ᠰᠣᠨᠣᠯᠵᠠᠨ ᠦᠷᠬᠦᠯᠵᠢᠯᠡᠭᠰᠡᠨ ᠮᠣᠨᠢ ᠠᠭᠣᠯᠠ ᠨᠢᠷᠣᠭᠣ᠎ᠶᠢᠨ ᠡᠴᠢᠨ᠎ᠡ ᠬᠦᠨ ᠳ᠋ᠦ 156 ᠬᠡᠰᠡᠭ ᠬᠠᠲᠠᠨ ᠵᠢᠷᠣᠬ ᠣᠲᠣᠨ ᠮᠡᠲᠦ ᠲᠦᠭᠡᠵᠦ᠂ 5 ᠲᠦᠮᠡ ᠭᠠᠷᠣᠢ ᠰᠡᠢᠯᠦᠮᠡᠯ ᠵᠢᠷᠣᠬ ᠨᠢ ᠲᠦᠮᠡᠨ ᠣᠨ᠎ᠢ ᠲᠣᠭᠣᠯᠣᠬᠰᠠᠨ ᠣᠷᠠᠨ ᠵᠢᠷᠣᠬ᠎ᠤᠨ ᠣᠷᠲᠣ᠎ᠨᠢ ᠪᠦᠷᠢᠯᠲᠦᠬᠦᠯᠦᠭᠰᠡᠨ ᠪᠠᠢᠯ᠎ᠠ᠃ ᠡᠨᠡ ᠪᠣᠯ ᠲᠠᠷᠣᠢ 《ᠮᠢᠩᠭᠠᠨ ᠭᠠᠵᠠᠷ᠎ᠤᠨ ᠵᠢᠷᠣᠬ᠎ᠤᠨ ᠬᠣᠩᠬᠢᠯ》 ᠬᠡᠮᠡᠭᠲᠡᠭᠰᠡᠨ ᠮᠤᠨᠢ ᠠᠭᠤᠯᠠ᠎ᠶ᠋ᠢᠨ ᠬᠠᠳᠠᠨ ᠵᠢᠷᠤᠭ ᠪᠣᠯᠣᠨ᠎ᠠ᠃
ᠮᠤᠨᠢ ᠠᠭᠤᠯᠠ᠎ᠶ᠋ᠢᠨ ᠬᠠᠳᠠᠨ ᠵᠢᠷᠤᠭ᠎ᠢ ᠪᠠᠰᠠ ᠮᠣᠨᠢ ᠠᠭᠤᠯᠠ᠎ᠶ᠋ᠢᠨ ᠬᠠᠳᠠᠨ ᠰᠡᠢᠯᠦᠮᠡᠯ ᠭᠡᠮᠡᠲᠡᠭ᠃ ᠪᠠᠯᠠᠷ ᠡᠷᠳᠡᠨ᠎ᠤ ᠬᠦᠮᠦᠰ᠎ᠤᠨ 《ᠬᠠᠲᠠᠨ ᠳᠡᠭᠡᠷ᠎ᠡ ᠰᠡᠢᠯᠦᠭ᠌ᠰᠡᠨ ᠲᠤᠤᠯᠢ》 ᠨᠢ ᠤᠨ ᠴᠠᠬ᠎ᠤᠨ ᠣᠷᠲᠣ᠎ᠶᠢ ᠲᠣᠭᠣᠯᠣᠨ᠂ ᠤᠮᠠᠷᠠᠲᠤ᠎ᠶ᠋ᠢᠨ ᠨᠡᠭᠦᠳᠡᠯ ᠮᠠᠯᠵᠢᠯ᠎ᠤᠨ ᠪᠣᠯᠪᠠᠰᠤᠨ᠎ᠤ ᠡᠴᠢᠨ᠎ᠡ ᠰᠦᠷᠯᠢᠭ ᠬᠠᠭᠤᠳᠠᠰᠤ᠎ᠶ᠋ᠢ ᠪᠢᠴᠢᠭᠯᠡᠵᠡᠢ᠃ ᠵᠢᠷᠭᠠᠬᠤ ᠨᠠᠷᠠᠨ᠎ᠤ ᠤᠯᠠᠪᠤᠷ ᠲᠣᠶᠠᠭ᠎ᠠ ᠬᠠᠲᠠᠨ ᠲᠡᠭᠡᠷ᠎ᠡ ᠲᠣᠰᠬᠣᠶᠠ ᠬᠠᠷᠪᠣᠵᠦ ᠨᠠᠮᠨᠠᠬᠣ ᠠᠩᠴᠢᠳ ᠪᠣᠯᠣᠨ ᠬᠣᠨᠢᠨ ᠰᠦᠷᠦᠭ᠎ᠤᠨ ᠪᠦᠷᠲᠦᠯᠵᠡᠬᠦ ᠪᠠᠷ᠎ᠠ ᠴᠠᠬ ᠬᠣᠭᠣᠴᠠᠭᠠᠨ᠎ᠤ ᠴᠢᠨᠠᠲᠣ ᠡᠴᠡ ᠲᠣᠲᠣᠷᠠᠨ ᠬᠠᠷᠠᠬᠲᠠᠬᠣ ᠮᠡᠲᠦ᠃ ᠠᠯᠣᠰ ᠲᠦ᠍ ᠮᠠᠯᠴᠢᠨ ᠠᠢᠯ ᠡᠴᠡ ᠰᠤᠭᠤᠨᠠᠭᠯᠠᠬᠤ ᠠᠷᠭᠠᠯ ᠤᠨ ᠤᠲᠤᠭ᠎ᠠ᠂ ᠬᠠᠳᠠᠨ ᠵᠢᠷᠤᠭ᠎ᠲᠠᠢ ᠣᠶᠠᠯᠲᠣᠵᠦ ᠰᠢᠷᠭᠠᠯ ᠪᠦᠷᠦᠢ᠎ᠶᠢᠨ ᠰᠠᠢᠬᠠᠨ ᠵᠢᠷᠣᠬ ᠪᠣᠯᠵᠦ ᠲᠤᠳᠤᠷᠠᠨ᠎ᠠ᠃
ᠬᠠᠲᠠᠨ ᠲᠡᠭᠡᠷ᠎ᠡ ᠰᠡᠢᠯᠦᠭᠰᠡᠨ ᠲᠡᠦᠬᠡ᠎ᠶᠢᠨ ᠵᠠᠭᠣᠨ ᠲᠠᠮᠵᠢᠬᠰᠠᠨ ᠮᠦᠷᠲᠡᠯ
ᠤᠷᠠᠳ᠎ᠤ᠋ᠨ ᠬᠣᠢᠲᠤ ᠬᠤᠰᠢᠭᠣᠨᠤ᠋ ᠬᠥᠬᠡᠠᠥᠢ᠍ᠨᠳᠥᠷ ᠪᠠᠯᠭᠠᠰᠤ᠎ᠶᠢᠨ ᠲᠠᠨ ᠶᠣᠣ ᠺᠸᠦ᠎ᠶᠢᠨ ᠬᠠᠳᠠᠨ ᠵᠢᠷᠤᠭ᠎ᠢ ᠰᠢᠨᠵᠢᠯᠡᠬᠦᠶᠡ ᠴᠠᠭ ᠬᠣᠭᠣᠴᠠᠭ᠎ᠠ ᠬᠤᠷᠤᠭᠤᠨ ᠳ᠋ᠦ ᠲᠡᠮᠲᠡᠷᠢᠭᠲᠡᠬᠦ ᠮᠡᠳᠤ᠃ ᠴᠠᠷᠳᠠ᠎ᠶ᠋ᠢᠨ ᠭᠠᠯᠪᠠ᠎ᠳᠤ ᠪᠦᠷᠢᠯᠲᠦᠭᠰᠡᠨ ᠡᠳᠡᠭᠡᠷ ᠤᠯᠠᠭᠠᠨ ᠥᠩᠭᠡ᠎ᠶ᠋ᠢᠨ ᠴᠢᠯᠠᠭᠤᠯᠢᠭ᠎ᠨᠢ ᠲᠡᠮᠦᠷ᠎ᠤᠨ ᠢᠰᠦᠯ᠎ᠤᠨ ᠠᠭᠤᠯᠤᠭ᠍ᠳᠠᠴᠠ ᠦᠯᠡᠮᠵᠢ ᠠᠭᠣᠯᠣᠬᠲᠠᠬᠣ ᠤᠴᠢᠷ ᠥᠩᠭᠡ ᠬᠢᠯᠠᠭᠠᠷ ᠪᠦᠭᠡᠳ ᠬᠠᠲᠠᠭᠣᠴᠠ ᠨᠢ ᠲᠣᠬᠢᠷᠠᠮᠵᠢᠲᠠᠢ᠂ ᠪᠠᠯᠠᠷ ᠡᠷᠲᠡᠨ᠎ᠤ ᠣᠷᠠᠨ ᠪᠦᠲᠦᠭᠡᠯᠴᠢᠳ᠎ᠤᠨ ᠪᠣᠲᠣᠯ ᠳ᠋ᠦ ᠨᠡᠢᠴᠡᠭᠰᠡᠨ 《ᠵᠢᠷᠣᠬ᠎ᠤᠨ ᠪᠦᠰ》 ᠪᠣᠯᠵᠠᠢ᠃
《ᠬᠠᠲᠠ ᠴᠢᠯᠠᠭᠣᠨ ᠲᠡᠭᠡᠷ᠎ᠡ ᠣᠣᠯ ᠡᠴᠡ ᠪᠢᠴᠢᠭ ᠪᠠᠢᠬᠰᠠᠨ ᠪᠦᠯᠦᠭᠡ᠂ ᠪᠠᠷᠰ ᠮᠣᠷᠢ᠎ᠶᠢᠨ ᠠᠮᠢᠲᠠᠨ᠎ᠤ ᠲᠦᠷᠰᠦ᠎ᠶᠢ ᠵᠢᠷᠣᠬᠯᠠᠨ᠂ ᠵᠢᠷᠣᠬ ᠲᠠᠢ ᠲᠦᠰᠦᠭᠡᠷᠬᠡᠦ ᠪᠣᠯᠠᠢ᠃ ᠡᠢᠮᠦ ᠡᠴᠡ ᠵᠢᠷᠣᠬᠲᠣ ᠬᠠᠲᠠ ᠬᠡᠮᠡᠮᠦᠢ》 ᠭᠡᠵᠦ ᠤᠨ ᠲᠣᠭᠠᠯᠠᠯ᠎ᠤᠨ 5 ᠳ᠋ᠤᠭᠠᠷ ᠵᠠᠭᠤᠨ᠎ᠳᠤ᠂ ᠤᠮᠠᠷᠠᠲᠤ ᠸᠧᠶ ᠣᠯᠣᠰ᠎ᠤᠨ ᠭᠠᠵᠠᠷ ᠵᠦᠢ᠎ᠶ᠋ᠢᠨ ᠰᠤᠳᠤᠯᠤᠭᠠᠴᠢ ᠯᠢ ᠳ᠋ᠣᠣ ᠶᠤᠸᠠᠨ 《ᠤᠰᠤᠨ ᠨᠣᠮ᠎ᠤᠨ ᠲᠠᠢᠯᠪᠤᠷᠢ 》 ᠳ᠋ᠠᠭᠠᠨ ᠴᠣᠬᠣᠰ ᠲᠡᠮᠲᠡᠭᠯᠡᠭᠰᠡᠨ ᠨᠢ ᠮᠤᠨᠢ ᠠᠭᠤᠯᠠ᠎ᠶ᠋ᠢᠨ ᠬᠠᠳᠠᠨ ᠵᠢᠷᠤᠭ᠎ᠤᠨ ᠬᠠᠮᠤᠭ ᠡᠷᠲᠡᠨ᠎ᠦ ᠲᠡᠮᠲᠡᠭᠯᠡᠯ ᠪᠣᠯᠬᠣ ᠶᠣᠮ᠃
