ᠲᠡᠯᠡᠬᠡᠢ ᠵᠢᠨ ᠠᠭᠤᠷ ᠠᠮᠢᠰᠬᠤᠯ᠎ᠤᠨ ᠬᠤᠪᠢᠷᠠᠯᠲᠠ ᠲᠤᠮᠳᠠᠳᠤ ᠵᠢᠨ ᠠᠮᠢ ᠠᠬᠤᠢ ᠵᠢᠨ ᠵᠠᠰᠠᠯᠲᠠ ᠦᠪᠦᠶ ᠮᠤᠩᠭᠤᠯ᠎ᠤᠨ ᠦᠵᠡᠮᠵᠢ ᠵᠢᠨ ᠵᠢᠷᠤᠭ
2025-12-29 11:02:43
ᠵᠣᠬᠢᠶᠠᠭ᠍ᠴᠢ᠄
ᠭᠤᠸ᠎ᠠ
ᠣᠩᠱᠢᠭ᠍ᠰᠠᠨ ᠣᠳᠠᠭ᠎ᠠ᠄
★★★☆☆

— 《ᠠᠮᠢ ᠠᠬᠤᠢ ᠣᠷᠴᠢᠨ ᠲᠣᠭᠣᠷᠢᠨ》 ᠳᠤᠰᠬᠠᠢ ᠬᠡᠪᠯᠡᠯ ᠤ᠋ᠨ 2025 ᠤᠨ ᠤ᠋ ᠤᠳᠬᠤᠨ ᠳ᠋ᠤᠭᠠᠷ ᠤ᠋ᠨ ᠵᠢᠱᠢᠶᠠᠨ ᠳᠡᠭᠡᠷ᠎ᠡ


ᠬᠠᠷᠢᠭᠤᠴᠠᠭᠰᠠᠨ ᠨᠠᠢᠷᠠᠭᠤᠯᠤᠬᠴᠢ ᠵᠢᠨ ᠦᠭᠡ

ᠬᠠᠭᠤᠴᠢᠨ ᠤᠨ᠎ᠵᠢᠡᠨ ᠦᠳᠡᠵᠤ᠂ ᠰᠢᠨ᠎ᠠ ᠤᠨ᠎ᠵᠢᠡᠨ ᠤᠬᠳᠤᠬᠤ ᠲᠠᠰᠢᠷᠠᠮ᠎ᠳᠤ ᠂ ᠥᠪᠥᠷ ᠮᠣᠩᠭᠣᠯ ᠤ᠋ᠨ ᠠᠮᠢ ᠠᠬᠤᠢ ᠵᠢ ᠤᠷᠢᠳ᠎ᠵᠢᠡᠷ ᠪᠤᠳᠤᠯᠬᠢᠯᠠᠬᠤ᠂ ᠪᠤᠬᠢᠷᠳᠤᠯ ᠦᠭᠡᠢ ᠬᠦᠭᠵᠢᠬᠦᠯᠬᠦ ᠪᠡᠷ ᠤᠳᠤᠷᠢᠳᠤᠮᠵᠢ ᠪᠤᠯᠭᠠᠭᠰᠠᠨ ᠴᠢᠨᠠᠷ ᠰᠠᠢᠳᠠᠢ ᠬᠦᠭᠵᠢᠯᠳᠠ᠎ᠵᠢᠨ ᠦᠢᠯᠡᠰ᠎ᠢ ᠡᠷᠬᠢᠴᠡᠬᠦᠯᠬᠦᠶ᠎ᠠ᠂ ᠦᠪᠤᠷ ᠮᠤᠡᠭᠭᠤᠯ ᠰᠢ ᠵᠢᠨ ᠫᠢᠡᠭ᠎ᠤᠨ ᠠᠮᠢ ᠠᠬᠤᠢ᠎ᠵᠢᠨ ᠪᠤᠯᠪᠠᠰᠤᠨ᠎ᠤ ᠦᠵᠡᠯ ᠰᠠᠨᠠᠭ᠎ᠠ᠎ᠵᠢ ᠡᠷᠡᠰ ᠦᠢᠯᠡᠳᠤᠯᠭᠡᠵᠢᠬᠦᠯᠵᠤ᠂ 《ᠤᠮᠠᠷᠠᠳᠤ᠎ᠵᠢᠨ ᠭᠤᠷᠪᠠᠨ ᠤᠷᠤᠨ》᠎ᠤ᠋ ᠢᠨᠵᠸᠨ᠋ᠸᠷᠢᠡᠭ᠎ᠤᠨ ᠭᠤᠷᠪᠠᠨ ᠶᠡᠭᠡ ᠪᠡᠯᠭᠡ ᠲᠠᠮᠳᠡᠭ᠎ᠤᠨ ᠴᠢᠨᠠᠷᠳᠠᠢ ᠲᠠᠢᠯᠠᠯᠳᠤᠭᠠᠨ᠂ ᠬᠦᠭᠡ ᠤᠭᠳᠠᠷᠭᠤᠢ ᠬᠦᠭᠡᠮᠳᠦᠭ ᠤᠰᠤ ᠴᠡᠪᠡᠷ ᠬᠦᠷᠦᠰᠤ᠎ᠵᠢ ᠬᠠᠮᠠᠭᠠᠯᠠᠬᠤ  ᠭᠤᠷᠪᠠᠨ ᠶᠡᠭᠡ ᠲᠠᠢᠯᠠᠯᠳᠤᠭᠠᠨ ᠵᠡᠷᠭᠡ᠎ᠵᠢ ᠰᠠᠢᠳᠤᠷ ᠬᠢᠵᠤ᠂ ᠠᠵᠤ ᠦᠢᠯᠡᠰ᠎ᠤᠨ ᠪᠦᠳᠤᠴᠠ᠎ᠵᠢ ᠰᠢᠯᠢᠳᠡᠭᠵᠢᠬᠦᠯᠤᠨ ᠲᠠᠰ ᠲᠠᠪᠰᠢᠬᠦᠯᠬᠦ ᠵᠡᠷᠭᠡ᠎ᠵᠢ ᠡᠷᠴᠢᠮᠳᠠᠢ ᠶᠠᠪᠤᠭᠳᠠᠭᠤᠯᠵᠤ᠂ ᠮᠠᠨ᠎ᠤ ᠤᠯᠤᠰ᠎ᠤᠨ ᠤᠮᠠᠷᠠᠳᠤ᠎ᠵᠢᠨ ᠴᠢᠬᠤᠯᠠ ᠠᠮᠢ ᠠᠬᠤᠢ᠎ᠵᠢᠨ ᠠᠮᠤᠷ ᠲᠦᠪᠰᠢᠨ᠎ᠤ ᠬᠠᠯᠬᠠᠪᠴᠢ᠎ᠵᠢ ᠪᠠᠳᠤ ᠴᠤᠭᠴᠠᠯᠠᠬᠤ ᠦᠵᠡᠰᠬᠦᠯᠠᠡᠭᠳᠤ ᠰᠠᠢᠬᠠᠨ ᠬᠠᠷᠢᠭᠤᠯᠳᠠ᠎ᠵᠢᠨ ᠬᠠᠭᠤᠳᠠᠰᠤ᠎ᠵᠢ ᠲᠤᠰᠢᠶᠠᠭᠰᠠᠨ ᠪᠠᠢᠨ᠎ᠠ᠃

2025 ᠣᠨ᠎ᠳᠤ᠂ 《ᠠᠮᠢ ᠠᠬᠤᠢ ᠣᠷᠴᠢᠨ ᠲᠣᠭᠣᠷᠢᠨ》 ᠲᠤᠰᠬᠠᠢ ᠬᠡᠪᠯᠡᠯ ᠨᠢ ᠦᠪᠤᠷ ᠮᠤᠡᠭᠭᠤᠯ᠎ᠤᠨ ᠠᠮᠢ ᠠᠬᠤᠢ᠎ᠵᠢᠨ ᠰᠡᠷᠬᠦᠭᠡᠯᠳᠠ ᠵᠠᠰᠠᠯᠳᠠ ᠬᠠᠮᠠᠭᠠᠯᠠᠯᠳᠠ᠎ᠵᠢᠨ ᠲᠠᠯ᠎ᠠ ᠪᠠᠷ ᠬᠢ ᠠᠮᠵᠢᠯᠲᠠ ᠪᠦᠳᠦᠮᠵᠢ ᠵᠢ ᠤᠬᠠᠭᠤᠯᠵᠤ ᠮᠡᠳᠡᠭᠡᠯᠡᠭᠰᠡᠨ ᠨᠢᠭᠡ ᠵᠢᠯ ᠪᠤᠯᠬᠤ ᠶᠤᠮ᠃ ᠲᠠᠷᠡᠪᠡᠷ 《ᠰᠠᠢᠬᠠᠨ ᠪᠠᠢᠭᠠᠯᠢ》 《ᠰᠢᠨ᠎ᠡ ᠰᠡᠷᠡᠯ》 《ᠵᠢᠷᠤᠭᠳᠤ ᠮᠡᠳᠡᠭᠡ》 《ᠰᠤᠷᠠᠭ ᠮᠡᠳᠡᠭᠡ》 ᠵᠡᠷᠭᠡ ᠲᠤᠭᠳᠠᠮᠠᠯ ᠪᠠ ᠲᠤᠭᠳᠠᠮᠠᠯ ᠪᠤᠰᠤ ᠪᠤᠯᠤᠩ ᠵᠢᠡᠷ ᠵᠢᠷᠤᠭ ᠵᠤᠬᠢᠶᠠᠯ᠂ ᠭᠠᠷᠴᠠᠭ᠂ ᠪᠤᠯᠤᠩ᠂ ᠵᠢᠷᠤᠭᠠᠰᠤ᠂ ᠬᠦᠷᠢᠶ᠎ᠡ᠂ ᠤᠩᠰᠢᠯᠭ᠎ᠠ ᠵᠢᠨ ᠬᠦᠳᠦᠯᠦᠮᠵᠢ ᠵᠡᠷᠭᠡ ᠡᠯᠸᠮᠸᠨ᠋ᠲ᠎ᠢ ᠬᠠᠪᠰᠤᠷᠭᠠᠨ᠂ ᠨᠢᠭᠤᠷ ᠭᠡᠪᠯᠡᠯ ᠵᠢᠡᠨ ᠤᠷᠠᠯᠠᠵᠦ᠂ ᠤᠩᠰᠢᠬᠴᠢᠳ ᠲᠦ᠍ ᠬᠦᠨᠴᠠ ᠮᠡᠳᠡᠭᠡᠯᠡᠯ᠎ᠢ ᠰᠤᠨᠢᠷᠬᠠᠬᠤ᠂ ᠰᠤᠨᠢᠨ ᠮᠡᠳᠡᠭᠡ ᠤᠩᠰᠢᠬᠤ᠂ ᠭᠡᠷᠡᠯ ᠵᠢᠷᠤᠭ᠎ᠢ ᠪᠠᠬᠠᠷᠬᠠᠬᠤ᠂ ᠰᠢᠬᠦᠮᠵᠢ ᠮᠡᠳᠡᠭᠡᠯᠡᠯ᠎ᠢ ᠤᠢᠯᠠᠭᠠᠬᠤ ᠵᠡᠷᠭᠡ ᠤᠯᠠᠨ ᠡᠰᠢᠴᠢᠯᠡᠭᠰᠡᠨ ᠦᠢᠯᠡᠴᠢᠯᠡᠭᠡ ᠬᠠᠩᠭᠠᠵᠦ᠂ ᠠᠮᠢ ᠠᠬᠤᠢ᠎ᠵᠢᠨ ᠲᠤᠬᠠᠢ ᠮᠡᠳᠡᠭᠡᠯᠡᠯ᠎ᠤᠨ ᠦᠢᠯᠡᠴᠢᠯᠡᠬᠦ ᠴᠡᠭ ᠪᠠ ᠬᠠᠷᠠᠭᠠᠰᠤ ᠪᠠᠨ ᠦᠷᠭᠡᠳᠭᠡᠵᠦ᠂ ᠰᠢᠨ᠎ᠠ ᠵᠠᠭᠤᠴᠢᠯᠠᠭᠤᠷ ᠡᠴᠡ ᠬᠦᠷᠳᠡᠵᠦ ᠲᠡᠢᠯᠬᠦ ᠦᠭᠡᠢ ᠵᠦᠢᠯ᠎ᠢ ᠤᠩᠰᠢᠬᠴᠢᠳ ᠲᠠᠭᠠᠨ ᠬᠦᠷᠭᠡᠬᠦ ᠪᠡᠷ ᠴᠢᠷᠮᠠᠢᠭᠰᠠᠨ ᠨᠢ ᠦᠨᠡᠨᠳᠠᠢ᠃

ᠤᠨ ᠵᠢᠯ ᠤᠷᠴᠢᠵᠤ᠂ ᠤᠷᠴᠢᠯᠠᠡᠭ ᠶᠢᠷᠳᠢᠨᠴᠤ ᠤᠯᠠᠷᠢᠨ ᠬᠤᠪᠢᠰᠦᠮᠦᠢ᠃ ᠰᠢᠨ᠎ᠠ ᠤᠨ᠎ᠳᠠᠭᠠᠨ 《ᠠᠮᠢ ᠠᠬᠤᠢ ᠤᠷᠴᠢᠨ ᠳᠤᠭᠤᠷᠢᠨ》 ᠤ᠋ ᠲᠤᠰᠬᠠᠢ ᠭᠡᠪᠯᠡᠯ᠎ᠤᠨ ᠠᠭᠤᠯᠭ᠎ᠠ᠎ᠵᠢᠨ ᠲᠠᠯᠠᠷᠠᠯ᠂ ᠭᠡᠯᠪᠡᠷᠢ᠎ᠵᠢᠨ ᠦᠷᠭᠡᠳᠭᠡᠯ᠎ᠢ ᠨᠠᠡᠭ ᠴᠢᠡᠭᠭᠠᠳᠬᠠᠵᠤ᠂ ᠠᠭᠤᠯᠭ᠎ᠠ ᠰᠡᠳᠤᠪ ᠵᠢᠡᠨ ᠦᠷᠭᠡᠴᠡ ᠬᠦᠨᠴᠠ ᠲᠠᠢ᠂ ᠨᠢᠭᠤᠷ ᠤᠷᠠᠯᠠᠯ᠎ᠵᠢᠡᠨ ᠡᠳᠡᠭᠡᠳ ᠰᠢᠨᠡᠷᠬᠡᠦ ᠪᠤᠯᠭᠠᠵᠤ᠂ ᠡᠭᠡ ᠤᠯᠤᠰ᠎ᠤᠨ ᠤᠮᠠᠷᠠᠳᠤ᠎ᠵᠢᠨ ᠡᠨᠡ ᠬᠦ᠌ ᠲᠦᠮᠡᠨ ᠭᠠᠵᠠᠷ᠎ᠤᠨ ᠨᠤᠮᠢᠨ ᠨᠤᠭᠤᠭᠠᠨ ᠤᠷᠳᠤ ᠴᠠᠭᠠᠨ ᠭᠡᠷᠡᠮ᠎ᠢ ᠨᠡᠡᠭ ᠪᠠᠳᠤ ᠴᠤᠭᠴᠠᠯᠠᠬᠤ᠎ᠵᠢᠨ ᠦᠪᠤᠷ ᠮᠤᠡᠭᠭᠤᠯ᠎ᠤᠨ ᠡᠬᠦᠷᠭᠡ ᠬᠠᠷᠢᠭᠤᠴᠠᠯᠭ᠎ᠠ ᠠᠷᠭ᠎ᠠ ᠭᠡᠮᠵᠢᠶ᠎ᠠ ᠠᠮᠵᠢᠯᠳᠠ ᠪᠦᠳᠤᠮᠵᠢ᠎ᠵᠢ ᠪᠦᠬᠦ ᠲᠠᠯ᠎ᠠ ᠪᠠᠷ ᠮᠡᠳᠡᠭᠡᠯᠡᠨ᠂ ᠤᠩᠰᠢᠭᠴᠢᠳ᠎ᠤᠨ᠎ᠵᠢᠡᠨ ᠬᠠᠷᠠᠭ᠎ᠠ ᠰᠡᠳᠬᠢᠯ᠎ᠢ ᠨᠠᠡᠭ ᠲᠠᠳᠠᠬᠤ ᠶᠤᠮ ᠭᠡᠵᠤ ᠡᠷᠴᠢ ᠵᠤᠷᠢᠭ᠎ᠵᠢᠡᠨ ᠬᠦᠪᠴᠢᠯᠡᠬᠦ ᠶᠤᠮ᠃

ᠵᠠᠷᠢᠮ ᠦᠭᠡᠰ ᠪᠤᠶᠤ ᠮᠡᠳᠡᠭᠡᠯᠡᠯ᠎ᠢ ᠬᠦᠮᠦᠨ ᠪᠦᠷᠢ ᠤᠩᠰᠢᠨ ᠤᠢᠯᠠᠭᠠᠬᠤ ᠵᠢ ᠬᠦᠰᠡᠬᠦ ᠦᠭᠡᠢ ᠴᠦ᠍ ᠰᠡᠳᠬᠢᠯ ᠨᠢᠭᠡᠳᠡᠢ ᠲᠠ ᠤᠯᠠᠨ ᠪᠠᠢᠭᠰᠠᠨ᠎ᠳᠠᠭᠠᠨ ᠪᠢᠳᠠ ᠶᠡᠷᠦ ᠡᠴᠡ ᠭᠠᠭᠴᠠᠭᠠᠷᠳᠠᠭ᠎ᠠ ᠦᠭᠡᠢ᠃ 《ᠠᠮᠢ ᠠᠬᠤᠢ ᠤᠷᠴᠢᠨ ᠲᠤᠭᠤᠷᠢᠨ》 ᠲᠤᠰᠬᠠᠢ ᠬᠡᠪᠯᠡᠯ ᠲᠠᠢ ᠪᠠᠨ ᠬᠠᠮᠳᠤ ᠪᠠᠢᠬᠤ ᠵᠢ ᠬᠦᠰᠡᠨᠡᠮ!


697d5617-70b9-421f-b337-dab20ee8718a.png


ᠤᠯᠠᠨ ᠴᠤᠬᠴᠠᠳᠤ ᠰᠢᠷᠢᠰ ᠮᠡᠳᠡᠭᠡᠯᠡᠯ

ᠤᠷᠤᠰᠤᠮ᠎ᠠ ᠤᠢᠯᠠᠭᠠᠮᠵᠢᠳᠠᠢ ᠠᠮᠢ ᠠᠬᠤᠢ ᠵᠢᠨ ᠤᠢᠯᠠᠯᠭ᠎ᠠ — ᠡᠨᠳᠡ ᠡᠴᠡ 《ᠦᠨᠢᠷ ᠪᠠᠶᠠᠯᠢᠭ ᠦᠪᠦᠷ ᠮᠤᠩᠭᠤᠯ ·ᠤᠮᠠᠷᠠᠳᠤ ᠬᠢᠯᠢ ᠵᠢᠨ ᠨᠤᠭᠤᠭᠠᠨ ᠬᠠᠯᠬᠠᠪᠴᠢ》᠎ᠵᠢ ᠦᠨᠡᠨ ᠬᠦ᠌ ᠮᠡᠳᠡᠷᠡᠵᠤ ᠪᠤᠯᠤᠨ᠎ᠠ

2025 ᠣᠨ ᠳ᠋ᠤ᠌᠂ 《ᠠᠮᠢ ᠠᠬᠤᠢ ᠣᠷᠴᠢᠨ ᠲᠣᠭᠣᠷᠢᠨ》 ᠳᠤᠰᠬᠠᠢ ᠬᠡᠪᠯᠡᠯ ᠨᠢ ᠪᠦᠷᠢᠨ ᠵᠠᠭᠤᠴᠢᠯᠠᠭᠤᠷ ᠤ᠋ᠨ ᠰᠤᠷᠪᠤᠯᠵᠢᠯᠠᠭ᠎ᠠ ᠵᠢᠨ ᠲᠦᠪ ᠤ᠋ᠨ ᠪᠦᠬᠦ ᠰᠤᠷᠪᠤᠯᠵᠢᠯᠠᠭᠴᠢ ᠨᠠᠢᠷᠠᠭᠤᠯᠤᠭᠴᠢ ᠪᠠᠨ ᠵᠤᠬᠢᠶᠠᠨ ᠪᠠᠢᠭᠤᠯᠤᠨ 11 ᠨᠢᠭᠤᠷ ᠬᠡᠪᠯᠡᠯ ᠤ᠋ᠨ ᠰᠢᠷᠢᠰ ᠮᠡᠳᠡᠭᠡᠯᠡᠯ ᠢ᠋ ᠤᠬᠠᠭᠠᠯᠠᠨ ᠲᠦᠰᠦᠪᠯᠡᠵᠠᠢ᠃ ᠡᠳᠡᠭᠡᠷ ᠰᠢᠷᠢᠰ ᠮᠡᠳᠡᠭᠡᠯᠡᠯ ᠨᠢ 《ᠭᠦᠨᠴᠡ ᠮᠡᠳᠡᠭᠡᠯᠡᠯ ᠳ᠋ᠤ ᠰᠠᠭᠤᠷᠢᠯᠠᠬᠰᠠᠨ + ᠭᠡᠷᠡᠯ ᠵᠢᠷᠤᠭ ᠵᠢᠡᠷ ᠠᠬᠤᠢ ᠳᠠᠯᠠᠪᠠᠢ ᠵᠢᠨ ᠰᠤᠨᠢᠨ ᠮᠡᠳᠡᠭᠡᠴᠢ ᠴᠢᠨᠠᠷ ᠢ᠋ ᠨᠡᠮᠡᠭᠳᠡᠭᠦᠯᠦᠭᠰᠡᠨ + ᠤᠬᠤᠷ ᠰᠢᠭᠦᠮᠵᠢ ᠪᠡᠷ ᠭᠣᠣᠯ ᠰᠡᠳᠦᠪ ᠵᠢᠡᠨ ᠳᠡᠰ ᠳᠡᠪᠰᠢᠭᠦᠯᠦᠭᠰᠡᠨ + ᠨᠢᠭᠤᠷ ᠤᠷᠠᠯᠠᠯ ᠤ᠋ᠨ ᠦᠪᠡᠷᠮᠢᠴᠡ ᠴᠢᠨᠠᠷ ᠵᠢᠡᠷ ᠤᠩᠰᠢᠭᠴᠢᠳ ᠤ᠋ᠨ ᠰᠡᠳᠬᠢᠯ ᠢ᠋ ᠬᠦᠨᠳᠡᠭᠰᠡᠨ》 ᠤᠯᠠᠨ ᠴᠣᠭᠴᠠᠲᠤ ᠵᠠᠭᠪᠤᠷ ᠢ᠋ ᠬᠡᠷᠡᠭᠵᠢᠭᠦᠯᠵᠦ᠂ ᠰᠣᠨᠢᠨ ᠮᠡᠳᠡᠭᠡᠴᠢ ᠴᠢᠨᠠᠷ᠂ ᠦᠵᠡᠯ ᠰᠠᠨᠠᠭᠠᠴᠢ ᠴᠢᠨᠠᠷ ᠪᠣᠯᠤᠨ ᠬᠠᠷᠠᠭᠠᠨ ᠰᠠᠷᠡᠯ ᠤ᠋ᠨ ᠨᠥᠯᠥᠭᠡᠯᠡᠯ ᠤ᠋ᠨ ᠨᠢᠭᠡᠳᠦᠯ ᠢ᠋ ᠪᠡᠶᠡᠯᠡᠭᠦᠯᠵᠤ᠂ ᠥᠪᠥᠷ ᠮᠣᠩᠭᠣᠯ ᠤ᠋ᠨ ᠠᠮᠢ ᠠᠬᠤᠢ᠎ᠵᠢᠨ ᠶᠠᠷᠦᠡᠭᠭᠡᠢᠯᠡᠭᠰᠡᠨ ᠵᠠᠰᠠᠯᠳᠠ ᠰᠡᠷᠬᠦᠭᠡᠯᠳᠠ ᠬᠠᠮᠠᠭᠠᠯᠠᠯᠳᠠ᠎ᠵᠢ ᠰᠢᠰᠲ᠋ᠧᠮᠲᠦ ᠴᠢᠨᠠᠷᠲᠠᠢ ᠤᠬᠠᠭᠤᠯᠤᠨ ᠮᠡᠳᠡᠭᠡᠯᠡᠵᠠᠢ᠃

