︱ 《ᠢᠬᠡᠷ᠎ᠡ ᠤᠷᠳᠤ》 ᠲᠤᠮᠳᠠᠳᠤ ᠮᠤᠩᠭᠤᠯ ᠬᠤᠶᠠᠷ ᠤᠯᠤᠰ᠎ᠤᠨ ᠰᠤᠷᠪᠤᠯᠵᠢᠯᠠᠬᠴᠢᠳ᠎ᠤᠨ ᠬᠢᠯᠢ ᠵᠢᠨ ᠪᠤᠭᠤᠮᠳᠡ ᠳ᠋ᠡᠬᠢ ᠬᠠᠮᠳᠤᠷᠠᠬᠰᠠᠨ ᠰᠤᠷᠪᠤᠯᠵᠢᠯᠠᠭ᠎ᠠ (ᠨᠢᠭᠡ)
ᠨᠠᠢᠷᠠᠭᠤᠯᠤᠬᠴᠢ᠎ᠶ᠋ᠢᠨ ᠦᠭᠡ᠄
ᠡᠪᠤᠯ᠎ᠤᠨ ᠬᠦᠢᠳᠡᠨ ᠡᠭᠡ ᠳᠡᠯᠡᠬᠡᠢ ᠳ᠋ᠦ᠍ ᠰᠠᠭᠠᠳᠠᠵᠤ᠂ ᠮᠦᠩᠭᠡ ᠪᠠᠢᠭᠠᠯᠢ ᠮᠥᠩᠭᠥᠨ ᠳᠡᠪᠡᠯ᠎ᠢᠶᠠᠷ ᠭᠠᠩᠭᠠᠷᠠᠭᠰᠠᠨ 12 ᠰᠠᠷ᠎ᠠ ᠵᠢᠨ 12 ᠤ᠋ᠨ ᠡᠳᠤᠷ ᠡᠴᠡ 19 ᠤ᠋ ᠡᠳᠤᠷ ᠪᠤᠯᠳᠠᠯ᠎ᠡ᠂ ᠦᠪᠦᠷ ᠮᠤᠩᠭᠤᠯ ᠤᠨ ᠡᠳᠤᠷ᠎ᠤᠨ ᠰᠤᠨᠢᠨ᠎ᠤ ᠬᠤᠷᠢᠶ᠎ᠡ ᠡᠴᠡ ᠤᠬᠠᠭᠠᠯᠠᠵᠤ ᠲᠦᠰᠦᠪᠯᠡᠭᠰᠡᠨ 《〈ᠢᠬᠡᠷ᠎ᠡ ᠤᠷᠳᠤ〉ᠲᠤᠮᠳᠠᠳᠤ ᠮᠤᠩᠭᠤᠯ ᠬᠤᠶᠠᠷ ᠤᠯᠤᠰ᠎ᠤᠨ ᠰᠤᠷᠪᠤᠯᠵᠢᠯᠠᠬᠴᠢᠳ᠎ᠤᠨ ᠬᠢᠯᠢ ᠵᠢᠨ ᠪᠤᠭᠤᠮᠳᠡ ᠳ᠋ᠡᠬᠢ ᠬᠠᠮᠳᠤᠷᠠᠬᠰᠠᠨ ᠰᠤᠷᠪᠤᠯᠵᠢᠯᠠᠭ᠎ᠠ 》 ᠶᠠᠪᠤᠬᠳᠠᠵᠦ᠂ ᠰᠣᠷᠪᠣᠯᠵᠢᠯᠠᠭ᠍ᠴᠢᠳ ᠮᠠᠨᠢ ᠬᠤᠶᠠᠷ ᠤᠯᠤᠰ ᠤᠨ ᠬᠢᠯᠢ᠎ᠶᠢᠨ ᠱᠤᠭᠤᠮᠲᠠᠭᠠᠤ ᠢᠵᠢᠯᠢᠰᠢᠨ ᠣᠷᠣᠰᠢᠳᠠᠭ 《 ᠢᠬᠡᠷ᠎ᠡ》 ᠪᠣᠭᠣᠮᠳᠠ ᠨᠤᠭᠤᠳ᠎ᠤᠨ ᠲᠥᠯᠥᠭᠡᠯᠡᠯ ᠪᠣᠯᠬᠣ᠌ ᠡᠷᠢᠶᠡᠨ︱ ᠵᠠᠮ᠎ᠤᠨ ᠡᠭᠦᠳᠡ᠂ ᠮᠠᠨᠳᠣᠯ ︱ ᠬᠠᠩᠭᠢ᠂ ᠴᠡᠬᠡ ︱ ᠰᠢᠪᠡᠬᠡ ᠬᠦᠷᠡᠩ᠂ ᠭᠠᠭᠴᠠᠮᠣᠳᠣ᠌ ︱ ᠭᠠᠰᠢᠭᠤᠨ ᠰᠣᠬᠠᠢᠳᠣ᠌᠂ ᠷᠠᠰᠢᠶᠠᠨ ︱ ᠰᠦᠮᠪᠦᠷ ᠵᠡᠷᠬᠡ ᠲᠠᠪᠤᠨ 《ᠢᠬᠡᠷ᠎ᠡ》 ᠪᠣᠭᠣᠮᠳᠠ᠎ᠪᠠᠷ ᠰᠤᠷᠪᠤᠯᠵᠢᠯᠠᠭ᠎ᠠ ᠥᠷᠨᠢᠭᠦᠯᠵᠤ᠂ ᠬᠣᠶᠠᠷ ᠣᠯᠣᠰ᠎ᠤᠨ ᠨᠡᠢᠭᠡᠮ ᠠᠵᠣ᠌ ᠠᠬᠣᠢ᠂ ᠠᠷᠠᠯᠵᠢᠶ᠎ᠠ ᠬᠤᠳᠠᠯᠳᠤᠭ᠎ᠠ᠂ ᠰᠤᠶᠤᠯ ᠤ᠋ᠨ ᠰᠣᠯᠢᠯᠴᠠᠭ᠎ᠠ ᠶᠠᠪᠤᠯᠴᠠᠭ᠎ᠠ᠂ ᠬᠠᠮᠳᠣ᠌ᠶᠢᠨ ᠠᠵᠢᠯᠯᠠᠭᠠᠨ᠎ᠤ ᠣᠯᠤᠯᠲᠠ ᠠᠮᠵᠢᠯᠳᠠ᠎ᠶᠢ ᠤᠢᠯᠠᠭᠠᠨ ᠮᠡᠳᠡᠭᠡᠯᠡᠪᠡ᠃ ᠡᠨᠡᠭᠦ ᠰᠢᠷᠢᠰ ᠮᠡᠳᠡᠭᠡᠯᠡᠯ ᠵᠢᠡᠨ ᠡᠷᠬᠢᠮ ᠲᠠ ᠪᠦᠬᠦᠨ ᠳ᠋ᠡᠬᠡᠨ ᠡᠷᠭᠦᠨ ᠳᠡᠪᠰᠢᠭᠦᠯᠵᠦ ᠪᠠᠢᠨ᠎ᠠ᠃ ᠠᠩᠬᠠᠷᠤᠨ ᠤᠩᠰᠢᠮᠤ︕
