ᠭᠠᠯᠳᠤ ᠲᠠᠷᠬᠡ ᠵᠢᠨ ᠲᠠᠪᠬᠢᠭᠠᠨ ᠳ᠋ᠤ ᠭᠠᠳᠠᠨᠠᠬᠢ ᠶᠢᠷᠳᠢᠨᠴᠤ ᠨᠠᠭᠠᠰᠢᠯᠠᠨ᠎ᠠ
2025-12-24 10:33:06
ᠵᠣᠬᠢᠶᠠᠭ᠍ᠴᠢ᠄
​ ᠦᠨᠢᠷ
ᠣᠩᠱᠢᠭ᠍ᠰᠠᠨ ᠣᠳᠠᠭ᠎ᠠ᠄
★★★☆☆

 — ᠪᠤᠭᠤᠲᠤ ᠡᠴᠡ ᠢᠷᠭᠠᠢ ᠬᠦᠷᠬᠦ ᠲᠦᠷᠭᠡᠨ ᠤ᠋ ᠲᠡᠮᠦᠷ ᠵᠠᠮ ᠪᠦᠬᠦ᠌ ᠱᠤᠭᠤᠮ ᠢ᠋ᠢᠡᠷ ᠲᠡᠷᠭᠡ ᠨᠡᠪᠲᠡᠷᠡᠵᠤ ᠡᠵᠡᠩᠨᠡᠯᠳᠡ ᠳ᠋ᠤ ᠤᠷᠤᠭᠰᠠᠨ ᠲᠠᠱᠢᠷᠠᠮ ᠳ᠋ᠤ

12 ᠰᠠᠷ᠎ᠠ ᠢ᠋ᠢᠨ 23 ᠤ᠋ 10 ᠴᠠᠭ 8 ᠮᠢᠨᠦ᠋ᠲ ᠲᠦ᠍ D4667 ᠡᠬᠡᠯᠵᠢ ᠵᠢᠨ 《 ᠡᠶ᠎ᠡ ᠵᠤᠬᠢᠴᠠᠯᠳᠤ 》 ᠨᠡᠷᠡᠮᠵᠢᠳᠤ ᠠᠶᠠᠨᠴᠢᠨ ᠤ᠋ ᠭᠠᠯᠳᠤ ᠲᠠᠷᠬᠡ ᠪᠤᠭᠤᠳᠤ ᠦᠷᠳᠡᠬᠡ ᠡᠴᠡ ᠮᠤᠷᠳᠠᠨ ᠢᠷᠭᠠᠢ ᠵᠦᠭ ᠵᠢᠷᠢᠯᠵᠡᠨ ᠲᠠᠪᠬᠢᠵᠤ᠂ ᠥᠪᠥᠷ ᠮᠣᠩᠭᠣᠯ ᠤ᠋ᠨ ᠦᠪᠡᠷᠲᠡᠭᠡᠨ ᠵᠠᠰᠠᠬᠤ ᠤᠷᠤᠨ ᠪᠣᠯᠤᠨ ᠨᠢᠩᠱᠢᠶᠠ ᠢ᠋ᠢᠨ ᠬᠤᠲᠤᠡᠭ ᠦᠨᠳᠦᠰᠦᠲᠡᠨ ᠤ᠋ ᠦᠪᠡᠷᠲᠡᠭᠡᠨ ᠵᠠᠰᠠᠬᠤ ᠤᠷᠤᠨ ᠢ᠋ ᠬᠣᠯᠪᠣᠭ᠍ᠰᠠᠨ ᠪᠤᠭᠤᠲᠤ ᠡᠴᠨ ᠢᠷᠭᠠᠢ᠎ᠬᠦᠷᠬᠦ ᠲᠦᠷᠭᠡᠨ ᠤ᠋ ᠲᠡᠮᠦᠷ ᠵᠠᠮ ᠪᠦᠬᠦ ᠱᠤᠭᠤᠮ ᠵᠢᠡᠷ ᠲᠡᠷᠭᠡ ᠨᠡᠪᠲᠡᠷᠡᠵᠤ ᠡᠵᠡᠩᠨᠡᠯᠳᠡ ᠳ᠋ᠤ ᠤᠷᠤᠯ᠎ᠠ᠃ ᠡᠬᠦᠨ ᠢ᠋ ᠲᠠᠭᠠᠯᠳᠤᠨ ᠦᠪᠤᠷ ᠮᠤᠩᠭᠤᠯ ᠤ᠋ᠨ ᠲᠦᠷᠬᠡᠨ ᠤ᠋ ᠲᠡᠮᠤᠷ ᠵᠠᠮ ᠤ᠋ᠨ ᠡᠵᠡᠩᠨᠡᠯᠳᠡ ᠵᠢᠨ ᠤᠷᠳᠤ ᠴᠦ᠍ 880 ᠺᠢᠯᠦᠮᠸᠲᠷ ᠲᠦ᠍ ᠬᠦᠷᠴᠤ᠂ ᠬᠥᠬᠡᠬᠣᠲᠠ᠂ ᠪᠤᠭᠤᠲᠤ᠂ ᠤᠯᠠᠭᠠᠨᠬᠠᠳᠠ᠂ ᠲᠦᠩᠯᠢᠶᠣᠤ᠂ ᠤᠯᠠᠭᠠᠨᠴᠠᠪ᠂ ᠪᠠᠶᠠᠨᠨᠠᠭᠤᠷ ᠪᠠ ᠦᠬᠠᠶ ᠵᠡᠷᠬᠡ 7 ᠬᠣᠲᠠ ᠪᠥᠬᠥ᠌ ᠤᠯᠤᠰ ᠤ᠋ᠨ ᠲᠦᠷᠭᠡᠨ ᠤ᠋ ᠲᠡᠮᠦᠷ ᠵᠠᠮ ᠤ᠋ᠨ ᠲᠤᠤᠷ ᠲᠦ᠍ ᠰᠢᠭᠤᠳ ᠵᠠᠯᠭᠠᠭᠳᠠᠨ ᠣᠷᠣᠵᠤ᠂ ᠣᠷᠳᠣᠰ ᠬᠤᠳᠠ ᠪᠠ ᠬᠢᠩᠭᠠᠨ ᠠᠢᠮᠠᠭ ᠲᠦ᠍ ᠬᠦᠳᠡᠯᠭᠡᠭᠦ ᠬᠦᠴᠦᠨᠲᠤ ᠭᠠᠯᠲᠤ ᠲᠡᠷᠭᠡ ᠨᠡᠪᠲᠡᠷᠡᠪᠡ᠃

ᠨᠢᠭᠡ ᠵᠢᠯ ᠤ᠋ᠨ ᠡᠮᠦᠨ᠎ᠡ᠂ ᠵᠢᠨᠢᠡᠭ — ᠳ᠋ᠠᠲ᠋ᠦ᠋ᠩ — ᠶᠤᠸᠠᠨᠫᠢᠡᠭ ᠬᠦᠷᠬᠦ᠌ ᠲᠦᠷᠭᠡᠨ ᠤ᠋ ᠲᠡᠮᠦᠷ ᠵᠠᠮ ᠪᠦᠬᠦ ᠱᠤᠭᠤᠮ ᠵᠢᠡᠷ ᠡᠵᠡᠩᠨᠡᠯᠳᠡ ᠳ᠋ᠤ ᠤᠷᠤᠵᠤ᠂ ᠥᠪᠥᠷ ᠮᠣᠩᠭᠣᠯ ᠵᠢᠡᠭᠬᠢᠨᠢ ᠪᠡᠷ ᠪᠦᠬᠦ ᠤᠯᠤᠰ ᠤ᠋ᠨ ᠲᠦᠷᠭᠡᠨ ᠤ᠋ ᠲᠡᠮᠤᠷ ᠵᠠᠮ ᠤ᠋ᠨ ᠲᠤᠤᠷ ᠲᠤ᠌ ᠰᠢᠭᠤᠳ ᠵᠠᠯᠭᠠᠭᠳᠠᠨ ᠤᠷᠤᠪᠠ᠃ ᠡᠭᠦᠨ ᠡᠴᠡ ᠡᠮᠦᠨ᠎ᠠ ᠮᠠᠨ ᠤ᠋ ᠤᠷᠤᠨ ᠤᠷᠢᠳ ᠬᠤᠵᠢᠳ ᠬᠥᠬᠡᠬᠣᠲᠠ — ᠪᠡᠭᠡᠵᠢᠩ ᠬᠦᠷᠬᠦ᠌ ᠂ ᠤᠯᠠᠭᠠᠨᠬᠠᠳᠠ — ᠴᠤᠤᠶᠠᠩ ᠬᠦᠷᠬᠦ᠌᠂ ᠲᠦᠩᠯᠢᠶᠣᠤ — ᠮᠦᠭ᠌ᠳᠡᠨ ᠬᠦᠷᠬᠦ᠌᠂ ᠤᠯᠠᠭᠠᠨᠬᠣᠲᠠ — ᠴᠠᠩᠴᠦ᠋ᠨ ᠬᠦᠷᠬᠦ᠌ ᠵᠡᠷᠭᠡ ᠲᠦᠷᠭᠡᠨ ᠤ᠋ ᠲᠡᠮᠦᠷ ᠵᠠᠮ ᠢ᠋ ᠪᠠᠢᠭᠤᠯᠵᠤ᠂ ᠬᠥᠬᠡᠬᠣᠲᠠ ᠪᠤᠭᠤᠲᠤ ᠣᠷᠳᠣᠰ ᠤᠯᠠᠭᠠᠨᠴᠠᠪ ᠬᠢᠭᠡᠳ ᠪᠡᠭᠡᠵᠢᠩ ᠲᠢᠶᠠᠨᠵᠢᠨ ᠾᠧᠪᠧᠶ᠂ ᠤᠯᠠᠭᠠᠨᠬᠠᠳᠠ ᠲᠦᠩᠯᠢᠶᠣᠤ ᠬᠢᠩᠭᠠᠨ ᠬᠢᠭᠡᠳ ᠵᠡᠭᠦᠨ ᠬᠣᠢᠲᠤ ᠢ᠋ᠢᠨ ᠬᠣᠲᠠ ᠢ᠋ᠢᠨ ᠪᠦᠯᠦᠭᠵᠢᠯ ᠤ᠋ᠨ ᠣᠢᠷ᠎ᠠ ᠬᠠᠪᠢ ᠳ᠋ᠠᠭᠠᠨ ᠲᠦᠷᠬᠡᠨ ᠤ᠋ ᠭᠠᠯᠳᠤ ᠲᠡᠷᠬᠡ ᠨᠡᠪᠳᠡᠷᠡᠬᠦ ᠢ᠋ᠢ ᠪᠠᠶᠠᠯᠠᠬᠦᠯᠦᠭᠰᠡᠨ ᠶᠤᠮ᠃ 《ᠠᠷᠪᠠᠨ ᠳᠥᠷᠪᠡᠳᠦᠭᠡᠷ ᠲᠠᠪᠤᠨ ᠵᠢᠯ 》 ᠤ᠋ᠨ ᠬᠤᠭᠤᠴᠠᠭᠠᠨ ᠳ᠋ᠤ᠂ ᠮᠠᠨ ᠤ᠋ ᠤᠷᠤᠨ ᠲᠡᠮᠦᠷ ᠵᠠᠮ ᠤ᠋ᠨ ᠲᠤᠤᠷ ᠤ᠋ᠨ ᠪᠥᠲᠥᠭᠡᠨ ᠪᠠᠢᠭᠤᠯᠤᠯᠲᠠ ᠢ᠋ᠢ ᠪᠥᠬᠥ᠌ ᠬᠦᠴᠦᠨ ᠢ᠋ᠢᠡᠷ ᠢ᠋ᠢᠡᠨ ᠠᠬᠢᠭᠤᠯᠵᠤ᠂ ᠲᠦᠷᠭᠡᠨ ᠤ᠋ ᠲᠡᠮᠦᠷ ᠵᠠᠮ ᠢ᠋ ᠬᠣᠯᠪᠣᠨ ᠨᠡᠪᠲᠡᠷᠡᠭᠦᠯᠬᠦ᠌ ᠢ᠋ᠢ ᠲᠦᠷᠭᠡᠳᠭᠡᠨ᠂ ᠡᠩ ᠤ᠋ᠨ ᠬᠤᠷᠳᠤᠴᠠᠳᠤ ᠭᠤᠤᠯ ᠱᠤᠭᠤᠮ ᠤ᠋ᠨ ᠲᠡᠮᠦᠷ ᠵᠠᠮ ᠤ᠋ᠨ ᠲᠤᠤᠷ ᠤ᠋ᠨ ᠶᠠᠰᠤ ᠴᠢᠨᠠᠷ ᠢ᠋ ᠬᠦᠴᠦᠯᠡᠨ ᠳᠡᠭᠡᠭ᠌ᠰᠢᠯᠡᠭᠦᠯᠵᠤ᠂ ᠵᠢᠱ᠌ᠢᠯᠲᠡ ᠪᠡᠷ ᠡᠨᠡ ᠵᠢᠯ ᠤ᠋ᠨ ᠰᠡᠭᠦᠯᠴᠢ ᠪᠣᠯᠬᠤ ᠳ᠋ᠤ ᠪᠦᠬᠦ ᠤᠷᠤᠨ ᠤ᠋ ᠲᠡᠮᠦᠷ ᠵᠠᠮ ᠤ᠋ᠨ ᠡᠵᠡᠩᠨᠡᠯᠲᠡ ᠢ᠋ᠢᠨ ᠣᠷᠳᠣ 1.55 ᠲᠦᠮᠡᠨ ᠺᠢᠯᠣᠮᠧᠲ᠋ᠷ ᠲᠤ᠌ ᠬᠦᠷᠴᠦ᠍᠂ ᠪᠥᠬᠥ᠌ ᠤᠯᠤᠰ ᠲᠤ᠌ ᠲᠦᠷᠦᠬᠦᠯᠡᠬᠦ ᠪᠤᠯᠤᠨ᠎ᠠ᠃

ᠭᠠᠯᠳᠤ ᠲᠠᠷᠬᠡ ᠵᠢᠨ ᠲᠠᠪᠬᠢᠭᠠᠨ ᠳ᠋ᠤ ᠭᠠᠳᠠᠨᠠᠬᠢ ᠶᠢᠷᠳᠢᠨᠴᠤ ᠨᠠᠭᠠᠰᠢᠯᠠᠨ᠎ᠠ᠃ ᠤᠭᠤᠬᠢᠯᠡᠨ ᠳᠠᠪᠬᠢᠬᠤ ᠭᠠᠯᠲᠤ ᠲᠡᠷᠭᠡ ᠠᠭᠤᠯᠠ ᠤᠰᠤ ᠢ᠋ᠢ ᠳᠠᠪᠠᠨ ᠳᠥᠷᠪᠡᠨ ᠵᠦᠭ ᠨᠠᠶ᠋ᠮᠠᠨ ᠵᠣᠪᠬᠢᠰ ᠲᠤ᠌ ᠨᠡᠪᠲᠡᠷᠡᠵᠤ᠂ ᠠᠷᠠᠳ ᠤᠯᠠᠨ ᠤ᠋ ᠠᠶᠠᠯᠠᠯ ᠳ᠋ᠤ ᠳᠥᠭᠥᠮ ᠳᠥᠲᠡ ᠨᠦᠭᠦᠴᠡᠯ ᠬᠠᠡᠭᠭᠠᠬᠰᠠᠨ ᠢ᠋ᠢᠡᠷ ᠪᠠᠷᠠᠬᠤ ᠦᠭᠡᠶ ᠡᠳ᠋ ᠪᠠᠷᠠᠭᠠᠨ ᠤ᠋ ᠲᠡᠭᠡᠭᠡᠪᠦᠷᠢ ᠢ᠋ᠢ ᠤᠯᠠᠮ ᠰᠢᠯᠤᠭᠤᠳᠬᠠᠵᠤ᠂ ᠠᠵᠤ ᠠᠬᠤᠢ ᠨᠡᠢᠬᠡᠮ ᠤ᠋ᠨ ᠬᠦᠭᠵᠢᠯᠳᠡ ᠳ᠋ᠤ ᠤᠷᠤᠯᠠᠭᠤᠯᠵᠤ ᠪᠤᠯᠤᠰᠢ ᠦᠬᠡᠢ ᠴᠢᠬᠤᠯᠠ ᠦᠢᠯᠡᠳᠤᠯ  ᠵᠢᠡᠨ ᠪᠠᠳᠠᠷᠠᠭᠤᠯᠵᠤ ᠪᠠᠢᠭ᠎ᠠ ᠪᠢᠯᠡ᠃

ᠨᠢᠳᠤᠨᠤᠨ ᠤ᠋ 11 ᠰᠠᠷ᠎ᠠ ᠳ᠋ᠤ᠂ ᠵᠢᠨᠢᠩ — ᠲᠦᠩᠯᠢᠶᠣᠣ ᠬᠦᠷᠬᠦ ᠲᠡᠮᠦᠷ ᠵᠠᠮ ᠪᠦᠬᠦ ᠱᠤᠭᠤᠮ ᠪᠦᠬᠦ ᠡᠷᠬᠢᠯᠳᠡ ᠪᠡᠷ ᠵᠢᠡᠨ 《ᠳᠣᠲᠣᠭᠠᠳᠤ ᠰᠢᠲᠠᠯᠳᠠ ᠵᠢᠨ ᠴᠠᠭ ᠦᠶ᠎ᠡ》 ᠡᠴᠡ ᠴᠠᠬᠢᠯᠭᠠᠨᠵᠢᠯᠲᠠ ᠵᠢᠨ ᠰᠢᠨ᠎ᠡ ᠴᠠᠭ ᠦᠶ᠎ᠡ ᠳ᠋ᠤ ᠰᠢᠯᠵᠢᠨ ᠤᠷᠤᠭᠰᠠᠨ ᠡᠴᠡ ᠪᠠᠷᠠᠭᠠᠨ ᠤ᠋ ᠲᠠᠬᠡᠬᠡᠪᠤᠷᠢ ᠵᠢᠨ ᠡᠷᠬᠢᠯᠳᠡ ᠶᠡᠬᠡ ᠪᠡᠷ ᠨᠡᠮᠡᠭᠳᠡᠵᠤ᠂ ᠵᠢᠯ ᠤ᠋ᠨ ᠪᠠᠷᠠᠭᠠᠨ ᠤ᠋ ᠲᠡᠭᠡᠭᠡᠪᠦᠷᠢ ᠵᠢᠨ ᠴᠢᠳᠠᠪᠤᠷᠢ ᠨᠢ ᠦᠩᠬᠡᠷᠡᠭᠰᠡᠨ ᠤ᠋ 3600 ᠲᠦᠮᠡ ᠭᠠᠷᠤᠢ ᠲᠤᠨ᠎ᠪᠠᠢᠭᠰᠠᠨ ᠡᠴᠡ ᠤᠳᠤ 8000 ᠲᠦᠮᠡᠨ ᠲᠤᠨ ᠳ᠋ᠤ ᠬᠦᠷᠴᠠᠢ᠃

ᠡᠨᠡ ᠵᠢᠯ ᠤ᠋ᠨ 11 ᠰᠠᠷ᠎ᠠ ᠢ᠋ᠢᠨ 16 ᠤ᠋ 15 ᠴᠠᠭ ᠲᠦ᠍ ᠴᠠᠢᠷ ᠤ᠋ᠨ ᠢᠭ ᠢ᠋ ᠳᠦᠭᠦᠷᠲᠡᠯ᠎ᠡ ᠲᠡᠭᠡᠭᠡᠭ᠌ᠰᠡᠨ ᠪᠠᠷᠠᠭᠠᠨ ᠤ᠋ ᠭᠠᠯᠲᠤ ᠲᠡᠷᠭᠡ ᠪᠠᠶᠠᠨᠨᠠᠭᠤᠷ ᠬᠣᠲᠠ ᠢ᠋ᠢᠨ ᠠᠯᠲᠠᠨ ᠬᠣᠲᠠ ᠲᠡᠮᠦᠷ ᠵᠠᠮ ᠤ᠋ᠨ ᠪᠠᠷᠠᠭᠠᠨ ᠤ᠋ ᠭᠦᠶ᠋ᠯᠭᠡᠭᠡ ᠵᠢᠨ ᠬᠦᠷᠢᠶᠡᠯᠡᠩ ᠡᠴᠡ ᠲᠢᠶᠠᠨᠵᠢᠨ ᠤ᠋ ᠱᠢᠨ᠎ᠡ ᠭᠠᠷᠠᠮ ᠵᠦᠭ ᠮᠣᠷᠳᠠᠪᠠ᠃ ᠡᠬᠦᠨ ᠡᠴᠡ ᠡᠮᠤᠨ᠎ᠠ ᠲᠤᠰ ᠡᠭᠡᠯᠵᠢ ᠢ᠋ᠢᠨ ᠭᠠᠯᠲᠤ ᠲᠡᠷᠭᠡ ᠲᠢᠶᠠᠨᠵᠢᠨ ᠭᠠᠷᠠᠮ ᠡᠴᠡ ᠴᠠᠢᠷ ᠤ᠋ᠨ ᠨᠠᠷᠢᠯᠢᠭ ᠲᠦᠭᠦᠬᠡᠶ ᠮᠠᠲ᠋ᠧᠷᠢᠶᠠᠯ ᠢ᠋ ᠥᠪᠥᠷ ᠮᠣᠩᠭᠣᠯ ᠳ᠋ᠤ ᠬᠦᠷᠭᠡᠵᠤ ᠢᠷᠡᠭᠰᠡᠨ ᠶᠤᠮ᠃ ᠡᠢᠨ ᠬᠦ᠌ ᠲᠦᠬᠦᠷᠡᠩ ᠠᠴᠢᠶ᠎ᠠ ᠪᠡᠷ ᠶᠠᠪᠤᠵᠤ ᠪᠤᠴᠠᠬᠤ ᠲᠤᠰᠭᠠᠶ ᠭᠠᠯᠲᠤ ᠲᠡᠷᠭᠡ ᠪᠠᠶᠠᠨᠨᠠᠭᠤᠷ ᠬᠣᠲᠠ ᠢ᠋ᠢᠨ ᠴᠢᠩᠱᠠᠨ ᠠᠵᠤ ᠦᠶ᠋ᠯᠡᠳᠪᠦᠷᠢ ᠢ᠋ᠢᠨ ᠬᠦᠷᠢᠶᠡᠯᠡᠩ ᠲᠣᠭᠣᠷᠢᠭ ᠪᠤᠯᠤᠨ ᠲᠢᠶᠠᠨᠵᠢᠨ ᠭᠠᠷᠠᠮ ᠤ᠋ᠨ ᠬᠤᠭᠤᠷᠤᠨᠳᠤ ᠬᠤᠤᠰ ᠴᠢᠭ᠌ᠯᠡᠯ ᠢ᠋ᠢᠡᠷ ᠨᠡᠪᠲᠡᠷᠡᠵᠤ᠂ ᠣᠷᠣᠨ ᠪᠦᠰᠡ ᠢ᠋ᠢᠨ ᠠᠵᠤ ᠦᠢᠯᠡᠰ ᠤ᠋ᠨ ᠬᠡᠯᠬᠢᠶ᠎ᠠ ᠪᠣᠯᠤᠨ ᠬᠠᠩᠭᠠᠯᠭ᠎ᠠ ᠢ᠋ᠢᠨ ᠬᠡᠯᠬᠢᠶ᠎ᠠ ᠢ᠋ᠢᠨ ᠭᠦᠨᠵᠡᠭᠡᠢ ᠠᠭᠤᠰᠤᠯᠴᠠᠯ ᠢ᠋ ᠠᠬᠢᠭᠤᠯᠪᠠ᠃

ᠡᠨᠡ ᠵᠢᠯ ᠤ᠋ᠨ 11 ᠰᠠᠷ᠎ᠠ ᠢ᠋ᠢᠨ 14 ᠤ᠋ ᠡᠳᠦᠷ᠂ ᠲᠠᠡᠭᠱᠠᠨ — ᠪᠤᠭᠤᠲᠤ ᠬᠦᠷᠬᠦ ᠲᠡᠮᠦᠷ ᠵᠠᠮ ᠤ᠋ᠨ ᠲᠡᠭᠰᠢᠪᠤᠯᠠᠭ ᠥᠷᠲᠡᠭᠡ ᠢ᠋ᠢᠨ ᠱᠢᠨ᠎ᠡ ᠪᠡᠷ ᠪᠠᠢᠭᠤᠯᠤᠭ᠍ᠰᠠᠨ ᠬᠥᠮᠥᠷᠭᠡ ᠠᠰᠢᠭᠯᠠᠯᠲᠠ ᠳ᠋ᠤ ᠤᠷᠤᠵᠤ᠂ 《ᠪᠠᠷᠠᠭᠤᠨ ᠣᠷᠣᠨ ᠤ᠋ ᠨᠡᠭᠦᠷᠡᠰᠦ ᠢ᠋ᠢ ᠵᠡᠭᠦᠨᠰᠢ ᠵᠥᠭᠡᠭᠡᠪᠦᠷᠢᠯᠡᠬᠦ᠌》 