ᠦᠷᠯᠦᠭᠡ᠎ᠶᠢᠨ ᠨᠡᠷᠡᠨ᠎ᠤ ᠤᠯᠠᠪᠢᠷ ᠲᠤᠶᠠᠭᠠᠨ ᠳ᠋ᠤ ᠤᠯᠠᠭᠠᠨᠴᠠᠪ ᠬᠣᠲᠠ᠎ᠶᠢᠨ ᠯᠢᠶᠡᠩᠴᠧᠩ ᠰᠢᠶᠠᠨ᠎ᠤ ᠳᠠᠭ᠎ᠠ᠎ᠶᠢᠨ ᠨᠠᠭᠤᠷ ᠦᠩᠭᠡ ᠢᠯᠭᠠᠷᠠᠭᠰᠠᠨ ᠲᠣᠰᠣᠨ ᠪᠤᠳᠤᠭ᠎ᠤᠨ ᠵᠢᠷᠤᠭ ᠰᠢᠭ᠋ ᠭᠤᠶᠤᠬᠠᠨ ᠬᠠᠷᠠᠭᠳᠠᠨ᠎ᠠ᠃ ᠡᠨᠡ ᠦᠶ᠎ᠡ ᠳ᠋ᠤ ᠲᠠᠭ᠎ᠠ ᠵᠢᠨ ᠨᠠᠭᠤᠷ᠎ᠤᠨ ᠡᠷᠬᠢᠨ ᠲᠤᠭᠤᠷᠢᠨ᠎ᠤ ᠰᠢᠨ᠎ᠡ ᠴᠢᠯᠠᠭᠤᠨ ᠵᠡᠪᠰᠡᠭ᠎ᠤᠨ ᠦᠶ᠎ᠡ ᠵᠢᠨ ᠰᠤᠶᠤᠯ᠎ᠤᠨ ᠪᠠᠭᠤᠷᠢ ᠠᠭᠠᠵᠢᠮ ᠵᠢᠡᠷ ᠬᠦᠮᠦᠰ᠎ᠤᠨ ᠬᠠᠷᠠᠭᠠᠨ ᠳ᠋ᠤ ᠲᠤᠳᠤᠷᠨᠨᠠ᠃
ᠣᠲᠣ᠌ ᠡᠴᠡ ᠪᠠᠷᠤᠭ 6700 ᠵᠢᠯ ᠡᠴᠡ 4300 ᠵᠢᠯ᠎ᠦᠨ ᠡᠮᠦᠨᠡᠬᠢ ᠶᠠᠩᠱᠤᠤ ᠶ᠋ᠢᠨ ᠰᠣᠶᠣᠯ ᠪᠠ ᠯᠦᠩᠱᠠᠨᠤ ᠰᠣᠶᠣᠯ᠎ᠤᠨ ᠴᠠᠭ ᠦᠶ᠎ᠡ᠎ᠳᠤ ᠳᠤᠮᠳᠠᠳᠤ ᠤᠷᠤᠨ᠎ᠤ ᠡᠪᠦᠭᠡ ᠲᠡᠭᠡᠲᠦᠰ ᠪᠦᠯᠦᠭ ᠬᠤᠪᠢᠶᠠᠨ ᠳᠠᠭ᠎ᠠ ᠢ᠋ᠢᠨ ᠨᠠᠭᠤᠷ᠎ᠤᠨ ᠡᠷᠬᠢᠨ ᠲᠣᠭᠣᠷᠢᠨ᠎ᠳᠤ ᠨᠤᠲᠤᠭ᠍ᠰᠢᠨ ᠰᠠᠭᠤᠷᠢᠰᠢᠵᠤ᠂ ᠠᠲᠠᠷ ᠬᠠᠭᠠᠯᠪᠤᠷᠢᠯᠠᠨ ᠲᠠᠷᠢᠶ᠎ᠠ ᠳᠠᠷᠢᠬᠤ ᠶ᠋ᠢᠨ ᠳᠠᠭᠠᠤ ᠵᠢᠭᠠᠰᠤ ᠠᠩᠨᠠᠨ᠂ ᠳᠠᠭ᠎ᠠ ᠢ᠋ᠢᠨ ᠨᠠᠭᠤᠷ᠎ᠤᠨ ᠭᠠᠵᠠᠷ ᠤᠷᠤᠨ᠎ᠤ ᠰᠠᠭᠤᠷᠢᠰᠢᠯ᠎ᠤᠨ ᠨᠡᠢᠭᠡᠮ᠎ᠦᠨ ᠬᠥᠰᠢᠭᠡ ᠶ᠋ᠢ ᠨᠡᠭᠡᠭᠡᠭᠰᠡᠨ ᠪᠠᠢᠨ᠎ᠠ᠃ ᠬᠠᠭᠤᠴᠢ ᠰᠤᠳᠤᠯᠤᠯ᠎ᠤᠨ ᠬᠢᠨ᠎ᠤ ᠦᠵᠡᠬᠦ ᠪᠡᠷ ᠡᠨᠡ ᠨᠢ ᠳᠠᠷᠤᠢ ᠳᠤᠮᠳᠠᠳᠤ ᠤᠯᠤᠰ᠎ᠤᠨ ᠬᠠᠮᠤᠭ᠎ᠤᠨ ᠡᠷᠲᠡᠨ᠎ᠦ 《ᠪᠤᠭᠤᠮᠲᠠ ᠪᠠᠷ ᠪᠠᠷᠠᠭᠤᠨᠰᠢ ᠨᠠᠬᠦᠲᠠᠯᠯᠡᠭᠰᠡᠨ》 ᠶᠠᠪᠤᠳᠠᠯ ᠪᠣᠯᠣᠨ᠎ᠠ᠃
ᠴᠢᠯᠠᠭᠤᠨ ᠬᠡᠷᠡᠮ ᠬᠤᠲᠠ ᠪᠠᠯᠭᠠᠳ᠎ᠤᠨ ᠠᠩᠬ᠎ᠠ ᠠᠯᠬᠤᠮ᠎ᠤᠨ ᠪᠦᠷᠢᠯᠳᠦᠯ ᠢ ᠬᠡᠷᠡᠴᠢᠯᠡᠨ᠎ᠡ
《ᠲᠢᠶᠠᠨ ᡂᠢ ᠨᠠᠭᠤᠷ》 ᠭᠡᠮᠡᠬᠦ ᠰᠠᠢᠬᠠᠨ ᠠᠯᠳᠠᠷᠲᠠᠢ ᠳᠠᠭ᠎ᠠ᠎ᠶᠢᠨ ᠨᠠᠭᠤᠷ ᠡᠷᠬᠢᠨ ᠲᠣᠭᠣᠷᠢᠨ᠎ᠤ 20 ᠭᠠᠷᠤᠢ ᠭᠣᠣᠯ ᠮᠥᠷᠡᠨ ᠵᠢᠴᠢ ᠳᠤᠮᠳᠠ ᠳᠠᠪᠬᠤᠷᠭ᠎ᠠ᠎ᠶᠢᠨ ᠭᠠᠵᠠᠷ ᠳᠣᠣᠷᠠᠬᠢ ᠤᠰᠤᠨ᠎ᠡᠴᠡ ᠲᠦᠮᠡ ᠮᠢᠩᠭᠠᠨ ᠵᠢᠯ ᠵᠢᠡᠷ ᠰᠢᠮ᠎ᠡ ᠲᠡᠵᠢᠭᠡᠯ ᠬᠦᠷᠲᠡᠵᠦ ᠢᠷᠡᠭᠰᠡᠨ ᠪᠠᠢᠨ᠎ᠠ᠃
ᠰᠢᠨ᠎ᠡ ᠴᠢᠯᠠᠭᠤᠨ ᠵᠡᠪᠰᠡᠭ᠎ᠦᠨ ᠦᠶ᠎ᠡ᠎ᠳᠦ᠂ ᠳᠠᠭ᠎ᠠ᠎ᠶᠢᠨ ᠨᠠᠭᠤᠷ᠎ᠤᠨ ᠲᠠᠯᠠᠪᠠᠶ ᠨᠢ ᠬᠡᠳᠦᠢ ᠪᠠᠢᠬᠰᠠᠨ ᠪᠤᠢ ? 《ᠪᠤᠭᠤᠮᠲᠠ ᠪᠠᠷ ᠪᠠᠷᠠᠭᠤᠨᠰᠢ ᠨᠠᠬᠦᠲᠠᠯᠯᠡᠭᠰᠡᠨ》 ᠡᠪᠦᠭᠡ ᠳᠡᠭᠡᠳᠦᠰ ᠬᠠᠮᠢᠭ᠎ᠠ ᠡᠴᠡ ᠢᠷᠡᠭᠰᠡᠨ ᠪᠤᠢ? ᠲᠡᠳᠡ ᠶᠠᠭᠤᠨ᠎ᠤ ᠤᠴᠢᠷ ᠠ᠋ᠴᠠ ᠳᠠᠭ᠎ᠠ ᠶ᠋ᠢᠨ ᠨᠠᠭᠤᠷ ᠢ᠋ ᠰᠤᠩᠭᠤᠨ ᠨᠤᠲᠤᠭᠰᠢᠬᠤ ᠶ᠋ᠢᠨ ᠬᠠᠮᠲᠤ ᠦᠶ᠎ᠡ ᠤᠯᠠᠷᠢᠨ ᠦᠷᠡᠵᠢᠨ ᠠᠮᠢᠳᠤᠷᠠᠬᠰᠠᠨ ᠪᠤᠢ?ᠲᠠᠭ᠎ᠠ ᠢ᠋ᠢᠨ ᠨᠠᠭᠤᠷ᠎ᠤᠨ ᠪᠠᠭᠤᠷᠢ ᠢ᠋ᠢᠨ ᠰᠦᠷᠦᠭᠵᠢᠯ ᠢ᠋ ᠬᠠᠢᠨ ᠰᠢᠨᠵᠢᠯᠡᠬᠦ᠎ᠳᠦ ᠪᠠᠯᠠᠷ ᠡᠷᠲᠡᠨ᠎ᠤ ᠦᠶ᠎ᠡ ᠢ᠋ᠢᠨ ᠦᠢᠯᠡᠳᠪᠦᠷᠢᠯᠡᠯ ᠠᠮᠢᠳᠤᠷᠠᠯ᠎ᠤᠨ ᠵᠢᠷᠤᠭ ᠲᠥᠰᠥᠪ ᠨᠢᠳᠦᠨ ᠡᠮᠦᠨ᠎ᠡ ᠲᠡᠯᠭᠡᠭᠲᠡᠨᠡ᠃
ᠳᠠᠭ᠎ᠠ᠎ᠶᠢᠨ ᠨᠠᠭᠤᠷ᠎ᠤᠨ ᠪᠠᠭᠤᠷᠢ᠎ᠶᠢᠨ ᠰᠦᠷᠦᠭᠵᠢᠯ 2001 ᠣᠨ᠎ᠳᠤ ᠲᠠᠪᠤᠳᠤᠭᠠᠷ ᠪᠦᠯᠦᠭ᠎ᠦᠨ ᠪᠦᠬᠦ ᠤᠯᠤᠰ᠎ᠤᠨ ᠭᠣᠣᠯᠳᠠᠯᠭ᠎ᠠ᠎ᠲᠠᠢ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠬᠠᠮᠠᠭᠠᠯᠠᠯᠲᠠ᠎ᠶᠢᠨ ᠨᠢᠭᠡᠴᠢ᠎ᠳᠦ ᠵᠢᠬᠰᠠᠭᠠᠬᠲᠠᠵᠠᠢ᠂ ᠲᠡᠭᠦᠨ᠎ᠦ ᠶᠡᠷᠦᠩᠬᠡᠢ ᠲᠠᠯᠠᠪᠠᠶ ᠨᠢ ᠪᠠᠷᠤᠭ 50 ᠲᠦᠮᠡᠨ ᠲᠡᠭᠰᠢ ᠳᠥᠷᠪᠡᠯᠵᠢᠨ ᠮᠧᠲᠷ ᠪᠠᠢᠵᠤ᠂ ᠭᠣᠣᠯᠳᠠᠭᠤ ᠸᠠᠩ ᠮᠸ᠋ ᠱᠠᠨ᠎ᠤ ᠪᠠᠭᠤᠷᠢ᠂ ᠯᠣᠣ ᠬ᠍ᠸ᠋ ᠱᠠᠨ᠎ᠤ ᠪᠠᠭᠤᠷᠢ ᠪᠠ ᠶᠤᠸᠠᠨ ᠽᠢ ᠭᠧᠦ ᠵᠢᠨ ᠪᠠᠭᠤᠷᠢ ᠵᠡᠷᠭᠡ 3 ᠨᠡᠢᠲᠡᠯᠢᠭ ᠪᠠᠭᠤᠷᠢ ᠪᠡᠷ ᠪᠦᠷᠢᠯᠳᠦᠵᠡᠢ᠃
ᠯᠢᠶᠠᠩᠴᠸᠩ ᠰᠢᠶᠠᠨ ᠤ᠋ ᠲᠡᠦᠬᠡ ᠵᠢᠨ ᠲᠤᠷᠠᠰᠬᠠᠯᠳᠤ ᠵᠦᠢᠯᠡᠰ ᠤ᠋ᠨ ᠬᠠᠮᠠᠭᠠᠯᠠᠯᠳᠠ ᠵᠢᠨ ᠲᠦᠪ ᠤ᠋ᠨ ᠡᠷᠬᠢᠯᠡᠭᠴᠢ ᠹᠠᠩ ᠬᠤᠩ ᠮᠢᠩ ᠤ᠋ᠨ ᠲᠠᠭᠠᠭᠤᠯᠭ᠎ᠠ ᠲᠤᠤᠷ᠎ᠠ ᠪᠢᠳᠡ ᠯᠢᠶᠠᠩᠴᠸᠩ ᠰᠢᠶᠠᠨ ᠡᠴᠨ ᠵᠡᠬᠦᠨ ᠡᠮᠦᠨᠡᠰᠢ ᠪᠠᠷᠤᠬ 17 ᠺᠢᠯᠦᠮᠸᠲᠷ᠎ᠤᠨ ᠵᠠᠢ ᠳ᠋ᠤ ᠪᠠᠢᠭ᠎ᠠ ᠸᠠᠩ ᠮᠤ᠌ ᠱᠠᠨ ᠠᠭᠤᠯᠠᠨ ᠳ᠋ᠸ᠋ ᠬᠦᠷᠪᠡ᠃ ᠸᠠᠩ ᠮᠤ᠌ ᠱᠠᠨ ᠤ᠋ ᠪᠠᠭᠤᠷᠢ ᠨᠢ ᠸᠠᠩ ᠮᠤ᠌ ᠱᠠᠨ ᠠᠭᠤᠯᠠᠨ ᠤ᠋ ᠪᠠᠷᠠᠭᠤᠨ ᠬᠤᠢᠳᠤ ᠪᠡᠯ ᠲᠡᠭᠡᠷ᠎ᠡ ᠪᠠᠢᠵᠤ᠂ ᠬᠤᠢᠳᠤ ᠵᠠᠬ᠎ᠠ ᠨᠢ ᠲᠠᠭ᠎ᠠ ᠵᠢᠨ ᠨᠠᠭᠤᠷ ᠤ᠋ᠨ ᠡᠮᠦᠨ᠎ᠡ ᠡᠷᠬᠢ ᠡᠴᠨ ᠪᠠᠷᠤᠬ 2.5 ᠺᠢᠯᠦᠮᠸᠲᠷ ᠵᠠᠢᠳᠠᠢ᠂ ᠡᠮᠦᠨ᠎ᠡ ᠲᠠᠯ᠎ᠠ ᠳ᠋ᠤᠨᠢ ᠵᠡᠬᠦᠨᠰᠢ ᠪᠠᠷᠠᠭᠤᠨᠰᠢ ᠬᠦᠨᠳᠡᠯᠢᠰᠦᠭᠰᠡᠨ ᠲᠤᠮᠤ ᠭᠤᠤ ᠪᠠᠢᠵᠤ᠂ ᠪᠠᠷᠠᠭᠤᠨ ᠬᠡᠰᠡᠭ ᠨᠢ ᠪᠦᠯᠢᠶᠠᠩ ᠭᠤᠤᠯ ᠲᠠᠢ ᠵᠠᠯᠭᠠᠵᠤ ᠪᠤᠢ ᠃
ᠭᠤᠤ ᠵᠢᠨ ᠡᠮᠦᠨ᠎ᠡ ᠲᠠᠯ᠎ᠠ ᠵᠢᠨ ᠨᠠᠮᠬᠠᠨ ᠤᠷᠤᠨ ᠪᠦᠰᠡ ᠳ᠋ᠸ᠋ 《ᠪᠦᠬᠦ ᠤᠯᠤᠰ ᠤ᠋ᠨ ᠭᠤᠤᠯᠳᠠᠯᠭ᠎ᠠ ᠲᠠᠢ ᠲᠡᠦᠬᠡ ᠵᠢᠨ ᠲᠤᠷᠠᠰᠬᠠᠯᠳᠤ ᠵᠦᠢᠯᠡᠰ ᠤ᠋ᠨ ᠬᠠᠮᠠᠭᠠᠯᠠᠯᠳᠠ ᠵᠢᠨ ᠪᠠᠢᠭᠤᠯᠭ᠎ᠠ ᠨᠢᠬᠡᠴᠢ》 ᠬᠡᠮᠡᠬᠦ ᠦᠰᠦᠭ ᠲᠠᠢ ᠴᠢᠯᠠᠭᠤᠨ ᠬᠦᠰᠢᠶ᠎ᠡ ᠵᠢ ᠪᠤᠰᠬᠠᠵᠤ᠂ ᠡᠨᠳᠡᠬᠢ ᠨᠢ 《ᠶᠠᠩᠱᠤᠤ ᠵᠢᠨ ᠰᠤᠶᠤᠯ ᠤ᠋ᠨ ᠸᠠᠩ ᠮᠤ᠌ ᠱᠠᠨ ᠠᠭᠤᠯᠠᠨ ᠤ᠋ ᠲᠦᠷᠦᠯ ᠬᠡᠯᠪᠡᠷᠢ》 ᠪᠤᠯᠬᠤ ᠵᠢ ᠬᠡᠷᠡᠴᠢᠯᠡᠨ᠎ᠡ᠃ ᠹᠠᠩ ᠬᠤᠩ ᠮᠢᠩ᠂ ᠸᠠᠩ ᠮᠤ᠌ ᠱᠠᠨ ᠠᠭᠤᠯᠠᠨ ᠤ᠋ ᠪᠠᠷᠠᠭᠤᠨ ᠬᠤᠢᠳᠤ ᠪᠡᠯ ᠳ᠋ᠸ᠋᠂ ᠲᠤᠤᠷ᠎ᠠ ᠡᠴᠨ ᠲᠡᠭᠡᠭᠰᠢ ᠴᠠᠬ ᠦᠶ᠎ᠡ ᠨᠢ ᠠᠳᠠᠯᠢ ᠪᠤᠰᠤ᠂ ᠠᠭᠤᠯᠤᠬᠳᠠᠬᠤᠨ ᠨᠢ ᠤᠨᠳᠤᠤ ᠪᠦᠬᠦᠢ 3 ᠪᠦᠯᠦᠭ ᠰᠤᠶᠤᠯ ᠤ᠋ᠨ ᠦᠯᠡᠳᠡᠭᠳᠡᠯ ᠲᠠᠷᠬᠠᠵᠤ ᠪᠤᠢ᠃ ᠲᠡᠳᠡᠭᠡᠷ ᠨᠢ ᠲᠠᠷᠤᠢ ᠸᠠᠩ ᠮᠤ᠌ ᠱᠠᠨ ᠠᠭᠤᠯᠠᠨ ᠤ᠋ ᠪᠡᠯ ᠲᠤᠤᠷᠠᠬᠢ᠂ ᠪᠡᠯ ᠲᠤᠮᠳᠠᠬᠢ ᠪᠠ ᠪᠡᠯ ᠲᠡᠭᠡᠷᠡᠬᠢ ᠪᠠᠭᠤᠷᠢ ᠪᠤᠯᠤᠨ᠎ᠠ ᠬᠡᠵᠦ ᠰᠤᠷᠪᠤᠯᠵᠢᠯᠠᠬᠴᠢ ᠳ᠋ᠸ᠋ ᠬᠡᠯᠡᠵᠦ ᠦᠭᠪᠡ᠃ 500 ᠮᠸᠲᠷ ᠤ᠋ᠨ ᠲᠤᠳᠤᠷ᠎ᠡ 3 ᠪᠠᠭᠤᠷᠢ ᠵᠢ ᠢᠯᠡᠷᠡᠬᠦᠯᠦᠭᠰᠡᠨ ᠡᠴᠨ ᠲᠠᠭᠠᠮᠠᠬᠯᠠᠨ ᠦᠵᠡᠪᠡᠯ᠂ 1000 ᠭᠠᠷᠤᠢ ᠵᠢᠯ ᠤ᠋ᠨ ᠲᠤᠳᠤᠷ᠎ᠠ ᠤᠷᠢᠳ ᠬᠤᠵᠢᠳ 3 ᠪᠦᠯᠦᠭ ᠬᠦᠮᠦᠰ ᠡᠨᠳᠡ ᠨᠡᠬᠦᠨ ᠢᠷᠡᠵᠦ ᠠᠮᠢᠳᠤᠷᠠᠨ᠂ ᠶᠠᠩᠱᠤᠤ ᠵᠢᠨ ᠰᠤᠶᠤᠯ ᠤ᠋ᠨ ᠴᠠᠬ ᠦᠶ᠎ᠡ ᠵᠢᠨ ᠦᠪᠦᠷ ᠮᠤᠩᠭᠤᠯ ᠤ᠋ᠨ ᠲᠤᠮᠳᠠ ᠡᠮᠦᠨ᠎ᠡ ᠬᠡᠰᠡᠭ ᠤ᠋ᠨ ᠬᠤᠪᠤᠷ ᠨᠠᠨᠳᠢᠨ ᠦᠯᠡᠳᠡᠭᠳᠡᠯ ᠪᠤᠯᠵᠤ᠂ ᠲᠤᠮᠳᠠᠳᠤ ᠤᠯᠤᠰ ᠤ᠋ᠨ ᠬᠠᠮᠤᠬ ᠤ᠋ᠨ ᠡᠷᠳᠡᠨ ᠤ᠋ 《ᠪᠤᠭᠤᠮᠲᠠ ᠪᠠᠷ ᠪᠠᠷᠠᠭᠤᠨᠰᠢ ᠨᠠᠬᠦᠲᠠᠯᠯᠡᠭᠰᠡᠨ》 ᠲᠡᠦᠭᠡᠨ ᠶᠠᠪᠤᠳᠠᠯ ᠬᠡᠮᠡᠭᠳᠡᠵᠡᠢ᠃
ᠶᠤᠸᠠᠨ ᠽᠢ ᠭᠸᠦ ᠵᠢᠨ ᠪᠠᠭᠤᠷᠢ ᠨᠢ ᠸᠠᠩ ᠮᠤ᠌ ᠱᠠᠨ ᠤ᠋ ᠪᠠᠭᠤᠷᠢ ᠯᠤᠭ᠎ᠠ ᠲᠠᠭ᠎ᠠ ᠵᠢᠨ ᠨᠠᠭᠤᠷ ᠵᠢᠡᠷ ᠠᠯᠤᠰᠯᠠᠬᠳᠠᠵᠤ ᠬᠠᠷᠢᠯᠴᠠᠨ ᠪᠠᠷᠠᠯᠠᠵᠤ᠂ ᠯᠢᠶᠠᠩᠴᠸᠩ ᠰᠢᠶᠠᠨ ᠡᠴᠨ ᠪᠠᠷᠤᠬ 10 ᠺᠢᠯᠦᠮᠸᠲᠷ ᠵᠠᠢᠳᠠᠢ ᠪᠤᠢ ᠃ ᠯᠤᠤ ᠬᠤ᠌ ᠱᠠᠨ ᠤ᠋ ᠪᠠᠭᠤᠷᠢ ᠨᠢ ᠲᠠᠭ᠎ᠠ ᠵᠢᠨ ᠨᠠᠭᠤᠷ ᠡᠴᠨ ᠬᠠᠮᠤᠬ ᠤ᠋ᠨ ᠬᠤᠯᠠ ᠪᠠᠢᠵᠤ᠂ ᠲᠠᠭ᠎ᠠ ᠵᠢᠨ ᠨᠠᠭᠤᠷ ᠤ᠋ᠨ ᠪᠠᠷᠠᠭᠤᠨ ᠬᠤᠢᠳᠤ ᠲᠠᠯ᠎ᠠ ᠳ᠋ᠸ᠋ ᠪᠠᠢᠷᠢᠰᠢᠵᠤ᠂ ᠵᠡᠬᠦᠨ ᠲᠠᠯ᠎ᠠ ᠪᠡᠷ ᠵᠢᠡᠨ ᠲᠠᠭ᠎ᠠ ᠵᠢᠨ ᠨᠠᠭᠤᠷ ᠤ᠋ᠨ ᠪᠠᠷᠠᠭᠤᠨ ᠡᠷᠬᠢ ᠡᠴᠨ ᠪᠠᠷᠤᠬ 25 ᠺᠢᠯᠦᠮᠸᠲᠷ ᠵᠠᠢᠳᠠᠢ ᠪᠠᠢᠳᠠᠭ᠃