ᠮᠢᠩᠭᠠᠨ ᠤᠨ᠎ᠤ ᠴᠣᠣᠷᠢᠶ᠎ᠠ᠂ ᠵᠠᠭᠤᠨ ᠵᠢᠯ᠎ᠦᠨ ᠭᠡᠷᠡᠴᠢᠯᠡᠭᠡ᠃ ᠪᠠᠯᠠᠷ ᠡᠷᠲᠡᠨ᠎ᠦ ᠨᠢᠭᠤᠴᠠ ᠨᠣᠮᠸᠷ᠎ᠢ ᠰᠡᠢᠯᠦᠭᠰᠡᠨ ᠬᠠᠲᠠ ᠴᠢᠯᠠᠭᠣ ᠨᠢ ᠠᠭᠤᠯᠠᠨ ᠬᠥᠨᠳᠡᠢ᠎ᠳᠦ ᠦᠭᠡ ᠲᠠᠭᠣ ᠦᠭᠡᠢ ᠬᠡᠳᠦᠨ ᠵᠠᠭᠣ᠎ᠨᠢ ᠡᠯᠡᠭᠡᠵᠦ ᠬᠡᠪᠲᠡᠭᠰᠡᠭᠡᠷ ᠣᠢᠷ᠎ᠠ ᠣᠷᠴᠢᠨ ᠦᠶ᠎ᠡ ᠪᠣᠯᠣᠭᠠᠳ ᠰᠠᠶᠢ ᠣᠩᠰᠢᠵᠦ ᠣᠢᠯᠠᠭᠠᠬᠣ ᠬᠦᠮᠦᠨ ᠶ᠋ᠢᠡᠨ ᠣᠬᠲᠣᠪᠠ᠃
ᠴᠠᠬ᠎ᠤᠨ ᠬᠦᠷᠲᠦ ᠡᠷᠬᠢᠭᠰᠡᠭᠡᠷ 20 ᠳ᠋ᠤᠭᠠᠷ ᠵᠠᠭᠣᠨ ᠪᠣᠯᠣᠯ᠎ᠠ᠃ 1927 ᠣᠨ᠎ᠳᠤ ᠰᠸᠧᠳᠧᠨᠤ ᠬᠠᠭᠤᠴᠢ ᠰᠤᠳᠤᠯᠤᠯ᠎ᠤᠨ ᠡᠷᠳᠡᠮᠲᠡᠨ ᠪᠧᠢᠺᠸᠮᠠᠨ ᠮᠤᠨᠢ ᠠᠭᠤᠯᠠ᠎ᠶ᠋ᠢᠨ ᠪᠠᠷᠠᠭᠤᠨ ᠬᠡᠰᠡᠭ᠎ᠤᠨ ᠬᠤᠶᠠᠷ ᠪᠣᠬᠲᠠ ᠠᠭᠤᠯᠠ᠎ᠶ᠋ᠢᠨ ᠭᠦᠨ ᠳ᠋ᠡᠬᠢ ᠬᠠᠲᠠᠨ ᠰᠡᠢᠯᠦᠮᠡᠯ᠎ᠢ ᠢᠯᠡᠷᠡᠬᠦᠯᠪᠡ᠃ 1929 ᠣᠨ᠎ᠳᠤ ᠲᠣᠮᠲᠠᠲᠣ ᠰᠸᠸᠳ᠋ᠸᠨᠤ ᠪᠠᠷᠠᠭᠤᠨ ᠬᠤᠢᠲᠤ᠎ᠶ᠋ᠢᠨ ᠱᠢᠨᠵᠢᠯᠡᠬᠦ᠌ ᠤᠬᠠᠭᠠᠨ᠎ᠤ ᠬᠠᠢᠨ ᠰᠢᠨᠵᠢᠯᠡᠬᠦ ᠪᠦᠯᠬᠦᠮ᠎ᠤᠨ᠎ᠬᠢᠨ ᠮᠤᠨᠢ ᠠᠭᠤᠯᠠ᠎ᠶ᠋ᠢᠨ ᠳᠠᠪᠠᠭᠠᠨ ᠭᠤᠤ᠎ᠶ᠋ᠢᠨ ᠬᠠᠳᠠᠨ ᠰᠡᠢᠯᠦᠮᠡᠯ ᠳ᠋ᠦ ᠱᠢᠰᠲ᠋ᠧᠮ᠎ᠲᠠᠢ ᠱᠢᠨᠵᠢᠯᠡᠨ ᠪᠠᠢᠴᠠᠭᠠᠯᠲᠠ ᠬᠢᠵᠦ᠂ ᠡᠬᠦᠨᠴᠡ 《ᠮᠣᠩᠭᠤᠯ᠎ᠤᠨ ᠪᠠᠯᠠᠷ ᠡᠷᠲᠡᠨ᠎ᠤ ᠠᠮᠵᠢᠯᠲᠠ》 ᠭᠡᠮᠡᠬᠦ ᠪᠦᠲᠦᠭᠡᠯ ᠨᠢ ᠬᠠᠭᠣᠴᠢ ᠰᠣᠲᠣᠯᠣᠯᠤᠨ ᠡᠲᠡᠭᠡᠳ᠎ᠤᠨ ᠬᠢᠨᠢ ᠲᠣᠷᠬᠢᠭᠣᠯᠵᠦ᠂ 《ᠳᠣᠷᠣᠨᠠᠳᠠᠬᠢᠨ ᠳ᠋ᠦ ᠬᠠᠳᠠᠨ ᠵᠢᠷᠤᠭ ᠠᠯᠠᠭ᠎ᠠ》 ᠭᠡᠰᠡᠨ ᠨᠤᠲᠠᠯᠠᠯᠲᠠ᠎ᠶ᠋ᠢ ᠨᠢᠴᠣᠭᠠᠪᠠ᠃
1976 ᠤᠨ᠎ᠤ ᠵᠤᠨ᠂ ᠬᠠᠭᠤᠴᠢ ᠰᠤᠳᠤᠯᠤᠭ᠍ᠴᠢ ᠭᠸ ᠱᠠᠨ ᠯᠢᠨ ᠤᠷᠠᠳ᠎ᠤᠨ ᠳᠤᠮᠳᠠᠳᠤ ᠬᠤᠱᠢᠭᠤᠨ᠎ᠤ ᠮᠠᠯᠴᠢᠳ᠎ᠤᠨ ᠵᠢᠯᠤᠭᠤᠳᠤᠯᠭ᠎ᠠ ᠪᠡᠷ ᠣᠲᠠᠭᠠᠨ ᠵᠢᠯ ᠡᠷᠢᠵᠤ ᠮᠣᠩᠭᠠᠨᠢᠬᠰᠠᠨ ᠬᠠᠲᠠᠨ ᠵᠢᠷᠣᠬᠢ ᠣᠯᠵᠦ᠂ ᠲᠣᠮᠲᠠᠲᠣ ᠣᠯᠣᠰ᠎ᠤᠨ ᠬᠦᠮᠦᠨ᠎ᠤ ᠬᠠᠲᠠᠨ ᠵᠢᠷᠣᠬᠢ ᠰᠣᠲᠣᠯᠬᠣ ᠬᠦᠰᠢᠭᠡ᠎ᠶᠢ ᠨᠡᠭᠡᠭᠡᠵᠡᠢ᠃ ᠲᠡᠬᠦᠨ ᠡᠴᠡ ᠬᠣᠢᠰᠢ ᠲᠦᠷᠪᠡᠨ ᠵᠢᠯ᠎ᠤᠨ ᠬᠣᠭᠣᠴᠠᠭᠠᠨ ᠳ᠋ᠦ ᠲᠡᠷᠡ ᠪᠦᠯᠬᠦᠮ᠎ᠤᠨ ᠬᠢᠨ᠎ᠲᠠᠢ ᠪᠠᠨ ᠬᠠᠮᠲᠤ ᠮᠤᠨᠢ ᠠᠭᠤᠯᠠ᠎ᠶ᠋ᠢᠨ ᠭᠣᠣ ᠵᠢᠯᠠᠭ᠎ᠠ᠎ᠶᠢ ᠦᠭᠰᠦᠵᠦ ᠣᠷᠣᠭᠣᠲᠠᠨ ᠶᠠᠪᠣᠵᠦ᠂ 89 ᠬᠠᠳᠠᠨ ᠵᠢᠷᠤᠭ᠎ᠤᠨ ᠴᠡᠭ᠎ᠢ ᠱᠢᠨᠵᠢᠯᠡᠨ ᠪᠠᠢᠴᠠᠭᠠᠵᠤ᠂ ᠲᠦᠮᠡ ᠭᠠᠷᠤᠢ ᠬᠠᠳᠠᠨ ᠵᠢᠷᠤᠭ᠎ᠢ ᠢᠯᠡᠷᠡᠭᠦᠯᠪᠡ᠃ ᠲᠡᠭᠡᠭᠡᠳ 《ᠮᠣᠨᠢ ᠠᠭᠤᠯᠠ᠎ᠶ᠋ᠢᠨ ᠬᠠᠳᠠᠨ ᠵᠢᠷᠤᠭ》 ᠵᠡᠷᠭᠡ ᠮᠣᠨᠲᠠᠬ ᠣᠯᠠᠨ ᠪᠦᠲᠦᠭᠡᠯ ᠵᠠᠯᠭᠠᠭ᠎ᠠ᠎ᠪᠠᠷ ᠮᠡᠨᠳᠦᠯᠡᠵᠦ᠍᠂ ᠡᠳᠡᠭᠡᠷ ᠬᠣᠪᠣᠷ ᠨᠠᠨᠳᠢᠨ ᠰᠤᠶᠤᠯ᠎ᠤᠨ ᠥᠪ᠎ᠢ ᠣᠯᠠᠨ᠎ᠤ ᠬᠠᠷᠠᠭᠠᠨ᠎ᠠ ᠲᠡᠯᠭᠡᠪᠡ᠃
