ᠦᠬᠠᠢ ᠬᠤᠳᠠ ᠶ᠋ᠢᠨ ᠴᠠᠬᠢᠯᠭᠠᠨ ᠬᠠᠩᠭᠠᠬᠤ ᠺᠤᠮᠫᠠᠨᠢ ᠶ᠋ᠢᠨ ᠬᠤᠩ ᠨᠢ ᠸᠠᠨ ᠳ᠋ᠡᠬᠢ 220 ᠺᠢᠯᠤᠸᠤᠯᠲ ᠤ᠋ᠨ ᠬᠦᠴᠦᠳᠡᠯ ᠦᠭᠡᠷᠡᠴᠢᠯᠡᠬᠦ ᠦᠷᠳᠡᠭᠡ ᠶ᠋ᠢᠨ 110 ᠺᠢᠯᠤᠸᠤᠯᠲ ᠤ᠋ᠨ ᠭᠠᠯ ᠤᠳᠠᠰᠤ ᠤᠢᠷ᠎ᠠ ᠳ᠋ᠤ ᠠᠮᠵᠢᠯᠳᠠ ᠲᠠᠢ ᠴᠠᠬᠢᠯᠭᠠᠨ ᠨᠡᠪᠳᠡᠷᠡᠬᠦ ᠶ᠋ᠢ ᠳᠠᠭᠠᠯᠳᠤᠨ᠂ ᠳᠤᠮᠳᠠᠳᠤ ᠤᠯᠤᠰ ᠤ᠋ᠨ ᠪᠤᠬᠢᠷᠳᠦᠯ ᠦᠭᠡᠢ ᠴᠠᠬᠢᠯᠭᠠᠨ (ᠦᠬᠠᠢ) ᠤ᠋ ᠨᠦᠭᠡᠴᠡ ᠡᠨᠧᠷᠬᠢ ᠶ᠋ᠢᠨ ᠬᠢᠵᠠᠭᠠᠷᠳᠦ ᠺᠤᠮᠫᠠᠨᠢ ᠤᠷᠤᠭᠰᠢᠳᠠᠢ ᠪᠡᠷ ᠦᠪᠦᠷ ᠮᠤᠩᠭᠤᠯ ᠤ᠋ᠨ ᠪᠠᠷᠠᠭᠤᠨ ᠭᠡᠰᠡᠭ ᠤᠨ ᠴᠠᠬᠢᠯᠭᠠᠨ ᠲᠤᠤᠷ ᠤ᠋ᠨ ᠴᠠᠬᠢᠯᠭᠠᠨ ᠢ᠋ ᠵᠠᠯᠭᠠᠪᠠ᠃ ᠤᠢᠯᠠᠭᠠᠭᠰᠠᠨ ᠶ᠋ᠢᠡᠷ᠂ ᠶᠡᠷᠦᠩᠬᠡᠢ ᠪᠡᠯᠡ ᠤᠷᠤᠭᠤᠯᠤᠯᠳᠠ ᠨᠢ 6 ᠳ᠋ᠦᠩᠰᠢᠭᠤᠷ ᠲᠦᠭᠦᠷᠢᠭ ᠲᠤ᠌ ᠬᠦᠷᠬᠦ ᠲᠤᠰ ᠴᠠᠬᠢᠯᠭᠠᠨ ᠦᠷᠳᠡᠭᠡ ᠪᠤᠯ ᠦᠪᠦᠷ ᠮᠤᠩᠭᠤᠯ ᠤ᠋ᠨ ᠠᠩᠬᠠᠳᠠᠭᠴᠢ ᠬᠠᠳᠠᠭᠤ ᠪᠡᠶᠡᠳᠦ ᠯᠢᠲ᠋ᠢ ᠴᠡᠨᠡᠭ ᠤ᠋ᠨ ᠮᠡᠷᠭᠡᠵᠢᠯ ᠤ᠋ᠨ ᠡᠨᠧᠷᠬᠢ ᠨᠦᠭᠡᠴᠡᠯᠡᠬᠦ ᠴᠠᠬᠢᠯᠭᠠᠨ ᠦᠷᠳᠡᠭᠡ ᠪᠤᠯᠤᠨ᠎ᠠ᠃
ᠲᠤᠰ ᠴᠠᠬᠢᠯᠭᠠᠨ ᠦᠷᠳᠡᠭᠡ ᠠᠰᠢᠭᠯᠠᠯᠳᠠ ᠳ᠋ᠤ ᠤᠷᠤᠭᠰᠠᠨ ᠨᠢ ᠤᠷᠤᠨ ᠪᠦᠰᠡ ᠶ᠋ᠢᠨ ᠴᠢᠬᠤᠯᠠ ᠶᠡᠬᠡ ᠠᠵᠤ ᠦᠢᠯᠡᠰ ᠤ᠋ᠨ ᠲᠦᠷᠦᠯ ᠵᠦᠢᠯ ᠤ᠋ᠨ ᠴᠠᠬᠢᠯᠭᠠᠨ ᠬᠠᠩᠭᠠᠯᠭ᠎ᠠ ᠶ᠋ᠢ ᠪᠠᠳᠤᠯᠠᠬᠤ ᠠᠵᠢᠯ ᠵᠠᠩᠬᠢᠯᠠᠭ᠎ᠠ ᠶ᠋ᠢᠨ ᠰᠢᠪᠳᠤᠯᠤᠯᠳᠠ ᠤᠯᠤᠭᠰᠠᠨ ᠢ᠋ ᠬᠠᠷᠠᠭᠤᠯᠵᠤ ᠪᠠᠢᠬᠤ ᠪᠦᠭᠡᠳ ᠦᠪᠦᠷ ᠮᠤᠩᠭᠤᠯ ᠤ᠋ᠨ ᠴᠠᠬᠢᠯᠭᠠᠨ ᠬᠦᠴᠦᠨ ᠤ᠋ ᠪᠦᠯᠦᠭᠯᠡᠯ ᠺᠤᠮᠫᠠᠨᠢ ᠶ᠋ᠢᠨ ᠦᠬᠠᠢ ᠬᠤᠳᠠ ᠶ᠋ᠢᠨ ᠴᠠᠬᠢᠯᠭᠠᠨ ᠬᠠᠩᠭᠠᠬᠤ ᠺᠤᠮᠫᠠᠨᠢ ᠶ᠋ᠢᠨ ᠰᠢᠯᠢᠳᠡᠭ ᠦᠢᠯᠡᠴᠢᠯᠡᠭᠡ ᠪᠡᠷ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠢ᠋ ᠰᠠᠢᠵᠢᠷᠠᠭᠤᠯᠤᠭᠰᠠᠨ ᠪᠤᠳᠠᠳᠤ ᠦᠷ᠎ᠠ ᠪᠦᠲᠦᠮᠵᠢ ᠶ᠋ᠢ ᠬᠠᠷᠠᠭᠤᠯᠤᠨ᠎ᠠ᠃ ᠡᠭᠦᠨ ᠳ᠋ᠤ 《ᠴᠠᠬᠢᠯᠭᠠᠨ ᠬᠠᠩᠭᠠᠬᠤ ᠲᠦᠰᠦᠯ ᠢ᠋ ᠳᠤᠭᠳᠠᠭᠠᠬᠤ ᠡᠴᠡ ᠡᠬᠢᠯᠡᠭᠡᠳ ᠰᠢᠯᠭᠠᠨ ᠪᠠᠳᠤᠯᠠᠵᠤ ᠴᠠᠬᠢᠯᠭᠠᠨ ᠨᠡᠪᠳᠡᠷᠡᠭᠦᠯᠬᠦ ᠪᠤᠯᠳᠠᠯ᠎ᠠ᠂ ᠦᠬᠠᠢ ᠬᠤᠳᠠ ᠶ᠋ᠢᠨ ᠴᠠᠬᠢᠯᠭᠠᠨ ᠬᠠᠩᠭᠠᠬᠤ ᠺᠤᠮᠫᠠᠨᠢ ᠶ᠋ᠢᠨ ᠬᠢᠨ ᠰᠢᠯᠢᠳᠡᠭ ᠰᠠᠢᠨ ᠪᠦᠭᠡᠳ ᠦᠨᠳᠦᠷ ᠪᠦᠲᠦᠮᠵᠢᠳᠠᠢ ᠦᠢᠯᠡᠴᠢᠯᠡᠭᠡ ᠪᠡᠷ ᠪᠢᠳᠡᠨ ᠤ᠋ ᠲᠦᠷᠦᠯ ᠵᠦᠢᠯ ᠤ᠋ᠨ ᠤᠷᠤᠭᠰᠢᠳᠠᠢ ᠪᠡᠷ ᠠᠰᠢᠭᠯᠠᠯᠳᠠ ᠳ᠋ᠤ ᠤᠷᠤᠬᠤ ᠳ᠋ᠤ ᠬᠤᠪᠤᠷ ᠨᠠᠨᠳᠢᠨ ᠴᠠᠭ ᠢ᠋ ᠠᠷᠪᠢᠯᠠᠵᠤ ᠦᠭᠴᠠᠢ》 ᠭᠡᠵᠦ ᠳᠤᠮᠳᠠᠳᠤ ᠤᠯᠤᠰ ᠤ᠋ᠨ ᠪᠤᠬᠢᠷᠳᠦᠯ ᠦᠭᠡᠢ ᠴᠠᠬᠢᠯᠭᠠᠨ (ᠦᠬᠠᠢ) ᠤ᠋ ᠨᠦᠭᠡᠴᠡ ᠡᠨᠧᠷᠬᠢ ᠶ᠋ᠢᠨ ᠬᠢᠵᠠᠭᠠᠷᠳᠦ ᠺᠤᠮᠫᠠᠨᠢ ᠶ᠋ᠢᠨ ᠬᠠᠷᠢᠭᠤᠴᠠᠯᠭᠠᠳᠠᠨ ᠴᠢᠨ ᠯᠧᠢ ᠶᠠᠷᠢᠵᠤ ᠪᠠᠢᠯ᠎ᠠ᠃
ᠤᠢᠯᠠᠭᠠᠭᠰᠠᠨ ᠶ᠋ᠢᠡᠷ᠂ ᠰᠢᠨ᠎ᠠ ᠪᠡᠷ ᠠᠰᠢᠭᠯᠠᠯᠳᠠ ᠳ᠋ᠤ ᠤᠷᠤᠭᠰᠠᠨ ᠲᠤᠰ ᠴᠠᠬᠢᠯᠭᠠᠨ ᠦᠷᠳᠡᠭᠡ ᠨᠢ ᠵᠢᠯ ᠪᠦᠷᠢ 260 ᠤᠳᠠᠭ᠎ᠠ ᠶ᠋ᠢᠨ ᠴᠠᠬᠢᠯᠭᠠᠨ ᠬᠠᠩᠭᠠᠯᠭ᠎ᠠ ᠶ᠋ᠢ ᠵᠤᠬᠢᠴᠠᠭᠤᠯᠤᠨ᠂ ᠤᠳᠠᠭ᠎ᠠ ᠪᠤᠯᠭᠠᠨ 80 ᠲᠦᠮᠡᠨ ᠺᠢᠯᠤᠸᠠᠲ ᠴᠠᠭ ᠤ᠋ᠨ ᠴᠠᠬᠢᠯᠭᠠᠨ ᠬᠠᠩᠭᠠᠵᠤ ᠳᠡᠢᠯᠬᠦ ᠪᠦᠭᠡᠳ ᠦᠪᠦᠷ ᠮᠤᠩᠭᠤᠯ ᠤ᠋ᠨ ᠪᠠᠷᠠᠭᠤᠨ ᠭᠡᠰᠡᠭ ᠤᠨ ᠴᠠᠬᠢᠯᠭᠠᠨ ᠲᠤᠤᠷ ᠤ᠋ᠨ ᠬᠠᠩᠭᠠᠯᠭ᠎ᠠ ᠬᠡᠷᠡᠭᠴᠡᠭᠡ ᠶ᠋ᠢ ᠵᠤᠬᠢᠴᠠᠭᠤᠯᠬᠤ ᠴᠢᠬᠤᠯᠠ ᠨᠦᠭᠡᠴᠡ ᠬᠦᠴᠦᠨ ᠪᠤᠯᠬᠤ ᠪᠤᠯᠤᠨ᠎ᠠ᠃ ᠡᠭᠦᠨ ᠤ᠋ ᠬᠠᠮᠳᠤ 20 ᠲᠦᠮᠡᠨ ᠺᠢᠯᠤᠸᠠᠲ / 80 ᠲᠦᠮᠡᠨ ᠺᠢᠯᠤᠸᠠᠲ ᠴᠠᠭ ᠤ᠋ᠨ ᠬᠠᠳᠠᠭᠤ ᠪᠡᠶᠡᠳᠦ ᠴᠡᠨᠡᠭ ᠤ᠋ᠨ ᠡᠨᠧᠷᠬᠢ ᠨᠦᠭᠡᠴᠡᠯᠡᠬᠦ ᠴᠠᠬᠢᠯᠭᠠᠨ ᠦᠷᠳᠡᠭᠡ ᠶ᠋ᠢᠨ ᠪᠠᠢᠭᠤᠯᠤᠯᠳᠠ ᠨᠢ ᠪᠠᠰᠠ 《ᠬᠤᠤᠰ ᠨᠡᠭᠦᠷᠡᠰᠦᠳ᠋ᠦ᠋ᠷᠦᠭᠴᠢ》 ᠶ᠋ᠢᠨ ᠬᠠᠷᠠᠯᠳᠠ ᠶ᠋ᠢ ᠪᠡᠶᠡᠯᠡᠭᠦᠯᠬᠦ᠂ ᠴᠠᠬᠢᠯᠭᠠᠨ ᠬᠦᠴᠦᠨ ᠤ᠋ ᠰᠢᠰᠲ᠋ᠧᠮ ᠤ᠋ᠨ ᠤᠷᠴᠢᠯ ᠢ᠋ ᠰᠢᠯᠢᠳᠡᠭᠵᠢᠭᠦᠯᠬᠦ ᠲᠠᠯ᠎ᠠ ᠪᠡᠷ ᠴᠢᠬᠤᠯᠠ ᠠᠯᠬᠤᠮ ᠠᠯᠬᠤᠭᠰᠠᠨ ᠢ᠋ ᠬᠠᠷᠠᠭᠤᠯᠵᠤ᠂ ᠦᠬᠠᠢ ᠬᠤᠳᠠ ᠶ᠋ᠢᠨ ᠬᠦᠴᠦᠯᠡᠨ ᠪᠠᠢᠭᠤᠯᠵᠤ ᠪᠠᠢᠭ᠎ᠠ ᠬᠠᠳᠠᠭᠤ ᠪᠡᠶᠡᠳᠦ ᠴᠡᠨᠡᠭ ᠤ᠋ᠨ ᠠᠵᠤ ᠦᠢᠯᠡᠰ ᠤ᠋ᠨ ᠬᠡᠯᠬᠢᠶ᠎ᠠ ᠶ᠋ᠢᠨ ᠴᠢᠬᠤᠯᠠ ᠭᠤᠭᠴᠤᠭ᠎ᠠ ᠶ᠋ᠢ ᠨᠦᠬᠦᠪᠤᠷᠢᠯᠡᠬᠦ ᠪᠤᠯᠤᠨ᠎ᠠ᠃