ᠡᠨᠡ ᠪᠣᠯ ᠶᠡᠬᠡ ᠬᠢᠩᠭᠠᠨ ᠳᠠᠪᠠᠭᠠᠨ᠎ᠤ ᠪᠠᠷᠠᠭᠤᠨ ᠡᠮᠦᠨ᠎ᠡ ᠠᠭᠤᠯᠠᠨ ᠬᠣᠷᠮᠣᠶ ᠳ᠋ᠤ ᠪᠠᠢᠷᠢᠯᠠᠬᠰᠠᠨ ᠬᠢᠯᠢ ᠵᠢᠨ ᠵᠢᠵᠢᠭᠭᠡᠨ ᠬᠣᠲᠠ᠃
ᠡᠨᠡ ᠪᠣᠯ ᠬᠥᠮᠦᠨ ᠪᠦᠭᠦᠨ ᠭᠦᠷᠦᠢᠡ ᠭᠡᠵᠤ ᠬᠦᠰᠡᠵᠤ ᠮᠦᠷᠦᠭᠡᠳᠳᠡᠭ ᠪᠠᠢᠭᠠᠯᠢ ᠨᠢ ᠭᠤᠶᠤᠮᠰᠤᠭ᠂ ᠨᠤᠳᠤᠭ ᠨᠢ ᠨᠠᠢᠷᠠᠮᠳᠠᠭᠤ ᠦᠵᠡᠰᠭᠦᠯᠡᠡᠭ᠎ᠲᠤ ᠰᠠᠢᠬᠠᠨ ᠷᠠᠱᠢᠶᠠᠨ ᠬᠤᠳᠡ᠃

12 ᠰᠠᠷ᠎ᠠ ᠵᠢᠨ 15 ᠤ᠋ ᠡᠳᠤᠷ ᠂ ᠷᠠᠰᠢᠶᠠᠨ ᠬᠤᠳᠠ ᠵᠢᠨ ᠠᠭᠠᠷ᠎ᠤᠨ ᠲᠤᠯᠠᠭᠠᠨ ᠲᠡᠭ ᠡᠴᠡ ᠲᠤᠷᠤᠭᠰᠢ 35 ᠭᠷᠠᠳᠦ᠋ᠰ᠃ ᠡᠨᠡᠬᠦ ᠲᠡᠰᠬᠢᠮ᠎ᠠ ᠬᠦᠢᠳᠡᠨ ᠡᠪᠤᠯ᠎ᠦᠨ ᠦᠷᠯᠦᠭᠡ᠂ ᠮᠣᠩᠭᠣᠯ ᠤᠯᠤᠰ᠎ᠤᠨ ᠳᠣᠷᠣᠨᠠᠲᠤ ᠠᠢᠮᠠᠭ᠎ᠤᠨ ᠬᠤᠳᠠᠯᠳᠤᠭ᠎ᠠ ᠠᠵᠤ ᠦᠢᠯᠡᠳᠪᠤᠷᠢ ᠵᠢᠨ ᠲᠢᠨᠭᠭᠢᠮ᠎ᠦᠨ ᠲᠠᠷᠤᠭ᠎ᠠ ᠡ᠊·ᠡᠠᠳᠢᠶᠠ ᠬᠦᠩᠭᠡᠨ ᠮᠠᠰᠢᠨᠳᠤ ᠰᠠᠭᠤᠵᠤ ᠷᠠᠰᠢᠶᠠᠨ ᠬᠤᠳᠠ ᠵᠦᠭ ᠬᠦᠯᠦᠭ᠎ᠤᠨ ᠵᠢᠯᠤᠭᠤ ᠪᠠᠨ ᠶᠠᠭᠠᠷᠠᠩᠬᠠᠨ ᠵᠠᠯᠠᠯ᠎ᠠ᠃ ᠲᠡᠷᠡᠪᠡᠷ ᠤᠳᠠᠭᠠᠨ ᠵᠢᠯ ᠳᠤᠮᠳᠠᠳᠤ ᠮᠤᠩᠭᠤᠯ ᠬᠤᠶᠠᠷ ᠤᠯᠤᠰ᠎ᠤᠨ ᠰᠤᠯᠢᠯᠴᠠᠭ᠎ᠠ ᠶᠠᠪᠤᠯᠴᠠᠭ᠎ᠠ ᠳ᠋ᠤ ᠤᠷᠤᠯᠴᠠᠵᠤ᠂ ᠳᠤᠮᠳᠠᠳᠤ ᠤᠯᠤᠰ᠎ᠤᠨ ᠤᠯᠠᠨ ᠬᠤᠳᠠᠳ ᠵᠢᠡᠷ ᠶᠠᠪᠤᠭᠰᠠᠨ ᠴᠸ᠋ ᠷᠠᠰᠢᠶᠠᠨ ᠬᠤᠳᠠ ᠪᠡᠷ ᠲᠠᠡᠭᠳᠠ ᠪᠠᠭᠤᠵᠤ ᠰᠠᠭᠤᠳᠠᠭ ᠪᠠᠢᠯ᠎ᠠ᠃ 《ᠴᠠᠰᠤᠳᠤ ᠷᠠᠰᠢᠶᠠᠨ ᠴᠠᠭᠠᠨ᠎ᠠ ᠪᠠᠨ ᠭᠤᠶᠤᠬᠠᠨ ᠳ᠋ᠠ᠂ ᠡᠨᠳᠠ᠎ᠬᠢ ᠨᠢ ᠮᠠᠨ᠎ᠤ ᠮᠤᠩᠭᠤᠯ ᠤᠯᠤᠰ᠎ᠤᠨ ᠠᠷᠠᠳ ᠢᠷᠭᠡᠳ᠎ᠦᠨ ᠠᠶᠠᠯᠠᠯ ᠵᠢᠭᠤᠯᠴᠢᠯᠠᠯ ᠬᠢᠭᠦ ᠠᠶᠠᠳᠠᠢ ᠰᠠᠢᠬᠠᠨ ᠤᠷᠤᠨ ᠪᠤᠯᠤᠭᠰᠠᠨ ᠰᠢᠤ》 ᠬᠡᠵᠤ ᠡᠠᠳᠢᠶᠠ ᠲᠠᠷᠤᠭ᠎ᠠ ᠮᠠᠨᠤᠰ ᠲᠠᠢ ᠠᠭᠤᠯᠵᠠᠩᠭᠤᠳᠡ ᠶᠠᠷᠢᠶ᠎ᠡ ᠬᠠᠭᠤᠴᠢᠯᠠᠨ᠎ᠠ᠃
ᠷᠠᠰᠢᠶᠠᠨ ᠬᠤᠳᠠ ᠨᠢ ᠬᠦᠮᠦᠨ ᠠᠮᠠ ᠴᠦᠬᠡᠨᠳᠠᠢ ᠵᠢᠵᠢᠭᠬᠡᠨ ᠬᠤᠳᠠ ᠠᠳᠠᠯ᠎ᠠ ᠮᠤᠩᠭᠤᠯ ᠤᠯᠤᠰ᠎ᠤᠨ ᠵᠢᠭᠤᠯᠴᠢᠯᠠᠭᠰᠠᠳ᠎ᠤᠨ ᠰᠡᠳᠬᠢᠯ᠎ᠢ ᠠᠷᠭᠠᠮᠵᠢᠳᠠᠭ ᠨᠢ ᠶᠠᠭᠤᠨ᠎ᠤ ᠬᠢ ᠪᠢᠯᠡ⁉ ᠷᠠᠰᠢᠶᠠᠨ ᠪᠤᠭᠤᠮᠳᠠ ᠪᠡᠷ ᠤᠷᠤᠵᠦ ᠢᠷᠡᠬᠦᠶ᠎ᠡ 《ᠲᠤᠮᠤᠭ᠎ᠦᠨ ᠶᠢᠷᠳᠢᠨᠴᠤ》᠎ᠳ᠋ᠸ᠋ ᠰᠠᠭᠠᠳᠠᠭᠰᠠᠨ ᠭᠡᠮᠡᠷ᠂ ᠮᠦᠨᠭᠬᠦᠨ ᠶᠢᠷᠳᠢᠨᠴᠤ ᠵᠢᠨ ᠡᠳᠡᠭᠡᠳ ᠭᠤᠶᠤ ᠦᠵᠡᠮᠵᠢ ᠵᠢ ᠪᠦᠷᠢᠳᠦᠭᠦᠯᠦᠭᠰᠡᠨ ᠷᠠᠰᠢᠶᠠᠨ ᠬᠤᠳᠠ ᠨᠢ ᠠᠭᠤᠳᠠᠮ ᠲᠠᠯ᠎ᠠ᠂ ᠨᠡᠯᠦᠭᠡᠷ ᠶᠡᠭᠡ ᠤᠢ ᠲᠠᠢᠭ᠎ᠠ᠂ ᠬᠠᠴᠢᠨ ᠭᠠᠢᠬᠠᠯᠳᠠᠢ ᠴᠢᠯᠠᠭᠤᠨ ᠤᠢ᠂ ᠴᠠᠰᠤᠳᠤ ᠴᠠᠭᠠᠨ ᠶᠢᠷᠳᠢᠨᠴᠤ ᠪᠠ ᠦᠨᠳᠤᠷ ᠠᠭᠤᠯᠠ ᠵᠢᠨ ᠬᠠᠯᠠᠭᠤᠨ ᠷᠠᠰᠢᠶᠠᠨ᠂ ᠦᠷᠦᠨᠡᠳᠠᠬᠢᠨ᠎ᠤ ᠬᠡᠪ ᠨᠠᠮᠪᠠᠲᠤ ᠪᠠᠷᠢᠯᠭ᠎ᠠ ᠵᠡᠷᠭᠡ ᠨᠢ ᠡᠨᠳᠡ ᠢᠷᠡᠭᠰᠡᠨ ᠮᠤᠩᠭᠤᠯ ᠤᠯᠤᠰ᠎ᠤᠨ ᠵᠢᠭᠤᠯᠴᠢᠯᠠᠬᠰᠠᠳ᠎ᠤᠨ ᠬᠠᠷᠠᠭ᠎ᠠ ᠵᠢ ᠪᠤᠯᠢᠶᠠᠵᠦ ᠰᠡᠳᠬᠢᠯ᠎ᠢ ᠨᠢ ᠭᠡᠵᠢᠭᠡᠳᠡᠳᠡᠭ ᠠᠵᠠᠢ᠃

ᠷᠠᠱᠢᠶᠠᠨ ᠬᠤᠳᠡ ᠵᠢᠨ ᠬᠢᠯᠢ ᠵᠢᠨ ᠠᠷᠠᠯᠵᠢᠶᠠᠨ ᠤ ᠲᠦᠪ
ᠷᠠᠱᠢᠶᠠᠨ ᠬᠢᠯᠢ ᠵᠢᠨ ᠪᠣᠭᠣᠮᠲᠠ ᠮᠣᠩᠭᠣᠯ ᠤᠯᠤᠰ᠎ᠤᠨ ᠳᠣᠷᠣᠨᠠᠲᠤ ᠠᠢᠮᠠᠭ᠎ᠤᠨ ᠰᠦᠮᠪᠦᠷ ᠬᠢᠯᠢ ᠵᠢᠨ ᠪᠣᠭᠣᠮᠲᠠ᠎ᠲᠠᠶ ᠭᠣᠣᠯ ᠠᠯᠤᠰᠯᠠᠨ ᠪᠠᠢᠷᠢᠯᠠᠵᠤ ᠪᠤᠢ᠃ ᠲᠡᠷᠡ᠎ᠨᠢ ᠮᠠᠨ᠎ᠤ ᠤᠯᠤᠰ᠎ᠤᠨ ᠮᠣᠩᠭᠣᠯ ᠤᠯᠤᠰ᠎ᠲᠤ ᠨᠡᠭᠡᠭᠡᠯᠲᠡ ᠬᠢᠭ᠌ᠰᠡᠨ ᠣᠯᠠᠨ ᠤᠯᠤᠰ᠎ᠤᠨ ᠴᠢᠨᠠᠷᠲᠠᠶ 5 ᠬᠢᠯᠢ ᠵᠢᠨ ᠪᠣᠭᠣᠮᠲᠠ᠎ᠶ᠋ᠢᠨ ᠨᠢᠭᠡ ᠪᠣᠯᠬᠤ᠎ᠪᠠᠷ ᠪᠠᠷᠠᠬᠤ ᠥᠬᠡᠶ᠂ ᠪᠠᠰᠠ ᠴᠤ᠌ ᠦᠪᠦᠷ ᠮᠤᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠭᠠᠳᠠᠭ᠍ᠰᠢ ᠨᠡᠭᠡᠭᠡᠯᠲᠡ ᠬᠢᠭ᠌ᠰᠡᠨ ᠬᠢᠯᠢ ᠵᠢᠨ ᠪᠣᠭᠣᠮᠲᠠ᠎ᠶ᠋ᠢᠨ ᠳᠣᠲᠣᠷᠠᠬᠢ ᠴᠣᠷ ᠤᠨ ᠭᠠᠭ᠍ᠴᠠ ᠲᠡᠮᠦᠷ ᠵᠠᠮ᠂ ᠵᠠᠰᠠᠮᠠᠯ ᠵᠠᠮ᠂ ᠠᠭᠠᠷ᠎ᠤᠨ ᠠᠶᠠᠯᠠᠯ ᠪᠠ ᠤᠰᠤᠨ ᠵᠠᠮ 《ᠳᠥᠷᠪᠡ᠎ᠶ᠋ᠢ ᠨᠢᠭᠡ ᠴᠣᠭ᠍ᠴᠠᠵᠢᠭᠤᠯᠤᠬᠰᠠᠨ》 ᠬᠢᠯᠢ ᠵᠢᠨ ᠪᠣᠭᠣᠮᠲᠠ ᠪᠤᠯᠤᠨ᠎ᠠ᠃ ᠷᠠᠱᠢᠶᠠᠨ ᠬᠢᠯᠢ ᠵᠢᠨ ᠪᠣᠭᠣᠮᠲᠠ ᠨᠢ ᠡᠯᠪᠡᠭ ᠪᠠᠶᠠᠯᠢᠭ ᠵᠢᠭᠤᠯᠴᠢᠯᠠᠯ᠎ᠤᠨ ᠡᠬᠢ ᠪᠠᠶᠠᠯᠢᠭ ᠪᠠ ᠥᠪᠡᠷᠮᠢᠴᠡ ᠭᠠᠵᠠᠷ ᠵᠦᠶ᠎ᠶ᠋ᠢᠨ ᠳᠠᠪᠠᠭᠤᠯᠢᠭ ᠨᠦᠬᠦᠴᠡᠯ ᠲᠠᠶ ᠪᠠᠢᠵᠤ᠂ ᠬᠢᠩᠭᠠᠨ ᠠᠢᠮᠠᠭ ᠪᠣᠯᠤᠨ ᠮᠣᠩᠭᠣᠯ ᠤᠯᠤᠰ᠎ᠤᠨ 130 ᠺᠢᠯᠣᠮᠧᠲ᠋ᠷ ᠣᠷᠳᠣ ᠬᠢᠯᠢ᠎ᠶ᠋ᠢᠨ ᠱᠤᠭᠤᠮ᠎ᠳᠤ ᠡᠩᠬᠡ ᠲᠠᠢᠪᠤᠩ ᠨᠥᠬᠥᠷᠯᠡᠯ᠎ᠦᠨ ᠵᠠᠮ᠎ᠢ ᠳᠡᠪᠢᠰᠴᠦ᠍᠂ ᠬᠠᠮᠲᠤ᠎ᠶ᠋ᠢᠨ ᠬᠥᠭ᠌ᠵᠢᠯᠲᠡ᠎ᠶ᠋ᠢᠨ ᠬᠥᠭᠥᠷᠭᠡ᠎ᠶ᠋ᠢ ᠪᠠᠢᠭᠤᠯᠵᠦ ᠦᠭᠭᠦᠭᠰᠡᠨ ᠪᠢᠯᠡ᠃ 《ᠦᠨᠤ ᠵᠢᠯ ᠷᠠᠰᠢᠶᠠᠨ ᠪᠤᠭᠤᠮᠳᠠ᠎ᠪᠡᠷ ᠣᠷᠣᠵᠤ ᠭᠠᠷᠤᠭᠰᠠᠨ ᠬᠥᠮᠥᠨ᠎ᠦ ᠲᠣᠭ᠎ᠠ 14850 ᠬᠥᠮᠥᠨ ᠤᠳᠠᠭ᠎ᠠ᠎ᠳᠤ ᠬᠦᠷᠴᠦ᠂ ᠲᠡᠷᠭᠡ ᠬᠦᠰᠭᠡ 1250 ᠤᠳᠠᠭ᠎ᠠ ᠨᠡᠪᠳᠡᠷᠠᠵᠤ᠂ ᠭᠠᠳᠠᠭᠠᠳᠤ ᠵᠢᠨ ᠵᠢᠭᠤᠯᠴᠢᠯᠠᠭᠰᠠᠳ ᠶᠠᠪᠤᠬᠤ ᠲᠤᠳᠤᠮ ᠤᠯᠠᠰᠢᠷᠠᠵᠤ ᠪᠠᠢᠨ᠎ᠠ᠃ ᠭᠠᠳᠠᠭᠠᠳᠤ᠎ᠶ᠋ᠢᠨ ᠵᠢᠭᠤᠯᠴᠢᠯᠠᠭᠰᠠᠳ ᠭᠤᠤᠯᠳᠠᠭᠤ ᠪᠠᠷᠠᠭ᠎ᠠ ᠬᠤᠳᠠᠯᠳᠤᠨ ᠠᠪᠬᠤ᠂ ᠪᠠᠢᠭᠠᠯᠢ᠎ᠶᠢᠨ ᠥᠩᠭᠡ ᠦᠵᠡᠮᠵᠢ ᠵᠢ ᠰᠤᠨᠢᠷᠬᠠᠬᠤ ᠪᠤᠶᠤ ᠭᠠᠢᠬᠠᠮᠰᠢᠭ᠍ᠲᠤ ᠬᠠᠯᠠᠭᠤᠨ ᠷᠠᠰᠢᠶᠠᠨᠢ ᠪᠡᠶᠡᠴᠢᠯᠡᠨ ᠤᠢᠯᠠᠭᠠᠬᠤ ᠪᠡᠷ ᠵᠤᠷᠢᠵᠦ ᠢᠷᠡᠳᠡᠭ 》 ᠬᠡᠵᠤ ᠷᠠᠱᠢᠶᠠᠨ ᠤ ᠬᠢᠯᠢ᠎ᠪᠡᠷ ᠣᠷᠣᠵᠤ ᠭᠠᠷᠬᠤ ᠬᠢᠯᠢ᠎ᠶ᠋ᠢᠨ ᠬᠠᠮᠠᠭᠠᠯᠠᠯᠲᠠ᠎ᠶ᠋ᠢᠨ ᠪᠠᠢᠴᠠᠭᠠᠬᠤ ᠥᠷᠲᠡᠭᠡ᠎ᠶ᠋ᠢᠨ ᠡᠭᠦᠷᠭᠡ ᠭᠦᠶ᠋ᠴᠡᠳᠭᠡᠬᠦ᠌ ᠬᠣᠶᠠᠳᠤᠭᠠᠷ ᠠᠩᠭᠢ᠎ᠶ᠋ᠢᠨ ᠳᠡᠳ᠋ ᠳᠠᠷᠤᠭ᠎ᠠ ᠴᠢ ᠶᠦᠨᠭ ᠵᠢᠢ ᠰᠤᠷᠪᠤᠯᠵᠢᠯᠠᠭᠴᠢ ᠳ᠋ᠤ ᠲᠠᠨᠢᠯᠴᠠᠭᠤᠯᠤᠨ᠎ᠠ᠃
— ᠪᠥᠬᠥ᠌ ᠬᠡᠷ᠎ᠢᠶᠡᠷ᠎ᠢᠶᠡᠨ ᠷᠠᠱᠢᠶᠠᠨ ᠬᠣᠲᠠ᠎ᠳᠤ ᠬᠦᠷᠴᠤ ᠬᠠᠯᠠᠭᠤᠨ ᠷᠠᠱᠢᠶᠠᠨ᠎ᠳᠤ ᠤᠷᠤᠵᠤ᠂ ᠡᠮᠲᠦ ᠤᠬᠢᠶᠠᠯ ᠬᠢᠬᠦ ᠬᠠᠯᠠᠭᠤᠷᠠᠯ ᠮᠣᠩᠭᠣᠯ ᠤᠯᠤᠰ᠎ᠤᠨ ᠵᠢᠭᠤᠯᠴᠢᠯᠠᠭᠴᠢ ᠵᠢᠨ ᠳᠤᠮᠳᠠ ᠮᠠᠰᠢ ᠶᠡᠬᠡ ᠳᠡᠯᠭᠡᠷᠡᠵᠦ᠍ ᠪᠠᠢᠨ᠎ᠠ᠂ ᠮᠣᠩᠭᠣᠯ ᠠᠨᠠᠭᠠᠬᠤ ᠤᠬᠠᠭᠠᠨ᠎ᠳᠤ ᠬᠠᠯᠠᠭᠤᠨ ᠷᠠᠱᠢᠶᠠᠨ᠂ ᠡᠮᠲᠦ ᠤᠬᠢᠶᠠᠯ ᠵᠡᠷᠭᠡ ᠨᠢ ᠡᠷᠡᠭᠦᠯ ᠮᠡᠨᠳᠦ᠍ ᠳ᠋ᠤ ᠲᠤᠰᠠᠳᠠᠢ᠂ ᠡᠮᠴᠢᠯᠡᠭᠡ ᠰᠤᠪᠢᠯᠠᠯᠳᠠ ᠳ᠋ᠤ ᠠᠰᠢᠬ᠎ᠲᠡᠶ ᠪᠣᠯᠬᠣᠷ ᠬᠠᠯᠠᠭᠤᠨ ᠷᠠᠱᠢᠶᠠᠨ᠎ᠤ ᠭᠠᠵᠠᠷ ᠨᠢ ᠮᠤᠨᠭᠭᠤᠯ ᠤᠯᠤᠰ᠎ᠦᠨ ᠵᠢᠭᠤᠯᠴᠢᠯᠠᠬᠰᠠᠳ᠎ᠦᠨ ᠬᠦᠷᠢᠶᠡᠯᠡᠯ᠎ᠢ ᠤᠯᠵᠤ ᠪᠠᠢᠨ᠎ᠠ》 ᠭᠡᠵᠤ ᠷᠠᠱᠢᠶᠠᠨ ᠬᠣᠲᠠ ᠳ᠋ᠤ ᠵᠢᠭᠤᠯᠴᠢᠯᠠᠯ᠎ᠤᠨ ᠦᠢᠯᠡᠰ ᠡᠷᠬᠢᠯᠡᠵᠤ ᠪᠠᠢᠭ᠎ᠠ ᠹᠦ᠋ ᠯᠢ ᠬᠣᠩ ᠨᠦᠭᠦᠵᠤ ᠲᠠᠨᠢᠯᠴᠠᠭᠤᠯᠤᠨ᠎ᠠ᠃
ᠦᠩᠭᠡᠷᠡᠭᠰᠡᠨ ᠳ᠋ᠤ ᠂ ᠷᠠᠱᠢᠶᠠᠨ ᠪᠣᠭᠣᠮᠲᠠ ᠤᠯᠠᠷᠢᠯ᠎ᠤᠨ ᠴᠢᠨᠠᠷᠲᠠᠶ ᠨᠡᠭᠡᠭᠡᠯᠲᠡ ᠬᠢᠵᠦ᠍ ᠪᠠᠢᠭ᠍ᠰᠠᠨ᠎ᠠᠴᠠ᠎ᠪᠠᠨ 2025 ᠤᠨ᠎ᠤ 11 ᠰᠠᠷ᠎ᠠ ᠵᠢᠨ 24 ᠤ ᠡᠳᠤᠷ ᠡᠴᠡ ᠡᠬᠢᠯᠡᠨ ᠵᠢᠯ ᠲᠤᠷᠰᠢ ᠨᠡᠭᠡᠭᠡᠯᠲᠡ ᠬᠢᠬᠦ᠌ ᠵᠢ ᠪᠥᠬᠥ᠌ ᠲᠠᠯ᠎ᠠ᠎ᠪᠠᠷ ᠪᠡᠶᠡᠯᠡᠭᠦᠯᠵᠦ᠍᠂ ᠳᠤᠮᠳᠠᠳᠤ ᠮᠣᠩᠭᠣᠯ ᠬᠣᠶᠠᠷ ᠤᠯᠤᠰ᠎ᠦᠨ ᠭᠠᠳᠠᠭᠠᠳᠤ ᠨᠡᠭᠡᠭᠡᠯᠳᠠ ᠪᠠ ᠠᠵᠤ ᠠᠬᠤᠶ ᠠᠷᠠᠯᠵᠢᠶᠠᠨ᠎ᠤ ᠶᠠᠪᠤᠯᠴᠠᠭ᠎ᠠ ᠰᠣᠯᠢᠯᠴᠠᠭ᠎ᠠ᠎ᠳᠤ ᠪᠠᠲᠤ ᠪᠠᠬᠢ ᠬᠥᠭᠥᠷᠭᠡ ᠬᠣᠯᠪᠣᠭᠠᠰᠤ ᠪᠤᠯᠤᠭ᠍ᠰᠠᠨ ᠪᠠᠢᠨ᠎ᠠ᠃
— ᠪᠢᠳᠠ ᠰᠠᠷ᠎ᠠ ᠳ᠋ᠠᠭᠠᠨ ᠲᠦᠮᠡ ᠭᠠᠷᠤᠢ ᠲᠦᠬᠦᠷᠢᠭ᠎ᠦᠨ ᠤᠷᠤᠯᠭ᠎ᠠ ᠤᠯᠴᠢᠬᠠᠳᠠᠭ᠃ ᠤᠳᠤ ᠷᠠᠰᠢᠶᠠᠨ ᠪᠤᠭᠤᠮᠳᠠ ᠵᠢ ᠵᠢᠯ ᠲᠤᠷᠰᠢ ᠨᠡᠭᠡᠭᠡᠯᠲᠡ ᠬᠢᠬᠦ᠌ ᠬᠢᠯᠢ ᠵᠢᠨ ᠪᠤᠭᠤᠮᠳᠠ ᠪᠤᠯᠭᠠᠭᠰᠠᠨ ᠨᠢ ᠴᠤᠬᠤᠮ ᠴᠸ᠋ ᠠᠵᠠᠳᠠᠢ ᠤᠴᠢᠷ ᠪᠤᠯᠤᠭᠰᠠᠨ᠃ ᠮᠠᠨ᠎ᠤ ᠪᠤᠬᠢᠷᠳᠤᠯ ᠦᠭᠡᠢ ᠮᠦᠷᠳᠡᠭᠡᠨ ᠬᠢᠮᠳᠠ ᠬᠢᠯᠪᠠᠷ ᠪᠠᠷᠠᠭ᠎ᠠ ᠲᠠᠧᠠᠷᠢ ᠵᠢᠭᠤᠯᠴᠢᠯᠠᠭᠰᠠᠳ ᠮᠠᠰᠢ ᠠᠪᠬᠤ ᠲᠤᠷᠠᠳᠠᠢ ᠪᠠᠢᠳᠠᠭ ᠬᠡᠵᠤ ᠮᠤᠨᠭᠭᠤᠯ ᠤᠯᠤᠰ ᠡᠴᠡ ᠷᠠᠰᠢᠶᠠᠨ ᠬᠤᠳᠠ ᠳ᠋ᠤ ᠢᠷᠠᠵᠤ ᠬᠤᠳᠠᠯᠳᠤᠭ᠎ᠠ ᠡᠷᠬᠢᠯᠡᠵᠤ ᠪᠠᠢᠭ᠎ᠠ ᠤᠶᠤᠨᠴᠢᠮᠡᠭ ᠲᠠᠭᠠᠭᠠᠮᠠᠯ ᠶᠠᠷᠢᠯ᠎ᠠ᠃