ᠮᠤᠨᠢ ᠠᠭᠤᠯᠠ᠎ᠶ᠋ᠢᠨ ᠬᠠᠳᠠᠨ ᠵᠢᠷᠤᠭ᠎ᠤᠨ ᠲᠠᠷᠬᠠᠴᠠ ᠳ᠋ᠦ ᠪᠠᠯᠠᠷ ᠡᠷᠲᠡᠨ᠎ᠤ ᠬᠦᠮᠦᠰ᠎ᠤᠨ ᠤᠶᠤᠨ ᠤᠬᠠᠭᠠᠨ ᠠᠭᠤᠯᠤᠭ᠍ᠳᠠᠵᠤ ᠪᠤᠢ᠃ ᠪᠠᠶᠠᠨᠨᠠᠭᠤᠷ ᠬᠤᠲᠠ᠎ᠶ᠋ᠢᠨ ᠬᠢᠯᠢ ᠳ᠋ᠡᠬᠢ 156 ᠬᠠᠳᠠᠨ ᠵᠢᠷᠤᠭ᠎ᠤᠨ ᠲᠠᠷᠬᠠᠯᠲᠠ᠎ᠶ᠋ᠢᠨ ᠴᠡᠭ ᠨᠢ ᠣᠳᠣᠨ ᠮᠡᠴᠢᠳ ᠮᠡᠲᠦ ᠲᠦᠭᠡᠵᠦ᠂ ᠵᠡᠭᠦᠨᠰᠢ ᠪᠠᠷᠠᠭᠤᠨᠰᠢ 350 ᠺᠢᠯᠣᠮᠧᠲᠷ᠂ ᠡᠮᠦᠨᠡᠰᠢ ᠣᠮᠠᠷᠠᠰᠢ ᠵᠠᠭᠤ ᠭᠠᠷᠤᠶ ᠺᠢᠯᠣᠮᠧᠲᠷ ᠬᠦᠨᠳᠡᠯᠢᠰᠦᠭᠰᠡᠨ ᠵᠢᠷᠤᠭ᠍ᠲᠤ ᠬᠤᠩᠭᠢᠯ᠎ᠢ ᠪᠦᠷᠢᠯᠳᠦᠭᠦᠯᠵᠡᠢ᠃ 《ᠲᠡᠳᠡᠭᠡᠷ᠎ᠤᠨ ᠤᠯᠠᠩᠬᠢ᠎ᠨᠢ ᠡᠭᠡᠪᠦᠷ ᠭᠠᠵᠠᠷ᠎ᠲᠤ ᠪᠠᠢᠷᠢᠱᠢᠵᠦ᠍᠂ ᠴᠢᠯᠠᠭᠤᠳ ᠨᠢ ᠲᠡᠭᠰᠢ ᠬᠦᠯᠢᠭᠡᠷ ᠪᠦᠭᠡᠳ ᠬᠠᠲᠠᠭᠤ ᠪᠠᠬᠢᠯᠢᠭ᠌᠂ ᠬᠠᠳᠠᠨ ᠵᠢᠷᠤᠭ᠎ᠢ ᠰᠣᠨᠢᠷᠬᠠᠨ ᠬᠠᠳᠠᠭᠠᠯᠠᠬᠤ᠎ᠳᠦ ᠲᠣᠬᠢᠷᠠᠮᠵᠢᠲᠠᠢ》 ᠭᠡᠵᠦ ᠥᠪᠥᠷ ᠮᠣᠩᠭᠣᠯ᠎ᠤᠨ ᠪᠣᠷᠣᠲᠣᠬᠣᠢ ᠰᠤᠶᠤᠯ ᠰᠤᠳᠤᠯᠬᠤ ᠭᠠᠵᠠᠷ᠎ᠤᠨ ᠬᠠᠳᠠᠨ ᠵᠢᠷᠤᠭ ᠰᠤᠳᠤᠯᠬᠤ ᠲᠠᠰᠤᠭ᠎ᠤᠨ ᠡᠷᠬᠢᠯᠡᠭ᠌ᠴᠢ ᠲᠠᠯᠡᠢ ᠲᠠᠨᠢᠯᠴᠠᠭᠣᠯᠣᠨᠠ᠃
ᠮᠤᠨᠢ ᠠᠭᠤᠯᠠ᠎ᠶ᠋ᠢᠨ ᠬᠠᠳᠠᠨ ᠵᠢᠷᠤᠭ ᠭᠤᠣᠯᠳᠠᠭᠤ ᠪᠠᠶᠠᠨᠨᠠᠭᠤᠷ ᠬᠤᠳᠠ᠎ᠶ᠋ᠢᠨ ᠤᠷᠠᠳ᠎ᠤᠨ ᠳᠤᠮᠳᠠᠳᠤ ᠬᠤᠱᠢᠭᠤ᠂ ᠤᠷᠠᠳ᠎ᠤᠨ ᠬᠤᠢᠲᠤ ᠬᠤᠱᠢᠭᠤ᠂ ᠳ᠋ᠧᠩᠺᠸᠤ ᠱᠢᠶᠠᠨ ᠳ᠋ᠦ ᠲᠥᠪᠯᠡᠷᠡᠵᠦ᠍᠂ ᠠᠳᠠᠯᠢ ᠪᠤᠰᠤ ᠣᠷᠣᠨ ᠪᠦᠰᠡ᠎ᠶ᠋ᠢᠨ ᠬᠠᠳᠠᠨ ᠵᠢᠷᠤᠭ ᠨᠢ ᠲᠤᠰ ᠲᠤᠰ᠎ᠤᠨ ᠣᠨᠴᠠᠯᠢᠭ᠎ᠲᠠᠢ᠄ ᠤᠷᠠᠳ᠎ᠤᠨ ᠳᠤᠮᠳᠠᠳᠤ ᠬᠤᠱᠢᠭᠤᠨ᠎ᠤ ᠬᠠᠳᠠᠨ ᠵᠢᠷᠤᠭ ᠬᠠᠮᠤᠭ᠎ᠤᠨ ᠤᠯᠠᠨ ᠪᠠᠢᠵᠦ᠂ ᠳ᠋ᠧᠩᠺᠸᠤ ᠱᠢᠶᠠᠨ᠎ᠤ ᠬᠠᠳᠠᠨ ᠵᠢᠷᠤᠭ ᠬᠠᠴᠢᠨ ᠨᠢᠭᠣᠴᠠᠭᠠᠢ ᠥᠩᠭᠡ ᠪᠣᠲᠣᠬ ᠶ᠋ᠢᠡᠷ ᠪᠢᠯᠬᠠᠵᠤ᠂ ᠤᠷᠠᠳ᠎ᠤᠨ ᠬᠤᠢᠲᠤ ᠬᠤᠱᠢᠭᠤᠨ᠎ᠤ ᠬᠠᠳᠠᠨ ᠵᠢᠷᠤᠭ ᠨᠢ ᠦᠪᠡᠲᠡᠭᠰᠢ ᠶᠡᠭᠡ ᠲᠠᠯᠠᠪᠠᠢ᠎ᠪᠠᠷ ᠭᠣᠣᠯᠲᠠᠭᠣᠯᠲᠠᠬ᠃ ᠭᠸ ᠱᠠᠨ ᠯᠢᠨ ᠠᠪᠤᠭᠠᠢ ᠮᠤᠨᠢ ᠠᠭᠤᠯᠠ᠎ᠶ᠋ᠢᠨ ᠬᠠᠳᠠᠨ ᠵᠢᠷᠤᠭ᠎ᠢ ᠦᠨᠡᠯᠡᠬᠦ ᠳ᠋ᠡᠭᠡᠨ᠂ ᠴᠠᠭ ᠬᠤᠭᠤᠴᠠᠭ᠎ᠠ᠎ᠨᠢ ᠦᠨᠢ ᠡᠷᠳᠡ᠂ ᠦᠷᠭᠦᠯᠵᠢᠯᠡᠭ᠌ᠰᠡᠨ ᠴᠠᠭ ᠤᠷᠲᠤ᠌᠂ ᠲᠠᠷᠬᠠᠯᠲᠠ ᠥᠷᠭᠡᠨ᠂ ᠲᠤᠭ᠎ᠠ ᠬᠡᠮᠵᠢᠶ᠎ᠡ ᠣᠯᠨᠨ᠂ ᠰᠡᠳᠦᠪ ᠠᠭᠤᠯᠭ᠎ᠠ᠎ᠨᠢ ᠡᠯᠪᠡᠭ ᠪᠠᠶᠠᠯᠢᠭ᠂ ᠳᠡᠯᠡᠬᠡᠢ ᠳᠡᠭᠡᠷᠡᠬᠢ ᠠᠯᠢ ᠨᠢᠭᠡ ᠭᠠᠵᠠᠷ᠎ᠤᠨ ᠬᠠᠳᠠᠨ ᠵᠢᠷᠤᠭ᠎ᠤᠨ ᠰᠠᠩ ᠬᠥᠮᠥᠷᠭᠡ᠎ᠲᠠᠢ ᠴᠦ᠍ ᠠᠳᠠᠯᠢᠳᠭᠠᠵᠤ ᠪᠣᠯᠤᠨ᠎ᠠ ᠭᠡᠵᠡᠢ᠃
ᠪᠣᠯᠪᠠᠰᠤᠨ᠎ᠤ ᠲᠠᠮᠠᠭ᠎ᠠ᠎ᠶᠢ ᠴᠣᠬᠴᠠᠯᠠᠬᠰᠠᠨ ᠣᠯᠠᠨ ᠡᠰᠢᠲᠦ ᠰᠣᠶᠣᠯ
ᠪᠣᠷᠣᠲᠣᠬᠤᠢ ᠣᠷᠣᠨ ᠲᠠᠷᠢᠶᠠᠯᠠᠬᠤ ᠪᠣᠯᠪᠠᠰᠤᠨ ᠬᠢᠭᠡᠳ ᠨᠡᠭᠦᠳᠡᠯ ᠮᠠᠯᠵᠢᠯ᠎ᠤᠨ ᠪᠣᠯᠪᠠᠰᠤᠨ᠎ᠤ ᠠᠭᠤᠯᠵᠠᠷ ᠭᠠᠵᠠᠷ ᠪᠣᠯᠤᠭ᠍ᠰᠠᠨ᠎ᠤ ᠬᠤᠪᠢ᠎ᠳᠤ᠂ ᠲᠦ ᠹᠠᠩ᠂ ᠬᠦᠢ ᠹᠠᠩ᠂ ᠯᠢᠨ ᠬᠣ᠌᠂ ᠯᠸᠦ ᠹᠠᠨ᠂ ᠾᠦᠩᠨᠦ᠍᠂ ᠱᠢᠶᠠᠨᠪᠢ᠂ ᠲᠦᠷᠬᠦᠳ᠂ ᠣᠢᠭᠤᠷ᠂ ᠳ᠋ᠠᠩᠰᠢᠶᠠᠩ᠂ ᠬᠢᠳᠠᠨ᠂ ᠮᠣᠩᠭᠤᠯ ᠵᠡᠷᠭᠡ ᠤᠮᠠᠷᠠᠲᠤ᠎ᠶᠢᠨ ᠣᠯᠠᠨ ᠠᠢᠮᠠᠭ ᠤᠭ᠍ᠰᠠᠭ᠎ᠠ ᠡᠨᠲᠡ ᠡᠴᠡ ᠬᠦᠴᠦᠷᠬᠡᠭᠵᠢᠨ ᠮᠠᠨᠲᠣᠬᠰᠠᠨ ᠪᠢᠯᠡ᠃