ᠸᠠᠩ ᠮᠤ᠌ ᠱᠠᠨ ᠤ᠋ ᠪᠠᠭᠤᠷᠢ ᠲᠠᠢ ᠠᠳᠠᠯᠢ ᠪᠡᠷ᠂ ᠶᠤᠸᠠᠨ ᠽᠢ ᠭᠸᠦ ᠵᠢᠨ ᠪᠠᠭᠤᠷᠢ ᠪᠠ ᠯᠤᠤ ᠬᠤ᠌ ᠱᠠᠨ ᠤ᠋ ᠪᠠᠭᠤᠷᠢ ᠳ᠋ᠸ᠋ ᠴᠦᠮ ᠬᠠᠮᠠᠭᠠᠯᠠᠯᠳᠠ ᠵᠢᠨ ᠲᠤᠤᠷ ᠪᠦᠬᠦᠢ ᠬᠦᠷᠢᠶ᠎ᠡ ᠬᠡᠷᠡᠰᠬᠡ ᠤᠬᠰᠠᠷᠠᠵᠤ᠂ ᠴᠦᠮ 《ᠪᠦᠬᠦ ᠤᠯᠤᠰ ᠤ᠋ᠨ ᠭᠤᠤᠯᠳᠠᠯᠭ᠎ᠠ ᠲᠠᠢ ᠲᠡᠦᠬᠡ ᠵᠢᠨ ᠲᠤᠷᠰᠬᠠᠯᠳᠤ ᠵᠦᠢᠯᠡᠰ ᠤ᠋ᠨ ᠬᠠᠮᠠᠭᠠᠯᠠᠯᠳᠠ ᠵᠢᠨ ᠪᠠᠢᠭᠤᠯᠭ᠎ᠠ ᠨᠢᠬᠡᠴᠢ》 ᠬᠡᠮᠡᠬᠦ ᠦᠰᠦᠭ ᠲᠠᠢ ᠴᠢᠯᠠᠭᠤᠨ ᠬᠦᠰᠢᠶ᠎ᠡ ᠪᠤᠰᠬᠠᠵᠠᠢ᠃ ᠠᠳᠠᠯᠢ ᠦᠬᠡᠢ ᠨᠢ ᠬᠡᠪᠡᠯ᠂ ᠶᠤᠸᠠᠨ ᠽᠢ ᠭᠸᠦ ᠵᠢᠨ ᠪᠠᠭᠤᠷᠢ ᠨᠢ ᠨᠦᠬᠡᠨ ᠬᠡᠷ ᠤ᠋ᠨ ᠬᠡᠯᠪᠡᠷᠢ ᠲᠠᠢ ᠪᠠᠢᠵᠤ᠂ ᠯᠤᠤ ᠬᠤ᠌ ᠱᠠᠨ ᠤ᠋ ᠪᠠᠭᠤᠷᠢ ᠨᠢ ᠴᠢᠯᠠᠭᠤ ᠪᠡᠷ ᠪᠠᠷᠢᠬᠰᠠᠨ ᠬᠦᠷᠢᠶ᠎ᠡ ᠬᠡᠷᠡᠮ ᠪᠤᠯᠬᠤ ᠠᠵᠢ᠃
ᠤᠯᠠᠭᠠᠨᠴᠠᠪ ᠬᠣᠲᠠ᠎ᠶ᠋ᠢᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠬᠠᠮᠠᠭᠠᠯᠠᠯᠲᠠ᠎ᠶ᠋ᠢᠨ ᠲᠥᠪ᠎ᠦᠨ ᠡᠷᠬᠢᠯᠡᠭ᠌ᠴᠢ᠂ ᠰᠤᠳᠤᠯᠭᠠᠨ᠎ᠤ ᠣᠷᠳᠣᠨ᠎ᠤ ᠠᠵᠢᠯᠲᠠᠨ ᠵᠠᠩ ᠲᠤᠤ ᠂ ᠡᠨᠡ ᠪᠣᠯ ᠣᠲᠣ ᠪᠣᠯᠲᠠᠯ᠎ᠠ ᠢᠯᠡᠷᠡᠭᠦᠯᠦᠭ᠌ᠰᠡᠨ ᠳᠤᠮᠳᠠᠳᠤ ᠤᠯᠤᠰ᠎ᠤᠨ ᠬᠠᠮᠤᠭ᠎ᠤᠨ ᠡᠷᠲᠡᠡ ᠤ᠂ ᠬᠠᠮᠤᠭ᠎ᠤᠨ ᠪᠦᠷᠢᠨ ᠪᠦᠲᠦᠨ ᠦᠯᠡᠳᠡᠭᠳᠡᠵᠦ ᠪᠠᠢᠭ᠎ᠠ ᠴᠢᠯᠠᠭᠤᠨ ᠬᠡᠷᠡᠮ᠎ᠦᠨ ᠬᠠᠮᠠᠭᠠᠯᠠᠯᠲᠠ᠎ᠶ᠋ᠢᠨ ᠴᠤᠬᠴᠠ᠎ᠶ᠋ᠢᠨ ᠨᠢᠭᠡ ᠪᠠᠢᠵᠦ᠂ ᠳᠠᠭ᠎ᠠ᠎ᠶ᠋ᠢᠨ ᠨᠠᠭᠤᠷ᠎ᠤᠨ ᠣᠷᠣᠨ᠎ᠳᠤ ᠠᠯᠢ ᠡᠷᠲᠡ 4000 ᠭᠠᠷᠤᠶ ᠵᠢᠯ᠎ᠦᠨ ᠡᠮᠦᠨ᠎ᠡ ᠳᠠᠷᠤᠶ ᠠᠩᠬ᠎ᠠ ᠠᠯᠬᠤᠮ ᠬᠡᠪᠴᠢᠶᠡᠵᠢᠭ᠌ᠰᠡᠨ ᠡᠷᠲᠡᠨ᠎ᠦ ᠬᠣᠲᠠ᠎ᠶ᠋ᠢᠨ ᠪᠠᠭᠤᠷᠢ᠎ᠲᠠᠶ ᠪᠣᠯᠤᠭ᠍ᠰᠠᠨ ᠭᠡᠳᠡᠭ ᠢ ᠬᠠᠷᠠᠭᠤᠯᠵᠤ ᠪᠠᠢᠨ᠎ᠠ ᠭᠡᠵᠦ ᠢᠯᠡᠷᠬᠡᠢᠯᠡᠪᠡ᠃ ᠬᠠᠭᠤᠴᠢ ᠰᠤᠳᠤᠯᠤᠯ᠎ᠤᠨ ᠭᠡᠷᠡᠴᠢᠯᠡᠭ᠌ᠰᠡᠨ᠎ᠢᠶᠡᠷ᠂ ᠲᠤᠬᠠᠢ᠎ᠶ᠋ᠢᠨ ᠦᠶ᠎ᠡ᠎ᠳᠦ ᠨᠢᠭᠡᠨᠲᠡ ᠴᠢᠯᠠᠭᠤᠨ ᠬᠡᠷᠡᠮ ᠪᠠᠷᠢᠬᠤ ᠮᠡᠷᠭᠡᠵᠢᠯ ᠢ ᠡᠵᠡᠮᠱᠢᠭ᠌ᠰᠡᠨ ᠬᠤᠩᠱᠠᠨ ᠰᠣᠶᠣᠯ᠎ᠤᠨ ᠰᠠᠭᠤᠭᠠᠯᠢ ᠠᠷᠠᠳ ᠪᠠᠷᠠᠭᠤᠨᠰᠢᠨᠡᠬᠦᠳᠡᠯᠯᠡᠵᠦ᠂ ᠶᠠᠩᠱᠤᠤ ᠵᠢᠨ ᠰᠣᠶᠣᠯ᠎ᠤᠨ ᠰᠡᠭᠦᠯᠴᠢ᠎ᠶ᠋ᠢᠨ ᠦᠶ᠎ᠡ᠎ᠶ᠋ᠢᠨ ᠬᠥᠮᠦᠰ ᠲᠡᠶ ᠳᠠᠭ᠎ᠠ ᠶ᠋ᠢᠨ ᠨᠠᠭᠤᠷ᠎ᠲᠤ ᠠᠭᠤᠯᠵᠠᠨ ᠠᠭᠤᠰᠤᠯᠴᠠᠵᠤ᠂ ᠱᠢᠨ᠎ᠡ ᠪᠣᠯᠪᠠᠰᠤᠨ᠎ᠤ ᠤᠴᠢ ᠵᠢ ᠪᠠᠳᠠᠷᠠᠭᠠᠪᠠ᠃
ᠳᠠᠭ᠎ᠠ᠎ᠶ᠋ᠢᠨ ᠨᠠᠭᠤᠷ᠎ᠤᠨ ᠠᠷᠢᠭᠤᠨ ᠭᠠᠯ ᠠᠭᠤᠰᠤᠯᠴᠠᠯ᠎ᠤᠨ ᠵᠠᠮ᠎ᠢ ᠭᠡᠷᠡᠯᠲᠦᠭᠦᠯᠦᠨ᠎ᠡ
ᠴᠠᠭ᠎ᠤᠨ ᠳᠠᠷᠠᠭᠠᠯᠠᠯ᠎ᠢ ᠦᠨᠳᠦᠰᠦᠯᠡᠪᠡᠯ᠂ ᠲᠠᠭ᠎ᠠ᠎ᠶ᠋ᠢᠨ ᠨᠠᠭᠤᠷ᠎ᠤᠨ ᠡᠷᠬᠢᠨ ᠲᠣᠭᠣᠷᠢᠨ᠎ᠤ ᠪᠠᠯᠠᠷ ᠡᠷᠲᠡᠨ᠎ᠦ ᠬᠠᠭᠤᠴᠢ ᠰᠤᠳᠤᠯᠤᠯ ᠨᠢ ᠦᠨᠡᠨ᠎ᠳᠡᠭᠡᠨ ᠯᠤᠥ ᠬ᠍ᠦ ᠱᠠᠨ᠎ᠤ ᠪᠠᠭᠤᠷᠢ᠎ᠶ᠋ᠢ ᠮᠠᠯᠲᠠᠵᠤ ᠢᠯᠡᠷᠡᠭᠦᠯᠦᠭ᠌ᠰᠡᠨ᠎ᠡᠴᠡ ᠡᠬᠢᠯᠡᠭ᠌ᠰᠡᠨ ᠶᠤᠮ᠃
1980 ᠣᠨ᠎ᠤ ᠬᠠᠪᠤᠷ᠂ ᠬᠠᠭᠤᠴᠢ ᠰᠤᠳᠤᠯᠤᠯ᠎ᠤᠨ ᠠᠯᠳᠠᠷᠲᠤ ᠲᠤᠰᠭᠠᠢ ᠮᠡᠷᠭᠡᠵᠢᠯᠲᠡᠨ ᠲᠢᠶᠠᠨ ᠭᠤᠸᠠᠩ ᠵᠢᠨ ᠠᠪᠤᠭᠠᠢ 《ᠮᠤᠥ ᠴᠢᠩ ᠭᠸᠤ ᠵᠢᠨ ᠤᠩᠭᠤᠨ᠎ᠤ ᠭᠠᠵᠠᠷ ᠢ ᠠᠭᠤᠳᠠᠯᠤᠭ᠍ᠰᠠᠨ ᠮᠡᠳᠡᠭᠦᠯᠦᠯᠲᠡ》 ᠵᠢ ᠨᠠᠢᠷᠠᠭᠤᠯᠤᠨ ᠪᠢᠴᠢᠬᠦ᠌ ᠬᠤᠭᠤᠴᠠᠭᠠᠨ᠎ᠳᠠᠭᠠᠨ᠂ ᠮᠤᠤ ᠴᠢᠩ ᠭᠸᠤ ᠵᠢᠨ ᠤᠢ᠍ᠢᠷᠠᠯᠴᠠᠭᠠᠬᠢ ᠯᠤᠥ ᠬ᠍ᠦ ᠱᠠᠨ᠎ᠤ ᠪᠠᠭᠤᠷᠢ᠎ᠶ᠋ᠢ ᠢᠯᠡᠷᠡᠭᠦᠯᠵᠦ᠍᠂ ᠳᠠᠭ᠎ᠠ᠎ᠶ᠋ᠢᠨ ᠨᠠᠭᠤᠷ ᠣᠷᠣᠨ᠎ᠤ ᠱᠢᠨ᠎ᠡ ᠴᠢᠯᠠᠭᠤᠨ ᠵᠡᠪᠰᠡᠭ᠎ᠦᠨ ᠦᠶ᠎ᠡ᠎ᠶ᠋ᠢᠨ ᠬᠠᠭᠤᠴᠢ ᠰᠤᠳᠤᠯᠤᠯ᠎ᠤᠨ ᠬᠥᠱᠢᠭᠡ᠎ᠶ᠋ᠢ ᠰᠡᠬᠦᠵᠡᠢ᠃