ᠶᠡᠬᠡ ᠨᠡᠪᠳᠡᠷᠡᠯ ᠵᠠᠮ ᠤ᠋ᠨ ᠴᠢᠳᠠᠪᠤᠷᠢ ᠵᠢ ᠤᠯᠠᠮ ᠳᠡᠭᠡᠭᠰᠢᠯᠡᠬᠦᠯᠪᠠ᠃ ᠥᠪᠥᠷ ᠮᠣᠩᠭᠣᠯ ᠤ᠋ᠨ ᠳᠤᠮᠳᠠ ᠪᠠ ᠪᠠᠷᠠᠭᠤᠨ ᠪᠡᠶ᠎ᠠ ᠢ᠋ᠢᠨ ᠨᠡᠭᠦᠷᠡᠰᠦᠨ ᠤ᠋ ᠲᠡᠭᠡᠭᠡᠪᠦᠷᠢ ᠢ᠋ᠢᠨ ᠭᠤᠤᠯ ᠵᠠᠮ ᠪᠣᠯᠤᠭ᠍ᠰᠠᠨ ᠤ᠋ ᠬᠤᠪᠢ ᠳ᠋ᠤ᠂ ᠲᠠᠡᠭᠱᠠᠨ — ᠪᠤᠭᠤᠲᠤ ᠬᠦᠷᠬᠦ ᠲᠡᠮᠦᠷ ᠵᠠᠮ ᠤ᠋ᠨ ᠵᠢᠯ ᠤ᠋ᠨ ᠪᠠᠷᠠᠭᠠᠨ ᠤ᠋ ᠲᠡᠭᠡᠭᠡᠪᠦᠷᠢ ᠢ᠋ᠢᠨ ᠴᠢᠳᠠᠪᠤᠷᠢ ᠨᠢᠭᠡᠨᠲᠡ 2 ᠳ᠋ᠦᠩᠱᠢᠭᠤᠷ ᠲᠣᠨ ᠢ᠋ ᠳᠠᠪᠠᠭᠰᠠᠨ ᠤ᠋ ᠲᠤᠳᠤᠷ᠎ᠠ ᠨᠡᠭᠦᠷᠡᠰᠦᠨ ᠤ᠋ ᠲᠡᠭᠡᠭᠡᠪᠦᠷᠢ 80% ᠢ᠋ᠢ ᠡᠵᠡᠯᠡᠨ᠂ ᠪᠡᠭᠡᠵᠢᠩ ᠲᠢᠶᠠᠨᠵᠢᠨ ᠾᠸᠪᠸᠢ᠂ ᠳᠣᠷᠣᠨᠠᠲᠤ ᠣᠷᠣᠨ᠂ ᠡᠮᠦᠨᠡᠲᠦ ᠣᠷᠣᠨ ᠤ᠋ 80 ᠭᠠᠷᠤᠶ ᠴᠠᠬᠢᠯᠭᠠᠨ ᠬᠡᠷᠡᠭ᠌ᠰᠡᠯ ᠤ᠋ᠨ ᠦᠶ᠋ᠯᠡᠳᠪᠦᠷᠢ ᠪᠣᠯᠤᠨ ᠮᠤᠵᠢ ᠢ᠋ᠢᠨ ᠱᠠᠲᠤᠨ ᠤ᠋ 30 ᠭᠠᠷᠤᠶ ᠴᠠᠬᠢᠯᠭᠠᠨ ᠭᠠᠷᠭᠠᠬᠤ ᠪᠦᠯᠦᠭ᠌ᠯᠡᠯ ᠤ᠋ᠨ ᠡᠨᠧᠷᠭᠢ ᠢ᠋ᠢᠨ ᠬᠡᠷᠡᠭ᠌ᠴᠡᠭᠡ ᠢ᠋ᠢ ᠪᠠᠲᠤᠯᠠᠵᠤ ᠪᠠᠢᠭ᠎ᠠ ᠶᠤᠮ᠃

ᠡᠨᠡ ᠵᠢᠯ ᠤ᠋ᠨ 8 ᠰᠠᠷ᠎ᠠ ᠢ᠋ᠢᠨ 3 ᠤ᠋ ᠡᠳᠦᠷ᠂ 55 ᠴᠢᠩᠭᠡᠯᠢᠭ ᠲᠡᠭᠡᠭᠡᠭᠰᠡᠨ ᠳᠤᠮᠳᠠᠳᠤ ᠧᠦ᠋ᠷᠣᠫᠠ ᠢ᠋ᠢᠨ ᠵᠢᠱᠢᠶᠠᠨ ᠤ᠋ ᠭᠠᠯᠲᠤ ᠲᠡᠷᠭᠡ ᠡᠷᠢᠶᠡᠨ ᠬᠣᠲᠠ ᠢ᠋ᠢᠨ ᠲᠡᠮᠦᠷ ᠵᠠᠮ ᠤ᠋ᠨ ᠬᠢᠯᠢ ᠢ᠋ᠢᠨ ᠪᠣᠭᠣᠮᠲᠠ ᠪᠡᠷ ᠦᠡᠭᠭᠡᠷᠡᠨ ᠭᠠᠷᠬᠤ ᠵᠢ ᠲᠠᠭᠠᠯᠳᠤᠨ ᠳᠤᠮᠳᠠᠳᠤ ᠧᠦ᠋ᠷᠣᠫᠠ ᠢ᠋ᠢᠨ ᠵᠢᠱᠢᠶᠠᠨ ᠤ᠋ ᠭᠠᠯᠲᠤ ᠲᠡᠷᠭᠡ ᠵᠢᠨ ᠲᠤᠮᠳᠠ ᠱᠤᠭᠤᠮ ᠵᠢᠡᠷ ᠠᠶᠠᠯᠠᠭᠰᠠᠨ ᠭᠠᠯᠲᠤ ᠲᠡᠷᠭᠡ 2 ᠲᠦᠮᠡᠨ ᠡᠭᠡᠯᠵᠢ ᠢ᠋ᠢ ᠳᠠᠪᠠᠪᠠ᠃ ᠤᠳᠤ ᠳᠤᠮᠳᠠᠳᠤ ᠧᠦ᠋ᠷᠣᠫᠠ ᠢ᠋ᠢᠨ ᠵᠢᠱᠢᠶᠠᠨ ᠤ᠋ ᠭᠠᠯᠲᠤ ᠲᠡᠷᠭᠡ ᠢ᠋ᠢᠨ ᠳᠤᠮᠳᠠ ᠱᠤᠭᠤᠮ ᠤ᠋ᠨ ᠡᠵᠡᠡᠭᠨᠡᠯᠲᠡ ᠢ᠋ᠢᠨ ᠱᠤᠭᠤᠮ 74 ᠪᠤᠯᠵᠤ ᠨᠡᠮᠡᠭᠳᠡᠨ᠂ ᠠᠽᠢᠶ᠎ᠠ ᠧᠦ᠋ᠷᠣᠫᠠ ᠶ᠋ᠢᠨ 10 ᠭᠠᠷᠤᠢ ᠤᠯᠤᠰ ᠤ᠋ᠨ 140 ᠭᠠᠷᠤᠶ ᠬᠣᠲᠠ ᠪᠠ ᠦᠷᠳᠡᠭᠡ ᠵᠢ ᠬᠠᠮᠤᠷᠴᠤ᠂ ᠳᠤᠮᠳᠠᠳᠤ ᠧᠦ᠋ᠷᠣᠫᠠ ᠢ᠋ᠢᠨ ᠵᠢᠱᠢᠶᠠᠨ ᠤ᠋ ᠭᠠᠯᠲᠤ ᠲᠡᠷᠭᠡ ᠨᠢ《ᠲᠤᠮᠳᠠᠳᠤ ᠤᠯᠤᠰ ᠤ᠋ᠨ ᠦᠢᠯᠡᠳᠬᠡᠯ》 ᠢ᠋ ᠲᠠᠯᠡᠬᠡᠢ ᠵᠢᠨ ᠵᠠᠬ᠎ᠠ ᠲᠠᠯᠬᠡᠬᠦᠷ ᠲᠦ᠍ ᠬᠦᠷᠬᠡᠬᠦ 《ᠬᠦᠴᠤᠳᠤ ᠡᠩᠨᠡᠬᠡ》 ᠪᠤᠯᠵᠠᠢ᠃

ᠤᠢᠯᠠᠭᠠᠭᠰᠠᠨ ᠵᠢᠡᠷ᠂ ᠡᠨᠡ ᠵᠢᠯ ᠤ᠋ᠨ ᠲᠦᠷᠦᠭᠦᠤ 11 ᠰᠠᠷ᠎ᠠ ᠳ᠋ᠤ ᠮᠠᠨ ᠤ᠋ ᠤᠷᠤᠨ ᠤ᠋ ᠲᠡᠮᠦᠷ ᠵᠠᠮ ᠤ᠋ᠨ ᠡᠳ᠋ ᠪᠠᠷᠠᠭᠠᠠ ᠤ᠋ ᠡᠷᠬᠢᠯᠳᠡ ᠶ᠋ᠢᠨ ᠬᠡᠮᠵᠢᠶ᠎ᠠ 2998.8 ᠳ᠋ᠦᠩᠰᠢᠭᠤᠷ ᠲᠤᠨ ᠺᠢᠯᠤᠮᠧᠲᠷ ᠲᠤ᠌ ᠬᠦᠷᠴᠤ᠂ ᠨᠢᠳᠤᠨᠤᠨ ᠤ᠋ ᠠᠳᠠᠯᠢ ᠬᠤᠭᠤᠴᠠᠭᠠᠨ ᠤ᠋ ᠬᠢ ᠡᠴᠡ 5.2% ᠶ᠋ᠢᠡᠷ ᠨᠡᠮᠡᠭᠳᠡᠨ᠂ ᠠᠶᠠᠨᠴᠢᠳ ᠤ᠋ᠨ ᠡᠷᠬᠢᠯᠳᠡ ᠶ᠋ᠢᠨ ᠬᠡᠮᠵᠢᠶ᠎ᠠ 190.6 ᠳ᠋ᠦᠩᠰᠢᠭᠤᠷ ᠬᠦᠮᠦᠨ ᠺᠢᠯᠦᠮᠧᠲᠷ ᠲᠤ᠌ ᠬᠦᠷᠴᠤ᠂ ᠨᠢᠳᠤᠨᠤᠨ ᠤ᠋ ᠠᠳᠠᠯᠢ ᠬᠤᠭᠤᠴᠠᠭᠠᠨ ᠤ᠋ ᠬᠢ ᠡᠴᠡ 5.1% ᠪᠡᠷ ᠨᠡᠮᠡᠭᠳᠡᠭᠰᠡᠨ ᠪᠠᠢᠨ᠎ᠠ᠃