《ᠪᠢᠳᠠ 4600 ᠭᠠᠷᠤᠶ ᠬᠢᠯᠢ᠎ᠶ᠋ᠢᠨ ᠠᠷᠠᠳ᠎ᠢ ᠵᠠᠬ᠎ᠠ ᠵᠢᠨ ᠠᠷᠠᠯᠵᠢᠶ᠎ᠠ᠎ᠳᠤ ᠣᠷᠣᠯᠴᠠᠭᠤᠯᠤᠨ ᠂ 〈 ᠬᠢᠯᠢ᠎ᠶ᠋ᠢᠨ ᠠᠷᠠᠳ᠎ᠤᠨ ᠵᠠᠬ᠎ᠠ ᠵᠢᠨ ᠠᠷᠠᠯᠵᠢᠶ᠎ᠠ + ᠤᠷᠤᠨ ᠨᠤᠳᠤᠭ ᠲᠤᠨᠢ ᠡᠳ᠋ᠱᠢᠭᠦᠯᠬᠦ᠌ 〉 ᠬᠡᠪ ᠵᠠᠬᠪᠤᠷ᠎ᠢ ᠢᠳᠡᠪᠬᠢᠳᠠᠢ ᠬᠠᠢᠨ ᠰᠦᠪᠡᠭᠴᠢᠯᠡᠵᠤ᠂ ᠬᠢᠯᠢ ᠵᠢᠨ ᠠᠵᠤ ᠦᠶ᠋ᠯᠡᠰ᠎ᠢ ᠪᠣᠢᠵᠢᠭᠤᠯᠬᠤ ᠪᠠ ᠠᠷᠠᠳ᠎ᠤᠨ ᠠᠵᠢᠯ ᠤᠯᠭᠤᠯᠳᠡ ᠵᠢ ᠦᠷᠭᠡᠳᠭᠡᠵᠤ ᠣᠷᠣᠯᠭ᠎ᠠ᠎ᠪᠠᠨ ᠨᠡᠮᠡᠭ᠌ᠳᠡᠭᠦᠯᠬᠦ᠌᠎ᠶ᠋ᠢ ᠰᠠᠨᠠᠭᠠᠴᠢᠯᠠᠵᠤ ᠪᠠᠢᠨ᠎ᠠ 》 ᠬᠡᠵᠤ ᠷᠠᠱᠢᠶᠠᠨ ᠬᠣᠲᠠ᠎ᠶ᠋ᠢᠨ ᠵᠠᠰᠠᠭ᠎ᠤᠨ ᠣᠷᠳᠣᠨ᠎ᠤ ᠭᠠᠳᠠᠭᠠᠳᠤ ᠶᠠᠪᠤᠳᠠᠯ᠎ᠤᠨ ᠠᠯᠪᠠᠨ ᠬᠡᠷ᠎ᠦᠨ ᠳᠡᠳ᠋ ᠡᠷᠬᠢᠯᠡᠭ᠌ᠴᠢ ᠮᠸᠩ ᠶᠤᠸᠠᠢ ᠲᠤᠪᠴᠢ ᠲᠠᠨᠢᠯᠴᠠᠭᠤᠯᠤᠨ᠎ᠠ᠃
ᠢᠷᠡᠭᠡᠳᠦᠢ᠎ᠳᠦ᠂ ᠷᠠᠱᠢᠶᠠᠨ ᠬᠢᠯᠢ ᠵᠢᠨ ᠪᠣᠭᠣᠮᠲᠠ ᠨᠢ ᠦᠷᠭᠦᠯᠵᠢᠯᠡᠨ ᠠᠮᠤ ᠪᠤᠳᠠᠭ᠎ᠠ ᠡᠪᠡᠰᠦ ᠪᠣᠷᠳᠣᠭ᠎ᠠ᠂ ᠪᠤᠯᠭᠤᠭ᠍ᠰᠠᠨ ᠤᠯᠠᠭᠠᠨ ᠢᠳᠡᠭᠡᠨ᠂ ᠲᠡᠮᠦᠷ ᠨᠡᠭᠦᠷᠡᠰᠦᠨ ᠠᠭᠤᠷᠬᠠᠢ ᠵᠢ ᠭᠠᠳᠠᠭᠠᠳᠤ᠎ᠡᠴᠡ ᠣᠷᠣᠭᠤᠯᠬᠤ᠎ᠳᠤ ᠠᠨᠭᠬᠠᠷᠤᠯ᠎ᠢᠶᠡᠨ ᠲᠥᠪᠯᠡᠷᠡᠭᠦᠯᠦᠨ᠂ ᠬᠢᠯᠢ᠎ᠶ᠋ᠢᠨ ᠠᠶᠠᠯᠠᠯ ᠵᠢᠭᠤᠯᠴᠢᠯᠠᠯ᠂ ᠵᠠᠬ᠎ᠠ᠎ᠶ᠋ᠢᠨ ᠠᠷᠠᠯᠵᠢᠶ᠎ᠠ ᠵᠡᠷᠭᠡ ᠳᠠᠪᠠᠭᠤᠯᠢᠭ ᠤᠨᠴᠠᠯᠢᠬ᠍ᠳᠤ ᠠᠵᠤ ᠦᠢᠯᠡᠰ᠎ᠲᠦ ᠪᠦᠭᠦ ᠬᠦᠴᠦᠨ᠎ᠢᠶᠡᠨ ᠲᠥᠪᠯᠡᠷᠡᠭᠦᠯᠦᠨ ᠤᠷᠤᠯᠴᠠᠵᠤ᠂ ᠤᠷᠤᠨ ᠨᠤᠳᠤᠭ᠎ᠤᠨ ᠠᠵᠤ ᠠᠬᠤᠢ᠎ᠶ᠋ᠢᠨ ᠬᠥᠭ᠌ᠵᠢᠯᠲᠡ᠎ᠳᠦ ᠲᠠᠰᠤᠷᠠᠯᠳᠠ ᠦᠭᠡᠢ ᠱᠢᠨ᠎ᠡ ᠠᠮᠢᠵᠢᠷᠠᠯ᠎ᠤᠨ ᠬᠦᠴᠦᠨ ᠨᠡᠮᠡᠷᠢᠯᠡᠵᠦ᠍᠂ ᠭᠠᠳᠠᠭᠠᠳᠤ ᠠᠷᠠᠯᠵᠢᠶᠠᠨ᠎ᠤ ᠱᠢᠨ᠎ᠡ ᠱᠢᠪᠲᠤᠯᠤᠯᠲᠠ᠎ᠶ᠋ᠢ ᠡᠭᠦᠳᠴᠦ᠍᠂ ᠭᠠᠳᠠᠭᠠᠳᠤ ᠨᠡᠭᠡᠭᠡᠯᠳᠠ᠎ᠶ᠋ᠢᠨ ᠱᠢᠨ᠎ᠡ ᠪᠠᠢᠷᠢᠱᠢᠯ᠎ᠢ ᠪᠠᠢᠭᠤᠯᠬᠤ ᠪᠤᠯᠤᠨ᠎ᠠ ᠭᠡᠵᠤ ᠮᠸᠩ ᠶᠤᠸᠠᠢ ᠡᠷᠬᠢᠯᠡᠭᠴᠢ ᠪᠠᠶᠠᠷᠳᠠᠢ ᠶᠠᠷᠢᠨ᠎ᠠ᠃
ᠷᠠᠱᠢᠶᠠᠨ ᠬᠤᠳᠠ ᠪᠤᠯ ᠳᠤᠮᠳᠠᠳᠤ ᠮᠣᠩᠭᠣᠯ ᠤᠷᠤᠰ ᠭᠤᠷᠪᠠᠨ ᠤᠯᠤᠰ᠎ᠤᠨ ᠰᠣᠶᠣᠯ ᠢᠷᠭᠡᠨᠱᠢᠯ᠎ᠦᠨ ᠰᠣᠯᠢᠯᠴᠠᠭᠠᠨ᠎ᠤ ᠱᠢᠮᠡᠳᠦ ᠬᠥᠷᠥᠰᠥ᠍ ᠪᠣᠯᠤᠨ᠎ᠠ᠃ 《ᠰᠣᠶᠣᠯ᠎ᠤᠨ ᠡᠯᠴᠢ 》 ᠬᠡᠮᠡᠭᠳᠡᠭᠰᠡᠨ ᠷᠠᠱᠢᠶᠠᠨ ᠬᠣᠲᠠ᠎ᠶ᠋ᠢᠨ ᠤᠯᠠᠭᠠᠨᠮᠥ᠋ᠴᠢᠷ ᠨᠢ᠂ ᠮᠣᠩᠭᠣᠯ ᠤᠯᠤᠰ᠎ᠤᠨ ᠬᠠᠯᠬ᠎ᠠ ᠭᠤᠤᠯ ᠰᠤᠮᠤ᠎ᠳᠤ ᠣᠯᠠᠨ ᠤᠳᠠᠭ᠎ᠠ ᠬᠦᠷᠴᠦ᠍ ᠤᠳᠭ᠎ᠠ ᠤᠷᠠᠯᠢᠭ᠎ᠤᠨ ᠲᠤᠭᠯᠠᠯᠳᠡ ᠭᠠᠷᠭᠠᠪᠠ᠃ ᠷᠠᠰᠢᠶᠠᠨ ᠬᠤᠳᠠ ᠵᠢᠨ ᠤᠯᠠᠭᠠᠨᠮᠥ᠋ᠴᠢᠷ᠎ᠦᠨ ᠳᠠᠷᠤᠭ᠎ᠠ ᠵᠣᠣ ᠮᠢᠩ ᠮᠢᠩ᠄ 《ᠤᠳᠠᠭ᠎ᠠ ᠪᠤᠯᠭᠠᠨ᠎ᠤ ᠲᠣᠭ᠍ᠯᠠᠯᠲᠠ ᠨᠢ ᠬᠤᠷᠠᠭᠰᠠᠨ ᠤᠯᠠᠨ᠎ᠢᠶᠡᠨ ᠪᠠᠶᠠᠰᠬᠠᠳᠠᠭ᠂ ᠪᠢᠳᠡ 〈ᠲᠠᠯ᠎ᠠ ᠨᠤᠲᠤᠭ᠎ᠤᠨ ᠮᠠᠭ᠍ᠲᠠᠭᠠᠯ ᠳᠠᠭᠤᠤ 〉᠂ 〈ᠣᠪᠣᠭᠠᠨ ᠳᠡᠬᠢᠠᠭᠤᠯᠵᠠᠯᠲᠠ〉᠂ 〈 ᠬᠦᠳᠡᠭᠡ ᠲᠠᠯ᠎ᠠ ᠳ᠋ᠤ ᠮᠥᠩᠬᠡ᠎ᠶ᠋ᠢᠨ ᠨᠡᠷᠡᠨ ᠰᠠᠴᠤᠷᠠᠨ ᠮᠠᠨᠳᠤᠯ᠎ᠠ〉 ᠵᠡᠷᠭᠡ ᠳᠠᠭᠤᠤ᠎ᠶ᠋ᠢ ᠳᠠᠭᠤᠯᠠᠬᠤ ᠳ᠋ᠤ ᠮᠣᠩᠭᠣᠯ ᠤᠯᠤᠰ᠎ᠤᠨ ᠦᠵᠡᠭᠴᠢᠳ ᠴᠸ᠋ ᠲᠠᠭᠠᠨ ᠲᠠᠭᠤᠯᠠᠳᠠᠭ᠃ ᠷᠠᠱᠢᠶᠠᠨ᠎ᠳᠤ ᠶᠠᠪᠤᠭᠳᠠᠭᠰᠠᠨ ᠠᠶᠠᠯᠠᠭᠤ᠎ᠳᠤ ᠵᠢᠭᠤᠯᠴᠢᠯᠠᠯ ᠤᠨ ᠭᠤᠤᠯ ᠰᠡᠳᠤᠪᠳᠤ ᠠᠵᠢᠯᠯᠠᠭ᠎ᠠ ᠨᠢ ᠪᠠᠰᠠ ᠮᠣᠩᠭᠣᠯ ᠣᠷᠣᠰ ᠬᠣᠶᠠᠷ ᠤᠯᠤᠰ᠎ᠤᠨ ᠤᠷᠠᠯᠢᠭ᠎ᠤᠨ ᠪᠦᠯᠬᠦᠮ᠎ᠢ ᠤᠷᠢᠵᠤ ᠲᠣᠭ᠍ᠯᠠᠯᠲᠠ ᠬᠢᠯᠭᠡᠳᠡᠭ᠂ ᠲᠡᠳᠡ ᠲᠤᠮᠳᠠᠳᠤ ᠤᠯᠤᠰ᠎ᠦᠨ ᠤᠷᠤᠰᠬᠠᠯ ᠳᠠᠭᠤᠤ᠎ᠶ᠋ᠢ ᠤᠷᠴᠢᠭᠤᠯᠤᠨ ᠳᠠᠭᠤᠯᠠᠬᠤ᠎ᠳᠤ ᠲᠤᠮᠳᠠᠳᠤ ᠵᠢᠨ ᠦᠵᠡᠭᠴᠢᠳ ᠤᠤᠬᠠᠢᠯᠠᠵᠤ ᠤᠷᠮ᠎ᠠ ᠬᠠᠢᠷᠠᠯᠠᠳᠠᠭ》 ᠬᠡᠵᠤ ᠰᠡᠳᠬᠢᠯ ᠲᠦᠬᠦᠷᠡᠩ ᠶᠠᠷᠢᠨ᠎ᠠ᠃
