ᠶᠠᠭᠠᠬᠢᠭᠠᠳ ᠺᠠᠷᠲ᠋ᠣᠨ ᠺᠢᠨᠣ᠋ ᠦᠵᠡᠬᠦ ᠬᠠᠯᠠᠭᠤᠨ ᠦᠷᠨᠢᠯᠳᠡ ᠭᠠᠷᠪᠠ ?
2025-12-22 11:14:16
ᠵᠣᠬᠢᠶᠠᠭ᠍ᠴᠢ᠄
ᠮᠦᠸᠸ ᠵᠢᠶᠸ
ᠣᠩᠱᠢᠭ᠍ᠰᠠᠨ ᠣᠳᠠᠭ᠎ᠠ᠄
★★★☆☆

ᠤᠳᠣᠬᠠᠨ ᠺᠠᠷᠲ᠋ᠣᠨ ᠺᠢᠨᠣ᠋ 《ᠠᠮᠢᠲᠠᠨ᠎ᠤ ᠬᠣᠲᠠ 2 》 ᠎ᠦᠨ ᠬᠠᠯᠠᠭᠤᠷᠠᠯ ᠪᠠᠭᠤᠷᠠᠭ᠎ᠠ ᠦᠭᠡᠢ ᠪᠠᠢᠬᠰᠠᠭᠠᠷ᠃ ᠪᠦᠷᠢᠳᠬᠡᠯ ᠎ᠢ ᠦᠨᠳᠦᠰᠦᠯᠡᠪᠡᠯ 12 ᠰᠠᠷ᠎ᠠ᠎ᠶᠢᠨ 9 ᠎ᠦ ᠡᠳᠦᠷ ᠪᠣᠯᠲᠠᠯ᠎ᠠ ᠲᠤᠰ ᠺᠢᠨᠤ᠋ ᠵᠢᠨ ᠤᠯᠤᠰ ᠎ᠤᠨ ᠳᠣᠲᠣᠭᠠᠳᠤ᠎ᠶᠢᠨ ᠪᠢᠯᠧᠲ᠎ᠦᠨ ᠣᠷᠣᠯᠭ᠎ᠠ 30 ᠳ᠋ᠦᠩᠰᠢᠭᠤᠷ ᠲᠥᠭᠥᠷᠢᠭ ᠎ᠢ ᠳᠠᠪᠠᠵᠠᠢ᠃ 2025 ᠣᠨ᠎ᠢ ᠡᠷᠭᠢᠴᠡᠭᠦᠯᠪᠡᠯ ᠺᠠᠷᠲ᠋ᠣᠨ ᠺᠢᠨᠣ᠋ ᠦᠵᠡᠬᠦ ᠬᠦᠮᠦᠰ ᠣᠯᠠᠰᠢᠷᠠᠨ ᠨᠢᠬᠡᠨ ᠰᠣᠶᠣᠯ᠎ᠤᠨ ᠦᠵᠡᠭᠳᠡᠯ ᠪᠣᠯᠵᠠᠢ᠃ ᠵᠢᠯ᠎ᠦᠨ ᠡᠬᠢᠨ᠎ᠦ 《ᠨᠸ ᠵᠠ᠎ᠯᠣᠣᠰ ᠎ᠢ ᠲᠦᠢᠪᠡᠭᠡᠭᠰᠡᠨ ᠨᠢ》  ᠬᠡᠬᠦ ᠺᠢᠨᠣ᠋᠂ ᠵᠢᠯ᠎ᠦᠨ ᠳᠤᠮᠳᠠᠬᠢ 《ᠯᠠᠩ ᠯᠠᠩ ᠱᠠᠨ ᠠᠭᠣᠯᠠᠨ᠎ᠦ  ᠪᠢᠴᠢᠬᠠᠨ ᠰᠢᠮᠨᠤ 》᠂ 《ᠯᠥᠸᠧ ᠰᠢᠶᠣᠣ ᠾᠧᠢ ᠎ᠶᠢᠨ ᠲᠡᠶ᠋ᠢᠨ᠎ᠦ ᠲᠡᠮᠳᠡᠭᠯᠡᠯ 2》 ᠺᠢᠨᠣ᠋᠂  ᠵᠢᠯ᠎ᠦᠨ ᠡᠴᠦᠰ ᠎ᠦᠨ 《ᠠᠮᠢᠲᠠᠨ᠎ᠤ ᠬᠣᠲᠠ 2》 ᠵᠡᠷᠭᠡ  ᠣᠯᠠᠨ ᠴᠢᠨᠠᠷ ᠰᠠᠢᠲᠠᠢ ᠪᠦᠲᠦᠭᠡᠯ᠎ᠦᠳ ᠨᠢ ᠺᠢᠨᠣ᠋ ᠦᠵᠡᠬᠦ ᠬᠠᠯᠠᠭᠤᠨ ᠥᠷᠨᠢᠯᠲᠡ᠎ᠭᠠᠷᠭᠠᠵᠦ ᠬᠠᠯᠠᠭᠣᠨ ᠶᠠᠷᠢᠯᠴᠠᠭ᠎ᠠ ᠪᠣᠯᠵᠦ ᠲᠠᠮᠵᠢᠭᠳᠠᠨ᠂ ᠺᠠᠷᠲ᠋ᠣᠨ ᠺᠢᠨᠣ᠋᠎ᠶᠢᠨ ᠤᠷᠢᠶᠠᠯᠠᠬᠤ ᠬᠦᠴᠦᠨ ᠪᠠ ᠨᠥᠯᠥᠭᠡᠯᠡᠬᠦ ᠬᠦᠴᠦᠨ᠎ᠢ ᠢᠯᠡᠷᠡᠭᠦᠯᠵᠡᠢ᠃

ᠣᠢᠷ᠎ᠠ ᠎ᠳᠤ ᠨᠡᠢᠲᠡᠯᠡᠭᠰᠡᠨ ᠮᠡᠳᠡᠭᠦᠯᠦᠯᠲᠡ᠎ᠡᠴᠡ ᠦᠵᠡᠪᠡᠯ᠂ ᠡᠨᠡ ᠵᠢᠯ᠎ᠦᠨ ᠲᠦᠷᠦᠭᠦᠦ 11 ᠰᠠᠷ᠎ᠠ᠎ᠳᠤ ᠺᠠᠷᠲ᠋ᠣᠨ ᠺᠢᠨᠣ᠋ ᠨᠢ ᠤᠯᠤᠰ᠎ᠤᠨ ᠳᠣᠲᠣᠭᠠᠳᠤ᠎ᠶᠢᠨ 45% ᠎ᠵᠢᠨ ᠪᠢᠯᠧᠲ᠎ᠦᠨ ᠣᠷᠣᠯᠭ᠎ᠠ᠎ᠳᠦ ᠬᠣᠪᠢ ᠨᠡᠮᠡᠷᠢ ᠦᠵᠡᠬᠦᠯᠵᠦ᠂ 2021ᠣᠨ᠎ᠤ 6.2% ᠡᠴᠡ ᠬᠣᠯᠠ ᠲᠠᠪᠠᠵᠠᠢ᠃ ᠳᠡᠯᠡᠬᠡᠢ ᠳ᠋ᠠᠬᠢᠨ᠎ᠢ ᠠᠵᠢᠬᠯᠠᠪᠠᠯ ᠺᠢᠨᠣ᠋᠎ᠶᠢᠨ ᠵᠠᠬ᠎ᠠ ᠳᠡᠯᠭᠡᠭᠦᠷ᠎ᠲᠦ ᠠᠳᠠᠯᠢᠬᠠᠨ ᠪᠠᠢᠳᠠᠯ ᠢᠯᠡᠷᠡᠪᠡ᠄ ᠡᠨᠡ ᠵᠢᠯ᠎ᠦᠨ ᠲᠦᠷᠦᠭᠦᠦ 11 ᠰᠠᠷ᠎ᠠ᠎ᠳᠤ᠂ ᠺᠠᠷᠲ᠋ᠣᠨ ᠺᠢᠨᠣ᠋ ᠎ᠶᠢᠨ ᠪᠥᠬᠥ ᠪᠥᠮᠪᠥᠷᠴᠡᠭ᠎ᠦᠨ ᠪᠢᠯᠧᠲ ᠎ᠦᠨ ᠣᠷᠣᠯᠭ᠎ᠠ᠎ᠳᠤ ᠦᠵᠡᠭᠦᠯᠦᠭᠰᠡᠨ ᠬᠤᠪᠢ ᠨᠡᠮᠡᠷᠢ ᠨᠢ ᠪᠠᠷᠤᠭ 24% ᠎ᠳᠤ ᠬᠦᠷᠴᠦ᠂ 2022 ᠣᠨ᠎ᠤ 5.6% ᠎ᠲᠠᠢ ᠬᠠᠷᠢᠴᠠᠭᠤᠯᠪᠠᠯ ᠶᠡᠬᠡ᠎ᠪᠡᠷ ᠳᠡᠭᠡᠭᠰᠢᠯᠡᠪᠡ᠃

ᠺᠠᠷᠲ᠋ᠣᠨ ᠺᠢᠨᠣ᠋ ᠶᠠᠭᠠᠬᠢᠭᠠᠳ ᠡᠢᠮᠦ ᠬᠥᠭᠵᠢᠶᠡᠨ᠎ᠲᠠᠢ ᠪᠣᠯᠪᠠ ?

ᠡᠨᠡ ᠨᠢ ᠦᠨᠡᠨ ᠬᠦᠮᠦᠨ ᠲᠣᠭᠯᠠᠬᠰᠠᠨ ᠺᠢᠨᠣ᠋ ᠲᠠᠢ ᠬᠠᠷᠢᠴᠠᠭᠣᠯᠪᠠᠯ᠂ ᠺᠠᠷᠲ᠋ᠣᠨ ᠺᠢᠨᠣ᠋᠎ᠨᠢ ᠥᠪᠡᠷᠮᠢᠴᠡ ᠵᠠᠭᠤᠴᠢ ᠵᠢᠨ ᠳᠠᠪᠠᠭᠤᠯᠢᠭ᠋᠎ᠲᠠᠢ ᠬᠣᠯᠪᠣᠭ᠎ᠠ᠎ᠲᠠᠢ᠃ ᠳ᠋ᠢᠵᠢᠲ᠋ᠠᠯ ᠮᠡᠷᠭᠡᠵᠢᠯ᠎ᠦᠨ ᠳᠡᠮᠵᠢᠯᠭᠡ ᠨᠢ ᠲᠡᠭᠦᠨ᠎ᠢ ᠪᠣᠳᠠᠲᠤ ᠠᠬᠤᠢ᠎ᠶᠢᠨ ᠬᠢᠵᠠᠭᠠᠷ᠎ᠠᠴᠠ ᠳᠠᠪᠠᠭᠤᠯᠵᠤ᠂ ᠬᠠᠷᠠᠭᠠᠨ ᠰᠡᠷᠡᠯ᠎ᠦᠨ ᠭᠠᠢᠬᠠᠮᠰᠢᠭ᠋᠎ᠢ ᠡᠭᠦᠳᠴᠦ ᠪᠣᠯᠣᠨ᠎ᠠ; ᠪᠡᠬᠡᠨ ᠵᠢᠷᠤᠭ᠂ ᠭᠠᠷ᠎ᠵᠢᠷᠣᠮᠠᠯ ᠵᠡᠷᠭᠡ ᠣᠯᠠᠨ ᠵᠦᠢᠯ᠎ᠦᠨ ᠤᠷᠠᠯᠢᠭ᠋ ᠎ᠤᠨ ᠬᠡᠪ ᠨᠠᠮᠪᠠ ᠪᠠ ᠠᠷᠭ᠎ᠠ ᠪᠠᠷᠢᠯ᠎ᠢ ᠠᠮᠢᠳᠤᠯᠢᠭ᠋᠎ᠢᠶᠠᠷ ᠠᠭᠤᠰᠬᠠᠨ ᠨᠢᠭᠡᠳᠬᠡᠵᠦ᠂ ᠤᠷᠠᠨ ᠪᠦᠲᠦᠭᠡᠯ᠎ᠢᠶᠡᠨ ᠥᠪᠡᠷᠮᠢᠴᠡ ᠣᠨᠴᠠᠯᠢᠬ᠎ᠲᠠᠢ ᠪᠣᠯᠭᠠᠳᠠᠭ; ᠺᠠᠷᠲ᠋ᠣᠨ ᠺᠢᠨᠣ᠋᠎ᠶᠢᠨ ᠳᠦᠷᠢ ᠨᠢ ᠶᠡᠷᠦ᠎ᠳᠡᠭᠡᠨ ᠢᠯᠡ ᠲᠣᠳᠣ᠌᠂ ᠦᠵᠡᠭᠴᠢᠳ᠎ᠦᠨ ᠤᠷᠮ᠎ᠠ ᠰᠡᠳᠬᠢᠯᠭᠡ᠎ᠶᠢ ᠠᠮᠠᠷᠬᠠᠨ ᠬᠥᠭᠵᠢᠭᠡᠳᠡᠭ᠃ ᠶᠠᠷᠢᠶᠠᠨ ᠦᠭᠡᠢ ᠡᠳᠡᠭᠡᠷ ᠵᠠᠭᠤᠴᠢ ᠵᠢᠨ  ᠣᠨᠴᠠᠯᠢᠭ᠋ ᠨᠢ ᠺᠠᠷᠲ᠋ᠣᠨ ᠺᠢᠨᠣ᠋ ᠳᠡᠯᠭᠡᠷᠡᠭᠰᠡᠨ᠎ᠦ ᠵᠠᠢᠯᠠᠰᠢ ᠦᠭᠡᠢ ᠰᠢᠯᠲᠠᠭᠠᠨ ᠪᠢᠰᠢ᠃ ᠨᠡᠩ ᠭᠦᠨ ᠳᠠᠪᠬᠤᠷᠭ᠎ᠠ᠎ᠶᠢᠨ ᠰᠢᠯᠲᠠᠭᠠᠨ ᠨᠢ ᠰᠢᠯᠢᠳᠡᠭ ᠺᠠᠷᠲ᠋ᠣᠨ ᠺᠢᠨᠣ᠋ ᠨᠢ ᠦᠯᠢᠭᠡᠷ᠎ᠦᠨ ᠲᠤᠰ ᠪᠡᠶ᠎ᠡ ᠵᠢᠨ ᠦᠢᠯᠡᠳᠦᠯ᠎ᠢ   ᠠᠩᠬᠠᠷᠣᠨ ᠬᠦᠨᠳᠦᠳᠭᠡᠭᠰᠡᠨ᠎ᠳᠦ  ᠣᠷᠣᠰᠢᠨ᠎ᠠ᠃

ᠬᠦᠦᠷᠨᠢᠯ᠎ᠦᠨ ᠠᠷᠭ᠎ᠠ ᠠᠪᠴᠠᠯ ᠵᠢᠴᠢ ᠬᠦᠮᠦᠰ᠎ᠦᠨ ᠰᠡᠳᠬᠢᠯ᠎ᠢ ᠴᠢᠪᠬᠠᠳᠠᠬᠰᠠᠨ ᠭᠣᠣᠯ ᠰᠡᠳᠣᠪ ᠨᠢ ᠰᠢᠯᠢᠳᠡᠭ ᠺᠠᠷᠲ᠋ᠣᠨ ᠺᠢᠨᠣ᠋  ᠵᠢᠨ ᠢᠯᠡ ᠲᠣᠳᠣ ᠣᠨᠴᠠᠯᠢᠬ ᠪᠣᠯᠣᠨ᠎ᠠ᠃ 《ᠨᠸ ᠵᠠ ᠯᠣᠣᠰ ᠎ᠢ ᠲᠦᠢᠪᠡᠭᠡᠭᠰᠡᠨ ᠨᠢ》 ᠭᠡᠬᠦ ᠺᠢᠨᠤ᠋ ᠎ᠬᠤᠪᠢ ᠵᠠᠶᠠᠭᠠᠨ ᠎ᠳ᠋ᠠᠭᠠᠨ ᠡᠵᠡᠨ ᠰᠠᠭᠣᠬᠣ ᠵᠢ ᠪᠢᠴᠢᠪᠠ᠂  《ᠯᠠᠩ ᠯᠠᠩ ᠱᠠᠨ ᠠᠭᠣᠯᠠᠨ᠎ᠦ  ᠪᠢᠴᠢᠬᠠᠨ ᠰᠢᠮᠨᠤ》 ᠎ᠺᠢᠨᠤ᠋ ᠨᠢ ᠡᠭᠡᠯ ᠵᠢᠷ᠎ᠦᠨ ᠪᠣᠳᠠᠭᠠᠯᠢ ᠪᠡᠶ᠎ᠡ᠎ᠶᠢ ᠬᠠᠯᠠᠮᠵᠢᠯᠠᠪᠠ ᠂ 《ᠠᠮᠢᠳᠠᠨ᠎ᠤ ᠬᠤᠳᠠ 2 》 ᠨᠢ ᠨᠡᠢᠭᠡᠮ᠎ᠦᠨ ᠬᠡᠯᠪᠡᠢᠭᠦᠦ ᠦᠵᠡᠯᠲᠡ ᠪᠣᠯᠣᠨ ᠬᠦᠰᠡᠯᠡᠩᠲᠦ ᠦᠵᠡᠯ᠎ᠦᠨ ᠲᠤᠬᠠᠢ ᠤᠷᠠᠨ ᠰᠠᠢᠬᠠᠨ  ᠦᠯᠢᠭᠡᠷ  ᠪᠤᠯᠬᠣ ᠶᠣᠮ᠃ ᠰᠠᠢᠬᠠᠨ ᠦᠯᠢᠭᠡᠷ ᠎ᠢ ᠨᠠᠰᠤᠳᠠᠢ ᠨᠢᠯᠬ᠎ᠠ ᠦᠬᠡᠢ ᠪᠦᠷ ᠲᠠᠭᠠᠰᠢᠶᠠᠨ ᠰᠤᠨᠢᠷᠬᠠᠵᠦ᠂  ᠺᠢᠨᠣ᠋ ᠨᠢ ᠬᠥᠮᠥᠰ᠎ᠦᠨ ᠬᠠᠮᠲᠤ᠎ᠶᠢᠨ ᠶᠠᠷᠢᠯᠴᠠᠬᠤ ᠵᠣᠭᠤᠭ  ᠪᠣᠯᠣᠬᠰᠠᠨ ᠪᠠᠢᠨ᠎ᠠ᠃

ᠪᠤᠳᠤᠯᠢᠶᠠᠨ᠎ᠲᠠᠢ ᠪᠣᠳᠠᠲᠤ ᠠᠬᠤᠢ᠎ᠳᠤ ᠺᠠᠷᠲ᠋ᠣᠨ ᠺᠢᠨᠣ᠋ ᠨᠢ ᠪᠠᠰᠠ ᠦᠵᠡᠭᠴᠢᠳ᠎ᠲᠦ ᠣᠯᠳᠠᠬᠤᠶ᠎ᠠ ᠪᠡᠷᠬᠡ ᠣᠷᠮ᠎ᠠ ᠰᠡᠳᠬᠢᠯᠬᠡ ᠵᠢᠨ ᠲᠠᠯ᠎ᠠ ᠵᠢᠨ ᠲᠠᠢᠳᠬᠣᠷᠠᠯ ᠣᠯᠭᠣᠵᠦ᠂ ᠬᠥᠮᠥᠰ᠎ᠲᠦ ᠦᠵᠡᠯ ᠰᠠᠨᠠᠭᠠᠨ᠎ᠤ ᠳᠣᠯᠭᠢᠰᠤᠯ᠂ ᠣᠶᠤᠨ ᠰᠠᠨᠠᠭᠠᠨ᠎ᠤ ᠲᠠᠢᠳᠬᠤᠷᠠᠯ ᠦᠭᠳᠡᠭ᠂ ᠪᠠᠰᠠ ᠬᠡᠳᠦ ᠶᠡᠬᠡ ᠵᠣᠪᠠᠨᠢᠬᠤ ᠪᠠ ᠠᠮᠤᠷ ᠲᠦᠪᠰᠢᠨ ᠪᠤᠰᠤ ᠪᠠᠢᠳᠠᠯ᠎ᠳᠤ ᠨᠥᠯᠥᠭᠡᠯᠡᠭᠳᠡᠬᠦ ᠡᠴᠡ ᠵᠠᠢᠳᠠᠭᠣᠯᠵᠠᠢ᠃

2025 ᠣᠨ  ᠳᠤᠮᠳᠠᠳᠤ ᠤᠯᠤᠰ᠎ᠤᠨ ᠺᠢᠨᠣ᠋ ᠮᠡᠨᠳᠦᠯᠡᠭᠰᠡᠨ 120 ᠵᠢᠯ᠎ᠦᠨ ᠣᠶ᠂ ᠳᠡᠯᠡᠬᠡᠢ᠎ᠶᠢᠨ ᠺᠢᠨᠣ᠋ ᠮᠡᠨᠳᠦᠯᠡᠭᠰᠡᠨ 130 ᠵᠢᠯ᠎ᠦᠨ ᠣᠶ ᠲᠣᠬᠢᠶᠠᠯᠳᠤᠵᠤ᠂  