《ᠪᠤᠭᠤᠲᠤ — ᠢᠷᠭᠠᠢ ᠬᠦᠷᠬᠦ ᠲᠦᠷᠭᠡᠨ ᠤ᠋ ᠲᠡᠮᠦᠷ ᠵᠠᠮ ᠪᠤᠯ ᠤᠯᠤᠰ ᠤ᠋ᠨ 〈ᠨᠠᠢ᠍ᠮᠠᠨ ᠭᠤᠤᠯᠳᠤ ᠨᠠᠢ᠍ᠮᠠᠨ ᠬᠦᠨᠳᠡᠯᠡᠨ〉 ᠲᠦᠷᠬᠡᠨ ᠤ᠋ ᠲᠡᠮᠤᠷ ᠵᠠᠮ ᠤ᠋ᠨ ᠲᠤᠤᠷ ᠤ᠋ᠨ ᠴᠢᠬᠤᠯᠠ ᠪᠦᠷᠢᠯᠳᠦᠬᠦᠨ ᠬᠡᠰᠡᠭ ᠪᠠᠢᠵᠤ᠂ ᠡᠨᠡ ᠡᠳᠤᠷ ᠪᠦᠬᠦ᠌ ᠱᠤᠭᠤᠮ ᠢ᠋ᠢᠡᠷ ᠲᠡᠷᠭᠡ ᠨᠡᠪᠲᠡᠷᠡᠵᠤ ᠡᠵᠡᠩᠨᠡᠯᠳᠡ ᠳ᠋ᠤ ᠤᠷᠤᠭᠰᠠᠨ ᠡᠴᠡ ᠪᠤᠭᠤᠲᠤ ᠡᠴᠡ ᠢᠷᠭᠠᠢ ᠬᠦᠷᠬᠦ ᠴᠠᠭ ᠢ᠋ ᠦᠩᠬᠡᠷᠡᠭᠰᠡᠨ ᠤ᠋ 6 ᠴᠠᠭ ᠤᠷᠴᠢᠮ ᠪᠠᠢᠭᠰᠠᠨ ᠡᠴᠡ 3 ᠴᠠᠭ ᠤ᠋ᠨ ᠳᠣᠲᠣᠷ᠎ᠠ ᠪᠤᠯᠭᠠᠨ ᠪᠣᠭᠣᠨᠢᠰᠭᠠᠭ᠍ᠰᠠᠨ ᠢ᠋ᠢᠡᠷ ᠪᠠᠷᠠᠬᠤ ᠦᠬᠡᠢ ᠪᠠᠷᠠᠭᠤᠨ ᠬᠤᠢᠳᠤ ᠤᠷᠤᠨ᠂ ᠤᠮᠠᠷᠠᠳᠤ ᠤᠷᠤᠨ ᠪᠠ ᠵᠡᠬᠦᠨ ᠬᠤᠢᠳᠤ ᠤᠷᠤᠨ ᠢ᠋ ᠬᠤᠯᠪᠤᠭᠰᠠᠨ ᠲᠦᠷᠬᠡᠨ ᠤ᠋ ᠨᠡᠪᠳᠡᠷᠡᠯ ᠵᠠᠮ ᠢ᠋ ᠴᠤᠭᠴᠠᠯᠠᠨ ᠨᠡᠪᠳᠡᠷᠡᠬᠦᠯᠪᠡ》 ᠬᠡᠵᠤ ᠦᠪᠤᠷ ᠮᠤᠩᠭᠤᠯ ᠤ᠋ᠨ ᠦᠪᠡᠷᠳᠡᠬᠡᠨ ᠵᠠᠰᠠᠬᠤ ᠤᠷᠤᠨ ᠤ᠋ ᠵᠠᠮ ᠬᠠᠷᠢᠯᠴᠠᠭ᠎ᠠ ᠲᠠᠬᠡᠬᠡᠪᠤᠷᠢ ᠵᠢᠨ ᠲᠢᠩᠬᠢᠮ ᠤ᠋ᠨ ᠲᠡᠳ᠋ ᠲᠠᠷᠤᠭ᠎ᠠ ᠷᠦᠩ ᠶᠤᠤ ᠶᠠᠷᠢᠵᠤ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号