— 《ᠪᠦᠬᠦ ᠤᠯᠤᠰ ᠤ᠋ᠨ ᠡᠵᠢ ᠭᠣᠣᠯ ᠵᠢᠠᠨ ᠬᠠᠮᠠᠭᠠᠯᠠᠬᠤ ᠡᠳᠦᠷ》 ᠲᠦ᠍ ᠵᠤᠷᠢᠭᠤᠯᠵᠤ᠂ ᠬᠠᠲᠤᠨ ᠭᠣᠣᠯ ᠤ᠋ᠨ ᠥᠪᠥᠷ ᠮᠣᠩᠭᠣᠯ ᠳ᠋ᠠᠬᠢ ᠬᠡᠰᠡᠭ ᠤ᠋ᠨ ᠡᠯᠡᠰᠦ ᠵᠢ ᠵᠠᠰᠠᠨ ᠤᠰᠤᠨ ᠤ᠋ ᠡᠬᠢ ᠪᠠᠶᠠᠯᠢᠭ ᠢ᠋ ᠦᠷᠭᠦᠯᠵᠢᠯᠡᠨ ᠠᠰᠢᠭᠯᠠᠬᠤ᠂ ᠭᠣᠣᠯ ᠤ᠋ᠨ ᠭᠤᠯᠳᠤᠷᠢᠯ ᠢ᠋ ᠰᠡᠯᠪᠢᠨ ᠵᠠᠰᠠᠬᠤ ᠪᠠ ᠰᠠᠪᠠ ᠭᠠᠵᠠᠷ ᠢ᠋ ᠶᠡᠷᠦᠩᠬᠡᠢᠯᠡᠨ ᠵᠠᠰᠠᠬᠤ ᠲᠦᠷᠢᠮ ᠳᠤᠭᠳᠠᠴᠠ ᠵᠢ ᠪᠦᠷᠢᠨᠰᠢᠭᠦᠯᠦᠭᠰᠡᠨ ᠪᠠᠳᠤᠯᠠᠭ᠎ᠠ ᠵᠡᠷᠭᠡ᠎ᠵᠢ ᠳᠣᠪᠣᠢᠯᠭᠠᠵᠤ᠂ 《ᠬᠠᠳᠤᠨ ᠡᠵᠢ ᠵᠢᠨ ᠤᠭ᠌ᠶᠦᠨ ᠭᠤᠶᠤᠯᠠᠯ》 ᠢ᠋ ᠳᠡᠯᠭᠡᠨ᠂ 《ᠬᠠᠨ ᠳᠠᠯᠠᠭᠡᠢ ᠵᠢᠨ ᠬᠦᠭᠵᠢᠯ ᠤ᠋ᠨ ᠤᠶᠠᠩᠭ᠎ᠠ》 ᠵᠢ ᠴᠢᠪᠬᠠᠳᠠᠪᠠ᠃