ᠲᠤᠬᠠᠢ᠎ᠶ᠋ᠢᠨ ᠦᠶ᠎ᠡ᠎ᠳᠦ᠂ ᠬᠠᠭᠤᠴᠢ ᠰᠤᠳᠤᠯᠤᠯ᠎ᠤᠨ ᠠᠵᠢᠯ ᠮᠠᠰᠢ ᠬᠠᠲᠠᠭᠤ ᠪᠡᠷᠬᠡᠱᠢᠶᠡᠯᠲᠡᠢ᠂ ᠵᠠᠮ ᠬᠠᠷᠢᠯᠴᠠᠭ᠎ᠠ ᠳᠥᠭᠥᠮ ᠦᠭᠡᠢ᠂ ᠪᠠᠭᠤᠷᠢ᠎ᠶ᠋ᠢᠨ ᠣᠢᠷᠠᠯᠴᠠᠭ᠎ᠠ ᠨᠢᠭᠡ ᠴᠦ᠍ ᠠᠢᠯ ᠪᠠᠢᠬᠤ ᠦᠭᠡᠢ᠂ ᠤᠢᠷ᠎ᠠ ᠬᠠᠪᠢ ᠳ᠋ᠤᠨᠢ ᠪᠠᠰᠠ ᠶᠠᠭᠤ ᠴᠦ᠍ ᠬᠠᠷᠠᠬᠳᠠᠬᠤ ᠦᠬᠡᠢ᠂ ᠡᠬᠦᠨ᠎ᠳᠤ ᠲᠢᠶᠠᠨ ᠭᠤᠸᠠᠩ ᠵᠢᠨ ᠵᠡᠷᠭᠡ ᠬᠠᠭᠤᠴᠢ ᠰᠤᠳᠤᠯᠤᠯ᠎ᠤᠨ ᠠᠵᠢᠯᠲᠠᠳ ᠪᠠᠭᠤᠷᠢ ᠡᠴᠡ ᠬᠣᠶᠠᠷ ᠬᠥᠲᠥᠯ ᠵᠠᠢᠲᠠᠢ ᠭᠠᠵᠠᠷ᠎ᠲᠤ ᠬᠡᠳᠦᠨ ᠨᠦᠬᠡᠨ ᠭᠡᠷ ᠮᠠᠯᠲᠠᠵᠤ ᠰᠠᠭᠤᠵᠠᠢ᠂ ᠬᠡᠳᠦᠢᠪᠡᠷ ᠳᠥᠭᠥᠮ ᠪᠦᠳᠦᠭᠦᠯᠢᠭ ᠪᠣᠯᠪᠠᠴᠤ᠌᠂ ᠨᠡᠭᠡᠭᠡᠨ ᠮᠠᠯᠲᠠᠬᠤ ᠠᠵᠢᠯ᠎ᠳᠤ ᠠᠱᠢᠭ᠍ᠲᠠᠢ ᠶᠤᠮ᠃ ᠴᠠᠬᠢᠯᠭᠠᠨ ᠦᠭᠡᠢ ᠂ ᠢᠳᠡᠬᠦ᠌ ᠤᠰᠤ᠎ᠪᠠᠨ ᠠᠭᠤᠯᠠᠨ ᠳᠣᠣᠷ᠎ᠠ ᠡᠴᠡ ᠳᠠᠮᠨᠠᠵᠤ᠂ ᠠᠮᠤ ᠪᠤᠳᠠᠭ᠎ᠠ᠎ᠶ᠋ᠢ ᠬᠥᠬᠡᠬᠣᠲᠠ᠎ᠠᠴᠠ ᠵᠥᠭᠡᠭᠡᠪᠦᠷᠢᠯᠡᠵᠦ ᠪᠠᠢᠵᠠᠢ᠃
ᠶᠠᠭ ᠡᠢᠮᠦᠷᠬᠦᠦ ᠨᠥᠬᠥᠴᠡᠯ ᠳᠣᠣᠷ᠎ᠠ ᠯᠤᠥ ᠬ᠍ᠦ ᠱᠠᠨ᠎ᠤ ᠪᠠᠭᠤᠷᠢ᠎ᠶ᠋ᠢ ᠠᠭᠤᠳᠠᠯᠤᠨ ᠮᠠᠯᠳᠠᠬᠤ ᠠᠵᠢᠯ 1982 ᠣᠨ᠎ᠠᠴᠠ ᠡᠬᠢᠯᠡᠵᠦ᠍᠂ 1986 ᠣᠨ ᠪᠣᠯᠲᠠᠯ᠎ᠠ ᠦᠷᠭᠦᠯᠵᠢᠯᠡᠪᠡ᠃
1986 ᠣᠨ᠎ᠤ 10 ᠰᠠᠷ᠎ᠠ᠎ᠠᠴᠠ 1989 ᠣᠨ᠎ᠤ 7 ᠰᠠᠷ᠎ᠠ ᠪᠣᠯᠲᠠᠯ᠎ᠠ ᠲᠢᠶᠠᠨ ᠭᠤᠸᠠᠩ ᠵᠢᠨ ᠠᠪᠤᠭᠠᠢᠶᠢᠨᠡᠬᠡᠨᠡᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠬᠠᠭᠤᠴᠢ ᠰᠤᠳᠤᠯᠤᠯ᠎ᠤᠨ ᠰᠤᠳᠤᠯᠭᠠᠨ᠎ᠤ ᠭᠠᠵᠠᠷ᠎ᠤᠨ ᠭᠦᠸᠧ ᠰᠦ᠍ ᠱᠢᠨ ᠡᠴᠡ ᠶᠤᠸᠠᠨ ᠽᠢ ᠭᠧᠤ ᠵᠢᠨ ᠪᠠᠭᠤᠷᠢ᠎ᠶ᠋ᠢ ᠪᠦᠬᠦ᠌ ᠲᠠᠯ᠎ᠠ᠎ᠪᠠᠷ ᠬᠠᠢᠨ ᠪᠠᠢᠴᠠᠭᠠᠬᠤ ᠪᠠ ᠶᠡᠬᠡ ᠬᠡᠪᠴᠢᠶ᠎ᠡ᠎ᠪᠡᠷ ᠠᠭᠤᠳᠠᠯᠤᠨ ᠮᠠᠯᠲᠠᠵᠤ᠂ ᠬᠠᠭᠤᠴᠢ ᠰᠤᠳᠤᠯᠤᠯ᠎ᠤᠨ ᠡᠲᠡᠭᠡᠳ᠎ᠦᠨ ᠬᠢᠨ᠎ᠦ ᠠᠩᠬᠠᠷᠤᠯ᠎ᠢ ᠲᠠᠲᠠᠪᠠ᠃ 1987 ᠣᠨ᠎ᠳᠤ᠂ ᠲᠤᠰ ᠪᠠᠭᠤᠷᠢ ᠨᠢ ᠪᠦᠬᠦ᠌ ᠤᠯᠤᠰ᠎ᠤᠨ ᠱᠢᠨ᠎ᠡ ᠴᠢᠯᠠᠭᠤᠨ ᠵᠡᠪᠰᠡᠭ᠎ᠦᠨ ᠦᠶ᠎ᠡ᠎ᠶ᠋ᠢᠨ ᠬᠠᠭᠤᠴᠢ ᠰᠤᠳᠤᠯᠤᠯ᠎ᠤᠨ ᠱᠢᠨ᠎ᠡ ᠢᠯᠡᠷᠡᠭᠦᠯᠦᠯᠲᠡ᠎ᠶ᠋ᠢᠨ ᠨᠢᠭᠡ ᠪᠣᠯᠪᠠ᠃ ᠡᠭᠦᠨ᠎ᠦ ᠬᠠᠮᠲᠤ᠂ ᠰᠢ ᠪᠠᠶ ᠢᠦᠶ᠂ ᠮᠢᠶᠠᠨ ᠫᠦᠸᠸ ᠪᠣᠯᠤᠨ ᠪᠠᠨ ᠴᠧᠩ ᠦᠨ ᠪᠠᠭᠤᠷᠢ ᠶ᠋ᠢ ᠬᠠᠢᠨ ᠪᠠᠢᠴᠠᠭᠠᠵᠤ ᠢᠯᠡᠷᠡᠭᠦᠯᠦᠭ᠌ᠰᠡᠨᠪᠦᠭᠡᠳ ᠳ᠋ᠠ ᠮᠢᠶᠣᠣ ᠫᠦᠸᠸ᠎ᠶ᠋ᠢᠨ ᠪᠠᠭᠤᠷᠢ᠎ᠶ᠋ᠢ ᠤᠯᠠᠮ ᠨᠢᠭᠡ ᠠᠯᠬᠤᠮ ᠪᠠᠢᠴᠠᠭᠠᠪᠠ᠃
ᠬᠠᠭᠤᠴᠢ ᠰᠤᠳᠤᠯᠤᠯ᠎ᠤᠨ ᠲᠤᠰᠭᠠᠶ ᠮᠡᠷᠭᠡᠵᠢᠯᠲᠡᠨ᠎ᠦ ᠠᠩᠬᠢᠯᠠᠭᠰᠠᠨ᠎ᠢᠶᠠᠷ ᠳᠡᠭᠡᠷ᠎ᠡ ᠳᠤᠷᠠᠳᠤᠭ᠍ᠰᠠᠨ 6 ᠪᠠᠭᠤᠷᠢ᠎ᠶ᠋ᠢ ᠶᠡᠷᠦᠩᠬᠡᠶᠳᠦᠨᠢ ᠯᠤᠤ ᠬ᠍ᠤ ᠱᠠᠨ᠎ᠤ ᠰᠣᠶᠣᠯ᠎ᠤᠨ ᠪᠠᠭᠤᠷᠢ ᠬᠡᠳᠡᠭ᠂ ᠲᠡᠷᠡ ᠨᠢ ᠣᠲᠣ᠎ᠠᠴᠠ ᠪᠠᠷᠤᠭ 4500 ᠵᠢᠯ᠎ᠡᠴᠡ 4300 ᠵᠢᠯ ᠤ᠋ᠨ ᠡᠮᠤᠨ᠎ᠠ ᠪᠠᠢᠵᠤ᠂ ᠵᠢᠩᠬᠢᠨᠢ᠎ᠪᠡᠷ ᠮᠠᠯᠲᠠᠵᠤ ᠭᠠᠷᠭᠠᠭ᠍ᠰᠠᠨ ᠲᠠᠯᠠᠪᠠᠶ᠎ᠨᠢ 7000 ᠲᠡᠭ᠌ᠰᠢ ᠳᠥᠷᠪᠡᠯᠵᠢᠨ ᠮᠧᠲ᠋ᠷ᠎ᠢ ᠳᠠᠪᠠᠵᠤ᠂ 200 ᠭᠠᠷᠤᠶ ᠬᠡᠷ ᠪᠠᠢᠰᠢᠡᠭ ᠤ᠋ᠨ ᠪᠠᠭᠤᠷᠢ᠂ 1100 ᠸᠠᠭᠠᠷ ᠰᠠᠪᠠ᠎ᠶ᠋ᠢ ᠢᠯᠡᠷᠡᠭᠦᠯᠵᠡᠢ᠂ ᠲᠡᠬᠦᠨ ᠤ᠋ ᠲᠤᠲᠤᠷ᠎ᠠ 261 ᠸᠠᠭᠠᠷ ᠤ᠋ᠨ ᠡᠳ᠋ᠯᠡᠯ ᠢ ᠰᠡᠷᠬᠦᠬᠡᠵᠤ ᠪᠤᠯᠤᠨ᠎ᠠ᠃
ᠬᠡᠷᠪᠠ ᠯᠣᠣ ᠬ᠍ᠤ ᠱᠠᠨ᠎ᠤ ᠰᠣᠶᠣᠯ᠎ᠤᠨ ᠪᠠᠭᠤᠷᠢ᠎ᠶ᠋ᠢ ᠥᠪᠥᠷ ᠮᠣᠩᠭᠣᠯ᠎ᠤᠨ ᠳᠤᠮᠳᠠᠳᠤ ᠡᠮᠦᠨᠡᠲᠦ ᠬᠡᠰᠡᠭ ᠴᠢᠨᠠᠭ᠍ᠰᠢᠯᠠᠪᠠᠯ ᠪᠦᠬᠦᠢᠯᠡ ᠤᠮᠠᠷᠠᠲᠤ᠎ᠶ᠋ᠢᠨ ᠯᠦᠩᠱᠠᠨᠤ ᠰᠣᠶᠣᠯ᠎ᠤᠨ ᠴᠠᠭ ᠦᠶ᠎ᠡ᠎ᠶ᠋ᠢᠨ ᠬᠠᠭᠤᠴᠢ ᠰᠤᠳᠤᠯᠤᠯ᠎ᠤᠨ ᠰᠣᠶᠣᠯ᠎ᠤᠨ ᠪᠠᠭᠤᠷᠢ᠎ᠶ᠋ᠢᠨ ᠰᠠᠯᠵᠤ ᠪᠣᠯᠤᠰᠢ ᠦᠭᠡᠢ ᠪᠦᠷᠢᠯᠳᠦᠬᠦᠨ ᠬᠡᠰᠡᠭ ᠭᠡᠵᠦ᠍ ᠬᠡᠯᠡᠬᠦ᠌᠎ᠳᠦ ᠬᠦᠷᠪᠡᠯ᠂ ᠸᠠᠩ ᠮᠸ᠋ ᠱᠠᠨ ᠤ᠋ ᠪᠠᠭᠤᠷᠢ ᠨᠢ ᠶᠠᠩᠱᠤᠤ᠎ᠶ᠋ᠢᠨ ᠰᠣᠶᠣᠯ᠎ᠤᠨ ᠦᠶ᠎ᠡ᠎ᠶ᠋ᠢᠨ ᠲᠥᠯᠥᠭᠡᠯᠡᠬᠦ᠌ ᠴᠢᠨᠠᠷᠲᠠᠢ ᠦᠯᠡᠳᠡᠭ᠌ᠳᠡᠯ ᠪᠣᠯᠤᠨ᠎ᠠ᠃