ᠦᠰᠦᠭ ᠪᠢᠴᠢᠭ ᠪᠤᠢ ᠪᠣᠯᠣᠭ᠎ᠠ ᠦᠭᠡᠢ ᠪᠠᠯᠠᠷ ᠡᠷᠳᠡᠨ᠎ᠤ ᠦᠶ᠎ᠡ ᠳ᠋ᠦ᠂ ᠬᠦᠮᠦᠰ ᠠᠮᠠ᠎ᠪᠠᠷ ᠲᠠᠮᠵᠢᠨ ᠤᠯᠠᠮᠵᠢᠯᠠᠬᠤ᠂ ᠶᠠᠰᠤᠨ ᠳᠡᠭᠡᠷ᠎ᠡ ᠦᠰᠦᠭ ᠰᠡᠢᠯᠬᠦ᠂ ᠸᠠᠭᠠᠷ ᠰᠠᠪᠠ ᠰᠡᠢᠯᠬᠦ᠌ ᠵᠡᠷᠭᠡ ᠠᠷᠭ᠎ᠠ᠎ᠪᠠᠷ ᠲᠡᠦᠬᠡ᠎ᠪᠠᠨ ᠲᠡᠮᠳᠡᠭ᠌ᠯᠡᠳᠡᠭ ᠪᠠᠢᠵᠠᠢ᠃ ᠮᠣᠨᠢ ᠠᠭᠤᠯᠠ᠎ᠶᠢᠨ ᠡᠷᠲᠡᠨ᠎ᠦ ᠨᠤᠲᠤᠭ ᠲᠦ᠍ ᠬᠦᠮᠦᠰ ᠬᠠᠲᠠᠨ ᠲᠡᠭᠡᠷ᠎ᠡ ᠲᠡᠦᠬᠡ᠎ᠪᠡᠨ ᠰᠡᠢᠯᠵᠦ᠍ ᠦᠯᠡᠲᠡᠭᠡᠭᠰᠡᠨ ᠪᠠᠢᠨ᠎ᠠ᠃
ᠦᠨᠢ ᠡᠷᠳᠡᠨ᠎ᠤ ᠲᠡᠮᠳᠡᠭ᠌ᠯᠡᠯ᠎ᠤᠨ ᠠᠷᠭ᠎ᠠ ᠮᠠᠶᠢᠭ᠎ᠢ ᠰᠣᠨᠢᠭᠣᠴᠢᠯᠠᠵᠦ ᠪᠢᠰᠢᠷᠡᠬᠦ ᠰᠡᠳᠬᠢᠯᠭᠡ ᠪᠡᠷ ᠪᠢᠳᠡ ᠮᠤᠨᠢ ᠠᠭᠤᠯᠠ᠎ᠶ᠋ᠢ ᠵᠣᠷᠢᠬᠰᠠᠨ ᠶᠣᠮ᠃
ᠪᠢᠳᠡ ᠳ᠋ᠧᠩᠺᠧᠦ ᠱᠢᠶᠠᠨ᠎ᠤ ᠮᠡᠯᠡᠬᠡᠢᠲᠦ ᠭᠤᠤ᠎ᠶ᠋ᠢᠨ ᠰᠠᠢᠷ ᠴᠢᠯᠠᠭᠤᠨ ᠵᠠᠮ᠎ᠢᠶᠠᠷ ᠬᠠᠳᠠ ᠴᠢᠯᠠᠭᠤ ᠪᠣᠯᠣᠨ ᠤᠯᠠᠭᠠᠨᠪᠤᠬ᠎ᠠ᠎ᠶ᠋ᠢᠨ ᠡᠯᠡᠰᠦᠨ ᠴᠥᠯ᠎ᠤᠨ ᠠᠭᠤᠯᠵᠠᠷ ᠪᠣᠯᠣᠬᠰᠠᠨ ᠡᠲᠡᠭᠡᠳ ᠬᠠᠴᠢᠨ ᠦᠵᠡᠮᠵᠢ᠎ᠶᠢ ᠰᠣᠨᠢᠷᠬᠠᠨ ᠣᠷᠣᠬᠰᠢᠯᠠᠪᠠ᠃ ᠬᠠᠭᠠᠰ ᠴᠠᠭ ᠬᠢᠷᠢᠲᠡᠢ ᠵᠠᠮᠨᠠᠭᠠᠳ ᠨᠢᠭᠡᠨ ᠠᠰᠭ᠎ᠠ ᠬᠠᠳᠠᠨᠤ᠋ ᠡᠮᠦᠨ᠎ᠡ ᠢᠷᠡᠭᠡᠳ ᠵᠣᠬᠰᠣᠯᠠ — ᠳᠤᠮᠳᠠᠳᠤ ᠤᠯᠤᠰ᠎ᠤ᠋ᠨ ᠬᠠᠳᠠᠨ ᠵᠢᠷᠤᠭ᠎ᠤ᠋ᠨ ᠲᠡᠮᠲᠡᠭ ᠪᠣᠯᠣᠬᠰᠠᠨ 《ᠬᠣᠣᠰ ᠰᠠᠬᠢᠭᠣᠯᠰᠣᠨᠤ᠋ ᠵᠢᠷᠤᠭ》 ᠬᠠᠷᠠᠭᠠᠨ ᠳ᠋ᠦ ᠲᠣᠲᠣᠷᠠᠵᠦ᠂ ᠮᠠᠯᠠᠭᠠᠢ ᠡᠮᠦᠰᠦᠭᠰᠡᠨ ᠬᠦᠮᠦᠨ ᠲᠦᠷᠰᠦᠲᠦ ᠵᠢᠷᠣᠬ ᠬᠠᠳᠠᠨ ᠳᠡᠭᠡᠷ᠎ᠡ ᠵᠢᠭᠲᠡᠷᠡᠵᠦ᠂ ᠮᠢᠩᠭᠠᠨ ᠵᠢᠯ᠎ᠤᠨ ᠵᠡᠬᠦᠲᠦᠨ ᠨᠣᠢᠷ᠎ᠤᠨ ᠡᠴᠡ ᠪᠠᠨ ᠰᠠᠶᠢᠬᠠᠨ ᠰᠡᠷᠡᠭᠰᠡᠨ ᠮᠡᠲᠦ ᠬᠠᠷᠠᠬᠲᠠᠨᠠ᠃ ᠵᠡᠭᠦᠨ ᠲᠠᠯ᠎ᠠ᠎ᠶᠢᠨ ᠵᠢᠷᠣᠬ ᠲᠡᠬᠢ ᠬᠦᠮᠦᠨ ᠨᠢ ᠲᠣᠮᠣ ᠨᠢᠳᠦ᠍ ᠤᠷᠲᠤ ᠴᠢᠷᠠᠢ᠎ᠲᠠᠢ᠂ ᠨᠢᠲᠦ ᠲᠦᠬᠦᠷᠢᠭᠯᠡᠨ ᠰᠢᠷᠲᠡᠵᠦ᠂ ᠰᠦᠷ ᠵᠢᠪᠬᠤᠭ᠎ᠠ ᠬᠡᠮᠵᠢᠶᠡᠯᠡᠰᠢ ᠦᠭᠡᠢ᠃ ᠪᠠᠷᠠᠭᠤᠨ ᠲᠠᠯ᠎ᠠ ᠨᠢ ᠲᠦᠬᠦᠷᠢᠭ ᠴᠢᠷᠠᠢ ᠲᠣᠮᠣ ᠴᠢᠬᠢ ᠲᠠᠢ᠂ ᠡᠶᠡᠯᠲᠡᠭ ᠨᠠᠮᠣᠭᠣᠬᠠᠨ ᠲᠦᠷᠢ ᠲᠠᠢ ᠠᠵᠢ᠃
ᠡᠨᠡᠬᠦ ᠬᠠᠳᠠᠨ ᠵᠢᠷᠤᠭ᠎ᠤᠨ ᠲᠣᠬᠠᠢ ᠡᠷᠳᠡᠮᠲᠡᠳ ᠣᠯᠠᠨ ᠶᠠᠩᠵᠦ ᠪᠡᠷ ᠲᠠᠢᠯᠪᠣᠷᠢᠯᠠᠵᠦ ᠪᠣᠢ᠃ ᠵᠠᠷᠢᠮ ᠡᠷᠳᠡᠮᠲᠡᠨ ᠲᠡᠬᠦᠨ᠎ᠢ ᠨᠠᠷᠠᠨ ᠰᠠᠷᠠᠨ ᠬᠤᠣᠰ ᠰᠠᠬᠢᠭᠤᠯᠰᠤᠨ᠎ᠤ ᠲᠦᠷᠢ ᠭᠡᠮᠡᠨ ᠦᠵᠡᠵᠦ᠂ ᠡᠷᠲᠡᠨ᠎ᠤ ᠬᠥᠮᠥᠨ᠎ᠤ ᠲᠡᠭᠷᠢ ᠰᠠᠬᠢᠭᠣᠯᠰᠣᠨᠢ ᠪᠢᠱᠢᠷᠡᠨ ᠬᠥᠨᠳᠥᠳᠭᠡᠬᠦ᠌ᠶ᠋ᠢ ᠲᠣᠰᠬᠠᠬᠰᠠᠨ ᠬᠡᠮᠡᠵᠦ ᠪᠣᠢ; ᠪᠠᠰᠠ ᠵᠠᠷᠢᠮ᠎ᠨᠢ ᠡᠨᠡ ᠪᠣᠯ ᠡᠷᠡᠭᠲᠡᠢ ᠡᠮᠡᠭᠲᠡᠢ ᠬᠣᠶᠠᠷ ᠬᠦᠮᠦᠨ᠎ᠤ ᠲᠦᠷᠰᠦ ᠪᠠᠢᠵᠦ᠂ ᠪᠡᠯᠭᠡ᠎ᠶᠢᠨ ᠰᠢᠲᠦᠯᠭᠡ᠎ᠶᠢ ᠬᠠᠷᠠᠭᠣᠯᠣᠬᠰᠠᠨ ᠭᠡᠲᠡᠭ᠂ ᠪᠠᠰᠠ ᠵᠠᠷᠢᠮ ᠨᠢ ᠡᠨᠡ ᠪᠣᠯ ᠪᠠᠯᠠᠷ ᠡᠷᠳᠡᠨ᠎ᠤ ᠠᠢᠮᠠᠭ᠎ᠤᠨ ᠲᠦᠷᠦᠭᠦᠦ ᠪᠣᠯᠣᠨ ᠬᠠᠲᠣᠨᠤ ᠵᠢᠷᠣᠬ ᠪᠠᠢᠵᠦ᠂ ᠪᠠᠯᠠᠷ ᠡᠷᠳᠡᠨ᠎ᠤ ᠨᠡᠢᠭᠡᠮ᠎ᠤᠨ ᠡᠷᠬᠡ᠎ᠶ᠋ᠢᠨ ᠪᠦᠲᠦᠴᠡ᠎ᠶ᠋ᠢ ᠢᠯᠡᠷᠡᠭᠦᠯᠦᠭ᠌ᠰᠡᠨ ᠭᠡᠮᠡᠨ ᠦᠵᠡᠵᠦ᠍ ᠪᠣᠢ᠃
