨ ᠤ᠋ ᠠᠭᠤᠤ ᠶᠡᠬᠡ ᠵᠣᠷᠢᠭ ᠰᠠᠨᠠᠭ᠎ᠠ᠎ᠶ᠋ᠢ ᠪᠠᠳᠠᠷᠠᠭᠤᠯᠬᠤ ᠭᠦᠨ ᠵᠤᠵᠠᠭᠠᠨ ᠠᠭᠤᠷ ᠠᠮᠢᠰᠭᠤᠯ᠎ᠢ ᠪᠣᠶ ᠪᠣᠯᠭᠠᠵᠤ᠂ ᠰᠠᠢᠨ ᠰᠠᠢᠬᠠᠨ ᠨᠡᠢᠭᠡᠮ᠎ᠦᠨ ᠦᠷ᠎ᠡ ᠪᠦᠲᠦᠮᠵᠢ ᠣᠯᠵᠤ᠂ ᠰᠦᠯᠵᠢᠶᠡᠨ᠎ᠦ ᠠᠦ᠋ᠳᠢᠣ᠋ ᠸᠢᠳᠢᠣ᠋ ᠵᠢᠨ ᠴᠢᠬᠤᠯᠠ ᠶᠡᠬᠡ ᠭᠤᠤᠯ ᠰᠡᠳᠦᠪᠳᠦ ᠰᠤᠷᠳᠠᠯ ᠤᠬᠠᠭᠤᠯᠭ᠎ᠠ ᠵᠢᠨ ᠱᠢᠨ᠎ᠡ ᠬᠦᠴᠦᠨ᠎ᠤ ᠥᠪᠡᠷᠮᠢᠴᠡ ᠳᠠᠪᠠᠭᠤᠯᠢᠭ᠎ᠢ ᠤᠯᠠᠮ ᠨᠢᠭᠡ ᠠᠯᠬᠤᠮ ᠢᠯᠡᠷᠡᠭᠦᠯᠪᠡ ᠬᠡᠵᠠᠢ᠃
ᠷᠠᠳᠢᠣ᠋ ᠲᠧᠯᠸᠢᠰ᠎ᠦᠨ ᠶᠡᠷᠦᠩᠬᠡᠶ ᠲᠣᠪᠴᠢᠶ᠎ᠠ᠎ᠶ᠋ᠢᠨ ᠬᠠᠮᠢᠶ᠎ᠠ ᠪᠥᠬᠥᠶ ᠬᠠᠷᠢᠭᠤᠴᠠᠯᠭᠠᠲᠠᠨ᠂ ᠰᠦᠯᠵᠢᠶᠡᠨ᠎ᠦ ᠠᠦ᠋ᠳᠢᠣ᠋ ᠸᠢᠳᠢᠣ᠋ ᠵᠢᠨ ᠠᠵᠢᠯ ᠲᠥᠷᠥᠯ᠎ᠦᠨ᠎ᠬᠢᠨ ᠠᠬᠤᠢᠴᠢ ᠦᠵᠡᠯ᠎ᠦᠨ ᠵᠣᠬᠢᠶᠠᠨ ᠪᠦᠲᠦᠭᠡᠬᠦ᠌ ᠣᠪᠣᠷ᠎ᠢᠶᠠᠨ ᠪᠠᠲᠤ ᠰᠠᠬᠢᠵᠤ᠂ ᠤᠢᠯᠤᠨ ᠪᠤᠰᠤᠭ᠎ᠠ ᠴᠠᠭ ᠦᠶ᠎ᠡ᠎ᠶ᠋ᠢᠨ ᠶᠡᠬᠡ ᠤᠷᠤᠰᠭᠠᠯ᠂ ᠬᠥᠷ ᠬᠥᠭ᠌ᠵᠢᠶᠡᠨᠲᠡᠶ ᠨᠡᠢᠭᠡᠮ᠎ᠦᠨ ᠠᠮᠢᠳᠤᠷᠠᠯ᠎ᠡᠴᠡ ᠰᠡᠳᠦᠪᠯᠡᠬᠦ ᠭᠡᠷᠡᠭᠳᠠᠢ;《ᠠᠭᠤᠯᠭ᠎ᠠ᠎ᠪᠠᠷ ᠭᠤᠤᠯ ᠪᠣᠯᠭᠠᠬᠤ》 ᠪᠠ 《ᠮᠡᠷᠭᠡᠵᠢᠯ᠎ᠢᠶᠡᠷ ᠡᠨ᠋ᠸᠷᠬᠢ ᠣᠯᠭᠣᠬᠤ》ᠬᠤᠤᠰ ᠬᠦᠷᠳᠦ᠍᠎ᠪᠡᠷ ᠬᠥᠳᠡᠯᠭᠡᠭᠦᠷ ᠪᠣᠯᠭᠠᠬᠤ᠎ᠶ᠋ᠢ ᠪᠠᠷᠢᠮᠲᠠᠯᠠᠵᠤ᠂ ᠵᠣᠬᠢᠶᠠᠮᠠᠯ ᠣᠶᠤᠨ ᠴᠢᠳᠠᠪᠤᠷᠢ᠎ᠶ᠋ᠢᠨ ᠮᠡᠷᠭᠡᠵᠢᠯ ᠢ ᠴᠢᠳᠠᠮᠠᠭᠠᠶ ᠬᠡᠷᠡᠭ᠌ᠯᠡᠨ᠂ ᠪᠤᠳᠤᠬᠤ ᠠᠷᠭ᠎ᠠ᠎ᠪᠠᠷ ᠲᠠᠨᠢᠯᠴᠠᠭᠤᠯᠬᠤ ᠲᠣᠭ᠍ᠲᠠᠴᠠ᠎ᠶ᠋ᠢ ᠱᠢᠯᠢᠳᠡᠭ᠌ᠵᠢᠭᠦᠯᠵᠦ᠍᠂ ᠬᠡᠲᠦ ᠥᠨᠳᠥᠷ ᠲᠤᠳᠤᠷᠠᠮᠵᠢᠳᠤ ᠮᠡᠷᠭᠡᠵᠢᠯ᠎ᠦᠨ ᠬᠡᠷᠡᠭ᠌ᠯᠡᠯᠲᠡ᠎ᠶ᠋ᠢ ᠨᠡᠮᠡᠭ᠌ᠳᠡᠭᠦᠯᠵᠤ᠂ ᠰᠦᠯᠵᠢᠶᠡᠨ᠎ᠦ ᠠᠦ᠋ᠳᠢᠣ᠋ ᠸᠢᠳᠢᠣ᠋ ᠵᠢᠨ ᠪᠦᠲᠦᠭᠡᠯ᠎ᠦᠨ ᠤᠷᠠᠯᠢᠭ᠎ᠤᠨ ᠢᠯᠡᠷᠡᠭᠦᠯᠬᠦ᠌ ᠴᠢᠳᠠᠪᠤᠷᠢ᠎ᠶ᠋ᠢ ᠤᠯᠠᠮ ᠨᠢᠭᠡ ᠠᠯᠬᠤᠮ ᠳᠡᠭᠡᠭ᠌ᠰᠢᠯᠡᠭᠦᠯᠬᠦ ᠭᠡᠷᠡᠭᠲᠡᠢ ᠬᠡᠵᠤ ᠢᠯᠡᠳᠬᠡᠪᠡ᠃
(ᠰᠢᠨᠬᠤᠸᠠ ᠬᠤᠷᠢᠶ᠎ᠠ᠎ᠵᠢᠨ ᠪᠡᠭᠡᠵᠢᠩ᠎ᠤᠨ 11 ᠰᠠᠷ᠎ᠠ ᠵᠢᠨ 30 ᠤ᠋ ᠴᠠᠬᠢᠯᠭᠠᠨ ᠮᠡᠳᠡᠭᠡ)