ᠸᠠᠩᠮᠸ᠋ ᠱᠠᠨ ᠤ᠋ ᠪᠠᠭᠤᠷᠢ᠎ᠶ᠋ᠢ 1987 ᠣᠨ᠎ᠳᠤ ᠢᠯᠡᠷᠡᠭᠦᠯᠵᠦ᠍᠂ ᠬᠠᠭᠤᠴᠢ ᠰᠤᠳᠤᠯᠤᠯ᠎ᠤᠨ ᠪᠠᠢᠴᠠᠭᠠᠯᠲᠠ ᠬᠢᠬᠦ᠂ ᠲᠤᠷᠱᠢᠨ ᠠᠭᠤᠲᠠᠯᠬᠤ᠂ ᠮᠠᠯᠲᠠᠬᠤ ᠠᠵᠢᠯ 1995 ᠣᠨ ᠪᠣᠯᠲᠠᠯ᠎ᠠ ᠦᠷᠭᠦᠯᠵᠢᠯᠡᠵᠦ᠍᠂ 47 ᠠᠭᠤᠢ ᠵᠢᠨ ᠬᠡᠯᠪᠠᠷᠢ᠎ᠳᠦ ᠬᠡᠷ ᠪᠠᠢᠰᠢᠡᠭ ᠢ ᠢᠯᠡᠷᠡᠬᠦᠯᠵᠦ᠂ ᠴᠢᠯᠠᠭᠤᠨ ᠪᠠᠭᠠᠵᠢ᠂ ᠸᠠᠭᠠᠷ ᠰᠠᠪᠠ᠂ ᠶᠠᠰᠤᠨ ᠪᠠᠭᠠᠵᠢ ᠵᠡᠷᠭᠡ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠮᠠᠯᠲᠠᠨ ᠭᠠᠷᠭᠠᠭᠰᠠᠨ ᠪᠠᠢᠨ᠎ᠠ᠃ ᠡᠭᠦᠨ᠎ᠳᠦ ᠬᠦᠮᠤᠰ ᠤ᠋ᠨ ᠠᠡᠭᠬᠠᠷᠤᠯ᠎ᠢ ᠬᠠᠮᠤᠭ ᠡᠴᠠ ᠢᠯᠡᠬᠦᠤ ᠲᠠᠲᠠᠵᠤ ᠪᠠᠢᠭ᠎ᠠ ᠨᠢ 19 ᠵᠤᠤᠬ᠎ᠠ ᠪᠣᠯᠤᠨ᠎ᠠ᠃
ᠵᠠᠩ ᠲᠤᠤ ᠰᠤᠷᠪᠤᠯᠵᠢᠯᠠᠭ᠍ᠴᠢ᠎ᠳᠤ ᠬᠡᠯᠡᠬᠦ ᠳ᠋ᠡᠬᠡᠨ᠂ ᠡᠢᠮᠦ᠍ ᠤᠯᠠᠨ ᠭᠠᠯ ᠭᠤᠯᠤᠮᠳᠠ ᠵᠢᠨ ᠵᠤᠤᠬ᠎ᠠ ᠪᠣᠯ ᠲᠠᠭ᠎ᠠ᠎ᠶ᠋ᠢᠨ ᠨᠠᠭᠤᠷ᠎ᠤᠨ ᠭᠠᠵᠠᠷ ᠣᠷᠣᠨ᠎ᠤ ᠡᠪᠦᠭᠡ ᠳᠡᠭᠡᠳᠦᠰ᠎ᠦᠨ ᠭᠠᠯᠬᠡᠷᠡᠭᠯᠡᠬᠦ ᠬᠤᠪᠢᠰᠬᠠᠯ᠎ᠢ ᠪᠠᠶᠠᠯᠡᠬᠦᠯᠦᠭᠰᠠᠨ ᠤ᠋ ᠬᠦᠴᠦᠲᠡᠢ ᠭᠡᠷᠡᠴᠢ ᠪᠣᠯᠬᠤ ᠪᠥᠭᠡᠳ ᠪᠠᠰᠠ ᠬᠥᠮᠦᠨ ᠲᠥᠷᠥᠯᠬᠢᠲᠡᠨ᠎ᠦ ᠪᠣᠯᠪᠠᠰᠤᠨ᠎ᠤ ᠲᠠᠪᠱᠢᠯᠳᠠ᠎ᠶ᠋ᠢᠨ ᠪᠡᠯᠭᠡ ᠲᠡᠮᠳᠡᠭ ᠪᠣᠯᠤᠨ᠎ᠠ᠃ ᠭᠠᠯ᠎ᠤᠨ ᠤᠴᠢ᠎ᠶᠢ ᠬᠠᠲᠠᠭᠠᠯᠠᠬᠤ᠂ ᠭᠡᠷᠡᠯᠲᠦᠭᠦᠯᠬᠦ ᠪᠠ ᠳᠤᠯᠠᠭᠠᠯᠠᠬᠤ ᠵᠡᠷᠭᠡ ᠴᠢᠳᠠᠮᠵᠢ᠎ᠶ᠋ᠢ ᠬᠠᠪᠰᠤᠷᠭᠠᠭ᠍ᠰᠠᠨ ᠣᠨᠴᠠᠭᠠᠶ ᠪᠠᠭᠠᠵᠢ ᠪᠣᠯᠤᠭ᠍ᠰᠠᠨ᠎ᠤ ᠬᠤᠪᠢ᠎ᠳᠤ ᠵᠤᠤᠬ᠎ᠠ ᠨᠢ ᠣᠷᠣᠱᠢᠨ ᠲᠣᠭ᠍ᠲᠠᠨᠢᠬᠤ ᠬᠦᠰᠡᠯ ᠡᠷᠡᠮᠡᠯᠵᠡᠯ ᠪᠤᠯᠬᠤ ᠪᠠᠷ ᠪᠠᠷᠠᠬᠤ ᠥᠬᠡᠶ᠂ ᠨᠠᠩ ᠴᠤ᠌ ᠪᠠᠭᠠᠵᠢ ᠬᠡᠷᠡᠭ᠌ᠰᠡᠯ᠎ᠢ ᠡᠭᠦᠳᠦᠨ ᠪᠦᠲᠦᠭᠡᠵᠦ᠍ ᠂ ᠲᠠᠷᠢᠶᠠᠯᠠᠩ᠎ᠢ ᠬᠥᠭ᠌ᠵᠢᠭᠦᠯᠦᠨ᠂ ᠰᠠᠭᠤᠷᠢᠱᠢᠯ ᠤ᠋ᠨ ᠨᠡᠢᠭᠡᠮ᠎ᠢ ᠪᠠᠢᠭᠤᠯᠬᠤ ᠣᠶᠤᠨ ᠪᠢᠯᠢᠭ ᠦᠨ ᠣᠴᠢ ᠵᠢ ᠳᠦᠷᠡᠯᠵᠡᠬᠦᠯᠦᠭᠰᠡᠨ ᠪᠠᠢᠨ᠎ᠠ᠃
ᠲᠢᠶᠠᠨ ᠭᠤᠸᠠᠩ ᠵᠢᠨ ᠵᠡᠷᠭᠡ ᠬᠠᠭᠤᠴᠢ ᠰᠤᠳᠤᠯᠤᠯ᠎ᠤᠨ ᠲᠤᠰᠭᠠᠶ ᠮᠡᠷᠭᠡᠵᠢᠯᠲᠡᠨ ᠡᠯ᠎ᠡ ᠲᠡᠦᠬᠡᠨ ᠴᠠᠭ ᠦᠶ᠎ᠡ᠎ᠶ᠋ᠢᠨ ᠲᠠᠭ᠎ᠠ᠎ᠶ᠋ᠢᠨ ᠨᠠᠭᠤᠷ᠎ᠤᠨ ᠭᠠᠵᠠᠷ ᠣᠷᠣᠨ᠎ᠤ ᠬᠤᠷ᠎ᠠ ᠲᠣᠨᠳᠠᠰᠤ᠎ᠶ᠋ᠢᠨ ᠬᠡᠮᠵᠢᠶ᠎ᠡ᠂ ᠲᠠᠭ᠎ᠠ᠎ᠶ᠋ᠢᠨ ᠨᠠᠭᠤᠷ᠎ᠤᠨ ᠲᠠᠯᠠᠪᠠᠶ᠂ ᠠᠭᠠᠷ᠎ᠤᠨ ᠳᠤᠯᠠᠭᠠᠨ᠎ᠤ ᠬᠤᠪᠢᠷᠠᠯᠲᠠ ᠵᠡᠷᠭᠡ ᠬᠦᠴᠦᠨ ᠵᠦᠶ᠋ᠯ ᠢ ᠰᠤᠳᠤᠯᠵᠤ᠂ ᠲᠠᠬᠢᠭᠠᠳ ᠤᠷᠢᠳᠤᠬᠢ ᠬᠦᠮᠦᠰ ᠤ᠋ᠨ ᠨᠡᠭᠦᠳᠡᠯ ᠪᠠ ᠬᠥᠭ᠌ᠵᠢᠯᠲᠡ᠎ᠶ᠋ᠢᠨ ᠱᠤᠭᠤᠮ᠎ᠲᠠᠶ ᠤᠶᠠᠯᠳᠤᠭᠤᠯᠤᠨ ᠡᠢᠮᠦᠷᠬᠦᠦ ᠳ᠋ᠦᠩᠨᠡᠯᠳᠡ ᠵᠢ ᠤᠯᠵᠠᠢ᠄ ᠶᠠᠩᠱᠤᠤ᠎ᠶ᠋ᠢᠨ ᠰᠣᠶᠣᠯ᠎ᠤᠨ ᠴᠠᠭ ᠦᠶ᠎ᠡ᠎ᠳᠦ ᠥᠪᠥᠷ ᠮᠣᠩᠭᠣᠯ᠎ᠤᠨ ᠳᠤᠮᠳᠠᠳᠤ ᠡᠮᠦᠨᠡᠲᠦ ᠬᠡᠰᠡᠭ ᠲᠤᠢᠯ᠎ᠤᠨ ᠳᠤᠯᠠᠭᠠᠨ ᠴᠢᠭᠢᠭ᠌ᠯᠢᠭ ᠠᠭᠤᠷ ᠠᠮᠢᠰᠭᠤᠯ᠎ᠲᠠᠢ ᠴᠠᠭ ᠦᠶ᠎ᠡ ᠪᠠᠢᠵᠤ᠂ ᠲᠠᠭ᠎ᠠ᠎ᠶ᠋ᠢᠨ ᠨᠠᠭᠤᠷ᠎ᠤᠨ ᠲᠤᠬᠠᠶ᠎ᠶ᠋ᠢᠨ ᠦᠶ᠎ᠡ᠎ᠶ᠋ᠢᠨ ᠲᠠᠯᠠᠪᠠᠶ᠎ᠨᠢ ᠪᠠᠷᠤᠭ ᠣᠲᠣ᠎ᠶ᠋ᠢᠨ 4 ᠳᠠᠬᠢᠨ ᠪᠠᠢᠵᠤ᠂ ᠳᠠᠪᠠᠭᠤᠯᠢᠭ ᠭᠠᠵᠠᠷ ᠵᠦᠶ᠎ᠶ᠋ᠢᠨ ᠪᠠᠢᠷᠢᠯᠠᠯ᠂ ᠲᠣᠬᠢᠷᠠᠮᠵᠢᠲᠠᠶ ᠠᠭᠤᠷ ᠠᠮᠢᠰᠭᠤᠯ᠎ᠤᠨ ᠣᠷᠴᠢᠨ ᠲᠣᠭᠣᠷᠢᠨ᠎ᠢ ᠵᠤᠷᠢᠵᠤ᠂ ᠱᠠᠨᠰᠢ᠎ᠶ᠋ᠢᠨ ᠪᠠᠨ ᠫᠦᠸᠸ ᠪᠤᠶᠤ ᠾᠧᠨᠠᠨ᠎ᠤ ᠰᠠᠨ ᠮᠸᠨ ᠱᠢᠶᠠ ᠬᠠᠪᠴᠢᠯ ᠲᠠᠭᠠᠤ ᠵᠢᠨ ᠡᠪᠦᠭᠡ ᠲᠡᠭᠡᠳᠦᠰ ᠬᠠᠲᠤᠨ ᠭᠤᠤᠯ᠎ᠢ ᠰᠥᠷᠴᠤ ᠤᠮᠠᠷᠠᠰᠢ ᠮᠤᠷᠲᠠᠵᠤ᠂ ᠾᠧᠨᠠᠨ᠎ᠤ ᠠᠨᠶᠠᠩ᠎ᠤᠨ ᠾᠸᠤ ᠭᠠᠡᠭᠲᠠᠭᠠᠤ ᠵᠢᠨ ᠡᠪᠤᠬᠡ ᠲᠠᠬᠡᠲᠤᠰ ᠪᠠᠷᠠᠭᠤᠨᠰᠢ ᠨᠡᠬᠦᠭᠰᠠᠨ ᠪᠠᠢᠨ᠎ᠠ᠃ ᠡᠴᠦᠰ᠎ᠲᠡᠭᠡᠨ ᠳᠤᠮᠳᠠᠳᠤ ᠣᠷᠣᠨ᠎ᠤ ᠡᠪᠦᠭᠡ ᠳᠡᠭᠡᠳᠦᠰ ᠲᠠᠭ᠎ᠠ ᠵᠢᠨ ᠨᠠᠭᠤᠷ ᠤ᠋ᠨ ᠡᠮᠤᠨ᠎ᠠ ᠡᠷᠬᠢ ᠳᠤ ᠨᠡᠢᠯᠡᠵᠦ᠍᠂ ᠶᠠᠩᠱᠤᠤ ᠵᠢᠨ ᠰᠣᠶᠣᠯ᠎ᠤᠨ ᠱᠢ ᠬ᠍ᠤ ᠱᠠᠨ ᠠᠭᠤᠯᠠᠨ᠎ᠤ ᠲᠥᠷᠥᠯ ᠬᠡᠯᠪᠡᠷᠢ ᠪᠠ ᠸᠠᠩᠮᠸ᠋ ᠱᠠᠨ ᠠᠭᠤᠯᠠᠨ᠎ᠤ ᠪᠡᠯ ᠳᠣᠣᠷᠠᠬᠢ ᠲᠥᠷᠥᠯ ᠬᠡᠯᠪᠡᠷᠢ᠎ᠶ᠋ᠢᠨ ᠰᠣᠶᠣᠯ᠎ᠤᠨ ᠦᠯᠡᠳᠡᠭ᠌ᠳᠡᠯ᠎ᠢ ᠪᠤᠶ ᠪᠣᠯᠭᠠᠭ᠍ᠰᠠᠨ ᠪᠠᠢᠨ᠎ᠠ᠃ ᠡᠭᠦᠨ᠎ᠡᠴᠡ ᠡᠬᠢᠯᠡᠨ ᠲᠠᠳᠠ ᠭᠠᠵᠠᠷ ᠱᠢᠷᠣᠶ ᠬᠠᠭᠠᠯᠪᠤᠷᠢᠯᠠᠵᠤ᠂ ᠰᠣᠶᠣᠯ ᠬᠠᠷᠢᠯᠴᠠᠨ ᠠᠭᠤᠰᠤᠯᠴᠠᠨ᠂ ᠬᠢᠯᠢ ᠬᠢᠵᠠᠭᠠᠷ ᠲᠸ᠋ ᠤᠷᠤᠰᠢᠨ ᠲᠤᠭᠳᠠᠨᠢᠵᠤ᠂ ᠬᠠᠷᠢᠯᠴᠠᠨ ᠠᠭᠤᠰᠤᠯᠴᠠᠬᠤ ᠳᠤᠮᠳᠠ ᠱᠢᠨ᠎ᠡ ᠪᠣᠯᠪᠠᠰᠤᠨ᠎ᠢ ᠪᠣᠢᠵᠢᠭᠤᠯᠵᠤ᠂ ᠳᠤᠮᠳᠠᠳᠤ ᠤᠯᠤᠰ᠎ᠤᠨ ᠬᠠᠮᠤᠭ᠎ᠤᠨ ᠡᠷᠲᠡᠨ᠎ᠦ 《ᠪᠤᠭᠤᠮᠲᠠ ᠪᠠᠷ ᠪᠠᠷᠠᠭᠤᠨᠰᠢ ᠨᠠᠬᠦᠲᠠᠯᠯᠡᠭᠰᠡᠨ》 ᠠᠸ᠋ᠭ᠎ᠠ ᠦᠢᠯᠡᠰ᠎ᠢ ᠪᠡᠶᠡᠯᠡᠭᠦᠯᠪᠡ᠃
ᠪᠠᠯᠠᠷ ᠡᠷᠲᠡᠨ᠎ᠦ ᠪᠠᠢᠰᠢᠩ᠎ᠤᠨ ᠪᠠᠭᠤᠷᠢ ᠨᠢ ᠡᠷᠳᠡᠨ᠎ᠤ ᠪᠣᠯᠪᠠᠰᠤᠨ᠎ᠤ ᠢᠮ ᠲᠡᠮᠳᠡᠭ ᠪᠤᠯᠤᠨ᠎ᠠ
ᠡᠳᠦᠭᠡ᠂ ᠶᠤᠸᠠᠨ ᠽᠢ ᠭᠧᠤ ᠵᠢᠨ ᠪᠠᠭᠤᠷᠢ᠎ᠳᠤ ᠪᠠᠰᠠ 4000 ᠭᠠᠷᠤᠢ ᠵᠢᠯ᠎ᠦᠨ ᠡᠮᠦᠨᠡᠬᠢ ᠭᠡᠷ ᠪᠠᠢᠰᠢᠩ᠎ᠤᠨ ᠦᠯᠡᠳᠡᠭᠳᠡᠯ ᠪᠠᠢᠵᠤ᠂ ᠭᠤᠤᠯᠳᠠᠭᠤ ᠳᠡᠯᠭᠡᠨ ᠦᠵᠡᠭᠦᠯᠬᠦ᠌᠎ᠳᠦ ᠬᠡᠷᠡᠭ᠌ᠯᠡᠵᠦ᠍ ᠪᠤᠢ᠃ 《ᠬᠠᠭᠤᠴᠢ ᠰᠤᠳᠤᠯᠤᠯ᠎ᠤᠨ ᠰᠠᠯᠠᠭ᠎ᠠ ᠮᠥᠴᠢᠷ ᠡᠷᠲᠡ ᠦᠶ᠎ᠡ᠎ᠳᠦ ᠡᠨᠳᠡ᠎ᠡᠴᠡ 80 ᠭᠠᠷᠤᠶ ᠪᠠᠢᠰᠢᠩ᠎ᠤᠨ ᠪᠠᠭᠤᠷᠢ᠎ᠶ᠋ᠢ ᠮᠠᠯᠲᠠᠨ ᠭᠠᠷᠭᠠᠵᠠᠢ᠃ ᠡᠨᠡ ᠪᠤᠯ ᠣᠳᠣᠬᠠᠨᠪᠤᠯᠳᠠᠯᠠᠬᠢ ᠪᠥᠬᠥ᠌ ᠤᠯᠤᠰ᠎ᠲᠤ ᠢᠯᠡᠷᠡᠭᠦᠯᠦᠭ᠌ᠰᠡᠨ ᠪᠠᠯᠠᠷ ᠡᠷᠲᠡᠨ᠎ᠦ ᠨᠡᠢᠭᠡᠮ᠎ᠦᠨ ᠦᠶ᠎ᠡ᠎ᠶ᠋ᠢᠨ ᠨᠦᠬᠡᠨ ᠬᠡᠷ᠎ᠦᠨ ᠪᠠᠭᠤᠷᠢ᠎ᠶ᠋ᠢᠨ ᠲᠤᠳᠤᠷ᠎ᠠ ᠬᠡᠪᠴᠢᠶ᠎ᠡ᠎ᠪᠡᠷ ᠨᠡᠯᠢᠶᠡᠳ ᠶᠡᠬᠡ᠂ ᠲᠣᠭ᠎ᠠ ᠬᠡᠮᠵᠢᠶ᠎ᠡ᠎ᠨᠢ ᠨᠡᠯᠢᠶᠡᠳ ᠣᠯᠠᠨ ᠪᠦᠭᠡᠳ ᠨᠡᠯᠢᠶᠡᠳ ᠪᠦᠷᠢᠨ ᠪᠦᠲᠦᠨ ᠬᠠᠳᠠᠭᠠᠯᠠᠭ᠍ᠳᠠᠵᠤ ᠪᠠᠢᠭ᠎ᠠ ᠪᠠᠭᠤᠷᠢ᠎ᠶ᠋ᠢᠨ ᠨᠢᠭᠡ ᠪᠤᠯᠤᠨ᠎ᠠ᠃ ᠨᠠᠩ ᠰᠠᠢᠨ ᠬᠠᠮᠠᠭᠠᠯᠠᠬᠤ᠎ᠶ᠋ᠢᠨ ᠲᠥᠯᠥᠭᠡ ᠮᠠᠯᠲᠠᠵᠤ ᠪᠠᠷᠠᠭ᠍ᠰᠠᠨ᠎ᠤ ᠳᠠᠷᠠᠭ᠎ᠠ ᠶᠡᠬᠡᠩᠬᠢ ᠬᠡᠰᠡᠭ᠎ᠢ ᠨᠢ ᠳᠠᠬᠢᠨ ᠪᠥᠭ᠌ᠯᠡᠪᠡ》 ᠭᠡᠵᠦ᠍ ᠹᠠᠩ ᠬᠣᠩ ᠮᠢᠩ ᠶᠠᠷᠢᠯ᠎ᠠ᠃
F 2027 ᠪᠠᠢᠰᠢᠩ᠎ᠤᠨ ᠪᠠᠭᠤᠷᠢ ᠪᠣᠯ ᠲᠡᠳᠡᠭᠡᠷ᠎ᠤᠨ ᠳᠣᠲᠣᠷᠠᠬᠢ ᠨᠢᠭᠡ ᠨᠢ ᠪᠣᠯᠤᠨ᠎ᠠ᠃ ᠬᠠᠯᠳᠤ ᠦᠵᠡᠬᠦ᠌᠎ᠳᠦ ᠡᠨᠡ ᠬᠥ᠌ ᠪᠠᠢᠱᠢᠩ ᠨᠢ ᠣᠷᠴᠢᠨ ᠦᠶ᠎ᠡ᠎ᠶ᠋ᠢᠨ ᠲᠣᠭᠣᠰᠭᠠᠨ ᠪᠠᠢᠱᠢᠩ᠎ᠲᠠᠶ ᠳᠡᠮᠡᠢ ᠵᠥᠷᠢᠶ᠎ᠡ ᠦᠭᠡᠢ ᠪᠤᠯᠪᠠᠴᠦ ᠦᠨᠡᠨ᠎ᠳᠡᠭᠡᠨ ᠡᠨᠡ ᠨᠢ ᠪᠠᠭᠤᠷᠢ᠎ᠶᠢᠨ ᠤᠭ ᠳᠦᠷᠰᠦ ᠪᠢᠰᠢ᠂ ᠬᠠᠷᠢᠨ ᠬᠠᠭᠤᠴᠢ ᠰᠤᠳᠤᠯᠤᠯ᠎ᠤᠨ ᠪᠠᠢᠭᠤᠯᠭ᠎ᠠ ᠡᠴᠡ ᠲᠤᠰ ᠪᠠᠭᠤᠷᠢᠳ᠋ᠤ ᠬᠠᠮᠠᠭᠠᠯᠠᠯᠳᠠ ᠵᠢᠨ ᠴᠢᠨᠠᠷᠲᠠᠢ ᠳᠡᠭᠡᠪᠦᠷ ᠪᠣᠯᠤᠨ ᠬᠡᠷᠡᠮ ᠪᠠᠢᠭᠤᠯᠵᠤ᠂ ᠪᠣᠷᠣᠭᠠᠨ᠎ᠤ ᠤᠰᠤ᠂ ᠠᠷᠢᠶᠠᠲᠠᠨ ᠵᠢᠭᠦᠷᠲᠡᠨ ᠪᠣᠯᠤᠨ ᠬᠥᠮᠦᠨ᠎ᠦ ᠬᠠᠯᠳᠠᠯᠭ᠎ᠠ᠎ᠠᠴᠠ ᠰᠡᠷᠭᠡᠢᠯᠡᠭ᠌ᠰᠡᠨ ᠪᠠᠢᠨ᠎ᠠ᠃ ᠡᠢᠨ ᠬᠥ᠌ 4000 ᠭᠠᠷᠤᠶ ᠵᠢᠯ᠎ᠦᠨ ᠡᠮᠦᠨᠡᠬᠢ ᠬᠦᠮᠦᠰ᠎ᠦᠨ ᠠᠮᠢᠳᠤᠷᠠᠵᠤ ᠪᠠᠢᠭ᠍ᠰᠠᠨ ᠨᠦᠬᠡᠨ ᠭᠡᠷ ᠮᠠᠶᠢᠭ᠎ᠤᠨ《ᠬᠣᠶᠠᠷ ᠥᠷᠥᠭᠡ》 ᠵᠢ ᠠᠮᠢᠯᠠᠭᠤᠯᠪᠠ᠃ ᠬᠠᠮᠠᠭᠠᠯᠠᠪᠠᠯ ᠰᠠᠶᠢ ᠰᠣᠶᠣᠯ᠎ᠢ ᠤᠯᠠᠮᠵᠢᠯᠠᠵᠤ᠂ ᠳᠡᠯᠭᠡᠨ ᠦᠵᠡᠭᠦᠯᠵᠦ᠍ ᠠᠱᠢᠭ᠍ᠯᠠᠪᠠᠯ ᠰᠠᠶᠢ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠠᠮᠢᠯᠠᠭᠤᠯᠵᠤ ᠴᠢᠳᠠᠨ᠎ᠠ᠃