— 《ᠳᠡᠯᠡᠬᠡᠢ ᠵᠢᠨ ᠣᠢ ᠰᠢᠭᠤᠢ ᠵᠢᠨ ᠡᠳᠦᠷ》᠂ 《ᠳᠡᠯᠡᠬᠡᠢ ᠵᠢᠨ ᠤᠰᠤᠨ ᠤ᠋ ᠡᠳᠦᠷ》᠂ 《ᠳᠡᠯᠡᠬᠡᠢ ᠵᠢᠨ ᠴᠠᠭ ᠠᠭᠤᠷ ᠤ᠋ᠨ ᠡᠳᠦᠷ》 ᠢ᠋ ᠬᠠᠷᠢᠯᠴᠠᠨ ᠠᠪᠴᠠᠯᠳᠤᠭᠤᠯᠤᠨ ᠨᠢᠭᠡ ᠳᠤᠰᠬᠠᠢ ᠨᠢᠭᠤᠷ ᠲᠦ᠍ ᠳᠤᠬᠢᠷᠠᠭᠤᠯᠵᠤ᠂ ᠣᠢ ᠰᠢᠭᠤᠢ ᠵᠢᠨ ᠡᠬᠢ ᠪᠠᠶᠠᠯᠢᠭ ᠢ᠋ ᠬᠠᠮᠠᠭᠠᠯᠠᠬᠤ᠂ ᠤᠰᠤᠨ ᠤ᠋ ᠡᠬᠢ ᠪᠠᠶᠠᠯᠢᠭ ᠤ᠋ᠨ ᠬᠠᠮᠤᠭ ᠤ᠋ᠨ ᠴᠢᠩᠭ᠎ᠠ ᠬᠠᠮᠢᠶᠠᠷᠤᠯᠲᠠ ᠵᠢᠨ ᠳᠦᠷᠢᠮ ᠢ᠋ ᠨᠠᠢᠳᠠᠪᠤᠷᠢᠵᠢᠭᠤᠯᠬᠤ᠂ ᠴᠠᠭ ᠠᠭᠤᠷ ᠤ᠋ᠨ ᠬᠤᠪᠢᠷᠠᠯᠲᠠ ᠵᠢ ᠠᠷᠭᠠᠴᠠᠭᠠᠬᠤ ᠵᠡᠷᠭᠡ ᠠᠭᠤᠯᠭ᠎ᠠ ᠵᠢ ᠮᠡᠳᠡᠭᠡᠯᠡᠵᠠᠢ᠃

— ᠪᠦᠬᠦ ᠤᠷᠤᠨ ᠤ᠋ ᠨᠤᠭᠤᠭᠠᠷᠠᠭᠤᠯᠤᠯᠳᠠ ᠵᠢᠨ ᠰᠠᠷ᠎ᠠ ᠳ᠋ᠤ ᠵᠤᠷᠢᠭᠤᠯᠤᠨ᠂ ᠥᠪᠥᠷ ᠮᠣᠩᠭᠣᠯ ᠤ᠋ᠨ ᠣᠢᠵᠢᠭᠤᠯᠤᠯᠳᠠ ᠨᠣᠭᠣᠭᠠᠷᠠᠭᠤᠯᠤᠯᠳᠠ᠂ ᠡᠯᠡᠰᠦᠷᠭᠡᠭᠵᠢᠯ ᠢ᠋ ᠰᠡᠷᠭᠡᠢᠯᠡᠵᠦ ᠡᠯᠡᠰᠦ ᠵᠢ ᠵᠠᠰᠠᠬᠰᠠᠨ ᠲᠠᠯ᠎ᠠ ᠪᠠᠷ ᠬᠢ ᠠᠮᠵᠢᠯᠳᠠ ᠪᠦᠲᠦᠮᠵᠢ ᠵᠢ ᠲᠡᠯᠭᠡᠵᠤ᠂ 《ᠡᠭᠡ ᠭᠠᠵᠠᠷ ᠦᠨᠳᠦᠰᠤ ᠦᠯᠡᠮᠵᠢ ᠪᠤᠯ ᠰᠢᠮᠡᠯᠢᠭ᠂ ᠠᠭᠤᠯᠠ ᠤᠰᠤ ᠤᠢ ᠪᠡᠷ ᠪᠠᠶᠠᠨ ᠪᠤᠯ ᠰᠦᠷᠯᠢᠭ》 ᠭᠡᠳᠡᠭ᠎ᠢ ᠠᠮᠢᠳᠤᠯᠢᠭ ᠬᠠᠷᠠᠭᠤᠯᠪᠠ᠃