ᠺᠠᠷᠲ᠋ᠣᠨ ᠺᠢᠨᠣ᠋᠎ᠶᠢᠨ ᠬᠠᠯᠠᠭᠤᠨ ᠥᠷᠨᠢᠯᠲᠡ ᠨᠢ ᠡᠭᠦᠨ᠎ᠡᠴᠡ ᠪᠣᠯᠵᠤ ᠨᠢᠭᠡᠨ ᠣᠨᠴᠠᠭᠠᠶ ᠤᠳᠬ᠎ᠠ ᠠᠭᠤᠯᠭ᠎ᠠ᠎ᠲᠠᠢ ᠪᠣᠯᠵᠠᠢ᠃ ᠡᠨᠡ ᠬᠦ᠌ ᠬᠠᠯᠠᠭᠤᠨ ᠤᠷᠤᠰᠬᠠᠯ᠎ᠤᠨ ᠠᠷᠤ᠎ᠳᠠᠬᠢ ᠰᠡᠩᠬᠡᠷᠡᠭᠦᠯᠦᠯ ᠎ᠢ ᠣᠢᠯᠠᠭᠠᠵᠤ᠂ ᠠᠭᠤᠯᠭ᠎ᠠ᠎ᠪᠠᠷ ᠭᠣᠣᠯ ᠪᠣᠯᠭᠠᠬᠤ ᠣᠢᠯᠠᠭᠠᠭᠳᠠᠬᠤᠨ ᠎ᠢ ᠪᠠᠷᠢᠮᠲᠠᠯᠠᠨ᠂ ᠪᠥᠬᠥ ᠪᠥᠮᠪᠥᠷᠴᠡᠭ᠎ᠦᠨ ᠬᠠᠮᠤᠭ᠎ᠤᠨ ᠳᠠᠯᠳᠠ ᠬᠦᠴᠦᠨ᠎ᠲᠠᠢ ᠬᠡᠷᠡᠭᠯᠡᠭᠡ ᠵᠢᠨ ᠵᠠᠬ᠎ᠠ ᠳᠡᠯᠭᠡᠭᠦᠷ᠎ᠲᠦ ᠲᠦᠰᠢᠭᠯᠡᠪᠡᠯ᠂ ᠮᠠᠨ᠎ᠤ ᠤᠯᠤᠰ᠎ᠤᠨ ᠺᠢᠨᠣ᠋ ᠯᠠᠪᠲᠠᠢ ᠨᠠᠩ ᠥᠷᠨᠢᠭᠦᠨ ᠪᠠᠳᠠᠷᠠᠩᠭᠤᠢ ᠠᠮᠢᠵᠢᠷᠠᠯ᠎ᠤᠨ ᠬᠦᠴᠦᠨ᠎ᠢᠶᠡᠨ ᠪᠠᠳᠠᠷᠠᠭᠤᠯᠬᠤ ᠪᠣᠯᠣᠨ᠎ᠠ᠃                                                                            

        —     《 ᠭᠤᠸᠠᠩᠮᠢᠩ ᠡᠳᠦᠷ᠎ᠦᠨ ᠰᠣᠨᠢᠨ 》 ᠡᠴᠡ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号