ᠳᠠᠯᠠᠢ᠎ᠶᠢᠨ ᠦᠵᠡᠬᠦ ᠪᠡᠷ᠂ 《ᠬᠣᠣᠰ ᠰᠠᠬᠢᠭᠣᠯᠰᠣᠨᠤ ᠵᠢᠷᠤᠭ》 ᠬᠢᠭᠡᠳ ᠡᠷᠭᠢᠨ ᠲᠣᠭᠣᠷᠢᠨ᠎ᠤ ᠵᠢᠷᠤᠭ ᠨᠢ ᠨᠢᠭᠡᠨ ᠪᠦᠷᠢᠨ ᠪᠦᠲᠦᠨ ᠠᠬᠣᠢ ᠦᠵᠡᠮᠵᠢ᠎ᠶᠢ ᠪᠦᠷᠢᠯᠲᠦᠬᠦᠯᠦᠭᠰᠡᠨ ᠪᠠᠢᠨ᠎ᠠ᠃ ᠬᠣᠣᠰ ᠰᠠᠬᠢᠭᠣᠯᠰᠣᠨ ᠲᠦᠪ ᠲᠣᠮᠲᠠ ᠨᠢ ᠣᠷᠣᠰᠢᠵᠦ᠂ ᠮᠠᠯᠠᠭᠠᠢ ᠲᠢᠲᠢᠮ ᠪᠣᠯᠣᠨ ᠨᠢᠲᠣ ᠴᠢᠬᠢ ᠬᠠᠮᠠᠷ ᠠᠮᠠ ᠵᠡᠷᠭᠡ ᠨᠢ ᠴᠢᠨᠠᠷ᠎ᠤ᠋ᠨ ᠢᠯᠭᠠᠯ ᠪᠠ ᠵᠡᠷᠭᠡ ᠳᠡᠰ᠎ᠦ᠋ᠨ ᠵᠥᠷᠢᠶ᠎ᠡ᠎ᠶᠢ ᠢᠯᠡᠷᠡᠭᠦᠯᠦᠭᠰᠡᠨ ᠪᠠᠢᠨ᠎ᠠ᠃ 《ᠡᠨᠡ᠎ᠨᠢ ᠪᠣᠷᠣᠲᠣᠬᠤᠢ ᠰᠣᠶᠣᠯ᠎ᠤᠨ ᠪᠠᠯᠠᠷ ᠡᠷᠲᠡᠨ᠎ᠤ ᠦᠶ᠎ᠡ᠎ᠶ᠋ᠢᠨ ᠬᠥᠭ᠌ᠵᠢᠯᠲᠡ᠎ᠶ᠋ᠢᠨ ᠮᠦᠷ ᠣᠯᠪᠠᠭ᠎ᠠ᠎ᠶ᠋ᠢ ᠢᠯᠡᠷᠡᠭᠦᠯᠦᠭ᠌ᠰᠡᠨ ᠪᠣᠳᠠᠲᠤ ᠭᠡᠷᠡᠴᠢ ᠪᠣᠯᠤᠨ᠎ᠠ》 ᠭᠡᠵᠦ ᠲᠠᠯᠠᠢ ᠶᠠᠷᠢᠵᠦ ᠪᠠᠢᠯ᠎ᠠ᠃
ᠴᠠᠬ ᠬᠣᠭᠣᠴᠠᠭ᠎ᠠ ᠴᠢᠮᠡᠭᠡ ᠢᠮᠡᠬᠡ ᠦᠭᠡᠢ᠂ ᠴᠢᠯᠠᠭᠣᠳ ᠯᠡ ᠦᠣᠭᠡ ᠲᠡᠦᠬᠡ ᠬᠦᠣᠷᠨᠢᠨᠠᠮ᠃ ᠬᠠᠭᠤᠴᠢᠨ ᠴᠢᠯᠠᠭᠤᠨ ᠵᠡᠪᠰᠡᠭᠦ᠋ᠨ ᠦᠶ᠎ᠡ᠎ᠡᠴᠡ ᠶᠤᠸᠠᠨ ᠮᠢᠩ ᠴᠢᠩ᠎ᠤᠨ ᠦᠶ᠎ᠡ ᠬᠦᠷᠲᠡᠯᠡᠬᠢ ᠲᠦᠮᠡ ᠭᠠᠷᠤᠢ ᠵᠢᠯ᠎ᠦ᠋ᠨ ᠲᠡᠦᠬᠡᠨ ᠬᠣᠭᠣᠴᠠᠭᠠᠨ ᠳ᠋ᠦ᠂ ᠮᠤᠨᠢ ᠠᠭᠤᠯᠠ ᠲᠠᠭᠠᠣ ᠣᠷᠣᠨ᠎ᠤ ᠰᠦᠷ ᠳᠠᠯᠠᠢᠴᠠᠲᠠᠢ ᠲᠡᠦᠬᠡ᠎ᠶᠢᠨ ᠦᠢᠯᠡ ᠬᠡᠷᠡᠭ᠎ᠢ ᠬᠡᠳᠦᠢᠪᠡᠷ ᠠᠬᠢᠭᠠᠳ ᠰᠡᠷᠬᠦᠭᠡᠵᠦ ᠳᠡᠢᠯᠬᠦ᠌ ᠦᠭᠡᠢ ᠭᠡᠲᠡᠭ ᠪᠣᠯᠪᠠᠴᠤ᠌ ᠮᠤᠨᠢ ᠠᠭᠤᠯᠠ᠎ᠶᠢᠨ ᠬᠠᠳᠠᠨ ᠵᠢᠷᠤᠭ ᠶ᠋ᠢᠡᠷ ᠲᠠᠮᠵᠢᠭᠣᠯᠣᠨ ᠡᠷᠳᠡᠨ᠎ᠤ ᠬᠥᠮᠦᠰ᠎ᠦ᠋ᠨ ᠪᠣᠳᠠᠰ ᠪᠠ ᠣᠶᠤᠨᠤ᠋ ᠠᠮᠢᠳᠤᠷᠠᠯ᠎ᠢ ᠠᠵᠢᠭ᠍ᠯᠠᠵᠤ ᠪᠣᠯᠬᠣ ᠶᠣᠮ ᠃
《ᠬᠦᠷᠡᠯ ᠵᠡᠪᠰᠡᠭ᠎ᠤᠨ ᠦᠶ᠎ᠡ ᠳ᠋ᠦ ᠠᠵᠤ ᠠᠬᠤᠢ ᠨᠡᠢᠭᠡᠮ᠎ᠤᠨ ᠲᠦᠷᠭᠡᠨ ᠬᠥᠭ᠌ᠵᠢᠬᠦ᠌᠎ᠶ᠋ᠢ ᠳᠠᠭᠠᠯᠳᠤᠨ᠂ ᠮᠤᠨᠢ ᠠᠭᠤᠯᠠ᠎ᠶ᠋ᠢᠨ ᠬᠠᠳᠠᠨ ᠵᠢᠷᠤᠭ᠎ᠤᠨ ᠵᠣᠬᠢᠶᠠᠨ ᠪᠦᠲᠦᠭᠡᠯᠭᠡ ᠴᠡᠴᠡᠭ᠌ᠯᠡᠨ ᠬᠥᠭ᠌ᠵᠢᠭ᠌ᠰᠡᠨ ᠴᠠᠭ ᠦᠶ᠎ᠡ ᠪᠠᠨ ᠣᠬᠲᠣᠬᠰᠠᠨ ᠶᠣᠮ᠃ ᠬᠠᠳᠠᠨ ᠵᠢᠷᠤᠭ᠎ᠤᠨ ᠠᠭᠣᠯᠭ᠎ᠠ ᠰᠡᠳᠦᠪ᠎ᠨᠢ ᠤᠷᠢᠳᠠ ᠡᠮᠦᠨ᠎ᠡ ᠪᠠᠢᠭ᠎ᠠ ᠦᠭᠡᠢ ᠦᠷᠭᠡᠵᠢᠵᠦ᠂ ᠲᠡᠷᠭᠡ ᠬᠦᠰᠭᠡ᠂ ᠴᠡᠴᠡᠷ ᠮᠠᠢᠬᠠᠨ᠂ ᠲᠡᠭᠷᠢ᠎ᠶᠢᠨ ᠪᠠᠢᠲᠠᠯ ᠵᠡᠷᠭᠡ ᠡᠯᠧᠮᠧᠨ᠋ᠲ ᠲᠠᠰᠤᠷᠠᠯᠲᠠ ᠦᠭᠡᠢ ᠢᠯᠡᠷᠡᠭᠰᠡᠨ᠃ ᠲᠡᠮᠦᠷ ᠵᠡᠪᠰᠡᠭ᠎ᠤᠨ ᠦᠶ᠎ᠡ ᠪᠣᠯᠣᠭᠠᠳ ᠮᠤᠨᠢ ᠠᠭᠤᠯᠠ᠎ᠶ᠋ᠢᠨ ᠬᠠᠳᠠᠨ ᠵᠢᠷᠤᠭ ᠨᠢ ᠡᠭᠡᠯ ᠪᠣᠷᠣᠭ᠍ᠵᠢᠭᠤᠨ ᠪᠣᠯᠵᠦ᠂ ᠮᠠᠯᠵᠢᠬᠣ᠂ ᠠᠩᠨᠠᠬᠣ ᠵᠡᠷᠭᠡ ᠦᠵᠡᠭ᠌ᠳᠡᠯ ᠣᠯᠠᠨ ᠢᠯᠡᠷᠡᠭᠰᠡᠨ》 ᠭᠡᠵᠦ ᠲᠠᠯᠠᠢ ᠶᠠᠷᠢᠨ᠎ᠠ᠃
ᠰᠣᠲᠣᠯᠣᠭᠠᠴᠢᠳ ᠠᠳᠠᠯᠢ ᠪᠤᠰᠤ ᠲᠡᠦᠬᠡᠨ ᠴᠠᠬ ᠦᠶ᠎ᠡ᠎ᠶ᠋ᠢᠨ ᠬᠠᠳᠠᠨ ᠵᠢᠷᠤᠭ ᠡᠴᠡ ᠪᠠᠰᠠ ᠲᠦᠷᠺ ᠦᠰᠦᠭ᠂ ᠪᠠᠷᠠᠭᠤᠨ ᠱᠢᠶᠠ ᠣᠯᠣᠰ᠎ᠤᠨ ᠦᠰᠦᠭ᠂ ᠲᠥᠪᠡᠳ ᠦᠰᠦᠭ᠂ ᠮᠣᠩᠭᠤᠯ ᠦᠰᠦᠭ ᠵᠡᠷᠭᠡ ᠤᠯᠠᠨ ᠦᠰᠦᠭ ᠪᠢᠴᠢᠭ᠎ᠢ ᠢᠯᠡᠷᠡᠭᠦᠯᠵᠦ᠍᠂ ᠦᠨᠳᠦᠰᠦᠲᠡᠨ᠎ᠨᠦᠭᠦᠳ᠎ᠤᠨ ᠬᠤᠭᠤᠷᠣᠨᠳᠣᠬᠢ ᠰᠠᠯᠵᠤ ᠪᠣᠯᠣᠰᠢ ᠦᠭᠡᠢ ᠲᠡᠦᠬᠡ᠎ᠶ᠋ᠢᠨ ᠬᠠᠷᠢᠯᠴᠠᠭ᠎ᠠ᠎ᠶ᠋ᠢ ᠭᠡᠷᠡᠴᠢᠯᠡᠵᠦ᠍᠂ ᠦᠨᠳᠦᠰᠦᠲᠡᠨ᠎ᠨᠦᠭᠦᠳ᠎ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠰᠤᠳᠤᠯᠬᠤ᠎ᠳᠤ ᠴᠢᠬᠤᠯᠠ ᠠᠴᠢ ᠬᠤᠯᠪᠣᠭ᠍ᠳᠠᠯ᠎ᠲᠠᠢ ᠪᠢᠯᠡ᠃
ᠡᠨᠡ ᠨᠢ ᠶᠠᠭ ᠳᠤᠮᠳᠠᠳᠤ ᠤᠯᠤᠰ᠎ᠤᠨ ᠬᠠᠳᠠᠨ ᠵᠢᠷᠤᠭ᠎ᠤᠨ ᠰᠤᠳᠤᠯᠭᠠᠨ᠎ᠤ ᠨᠡᠢᠭᠡᠮᠯᠢᠭ᠎ᠤᠨ ᠳᠠᠷᠤᠭ᠎ᠠ ᠸᠠᠩ ᠵᠢᠶᠠᠨ ᠫᠢᠩ᠎ᠤᠨ ᠬᠡᠯᠡᠭ᠌ᠰᠡᠨᠴᠢᠯᠡᠨ᠄ 《ᠮᠤᠨᠢ ᠠᠭᠤᠯᠠ᠎ᠶ᠋ᠢᠨ ᠬᠠᠳᠠᠨ ᠵᠢᠷᠤᠭ ᠪᠣᠯ ᠡᠯ᠎ᠡ ᠦᠨᠳᠦᠰᠦᠲᠡᠨ᠎ᠤ ᠦᠶ᠎ᠡ ᠣᠯᠠᠷᠢᠨ ᠬᠠᠮᠲᠤ᠎ᠪᠠᠷ ᠵᠣᠬᠢᠶᠠᠨ ᠪᠦᠲᠦᠭᠡᠭ᠌ᠰᠡᠨ ᠲᠡᠦᠬᠡ᠎ᠶ᠋ᠢᠨ ᠵᠢᠷᠤᠭ ᠮᠥᠨ᠂ ᠪᠠᠰᠠ ᠴᠦ᠍ ᠲᠡᠳᠡᠨ᠎ᠤ ᠣᠷᠣᠱᠢᠨ ᠲᠣᠭ᠍ᠲᠠᠨᠢᠯ ᠪᠠ ᠬᠥᠭ᠌ᠵᠢᠯ᠎ᠤᠨ ᠴᠢᠬᠤᠯᠠ ᠭᠡᠷᠡᠴᠢ ᠪᠣᠯᠬᠣ ᠶᠣᠮ》᠃
ᠪᠠᠲᠠᠷᠠᠯ ᠬᠦᠭᠵᠢᠯ᠎ᠢ ᠤᠯᠠᠮᠵᠢᠯᠠᠭᠰᠠᠨ ᠪᠣᠭᠣᠷᠣᠯ ᠲᠡᠦᠬᠡ᠎ᠶᠢᠨ ᠰᠢᠨ᠎ᠡ ᠣᠶᠠᠩᠭ᠎ᠠ
ᠡᠳᠦᠭᠡ᠂ ᠮᠤᠨᠢ ᠠᠭᠤᠯᠠ᠎ᠶ᠋ᠢᠨ ᠬᠠᠳᠠᠨ ᠵᠢᠷᠤᠭ᠎ᠤᠨ ᠭᠤᠤᠯᠳᠠᠯᠭ᠎ᠠ᠎ᠲᠠᠢ ᠬᠡᠰᠡᠭ᠎ᠨᠢ ᠨᠢᠭᠡᠨᠲᠡ ᠤᠯᠤᠰ᠎ᠤᠨ ᠲᠠᠰ᠎ᠤᠨ ᠭᠤᠤᠯᠳᠠᠯᠭ᠎ᠠ᠎ᠲᠠᠢ ᠲᠡᠤᠬᠡ᠎ᠶ᠋ᠢᠨ ᠳᠤᠷᠠᠰᠭᠠᠯᠲᠤ ᠵᠦᠢᠯᠡᠰ᠎ᠤᠨ ᠬᠠᠮᠠᠭᠠᠯᠠᠯᠲᠠ᠎ᠶ᠋ᠢᠨ ᠨᠢᠭᠡᠴᠢ᠎ᠶ᠋ᠢᠨ ᠡᠩᠨᠡᠭᠡᠨ᠎ᠳᠤ ᠤᠷᠤᠭ᠍ᠰᠠᠨ ᠪᠥᠭᠡᠳ ᠳᠡᠯᠡᠬᠡᠶ᠎ᠶ᠋ᠢᠨ ᠰᠣᠶᠣᠯ᠎ᠤᠨ ᠥᠪ᠎ᠤᠨ ᠪᠡᠯᠡᠳᠭᠡᠯ ᠨᠡᠷᠡᠰ᠎ᠲᠤ ᠵᠢᠬᠰᠠᠭᠠᠬᠲᠠᠵᠦ᠂ ᠲᠦᠮᠡᠨ ᠵᠢᠯ᠎ᠢ ᠲᠤᠭᠤᠯᠤᠭ᠍ᠰᠠᠨ ᠪᠣᠯᠪᠠᠰᠤᠨ᠎ᠤ ᠣᠴᠢ᠎ᠬᠢ ᠰᠠᠢᠲᠤᠷ ᠬᠠᠮᠠᠭᠠᠯᠠᠬᠤ ᠨᠢ ᠭᠤᠤᠯᠳᠠᠯᠭ᠎ᠠ᠎ᠶ᠋ᠢᠨ ᠳᠣᠲᠣᠷᠠᠬᠢ ᠭᠤᠤᠯᠳᠠᠯᠭ᠎ᠠ ᠪᠣᠯᠵᠠᠢ᠃ ᠮᠤᠨᠢ ᠠᠭᠤᠯᠠ᠎ᠶ᠋ᠢᠨ ᠬᠠᠳᠠᠨ ᠵᠢᠷᠤᠭ᠎ᠢ ᠬᠠᠮᠠᠭᠠᠯᠠᠬᠤ ᠠᠵᠢᠯ᠎ᠢ ᠮᠦᠷᠲᠡᠨ ᠣᠢᠯᠠᠭᠠᠬᠣᠶᠢᠨ ᠲᠦᠯᠦᠭᠡ᠂ ᠪᠢᠳᠡ ᠳ᠋ᠧᠩᠺᠸᠤ ᠱᠢᠶᠠᠨ᠎ᠤ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠬᠠᠮᠠᠭᠠᠯᠠᠬᠤ ᠲᠥᠪ᠎ᠤᠨ ᠰᠣᠲᠣᠯᠣᠬᠴᠢ ᠸᠠᠩ ᠬᠤᠤ᠎ᠶ᠋ᠢ ᠳᠠᠭᠠᠵᠤ᠂ ᠡᠳᠦᠷ ᠪᠣᠯᠭᠠᠨ ᠲᠣᠭᠤᠷᠢᠨ ᠪᠠᠢᠴᠠᠭᠠᠬᠤ ᠵᠠᠮ᠎ᠢᠶᠠᠷ ᠨᠢ ᠶᠠᠪᠣᠬᠣ ᠪᠡᠷ ᠪᠣᠯᠪᠠ᠃
ᠮᠡᠯᠡᠬᠡᠢᠲᠦ ᠭᠤᠤ᠎ᠳᠤ᠂ ᠸᠠᠩ ᠬᠤᠤ ᠲᠡᠭᠰᠢ ᠬᠥᠲᠥᠯ ᠰᠢᠭ ᠭᠠᠵᠠᠷ᠎ᠢ ᠰᠣᠩᠭᠤᠵᠤ᠂ ᠪᠢᠳᠡᠨ᠎ᠢ ᠳᠠᠭᠠᠭᠤᠯᠤᠨ ᠲᠡᠭᠡᠭᠰᠢ ᠦᠭᠰᠦᠪᠡ᠃ ᠡᠨᠳᠡ ᠠᠯᠬᠤᠮ ᠪᠦᠷᠢ ᠠᠩᠬᠠᠷᠤᠯ᠎ᠢᠶᠠᠨ ᠲᠥᠪᠯᠡᠷᠡᠭᠦᠯᠵᠦ ᠬᠢᠴᠢᠶᠡᠬᠦ ᠬᠡᠷᠡᠭᠲᠡᠢ᠃ ᠵᠠᠮ ᠮᠣᠷᠣᠢ ᠰᠠᠷᠣᠢ ᠪᠦᠭᠡᠳ ᠡᠩᠬᠦᠯ ᠲᠣᠩᠬᠣᠯ᠂ ᠬᠠᠢᠷ ᠴᠢᠯᠠᠭᠣ ᠪᠣᠯᠣᠨ ᠡᠪᠡᠰᠦ ᠴᠡᠴᠡᠭ ᠬᠣᠯᠢᠯᠲᠣᠵᠦ ᠪᠠᠬᠰᠢᠷᠠᠬᠰᠠᠨ ᠵᠠᠮ ᠶ᠋ᠢᠡᠷ ᠬᠡᠷᠰᠡᠦᠯᠡᠬᠦ ᠦᠭᠡᠢ ᠪᠣᠯ ᠬᠠᠯᠲᠣᠷᠢᠬᠣ ᠠᠶᠣᠯ ᠲᠠᠢ᠃
《ᠦᠵᠡᠭᠡᠴᠢ᠂ ᠡᠨᠡ ᠬᠣᠶᠠᠷ ᠬᠦᠮᠦᠨ ᠶᠠᠭ ᠪᠥᠵᠢᠭ᠌ᠯᠡᠵᠦ᠍ ᠪᠠᠢᠭ᠎ᠠ ᠰᠢᠪ ᠳ᠋ᠠ; ᠬᠣᠢᠯᠠᠷᠠᠭᠠ ᠬᠡᠯᠪᠡᠷᠢ᠎ᠳᠤ ᠬᠡ ᠪᠤᠯ ᠡᠷᠳᠡᠨ᠎ᠤ ᠬᠦᠮᠦᠰ᠎ᠤᠨ ᠶᠠᠮᠠᠷ ᠨᠢᠭᠡᠨ ᠲᠠᠯᠲᠠ ᠰᠠᠨᠠᠭ᠎ᠠ᠎ᠶᠢ ᠢᠯᠡᠳᠭᠡᠵᠦ ᠪᠠᠢᠬᠣ ᠮᠠᠭᠠᠳ; ᠡᠢᠮᠦᠷᠬᠦᠦ ᠣᠷᠲᠣ ᠡᠪᠡᠷ ᠲᠠᠢ ᠨᠢ ᠪᠣᠯ ᠶᠠᠩᠬᠢᠷ ᠰᠢᠦ》 ᠸᠠᠩ ᠬᠣᠣ ᠨᠢᠭᠡᠳ ᠨᠢᠭᠡ ᠪᠡᠷ ᠲᠠᠢᠯᠪᠣᠷᠢᠯᠠᠨᠠ᠃
