《ᠰᠦᠯᠵᠢᠶᠡᠨ ᠲᠡᠭᠡᠷᠡᠬᠢ ᠪᠣᠷᠣᠯᠠᠭᠣᠯᠭ᠎ᠠ ᠰᠠᠢᠳᠠᠢ ᠡᠮ 》 ᠨᠠᠢᠳᠠᠪᠣᠷᠢᠳᠠᠢ ᠎ᠦᠦ ?
2025-12-22 11:16:55
ᠵᠣᠬᠢᠶᠠᠭ᠍ᠴᠢ᠄
ᠱᠢ ᠹᠸᠩ
ᠣᠩᠱᠢᠭ᠍ᠰᠠᠨ ᠣᠳᠠᠭ᠎ᠠ᠄
★★★☆☆

ᠢᠳᠡᠬᠦ ᠪᠡᠨ ᠬᠠᠰᠣᠬᠣ ᠦᠬᠡᠢ᠂ ᠮᠠᠷᠢᠶ᠎ᠡ ᠰᠢᠭᠣᠷᠠᠭᠣᠯᠬᠣ ᠣᠴᠢᠷ ᠦᠬᠡᠢ᠂ ᠢᠳᠡᠮᠡᠭᠴᠡ ᠴᠠᠢᠷᠠᠴᠢᠬᠠᠳᠠᠭ ᠦᠷᠡᠯ᠂   ᠨᠢᠳᠦᠨ ᠬᠠᠷᠠᠭ᠎ᠠ ᠰᠠᠢᠵᠢᠷᠠᠭᠤᠯᠬᠤ ᠡᠮ  ᠁  ᠣᠢᠷ᠎ᠠ ᠵᠢᠨ ᠵᠢᠯ ᠎ᠳᠦ᠂ ᠴᠦᠬᠡᠨ ᠪᠣᠰᠣ 《ᠰᠦᠯᠵᠢᠶᠡᠨ ᠲᠡᠭᠡᠷᠡᠬᠢ ᠪᠣᠷᠣᠯᠠᠭᠣᠯᠭ᠎ᠠ ᠰᠠᠢᠳᠠᠢ ᠡᠮ 》 ᠨᠢ ᠵᠠᠬ᠎ᠡ ᠲᠡᠯᠭᠡᠬᠦᠷ᠎ᠢ ᠡᠵᠡᠯᠡᠵᠡᠢ᠃ ᠰᠢᠭᠣᠳ ᠨᠡᠪᠳᠡᠷᠡᠬᠦᠯᠬᠡ ᠵᠢᠨ ᠦᠷᠦᠬᠡᠨ᠎ᠳᠦ ᠴᠠᠭ ᠬᠢᠵᠠᠭᠠᠷᠯᠠᠵᠦ ᠬᠣᠳᠠᠯᠳᠣᠬᠣ᠂ ᠨᠡᠢᠬᠡᠮ᠎ᠦᠨ ᠬᠠᠷᠢᠯᠴᠠᠭᠠᠨ᠎ᠦ ᠲᠠᠪᠴᠠᠩ ᠲᠡᠭᠡᠷ᠎ᠡ 《ᠡᠪᠡᠰᠦ ᠲᠠᠷᠢᠬᠣ》 ᠠᠷᠭ᠎ᠠ ᠵᠢ ᠬᠡᠷᠡᠭᠯᠡᠨ ᠰᠦᠯᠵᠢᠶᠡᠨ ᠢᠷᠭᠡᠨ᠎ᠢ ᠲᠠᠳᠠᠵᠦ ᠲᠠᠭᠠᠭᠣᠯᠣᠨ ᠬᠣᠳᠠᠯᠳᠣᠨ ᠠᠪᠣᠭᠣᠯᠵᠦ ᠪᠣᠢ᠃ ᠡᠳᠡᠭᠡᠷ ᠡᠮ ᠨᠢ ᠨᠠᠢᠳᠠᠪᠣᠷᠢᠳᠠᠢ ᠎ᠦᠦ?