ᠤᠯᠠᠭᠠᠨᠴᠠᠪ ᠬᠣᠲᠠ᠎ᠶ᠋ᠢᠨ ᠮᠦᠽᠧᠶ᠎ᠳᠦ ᠠᠳᠠᠯᠢ ᠬᠠᠷᠢᠴᠠᠯ᠎ᠢᠶᠠᠷ ᠰᠡᠷᠭᠦᠭᠡᠨ ᠪᠠᠷᠢᠭᠰᠠᠨ ᠨᠦᠬᠡᠨ ᠬᠡᠷ ᠮᠠᠶᠢᠭ᠎ᠤᠨ《ᠬᠣᠶᠠᠷ ᠥᠷᠥᠭᠡ᠎ᠲᠡᠶ ᠬᠡᠷ》 ᠨᠢ ᠮᠠᠰᠢ ᠣᠯᠠᠨ ᠲᠣᠭᠣᠷᠢᠨ ᠦᠵᠡᠭ᠌ᠰᠡᠳᠦᠨ ᠠᠩᠬᠠᠷᠤᠯ᠎ᠢ ᠲᠠᠲᠠᠨ᠎ᠠ᠃ ᠡᠮᠦᠨ᠎ᠡ ᠥᠷᠥᠭᠡᠨ᠎ᠳᠦ ᠨᠢ ᠵᠤᠤᠬ᠎ᠠ ᠪᠠ ᠠᠮᠢᠳᠤᠷᠠᠯ᠎ᠤᠨ ᠬᠡᠷᠡᠭ᠌ᠰᠡᠯ᠂ ᠦᠶ᠋ᠯᠡᠳᠪᠦᠷᠢᠯᠡᠯ᠎ᠦᠨ ᠪᠠᠭᠠᠵᠢ ᠵᠡᠷᠭᠡ ᠪᠤᠢ᠂ ᠡᠨᠡ ᠨᠢ ᠬᠣᠭᠣᠯᠠᠨ ᠭᠡᠷ ᠪᠤᠯᠤᠨ᠎ᠠ; ᠠᠷᠤ ᠥᠷᠥᠭᠡᠨ᠎ᠳᠦ ᠨᠢ ᠲᠤᠯᠭ᠎ᠠ᠎ᠲᠠᠶ᠂ ᠬᠠᠨ᠎ᠠ᠎ᠵᠢ ᠨᠢ ᠪᠠᠰᠠ ᠴᠠᠭᠠᠨ ᠴᠣᠬᠣᠢ᠎ᠪᠠᠷ 1 ᠮᠧᠲ᠋ᠷ ᠥᠨᠳᠥᠷ ᠴᠤᠬᠤᠢᠳᠠᠵᠠᠢ᠃ ᠭᠡᠷ ᠳᠣᠲᠣᠷ᠎ᠠ ᠨᠢ ᠴᠡᠪᠡᠷ ᠲᠣᠬᠢᠯᠢᠭ ᠪᠠᠢᠯ᠎ᠠ᠂ ᠡᠨᠡ ᠨᠢ ᠠᠮᠠᠷᠠᠬᠤ ᠦᠷᠦᠭᠡ ᠪᠤᠯᠤᠨ᠎ᠠ᠃ 《ᠡᠢᠮᠦᠷᠬᠦᠦ ᠭᠡᠷ ᠪᠠᠢᠱᠢᠩ᠎ᠤᠨ ᠪᠦᠲᠦᠴᠡ ᠨᠢ ᠳᠤᠮᠳᠠᠳᠤ ᠤᠯᠤᠰ᠎ᠤᠨ ᠡᠷᠲᠡᠨ᠎ᠦ ᠦᠶ᠎ᠡ ᠵᠢᠨ ᠪᠠᠷᠢᠯᠭ᠎ᠠ᠎ᠶ᠋ᠢᠨ ᠡᠮᠦᠨ᠎ᠡ ᠭᠡᠷ ᠨᠢ ᠬᠤᠭᠤᠯᠠᠨ ᠭᠡᠷ᠂ ᠠᠷᠤ ᠭᠡᠷ ᠨᠢ ᠠᠮᠠᠷᠠᠬᠤ ᠦᠷᠦᠭᠡ ᠪᠤᠯᠬᠤ ᠵᠢ ᠬᠠᠷᠠᠭᠤᠯᠵᠤ ᠪᠠᠢᠨ᠎ᠠ ᠂ ᠡᠨᠡ ᠨᠢ ᠳᠠᠭ᠎ᠠ᠎ᠶ᠋ᠢᠨ ᠨᠠᠭᠤᠷ ᠣᠷᠣᠨ᠎ᠤ ᠪᠠᠯᠠᠷ ᠡᠷᠲᠡᠨ᠎ᠦ ᠪᠣᠯᠪᠠᠰᠤᠨ᠎ᠢ ᠳᠡᠯᠭᠡᠨ ᠦᠵᠡᠭᠦᠯᠬᠦ᠌ ᠴᠢᠬᠤᠯᠠ ᠠᠴᠢᠶᠠᠯᠠᠪᠤᠷᠢ ᠪᠣᠯᠤᠭ᠍ᠰᠠᠨ ᠪᠠᠢᠨ᠎ᠠ》 ᠭᠡᠵᠦ᠍ ᠵᠠᠩ ᠲᠤᠤ ᠬᠡᠯᠡᠪᠡ᠃
ᠠᠭᠤᠳᠠᠯᠵᠤ ᠬᠠᠮᠠᠭᠠᠯᠠᠭ᠍ᠰᠠᠨ 40 ᠵᠢᠯ᠎ᠦᠨ ᠬᠤᠭᠤᠴᠠᠭᠠᠨ᠎ᠳᠤ ᠳᠠᠭ᠎ᠠ᠎ᠶ᠋ᠢᠨ ᠨᠠᠭᠤᠷ᠎ᠤᠨ ᠪᠠᠭᠤᠷᠢ᠎ᠶᠢᠨ ᠬᠠᠭᠤᠴᠢ ᠰᠤᠳᠤᠯᠤᠯ ᠨᠢ ᠲᠤᠰᠭᠠᠢ ᠮᠡᠷᠭᠡᠵᠢᠯᠲᠡᠳ᠎ᠦᠨ ᠥᠨᠳᠥᠷ ᠦᠨᠡᠯᠡᠯᠲᠡ᠎ᠶ᠋ᠢ ᠣᠯᠵᠠᠢ᠃
ᠳᠤᠮᠳᠠᠳᠤ ᠤᠯᠤᠰ᠎ᠤᠨ ᠠᠯᠳᠠᠷᠲᠤ ᠬᠠᠭᠤᠴᠢ ᠰᠤᠳᠤᠯᠤᠭ᠍ᠴᠢ ᠰᠸ᠋ ᠪᠢᠩ ᠴᠢ ᠠᠪᠤᠭᠠᠶ᠄ 《ᠣᠳᠣᠬᠠᠨ᠎ᠤ ᠲᠡᠦᠬᠡ᠎ᠶ᠋ᠢᠨ ᠬᠢᠴᠢᠶᠡᠯ᠎ᠦᠨ ᠪᠢᠴᠢᠭ ᠳᠡᠭᠡᠷᠡᠬᠢ ᠪᠠᠨ ᠫᠦᠸᠧ ᠵᠢᠨ ᠰᠣᠶᠣᠯ ᠪᠣᠯ ᠱᠢᠪᠠᠷ ᠪᠠᠢᠱᠢᠩ ᠪᠣᠭᠣᠨᠢ ᠭᠡᠷ ᠶᠤᠮ᠂ ᠯᠢᠶᠠᠩᠴᠧᠩ ᠬᠣᠲᠠ᠎ᠶ᠋ᠢᠨ ᠯᠣᠣ ᠬ᠍ᠤ ᠱᠠᠨ ᠠᠭᠤᠯᠠ᠂ ᠶᠤᠸᠠᠨ ᠽᠢ ᠭᠧᠦ ᠵᠢᠨ ᠰᠣᠶᠣᠯ ᠪᠣᠯ ᠥᠨᠳᠥᠷ ᠠᠰᠠᠷ ᠲᠠᠭ᠍ᠲᠤ ᠪᠣᠯᠤᠨ᠎ᠠ᠂ ᠲᠡᠳᠡ ᠪᠣᠯ ᠳᠤᠮᠳᠠᠳᠤ᠎ᠶ᠋ᠢᠨ ᠦᠨᠳᠦᠰᠦᠲᠡᠨ᠎ᠦ ᠲᠠᠪᠤᠨ ᠮᠢᠩᠭᠠᠨ ᠵᠢᠯ᠎ᠦᠨ ᠪᠣᠯᠪᠠᠰᠤᠨ᠎ᠤ ᠥᠷ᠎ᠦᠨ ᠲᠤᠶᠠᠭ᠎ᠠ ᠮᠥᠨ》 ᠬᠡᠵᠤ ᠬᠡᠯᠡᠵᠤ ᠦᠨᠭᠭᠡᠷᠡᠭᠰᠡᠨ ᠪᠠᠢᠨ᠎ᠠ᠃
ᠳᠤᠮᠳᠠᠳᠤ ᠤᠯᠤᠰ᠎ᠤᠨ ᠠᠯᠳᠠᠷᠲᠤ ᠬᠠᠭᠤᠴᠢ ᠰᠤᠳᠤᠯᠤᠭ᠍ᠴᠢ ᠶᠠᠨ ᠸᠸᠨ ᠮᠢᠩ ᠠᠪᠤᠭᠠᠶ ᠲᠠᠭ᠎ᠠ᠎ᠶ᠋ᠢᠨ ᠨᠠᠭᠤᠷ᠎ᠤᠨ ᠪᠠᠭᠤᠷᠢ ᠵᠢᠨ ᠰᠦᠷᠦᠭ᠌ᠵᠢᠯ᠎ᠢ ᠱᠢᠨᠵᠢᠯᠡᠨ ᠪᠠᠢᠴᠠᠭᠠᠭ᠍ᠰᠠᠨ ᠤ ᠳᠠᠷᠠᠭ᠎ᠠ᠄ 《ᠡᠢᠮᠦ᠍ᠷᠬᠦᠤ ᠲᠤᠭ᠎ᠠ ᠬᠡᠮᠵᠢᠶ᠎ᠠ ᠪᠡᠷ ᠣᠯᠠᠨ᠂ ᠪᠠᠢᠷᠢᠱᠢᠯ᠎ᠢᠶᠡᠷ ᠲᠣᠳᠣᠷᠬᠠᠶ ᠱᠢᠨ᠎ᠡ ᠴᠢᠯᠠᠭᠤᠨ ᠵᠡᠪᠰᠡᠭ᠎ᠦᠨ ᠦᠶ᠎ᠡ᠎ᠶ᠋ᠢᠨ ᠬᠥᠮᠦᠨ ᠲᠥᠷᠥᠯᠬᠢᠲᠡᠨ᠎ᠦ ᠣᠷᠣᠰᠢᠨ ᠰᠠᠭᠤᠷᠢᠰᠢᠵᠤ ᠪᠠᠢᠭᠰᠠᠨ ᠨᠦᠬᠡᠨ ᠬᠡᠷ᠎ᠦᠨ ᠪᠠᠭᠤᠷᠢ᠎ᠶ᠋ᠢ ᠢᠯᠡᠷᠡᠭᠦᠯᠦᠭ᠌ᠰᠡᠨ᠎ᠨᠢ ᠦᠨᠡᠬᠡᠷ ᠬᠣᠪᠣᠷ ᠲᠣᠬᠢᠶᠠᠯᠳᠤᠯ ᠪᠣᠯᠤᠨ᠎ᠠ᠂ ᠡᠨᠡ᠎ᠨᠢ ᠮᠠᠨ᠎ᠤ ᠤᠯᠤᠰ᠎ᠤᠨ ᠤᠮᠠᠷᠠᠲᠤ ᠣᠷᠣᠨ᠎ᠤ ᠪᠣᠯᠪᠠᠰᠤᠨ ᠪᠣᠯᠤᠨ ᠤᠯᠤᠰ᠎ᠤᠨ ᠡᠬᠢ ᠡᠭᠦᠰᠦᠯ᠎ᠦᠨ ᠠᠰᠠᠭᠤᠳᠠᠯ᠎ᠢ ᠰᠤᠳᠤᠯᠬᠤ᠎ᠳᠤ ᠬᠣᠪᠣᠷ ᠨᠠᠨᠳᠢᠨ ᠪᠣᠳᠠᠲᠤ ᠲᠡᠦᠬᠡ᠎ᠶ᠋ᠢᠨ ᠮᠠᠲ᠋ᠧᠷᠢᠶᠠᠯ ᠬᠠᠩᠭᠠᠭ᠍ᠰᠠᠨ ᠪᠠᠢᠨ᠎ᠠ》 ᠬᠡᠵᠠᠢ᠃ ᠲᠡᠷᠡ ᠡᠨᠡ ᠬᠦ᠌ ᠪᠠᠭᠤᠷᠢ᠎ᠶ᠋ᠢ ᠢᠯᠡᠷᠡᠬᠦᠯᠦᠭᠰᠡᠨ ᠮᠡᠳᠡᠭᠦᠯᠦᠯᠲᠡ᠎ᠳᠦ 《ᠲᠠᠭ᠎ᠠ᠎ᠶ᠋ᠢᠨ ᠨᠠᠭᠤᠷ᠎ᠤᠨ ᠬᠠᠭᠤᠴᠢ ᠰᠤᠳᠤᠯᠤᠯ》 ᠭᠡᠬᠦ ᠨᠡᠷ᠎ᠡ ᠥᠭ᠌ᠭᠦ ᠵᠢᠨ ᠬᠠᠮᠳᠤ ᠣᠷᠣᠱᠢᠯ ᠪᠢᠴᠢᠵᠦ᠍ ᠥᠭ᠌ᠭᠦᠭ᠌ᠰᠡᠨ ᠪᠠᠢᠨ᠎ᠠ᠃