30 ᠭᠠᠷᠤᠢ ᠵᠢᠯ᠎ᠤᠨ ᠪᠠᠷᠢᠮᠲᠠᠯᠠᠯ ᠶ᠋ᠢᠡᠷ ᠲᠠᠮᠵᠢᠨ ᠸᠠᠩ ᠬᠣᠣ ᠡᠨᠲᠡ᠎ᠬᠢ ᠬᠠᠳᠠᠨ ᠵᠢᠷᠤᠭ᠎ᠢ ᠠᠯᠠᠭᠠᠨ᠎ᠤ ᠪᠠᠨ ᠵᠢᠷᠣᠭᠠᠰᠣ ᠰᠢᠬ ᠲᠣᠲᠣ ᠮᠡᠳᠡᠬᠦ ᠪᠣᠯᠵᠠᠢ᠃ ᠲᠡᠭᠦᠨ᠎ᠤ ᠠᠵᠢᠯᠯᠠᠬᠤ ᠠᠷᠭ᠎ᠠ ᠨᠢ ᠴᠦ᠍ ᠴᠠᠭ ᠦᠶ᠎ᠡ᠎ᠶᠢ ᠲᠠᠭᠠᠯᠲᠣᠨ ᠰᠢᠨᠡᠴᠢᠯᠡᠭᠳᠡᠭᠰᠡᠭᠡᠷ ᠢᠷᠡᠪᠡ᠃ ᠤᠯᠠᠮᠵᠢᠯᠠᠯ᠎ᠤᠨ ᠬᠡᠭᠡᠷ᠎ᠡ᠎ᠶᠢᠨ ᠪᠠᠢᠴᠠᠭᠠᠯᠲᠠ ᠡᠴᠡ ᠪᠠᠨ ᠰᠡᠬᠦᠲᠡᠷᠯᠡᠬᠦ ᠮᠡᠷᠭᠡᠵᠢᠯ᠎ᠢ ᠡᠵᠡᠮᠰᠢᠬᠦ᠂ ᠵᠢᠯᠣᠭᠣᠴᠢ ᠥᠬᠡᠢ ᠨᠢᠰᠭᠡᠯ ᠵᠢᠯᠣᠭᠣᠳᠬᠣ ᠵᠡᠷᠭᠡ ᠣᠳᠣ ᠦᠶ᠎ᠡ᠎ᠶᠢᠨ ᠮᠡᠷᠭᠡᠵᠢᠯ᠎ᠢ᠋ ᠪᠣᠯᠪᠠᠰᠤᠷᠠᠩᠭᠤᠢ ᠡᠵᠡᠮᠰᠢᠵᠦ᠂ ᠲᠡᠦᠬᠡ᠎ᠶᠢᠨ ᠳᠤᠷᠠᠰᠭᠠᠯᠲᠤ ᠵᠦᠢᠯᠡᠰ᠎ᠢ᠋ ᠬᠠᠮᠠᠭᠠᠯᠠᠬᠤ ᠠᠵᠢᠯ ᠴᠠᠭ ᠦᠶ᠎ᠡ᠎ᠶᠢᠨ ᠠᠯᠬᠣᠭ᠎ᠠ ᠲᠠᠢ ᠵᠣᠤᠵᠠᠢ ᠬᠣᠯᠪᠣᠨ ᠵᠡᠷᠭᠡᠴᠡᠨ ᠬᠦᠭᠵᠢᠭᠰᠡᠭᠡᠷ᠃
《ᠳ᠋ᠧᠩᠺᠸᠤ ᠱᠢᠶᠠᠨ ᠳ᠋ᠦ ᠳᠡᠯᠡᠬᠡᠢ ᠳᠡᠭᠡᠷᠡᠬᠢ ᠠᠩᠬᠠᠳᠠᠭ᠍ᠴᠢ ᠬᠠᠳᠠᠨ ᠵᠢᠷᠤᠭ᠎ᠢ ᠬᠠᠮᠠᠭᠠᠯᠠᠬᠤ ᠸᠢᠳᠢᠣ᠋ᠬᠢᠨᠠᠨ ᠡᠵᠡᠮᠳᠡᠯ᠎ᠤᠨ ᠱᠢᠰᠲ᠋ᠧᠮ᠎ᠢ ᠤᠭ᠍ᠰᠠᠷᠠᠵᠤ᠂ 24 ᠴᠠᠭ᠎ᠤᠨ ᠲᠣᠷᠰᠢ ᠮᠤᠨᠢ ᠠᠭᠤᠯᠠ᠎ᠶ᠋ᠢᠨ ᠬᠠᠳᠠᠨ ᠵᠢᠷᠤᠭ᠎ᠢ ᠰᠠᠬᠢᠨ ᠬᠠᠮᠠᠭᠠᠯᠠᠬᠣ ᠪᠣᠯᠣᠬᠰᠠᠨ ᠪᠠᠢᠨ᠎ᠠ》᠃ ᠸᠠᠩ ᠬᠣᠣ᠎ᠶᠢᠨ ᠲᠠᠨᠢᠯᠴᠠᠭᠤᠯᠤᠭ᠍ᠰᠠᠨ᠎ᠢᠶᠠᠷ᠂ ᠨᠢᠭᠡᠳᠦᠭᠡᠷ ᠬᠤᠭᠤᠴᠠᠭᠠᠨ᠎ᠤ ᠢᠨᠵᠧᠨᠧᠷᠢᠩ᠎ᠨᠢ ᠮᠡᠯᠡᠬᠡᠢ᠎ᠲᠤ ᠭᠤᠤ᠎ᠶ᠋ᠢᠨ 8 ᠲᠥᠪᠯᠡᠷᠡᠭ᠌ᠰᠡᠨ ᠣᠷᠣᠨ᠎ᠢ ᠬᠠᠮᠤᠷᠴᠦ᠂ ᠬᠤᠶᠠᠳᠤᠭᠠᠷ ᠬᠤᠭᠤᠴᠠᠭᠠᠨ᠎ᠤ ᠢᠨᠵᠧᠨᠧᠷᠢᠩ᠎ᠨᠢ ᠬᠡᠷ ᠤᠪᠤᠭ᠎ᠠ ᠭᠤᠤ᠎ᠶ᠋ᠢᠨ 8 ᠲᠥᠪᠯᠡᠷᠡᠭ᠌ᠰᠡᠨ ᠣᠷᠣᠨ᠎ᠢ ᠬᠠᠮᠣᠷᠣᠬᠰᠠᠨ ᠪᠠᠢᠨ᠎ᠠ᠃
2006 ᠣᠨ᠎ᠳᠤ ᠮᠤᠨᠢ ᠠᠭᠤᠯᠠ᠎ᠶ᠋ᠢᠨ ᠬᠠᠳᠠᠨ ᠵᠢᠷᠤᠭ ᠪᠦᠬᠦ᠌ ᠤᠯᠤᠰ᠎ᠤᠨ ᠭᠣᠤᠯᠳᠠᠯᠭ᠎ᠠ᠎ᠲᠠᠶ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠮᠠᠭᠠᠯᠠᠯᠲᠠ᠎ᠶ᠋ᠢᠨ ᠨᠢᠭᠡᠴᠢ᠎ᠳᠦ ᠵᠢᠭ᠍ᠰᠠᠭᠠᠭ᠍ᠳᠠᠭ᠍ᠰᠠᠨ᠎ᠠᠴᠠ ᠨᠠᠭᠠᠰᠢ ᠬᠠᠮᠠᠭᠠᠯᠠᠬᠤ ᠠᠵᠢᠯ ᠪᠦᠬᠦ᠌ ᠲᠠᠯ᠎ᠠ᠎ᠪᠠᠷ ᠦᠷᠨᠢᠵᠡᠢ᠃
2007 ᠣᠨ᠎ᠳ᠋ᠤ᠂ ᠪᠠᠶᠠᠨᠨᠠᠭᠤᠷ ᠬᠣᠲᠠ ᠥᠪᠥᠷ ᠮᠣᠩᠭᠣᠯ᠎ᠤ᠋ᠨ ᠪᠣᠷᠣᠲᠣᠬᠣᠢ ᠵᠢᠨ ᠰᠣᠶᠣᠯ ᠤᠨ ᠰᠤᠳᠤᠯᠭᠠᠨ᠎ᠤ᠋ ᠭᠠᠵᠠᠷ ᠪᠣᠯᠣᠨ ᠥᠪᠥᠷ ᠮᠣᠩᠭᠣᠯ᠎ᠤ᠋ᠨ ᠬᠠᠳᠠᠨ ᠵᠢᠷᠤᠭ᠎ᠤ᠋ᠨ ᠰᠤᠳᠤᠯᠭᠠᠨ᠎ᠤ᠋ ᠬᠦᠷᠢᠶᠡᠯᠡᠩᠢ᠋ ᠪᠠᠢᠭᠤᠯᠵᠤ᠂ 《ᠮᠤᠨᠢ ᠠᠭᠤᠯᠠ᠎ᠶᠢᠨ ᠬᠠᠳᠠᠨ ᠵᠢᠷᠤᠭ᠎ᠢ ᠠᠪᠣᠷᠠᠯᠲᠠ᠎ᠶᠢᠨ ᠴᠢᠨᠠᠷᠲᠠᠢ ᠨᠡᠢᠳᠡᠮ ᠪᠠᠢᠴᠠᠭᠠᠬᠣ ᠪᠠ ᠬᠠᠮᠠᠭᠠᠯᠠᠬᠣ ᠬᠡᠷᠡᠭ᠌ᠵᠢᠭᠦᠯᠬᠦ᠌ ᠲᠥᠰᠦᠯ》᠎ᠢ᠋ ᠲᠣᠭ᠍ᠲᠠᠭᠠᠪᠠ᠃ 2012 ᠣᠨ᠎ᠳ᠋ᠤ ᠮᠤᠨᠢ ᠠᠭᠤᠯᠠ᠎ᠶᠢᠨ ᠬᠠᠳᠠᠨ ᠵᠢᠷᠣᠬ ᠤᠯᠤᠰ᠎ᠤ᠋ᠨ ᠲᠡᠦᠬᠡ᠎ᠶᠢᠨ ᠳᠤᠷᠠᠰᠭᠠᠯᠲᠤ ᠵᠦᠢᠯᠡᠰᠦ᠋ᠨ ᠲᠣᠪᠴᠢᠶ᠎ᠠ᠎ᠶᠢᠨ 《ᠳᠤᠮᠳᠠᠳᠤ ᠤᠯᠤᠰ᠎ᠤ᠋ᠨ ᠳᠡᠯᠡᠬᠡᠢ᠎ᠶᠢᠨ ᠰᠣᠶᠣᠯ᠎ᠤ᠋ᠨ ᠥᠪ᠎ᠦ᠋ᠨ ᠪᠡᠯᠡᠳᠭᠡᠯ ᠨᠡᠷᠡᠰ》ᠲᠦ᠍ ᠵᠢᠭ᠍ᠰᠠᠭᠠᠬᠲᠠᠪᠠ; 2022 ᠣᠨ᠎ᠤ᠋ 3 ᠰᠠᠷ᠎ᠠ᠎ᠳ᠋ᠤ᠂ 《ᠪᠠᠶᠠᠨᠨᠠᠭᠤᠷ ᠬᠣᠲᠠ᠎ᠶᠢᠨ ᠮᠤᠨᠢ ᠠᠭᠤᠯᠠ᠎ᠶᠢᠨ ᠬᠠᠳᠠᠨ ᠵᠢᠷᠤᠭ᠎ᠢ᠋ ᠬᠠᠮᠠᠭᠠᠯᠠᠬᠤ ᠳᠦᠷᠢᠮ》᠎ᠢ᠋ ᠵᠢᠩᠬᠢᠨᠢ᠎ᠪᠡᠷ ᠬᠡᠷᠡᠭ᠌ᠵᠢᠭᠦᠯᠪᠡ; 2023 ᠣᠨ᠎ᠳ᠋ᠤ᠂ ᠮᠤᠨᠢ ᠠᠭᠤᠯᠠ᠎ᠶᠢᠨ ᠬᠠᠳᠠᠨ ᠵᠢᠷᠤᠭ᠎ᠤ᠋ᠨ ᠦᠶ᠎ᠡ ᠵᠠᠭᠠᠬᠯᠠᠬᠰᠠᠨ ᠲᠣᠭ᠎ᠠ ᠪᠠᠷᠢᠮᠲᠠ ᠴᠤᠭ᠍ᠯᠠᠭᠤᠯᠬᠤ ᠠᠵᠢᠯᠯᠠᠭ᠎ᠠ᠎ᠶᠢ ᠡᠬᠢᠯᠡᠭᠦᠯᠵᠦ᠍᠂ ᠬᠠᠳᠠᠨ ᠵᠢᠷᠤᠭ ᠪᠣᠯᠭᠠᠨ ᠳ᠋ᠦ 《ᠲᠣᠭ᠎ᠠ ᠪᠠᠷᠢᠮᠲᠠ᠎ᠶᠢᠨ ᠪᠡᠶ᠎ᠡ᠎ᠶᠢᠨ ᠦᠨᠡᠮᠯᠡᠯ》 ᠵᠣᠬᠢᠶᠠᠵᠤ ᠥᠭ᠌ᠪᠡ᠃