ᠳᠤᠮᠳᠠᠳᠤ ᠮᠣᠩᠭᠣᠯ ᠬᠤᠶᠠᠷ ᠤᠯᠤᠰ ᠪᠤᠯ ᠭᠠᠵᠠᠷ ᠵᠦᠢ᠎ᠶ᠋ᠢᠨ ᠲᠠᠯ᠎ᠠ᠎ᠪᠠᠷ ᠬᠥᠷᠱᠢᠯᠡᠵᠦ᠍᠂ ᠬᠤᠪᠢ ᠵᠠᠶᠠᠭ᠎ᠠ ᠨᠢᠭᠡᠲᠡᠢ᠂ ᠠᠭᠤᠯᠠ ᠤᠰᠤ᠎ᠪᠠᠷ᠎ᠢᠶᠠᠨ ᠵᠠᠯᠭᠠᠯᠳᠤᠭ᠍ᠰᠠᠨ ᠰᠠᠢ᠌ᠨ ᠬᠥᠷᠰᠢ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠰᠠᠨ ᠰᠠᠢ᠌ᠨ ᠬᠠᠨᠢᠲᠠᠨ ᠪᠢᠯᠡ᠃ ᠷᠠᠰᠢᠶᠠᠨ ᠬᠢᠯᠢ ᠵᠢᠨ ᠪᠤᠭᠤᠮᠳᠠ《ᠬᠢᠯᠢ ᠠᠯᠤᠰᠯᠠᠭ᠍ᠰᠠᠨ ᠠᠶᠠᠯᠠᠯ ᠵᠢᠭᠤᠯᠴᠢᠯᠠᠯ᠂ ᠬᠢᠯᠢ ᠵᠢᠨ ᠠᠷᠠᠯᠵᠢᠶ᠎ᠠ᠂ ᠰᠣᠶᠣᠯ ᠢᠷᠭᠡᠨᠱᠢᠯ᠎ᠦᠨ ᠰᠣᠯᠢᠯᠴᠠᠭ᠎ᠠ》᠎ᠶ᠋ᠢᠨ ᠬᠥᠭ᠌ᠵᠢᠯᠲᠡ᠎ᠶ᠋ᠢᠨ ᠪᠠᠢᠷᠢ ᠲᠣᠭ᠍ᠲᠠᠭᠠᠯᠲᠠ᠎ᠪᠠᠨ ᠳᠣᠪᠣᠢᠯᠭᠠᠵᠤ᠂ ᠠᠮᠢ ᠠᠬᠤᠶ ᠶ᠋ᠢᠨ ᠳᠠᠪᠠᠭᠤᠯᠢᠭ᠎ᠲᠠᠭᠠᠨ ᠲᠦᠱᠢᠭ᠌ᠯᠡᠨ ᠥᠪᠡᠷᠮᠢᠴᠡ ᠣᠨᠴᠠᠯᠢᠭ᠎ᠲᠠᠶ ᠵᠦᠷᠢᠶᠡᠴᠢᠯᠡᠭ᠌ᠰᠡᠨ ᠬᠥᠭ᠌ᠵᠢᠯᠲᠡ᠎ᠶ᠋ᠢᠨ ᠵᠠᠮ᠎ᠢᠶᠠᠷ ᠵᠠᠮᠨᠠᠵᠤ᠂ ᠬᠢᠯᠢ ᠠᠯᠤᠰᠯᠠᠭ᠍ᠰᠠᠨ ᠠᠶᠠᠯᠠᠯ ᠵᠢᠭᠤᠯᠴᠢᠯᠠᠯ᠎ᠢ ᠶᠡᠬᠡᠪᠡᠷ ᠬᠥᠭ᠌ᠵᠢᠭᠦᠯᠵᠤ᠂ ᠬᠢᠯᠢ᠎ᠶ᠋ᠢᠨ ᠠᠷᠠᠯᠵᠢᠶ᠎ᠠ᠎ᠶ᠋ᠢ ᠢᠳᠡᠪᠬᠢᠲᠡᠶ ᠦᠷᠨᠢᠬᠦᠯᠵᠤ᠂ ᠥᠪᠥᠷ ᠮᠣᠩᠭᠣᠯ᠎ᠤᠨ ᠥᠪᠡᠷᠮᠢᠴᠡ ᠣᠨᠴᠠᠯᠢᠭ᠎ᠲᠠᠶ ᠡᠳᠡᠭᠡᠳ ᠭᠤᠶᠤ ᠠᠮᠢ ᠠᠬᠤᠶ᠎ᠶ᠋ᠢᠨ ᠪᠣᠭᠣᠮᠲᠠ᠎ᠶ᠋ᠢ ᠬᠦᠴᠦᠯᠡᠨ ᠴᠣᠭ᠍ᠴᠠᠯᠠᠵᠤ᠂ 《ᠨᠢᠭᠡ ᠪᠦᠰᠡ ᠨᠢᠭᠡ ᠵᠠᠮ 》 ᠪᠡ ᠳᠤᠮᠳᠠᠳᠤ ᠮᠣᠩᠭᠣᠯ ᠤᠷᠤᠰ᠎ᠤᠨ ᠠᠵᠤ ᠠᠬᠤᠶ ᠶ᠋ᠢᠨ ᠬᠣᠩᠭᠢᠯ ᠤᠨ ᠪᠥᠲᠥᠭᠡᠨ ᠪᠠᠢᠭᠤᠯᠤᠯᠲᠠ᠎ᠳᠤ ᠠᠭᠤᠰᠤᠯᠴᠠᠬᠤ᠂ ᠥᠪᠥᠷ ᠮᠣᠩᠭᠣᠯ᠎ᠤᠨ ᠠᠵᠤ ᠠᠬᠤᠶ᠎ᠶ᠋ᠢᠨ ᠴᠢᠨᠠᠷ ᠰᠠᠢᠲᠠᠶ ᠬᠥᠭ᠌ᠵᠢᠯᠲᠡ᠎ᠳᠤ ᠨᠠᠩ ᠶᠡᠬᠡ ᠱᠢᠨ᠎ᠡ ᠬᠤᠪᠢ ᠨᠡᠮᠡᠷᠢ ᠦᠵᠡᠬᠦᠯᠬᠦ ᠪᠡᠷ ᠴᠢᠷᠮᠠᠢᠨ ᠠᠵᠢᠯᠯᠠᠬᠰᠠᠭᠠᠷ ᠪᠠᠢᠨ᠎ᠠ᠃