ᠤᠯᠠᠨ ᠵᠢᠯ᠎ᠦᠨ ᠲᠤᠷᠰᠢ ᠳᠠᠭ᠎ᠠ᠎ᠶ᠋ᠢᠨ ᠨᠠᠭᠤᠷ᠎ᠤᠨ ᠪᠠᠭᠤᠷᠢ᠎ᠶ᠋ᠢᠨ ᠰᠦᠷᠦᠭ᠌ᠵᠢᠯ᠎ᠦᠨ ᠲᠤᠬᠠᠢ ᠰᠤᠳᠤᠯᠭᠠᠨ ᠶᠡᠷᠦ᠍᠎ᠡᠴᠡ ᠵᠣᠭ᠍ᠰᠣᠭ᠍ᠰᠠᠨ ᠦᠭᠡᠢ᠂ ᠵᠠᠷᠢᠮ ᠨᠢ ᠭᠡᠷ᠎ᠦᠨ ᠪᠠᠭᠤᠷᠢ᠎ᠲᠠᠶ ᠬᠣᠯᠪᠣᠭ᠍ᠳᠠᠵᠤ᠂ ᠵᠠᠷᠢᠮ ᠨᠢ ᠸᠠᠭᠠᠷ ᠰᠠᠪᠠ ᠳ᠋ᠤ ᠠᠩᠬᠠᠷᠤᠯ ᠲᠠᠯᠪᠢᠵᠤ᠂ ᠵᠠᠷᠢᠮ ᠨᠢ ᠰᠠᠭᠤᠷᠢᠱᠢᠯ᠎ᠤᠨ ᠬᠡᠯᠪᠡᠷᠢ᠎ᠪᠡᠷ ᠭᠣᠣᠯᠳᠠᠭᠤᠯᠵᠤ ᠪᠠᠢᠪᠠ᠂ ᠬᠡᠳᠦᠨ ᠮᠢᠩᠭᠠᠨ ᠵᠢᠯ᠎ᠦᠨ ᠰᠠᠯᠬᠢ ᠰᠢᠭᠤᠷᠭᠠᠨ᠎ᠢ ᠥᠩᠭᠡᠷᠡᠭᠡᠭ᠌ᠰᠡᠨ ᠡᠳᠡᠭᠡᠷ ᠦᠯᠡᠳᠡᠭ᠌ᠳᠡᠯ ᠨᠢ ᠵᠦᠪᠭᠡᠨ ᠡᠷᠲᠡᠨ᠎ᠦ ᠦᠯᠡᠳᠡᠭ᠌ᠳᠡᠯ ᠲᠡᠳᠦᠢ ᠪᠢᠰᠢ᠂ ᠬᠠᠷᠢᠨ ᠠᠮᠢᠳᠤ ᠪᠤᠳᠠᠳᠠᠢ ᠪᠣᠯᠪᠠᠰᠤᠨ᠎ᠤ ᠳᠤᠷᠠᠰᠤᠮᠵᠢ ᠪᠤᠯᠬᠤ ᠶᠤᠮ᠃
ᠱᠢᠨ᠎ᠡ ᠴᠠᠭ ᠦᠶ᠎ᠡ᠎ᠳᠦ᠂ ᠬᠡᠷᠬᠢᠨ ᠥᠩᠭᠡᠷᠡᠭ᠌ᠰᠡᠨ᠎ᠦ ᠪᠣᠯᠪᠠᠰᠤᠨ᠎ᠤ ᠬᠡᠷᠡᠯ ᠭᠢᠯᠪᠠᠭ᠎ᠠ ᠵᠢ ᠲᠠᠬᠢᠨᠳᠠ ᠰᠠᠴᠤᠷᠠᠭᠤᠯᠬᠤ ᠪᠤᠢ? ᠥᠨᠥᠳᠦᠷ᠎ᠦᠨ ᠳᠠᠭ᠎ᠠ᠎ᠶ᠋ᠢᠨ ᠨᠠᠭᠤᠷ᠎ᠤᠨ ᠬᠥᠪᠡᠭᠡᠨ᠎ᠳᠦ ᠲᠡᠦᠬᠡ᠎ᠶ᠋ᠢᠨ ᠳᠤᠷᠠᠰᠭᠠᠯᠲᠤ ᠵᠦᠢᠯᠡᠰ᠎ᠤᠨ ᠬᠠᠮᠠᠭᠠᠯᠠᠯᠳᠠ ᠵᠢᠨ ᠠᠵᠢᠯᠲᠠᠳ 《ᠬᠠᠮᠠᠭᠠᠯᠠᠯᠳᠠ᠎ᠶ᠋ᠢ ᠲᠡᠷᠢᠭᠦᠨ᠎ᠳᠦ ᠲᠠᠯᠪᠢᠵᠤ᠂ ᠬᠠᠮᠢᠶᠠᠷᠤᠯᠲᠠ᠎ᠵᠢ ᠴᠢᠩᠭᠠᠳᠭᠠᠬᠤ᠂ ᠦᠨ᠎ᠡ ᠦᠷᠳᠡᠭ᠎ᠢ ᠠᠭᠤᠳᠠᠯᠵᠤ᠂ ᠪᠦᠲᠦᠮᠵᠢᠲᠡᠢ ᠠᠱᠢᠭ᠍ᠯᠠᠵᠤ᠂ ᠲᠡᠦᠬᠡ᠎ᠶ᠋ᠢᠨ ᠳᠤᠷᠠᠰᠭᠠᠯᠲᠤ ᠵᠦᠢᠯᠡᠰ ᠢ ᠠᠮᠢᠯᠠᠭᠤᠯᠬᠤ》 ᠣᠢᠯᠠᠭᠠᠭ᠍ᠳᠠᠬᠤᠨ᠎ᠢ ᠪᠠᠷᠢᠮᠲᠠᠯᠠᠵᠤ᠂ ᠳᠠᠭ᠎ᠠ᠎ᠶ᠋ᠢᠨ ᠨᠠᠭᠤᠷ᠎ᠤᠨ ᠪᠠᠭᠤᠷᠢ᠎ᠶ᠋ᠢᠨ ᠬᠠᠮᠠᠭᠠᠯᠠᠯᠲᠠ ᠪᠣᠯᠤᠨ ᠢᠷᠡᠭᠡᠳᠦᠢ᠎ᠶ᠋ᠢ ᠢᠳᠡᠪᠬᠢᠲᠡᠢ ᠰᠦᠪᠡᠭ᠌ᠴᠢᠯᠡᠵᠦ᠍ ᠪᠠᠢᠨ᠎ᠠ᠃ ᠪᠠᠭᠤᠷᠢ᠎ᠶ᠋ᠢᠨ ᠲᠤᠭᠠᠴᠢᠯᠠᠭᠰᠠᠨ ᠭᠤᠷᠪᠠᠨ ᠬᠡᠮᠵᠢᠯᠳᠦ ᠲᠠᠩᠰᠠ ᠡᠪᠬᠡᠮᠡᠯ᠎ᠢ ᠪᠠᠢᠭᠤᠯᠬᠤ᠂ ᠰᠣᠶᠣᠯ᠎ᠤᠨ ᠭᠤᠤᠯ ᠰᠡᠳᠦᠪᠲᠦ ᠰᠤᠳᠤᠯᠤᠨ ᠰᠤᠷᠤᠯᠴᠠᠬᠤ ᠵᠢᠭᠤᠯᠴᠢᠯᠠᠯ᠎ᠤᠨ ᠵᠠᠮ ᠱᠤᠭᠤᠮ᠎ᠢ ᠨᠡᠭᠡᠭᠡᠨ ᠬᠦᠭᠵᠢᠬᠦᠯᠬᠦ ᠂ ᠲᠤᠰᠭᠠᠶ ᠰᠡᠳᠦᠪᠲᠦ ᠮᠦᠽᠧᠶ᠎ᠶ᠋ᠢᠨ ᠰᠦᠷᠦᠭ᠌ᠵᠢᠯ᠎ᠢ ᠲᠥᠯᠥᠪᠵᠢᠭᠦᠯᠬᠦ᠌ ᠵᠡᠷᠭᠡ ᠰᠡᠳᠭᠢᠴᠡ ᠨᠢ ᠡᠨᠡ ᠬᠦ᠌ ᠡᠷᠲᠡᠨ᠎ᠦ ᠭᠠᠵᠠᠷ ᠱᠢᠷᠣᠶ᠎ᠶ᠋ᠢ 《 ᠬᠠᠭᠤᠴᠢ ᠰᠤᠳᠤᠯᠤᠯ᠎ᠤᠨ ᠲᠠᠯᠠᠪᠤᠷ 》 ᠡᠴᠠ 《ᠰᠣᠶᠣᠯ᠎ᠤᠨ ᠪᠡᠯᠭᠡ ᠲᠡᠮᠳᠡᠭ》 ᠳᠠᠢᠰᠢ ᠭᠦᠨᠵᠡᠭᠡᠶ ᠬᠤᠪᠢᠷᠠᠭᠤᠯᠬᠤ᠎ᠶ᠋ᠢ ᠠᠬᠢᠭᠤᠯᠵᠤ ᠪᠠᠢᠨ᠎ᠠ᠃
ᠳᠤᠮᠳᠠᠳᠤ ᠤᠯᠤᠰ᠎ᠤᠨ ᠬᠠᠮᠤᠭ᠎ᠤᠨ ᠡᠷᠲᠡᠨ᠎ᠦ《 ᠪᠤᠭᠤᠮᠳᠠ ᠪᠡᠷ ᠪᠠᠷᠠᠭᠤᠨᠰᠢ ᠨᠡᠬᠦᠳᠡᠯᠯᠡᠭᠰᠡᠨ》 ᠨᠢ ᠤᠷᠢᠳᠤᠬᠢ ᠬᠦᠮᠦᠰ᠎ᠤᠨ ᠨᠡᠭᠦᠳᠡᠯ᠎ᠦᠨ ᠠᠤᠭ᠎ᠠ ᠠᠵᠢᠯᠯᠠᠭ᠎ᠠ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠪᠣᠯᠪᠠᠰᠤᠨ᠎ᠤ ᠬᠦᠴᠦᠨ ᠵᠦᠢᠯ ᠠᠳᠠᠯᠢ ᠪᠤᠰᠤ ᠭᠠᠵᠠᠷ ᠣᠷᠣᠨ᠎ᠳᠤ ᠦᠷᠭᠦᠯᠵᠢᠯᠡᠨ ᠤᠯᠠᠮᠵᠢᠯᠠᠭ᠍ᠳᠠᠵᠤ᠂ ᠮᠥᠷᠭᠥᠯᠳᠦᠨ ᠠᠭᠤᠰᠤᠯᠴᠠᠭ᠍ᠰᠠᠨᠤ ᠠᠮᠢᠳᠤ ᠭᠡᠷᠡᠴᠢ ᠪᠣᠯᠤᠨ᠎ᠠ᠃ ᠳᠠᠭ᠎ᠠ᠎ᠶ᠋ᠢᠨ ᠨᠠᠭᠤᠷ᠎ᠤᠨ ᠳᠣᠯᠭᠢᠶᠠᠨ ᠮᠥᠨ ᠬᠦ᠌ ᠡᠷᠲᠡᠨ ᠡᠳᠦᠭᠡ᠎ᠶ᠋ᠢ ᠭᠡᠢᠭᠦᠯᠦᠭ᠌ᠰᠡᠭᠡᠷ ᠪᠠᠢᠨ᠎ᠠ᠂ ᠡᠳᠡᠭᠡᠷ ᠲᠠᠬᠢᠨᠳᠠ ᠲᠡᠬᠦᠨ ᠠᠪᠴᠤ᠂ ᠨᠢᠮᠪᠠᠢ ᠠᠷᠠᠴᠢᠯᠠᠨ ᠬᠠᠮᠠᠭᠠᠯᠠᠭᠰᠠᠨ 《ᠰᠠᠷᠭᠠᠢ ᠴᠡᠴᠡᠭ᠎ᠦᠨ ᠬᠡᠯᠲᠡᠰ》 ᠨᠢ ᠳᠤᠮᠳᠠᠳᠤ᠎ᠶ᠋ᠢᠨ ᠪᠣᠯᠪᠠᠰᠤᠨ᠎ᠤ ᠤᠯᠠᠨ ᠡᠱᠢᠳᠦ ᠨᠢᠭᠡ ᠴᠣᠭ᠍ᠴᠠ᠂ ᠠᠭᠤᠳᠠᠮᠴᠢ ᠪᠠᠭᠳᠠᠭᠠᠮᠵᠢ ᠵᠢ ᠬᠦᠦᠷᠨᠢᠵᠦ᠍᠂ ᠪᠢᠳᠡᠨ᠎ᠦ ᠬᠠᠮᠲᠤ᠎ᠶ᠋ᠢᠨ ᠦᠨᠳᠦᠰᠦ ᠤᠭᠰᠠᠭ᠎ᠠ ᠪᠠ ᠰᠦᠭ ᠰᠦᠨᠡᠰᠦᠨ᠎ᠳᠤ ᠨᠡᠩ ᠭᠦᠨ ᠵᠤᠵᠠᠭᠠᠨ ᠰᠣᠶᠣᠯ᠎ᠤᠨ ᠬᠦᠴᠦᠨ ᠨᠡᠮᠡᠷᠢᠯᠡᠭ᠌ᠰᠡᠨ ᠪᠠᠢᠨ᠎ᠠ᠃