ᠬᠠᠮᠠᠭᠠᠯᠠᠯᠲᠠ᠎ᠶ᠋ᠢᠨ ᠱᠢᠰᠲ᠋ᠧᠮ ᠡᠳᠦᠷ ᠢᠷᠡᠬᠦᠶ᠎ᠡ ᠲᠡᠭᠦᠯᠳᠡᠷᠵᠢᠬᠦ᠌᠎ᠶ᠋ᠢ ᠳᠠᠭᠠᠯᠳᠤᠨ᠂ ᠪᠦᠬᠦ᠌ ᠲᠠᠯ᠎ᠠ᠎ᠶ᠋ᠢᠨ᠂ ᠤᠯᠠᠨ ᠲᠡᠰ ᠳᠠᠪᠬᠤᠷᠭ᠎ᠠ᠎ᠶ᠋ᠢᠨ ᠮᠤᠨᠢ ᠠᠭᠤᠯᠠ᠎ᠶ᠋ᠢᠨ ᠬᠠᠳᠠᠨ ᠵᠢᠷᠤᠭ᠎ᠤᠨ ᠬᠠᠮᠠᠭᠠᠯᠠᠯᠲᠠ᠎ᠶ᠋ᠢᠨ ᠲᠣᠣᠷ ᠨᠢᠭᠡᠨᠲᠡ ᠪᠦᠷᠢᠯᠲᠦᠵᠦ᠂ ᠪᠠᠯᠠᠷ ᠡᠷᠳᠡᠨ᠎ᠤ ᠡᠨᠡᠬᠦ ᠪᠣᠯᠪᠠᠰᠤᠨ᠎ᠤ ᠦᠨᠡᠲᠦ ᠡᠷᠳᠡᠨᠢ ᠤᠯᠠᠨ ᠡᠱᠢᠲᠦ ᠳᠦᠷᠰᠦ ᠪᠠᠢᠳᠠᠯ᠎ᠢᠶᠠᠷ ᠤᠯᠠᠨ ᠲᠦᠮᠡᠨ᠎ᠤ ᠬᠠᠷᠠᠭᠠᠨ ᠳ᠋ᠦ ᠲᠤᠳᠤᠷᠠᠵᠦ᠂ ᠱᠢᠨ᠎ᠡ ᠴᠠᠬ ᠦᠶ᠎ᠡ᠎ᠶᠢᠨ ᠲᠠᠪᠴᠠᠩ ᠳ᠋ᠦ ᠭᠡᠷᠡᠯ ᠭᠢᠯᠪᠠᠭ᠎ᠠ᠎ᠪᠠᠨ ᠰᠠᠴᠤᠷᠠᠭᠤᠯᠬᠣ ᠪᠣᠯᠪᠠ᠃
ᠰᠣᠶᠣᠯ᠎ᠤ᠋ᠨ ᠪᠦᠲᠦᠭᠡᠯᠴᠢ ᠦᠢᠯᠡᠳᠭᠡᠯᠦ᠋ᠨ ᠭᠠᠵᠠᠷ᠎ᠲᠤ᠌᠂ ᠤᠯᠠᠮᠵᠢᠯᠠᠯᠲᠤ ᠭᠠᠷ ᠤᠷᠠᠯᠠᠯ ᠪᠣᠯᠤᠨ ᠣᠳᠣ ᠦᠶ᠎ᠡ᠎ᠶᠢᠨ ᠵᠢᠷᠤᠭ ᠲᠥᠯᠥᠪᠯᠡᠭᠡ᠎ᠶᠢ ᠡᠪᠯᠢᠭ ᠣᠶᠠᠯᠲᠣᠭᠣᠯᠵᠦ᠂ ᠦᠨᠢ ᠡᠷᠳᠡᠨ᠎ᠤ ᠬᠠᠳᠠᠨ ᠵᠢᠷᠤᠭ ᠨᠢ ᠬᠤᠨᠳᠠᠭ᠎ᠠ ᠴᠣᠮᠣ ᠬᠡᠮᠡᠷᠯᠢᠭ ᠲᠣᠷᠭᠠᠨ ᠲᠡᠭᠡᠷ᠎ᠡ ᠲᠠᠬᠢᠨ ᠠᠮᠢᠯᠠᠬᠰᠠᠨ ᠪᠠᠢᠨ᠎ᠠ᠃ ᠪᠣᠷᠣᠲᠣᠬᠣᠢ ᠰᠣᠶᠣᠯ ᠤᠷᠠᠯᠢᠭ᠎ᠤ᠋ᠨ ᠲᠥᠪ᠎ᠲᠦ᠍ 《ᠮᠤᠨᠢ ᠠᠭᠤᠯᠠ· ᠡᠷᠲᠡᠨ᠎ᠦ᠌ ᠳᠠᠭᠤᠤ》 ᠭᠡᠬᠦ᠌ ᠪᠣᠲᠠᠲᠣ ᠦᠵᠡᠭᠲᠡᠯ᠎ᠲᠦ ᠲᠣᠣᠯᠢ᠎ᠶᠢ ᠲᠣᠭ᠍ᠲᠠᠮᠠᠯ ᠬᠤᠭᠤᠴᠠᠭ᠎ᠠ᠎ᠲᠠᠢ᠎ᠪᠠᠷ ᠲᠣᠭ᠍ᠯᠠᠵᠦ᠂ ᠰᠢᠯᠦᠭ ᠵᠢᠷᠣᠬ ᠮᠡᠲᠦ ᠤᠷᠠᠯᠢᠭ᠎ᠤ᠋ᠨ ᠠᠭᠤᠷ ᠠᠮᠢᠰᠭᠤᠯ ᠲᠣᠮᠲᠠ ᠡᠴᠡ ᠦᠨᠢ ᠡᠷᠳᠡᠨ᠎ᠤ ᠲᠡᠦᠬᠡ᠎ᠶᠢ ᠣᠩᠰᠢᠬᠣ ᠪᠣᠯᠪᠠ᠃ ᠪᠠᠶᠠᠨᠨᠠᠭᠣᠷ ᠬᠣᠲᠠ᠎ᠶᠢᠨ ᠵᠡᠭᠡᠯᠢ ᠭᠣᠲᠣᠮᠵᠢ᠎ᠶᠢᠨ ᠦᠨᠴᠦᠭ ᠪᠣᠯᠣᠩ ᠦᠭᠡᠢ᠂ ᠬᠠᠲᠠᠨ ᠵᠢᠷᠣᠬ᠎ᠤᠨ ᠡᠯᠸᠮᠸᠨ᠋ᠲ ᠨᠢ ᠣᠯᠠᠨ ᠲᠦᠷᠰᠦ ᠬᠡᠯᠪᠡᠷᠢ ᠪᠡᠷ ᠠᠭᠣᠰᠣᠨ ᠰᠢᠮᠡᠳᠴᠦ᠂ ᠲᠡᠪᠵᠢᠶᠡᠨ᠎ᠲᠦ ᠬᠣᠲᠠ ᠳ᠋ᠦ ᠰᠣᠶᠣᠯ᠎ᠤᠨ ᠦᠩᠭᠡ ᠪᠣᠲᠣᠬ ᠨᠡᠮᠡᠷᠢᠯᠡᠭᠰᠡᠨ ᠪᠠᠢᠨ᠎ᠠ᠃
ᠤᠨ ᠴᠠᠬ᠎ᠤᠨ ᠮᠦᠷ ᠣᠯᠪᠠᠭ᠎ᠠ ᠡᠴᠡ ᠰᠢᠨ᠎ᠡ ᠬᠠᠭᠣᠲᠠᠰᠣ ᠰᠡᠬᠦᠭᠲᠡᠨᠡ᠃ ᠮᠤᠨᠢ ᠠᠭᠤᠯᠠ᠎ᠶᠢᠨ ᠬᠠᠳᠠᠨ ᠵᠢᠷᠤᠭ ᠲᠥᠪ ᠶᠣᠰᠣ᠎ᠶᠢ ᠪᠠᠷᠢᠮᠲᠠᠯᠠᠨ ᠰᠢᠨ᠎ᠡ᠎ᠶᠢ ᠡᠭᠦᠳᠬᠦ᠌ ᠳᠤᠮᠳᠠ ᠦᠶ᠎ᠡ ᠤᠯᠠᠷᠢᠨ ᠤᠯᠠᠮᠵᠢᠯᠠᠬᠤ᠎ᠶᠢ ᠦᠷᠭᠦᠯᠵᠢᠯᠡᠨ ᠭᠡᠷᠡᠴᠢᠯᠡᠭᠰᠡᠭᠡᠷ᠃ ᠬᠠᠮᠠᠭᠠᠯᠠᠬᠤ ᠪᠠ ᠠᠮᠢᠳᠤᠯᠢᠭ᠍ᠵᠢᠭᠤᠯᠤᠨ ᠠᠱᠢᠭ᠍ᠯᠠᠬᠤ ᠠᠵᠢᠯ᠎ᠤᠨ ᠦᠷᠭᠦᠯᠵᠢᠯᠡᠨ ᠬᠦᠨᠵᠡᠭᠡᠢᠷᠡᠬᠦ᠎ᠶ᠋ᠢ ᠳᠠᠭᠠᠯᠳᠤᠨ᠂ ᠡᠨᠡᠬᠦ᠌ 《ᠪᠠᠯᠠᠷ ᠡᠷᠲᠡᠨ᠎ᠤ ᠲᠡᠭ᠌ᠷᠢ᠎ᠶ᠋ᠢᠨ ᠪᠢᠴᠢᠭ》 ᠨᠢ ᠳᠡᠯᠡᠬᠡᠶ᠎ᠶ᠋ᠢᠨ ᠲᠠᠪᠴᠠᠩ᠎ᠳᠤ ᠥᠪᠡᠷᠮᠢᠴᠡ ᠥᠩᠭᠡ ᠭᠢᠯᠪᠠᠭ᠎ᠠ᠎ᠪᠠᠨ ᠰᠠᠴᠤᠷᠠᠭᠤᠯᠵᠤ᠂ ᠲᠡᠦᠬᠡ᠎ᠶ᠋ᠢᠨ ᠴᠢᠳᠬᠣᠯᠠᠩᠳᠤ ᠪᠠᠯᠠᠷᠠᠰᠢ ᠥᠬᠡᠶ ᠬᠣᠪᠢ ᠨᠡᠮᠡᠷᠢ᠎ᠪᠠᠨ ᠦᠵᠡᠬᠦᠯᠬᠦ ᠶᠣᠮ ᠡ᠃