ᠦᠨᠡᠨ᠎ᠳᠡᠭᠡᠨ ᠰᠦᠯᠵᠢᠶᠡᠨ ᠲᠡᠭᠡᠷᠡᠬᠢ ᠪᠣᠷᠣᠯᠠᠭᠣᠯᠭ᠎ᠠ ᠰᠠᠢᠳᠠᠢ ᠡᠮ ᠨᠢ ᠵᠣᠬᠢᠬᠣ ᠡᠷᠡᠬᠦᠯᠵᠢᠯ᠎ᠦᠨ ᠦᠢᠯᠡᠳᠦᠯ ᠲᠠᠢ ᠪᠠᠢᠳᠠᠭ᠎ᠴᠤ᠂ ᠭᠡᠳᠦ ᠬᠦᠬᠡᠷᠭᠡᠳᠡᠵᠦ ᠪᠠᠢᠭᠠᠳ ᠡᠪᠡᠳᠴᠢᠨ ᠵᠠᠰᠠᠬᠣ 《ᠰᠠᠬᠢᠭᠣᠯᠰᠣᠨ ᠡᠮ》 ᠪᠣᠯᠭᠠᠴᠢᠬᠠᠪᠠ᠃ ᠵᠠᠷᠢᠮ ᠨᠢ ᠣᠯᠣᠰ᠎ᠦᠨ ᠲᠣᠳᠣᠭᠠᠳᠣ ᠵᠢᠨ ᠡᠮᠴᠢᠯᠡᠭᠡᠨ᠎ᠦ ᠰᠢᠯᠭᠠᠨ ᠦᠨᠡᠯᠡᠯᠳᠡ ᠦᠬᠡᠢ ᠪᠦᠭᠡᠳ ᠭᠠᠳᠠᠭᠠᠳᠣ ᠡᠴᠡ ᠣᠷᠣᠭᠣᠯᠬᠣ ᠵᠢ ᠵᠦᠪᠰᠢᠶᠡᠷᠡᠭᠡ ᠦᠬᠡᠢ ᠡᠮ ᠪᠠᠢᠵᠦ᠂ ᠠᠮᠣᠷ ᠲᠦᠪᠰᠢᠨ ᠨᠢ ᠰᠡᠵᠢᠭᠯᠡᠬᠦᠰᠢᠳᠡᠢ᠃  ᠰᠦᠯᠵᠢᠶᠡᠨ ᠲᠡᠭᠡᠷᠡᠬᠢ ᠪᠣᠷᠣᠯᠠᠭᠣᠯᠭ᠎ᠠ ᠰᠠᠢᠳᠠᠢ ᠡᠮ  ᠡᠮᠬᠢ ᠵᠠᠮᠪᠠᠷᠠᠭ᠎ᠠ ᠦᠬᠡᠢ  ᠪᠣᠯᠣᠬᠰᠠᠨ ᠨᠢ ᠰᠦᠯᠵᠢᠶᠡᠨ ᠣᠷᠣᠨ ᠵᠠᠢ ᠵᠢᠨ ᠡᠮ᠎ᠦᠨ ᠵᠦᠢᠯᠡᠰ ᠎ᠦᠨ ᠬᠢᠨᠠᠯᠳᠠ ᠬᠠᠮᠢᠶᠠᠷᠣᠯᠳᠠ ᠎ᠳᠦ ᠪᠠᠭᠣᠷᠠᠢ ᠭᠣᠬᠴᠣᠭ᠎ᠠ ᠣᠷᠣᠰᠢᠵᠦ ᠪᠠᠢᠬᠣ ᠵᠢ ᠬᠠᠷᠠᠭᠣᠯᠵᠠᠢ᠃ ᠡᠬᠦᠨ᠎ᠳᠦ ᠬᠠᠮᠢᠶ᠎ᠡ ᠪᠦᠬᠦᠢ ᠬᠠᠣᠯᠢ ᠴᠠᠭᠠᠵᠠ ᠬᠠᠣᠯᠢ ᠲᠣᠭᠳᠠᠭᠠᠯ ᠎ᠢ ᠦᠨᠡᠨ᠎ᠬᠦ ᠨᠠᠢᠳᠠᠪᠣᠷᠢᠵᠢᠭᠣᠯᠵᠦ᠂ ᠡᠮ᠎ᠦᠨ ᠵᠦᠢᠯᠡᠰ᠎ᠦᠨ ᠬᠢᠨᠠᠯᠳᠠ ᠬᠠᠮᠢᠶᠠᠷᠣᠯᠳᠠ ᠵᠢᠨ ᠠᠷᠭ᠎ᠠ ᠠᠪᠴᠠᠯ ᠎ᠢ ᠲᠡᠬᠦᠯᠳᠡᠷᠵᠢᠬᠦᠯᠵᠦ᠂ ᠵᠠᠰᠠᠯᠳᠠ ᠵᠢᠨ 《ᠬᠠᠮ ᠨᠢᠳᠣᠷᠭ᠎ᠠ》 ᠵᠢ ᠬᠡᠷᠡᠭᠵᠢᠬᠦᠯᠪᠡᠯ  ᠵᠣᠬᠢᠨ᠎ᠠ᠃ ᠨᠢᠬᠡ ᠲᠠᠯ᠎ᠠ ᠪᠡᠷ ᠬᠢᠨᠠᠯᠳᠠ ᠬᠠᠮᠢᠶᠠᠷᠣᠯᠳᠠ ᠵᠢᠨ ᠰᠠᠯᠠᠭ᠎ᠠ ᠮᠦᠴᠢᠷ ᠡᠬᠢ ᠡᠬᠦᠰᠦᠯ ᠡᠴᠡ ᠨᠢ ᠵᠠᠰᠠᠬᠣ ᠵᠢ ᠴᠢᠩᠭᠠᠳᠬᠠᠵᠦ᠂  ᠬᠠᠣᠯᠢ ᠬᠡᠷᠡᠭᠵᠢᠬᠦᠯᠬᠦ ᠪᠠᠢᠴᠠᠭᠠᠯᠳᠠ ᠵᠢᠨ ᠡᠷᠴᠢᠮ ᠵᠢᠡᠨ ᠴᠢᠩᠭᠠᠷᠠᠭᠣᠯᠵᠦ᠂ ᠨᠦᠬᠦᠬᠡ ᠲᠠᠯ᠎ᠠ ᠪᠡᠷ ᠰᠦᠯᠵᠢᠶᠡᠨ ᠲᠠᠪᠴᠠᠩ ᠮᠡᠷᠭᠡᠵᠢᠯ᠎ᠦᠨ ᠠᠷᠭ᠎ᠠ ᠠᠪᠴᠠᠯ ᠵᠢᠡᠨ ᠲᠡᠰ ᠲᠡᠪᠰᠢᠬᠦᠯᠵᠦ᠂ ᠲᠣᠭ᠎ᠠ ᠪᠠᠷᠢᠮᠳᠠ ᠵᠢᠨ ᠬᠠᠷᠢᠯᠴᠠᠨ ᠨᠡᠪᠳᠡᠷᠡᠯᠴᠡᠬᠦ ᠵᠢ ᠴᠢᠩᠭᠠᠳᠬᠠᠵᠦ᠂ ᠰᠦᠯᠵᠢᠶᠡᠨ ᠲᠡᠭᠡᠷ᠎ᠡ ᠪᠣᠷᠣᠯᠠᠭᠣᠯᠵᠦ ᠪᠠᠢᠬᠣ ᠡᠮ᠎ᠢ  ᠬᠠᠰᠢᠵᠦ ᠬᠣᠷᠢᠭᠯᠠᠬᠣ ᠬᠡᠷᠡᠭᠳᠡᠢ᠃    


QQ20251222-112244.png                                    

       

                —  《ᠠᠵᠦ ᠠᠬᠣᠢ ᠵᠢᠨ ᠡᠳᠦᠷ᠎ᠦᠨ ᠰᠣᠨᠢᠨ》 ᠡᠴᠡ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号