— ᠢᠮᠠᠬᠤ ᠵᠢᠨ ᠳᠡᠳᠦᠢ ᠭᠠᠵᠠᠷ ᠰᠢᠷᠤᠢ ᠵᠢ ᠴᠦ᠍ ᠨᠠᠨᠳᠢᠩᠨᠠᠵᠤ᠂ ᠦᠷᠭᠦᠯᠵᠢᠯᠡᠭᠦ ᠬᠦᠭᠵᠢᠯᠳᠡ ᠵᠢ ᠡᠭᠦᠷᠢᠳᠡ ᠵᠢᠨ ᠢᠳᠡᠭᠡᠯ ᠪᠢᠰᠢᠷᠡᠯ ᠪᠤᠯᠭᠠᠮᠤᠢ᠃《ᠳᠡᠯᠡᠬᠡᠢ ᠵᠢᠨ ᠪᠥᠮᠪᠥᠷᠴᠡᠭ ᠤ᠋ᠨ ᠡᠳᠦᠷ》 ᠲᠦ᠍ ᠵᠤᠷᠢᠭᠤᠯᠵᠤ᠂ ᠳᠡᠯᠡᠭᠡᠢ ᠵᠢᠨ ᠪᠦᠮᠪᠦᠷᠴᠡᠭ ᠵᠢᠡᠨ ᠰᠠᠬᠢᠨ ᠬᠠᠮᠠᠭᠠᠯᠠᠬᠤ ᠠᠶᠠᠨ ᠳ᠋ᠤ ᠡᠷᠴᠢ ᠵᠤᠷᠢᠭ ᠵᠢᠡᠨ ᠬᠦᠪᠴᠢᠯᠡᠵᠤ ᠡᠷᠡᠮᠡᠭᠡᠢᠯᠡᠨ ᠤᠷᠤᠭᠰᠢᠯᠠᠭ᠎ᠠ ᠦᠪᠦᠷ ᠮᠤᠩᠭᠤᠯ ᠤ᠋ᠨ ᠡᠷᠴᠢ ᠵᠤᠷᠢᠭ ᠢ᠋ ᠲᠤᠳᠤᠷᠠᠭᠤᠯᠪᠠ᠃

— 《ᠪᠡᠯᠡᠳᠭᠡᠯ ᠲᠠᠢ ᠪᠤᠯ ᠪᠠᠯᠢᠳᠠᠬᠤ ᠦᠭᠡᠢ᠂ ᠪᠦᠳᠦᠮᠵᠢᠳᠠᠢ ᠠᠷᠭᠠᠴᠠᠭᠠᠪᠠᠯ ᠢᠯᠠᠭᠳᠠᠬᠤ ᠦᠭᠡᠢ》 ᠭᠡᠳᠡᠭ᠃ 《ᠪᠦᠬᠦ ᠤᠯᠤᠰ ᠤ᠋ᠨ ᠭᠠᠮᠰᠢᠭ ᠢ᠋ ᠰᠡᠷᠭᠡᠢᠯᠡᠨ ᠭᠠᠮᠰᠢᠭ ᠢ᠋ ᠪᠠᠭᠠᠰᠬᠠᠬᠤ ᠡᠳᠦᠷ》 ᠲᠦ᠍ ᠵᠤᠷᠢᠭᠤᠯᠵᠤ᠂ ᠠᠮᠢ ᠠᠬᠤᠢ ᠵᠢᠨ ᠠᠮᠤᠷ ᠲᠦᠪᠰᠢᠨ ᠬᠢᠭᠡᠳ ᠠᠮᠢ ᠨᠠᠰᠤᠨ ᠤ᠋ ᠬᠠᠮᠲᠤ ᠵᠢᠨ ᠴᠣᠭᠴᠠ ᠵᠢᠨ ᠬᠠᠮᠠᠭᠠᠯᠠᠯᠲᠠ ᠵᠢᠨ ᠴᠢᠬᠤᠯᠠ ᠴᠢᠨᠠᠷ᠎ᠢ ᠦᠬᠦᠯᠡᠵᠠᠢ᠃

— 《ᠤᠯᠠᠨ ᠤᠯᠤᠰ ᠤ᠋ᠨ ᠠᠮᠢᠳᠤ ᠪᠣᠳᠠᠰ ᠤ᠋ᠨ ᠣᠯᠠᠨ ᠶᠠᠩᠵᠤᠲᠤ ᠴᠢᠨᠠᠷ ᠤ᠋ᠨ ᠡᠳᠦᠷ》 ᠲᠦ᠍ ᠵᠤᠷᠢᠭᠤᠯᠵᠤ᠂ ᠪᠠᠢᠭᠠᠯᠢ ᠵᠢᠨ ᠬᠠᠮᠠᠭᠠᠯᠠᠯᠲᠠ ᠵᠢᠨ ᠣᠷᠣᠨ ᠤ᠋ ᠪᠦᠲᠦᠭᠡᠨ ᠪᠠᠢᠭᠤᠯᠤᠯᠲᠠ ᠬᠢᠭᠡᠳ ᠠᠮᠢ ᠠᠬᠤᠢ ᠵᠢᠨ ᠬᠣᠩᠭᠢᠯ ᠤ᠋ᠨ ᠵᠠᠰᠠᠨ ᠰᠡᠷᠭᠦᠭᠡᠯᠳᠠ᠎ᠵᠢᠨ ᠦᠯᠢᠭᠡᠷ ᠢ᠋ ᠬᠦᠤᠷᠨᠢᠵᠤ᠂ ᠥᠪᠥᠷ ᠮᠣᠩᠭᠣᠯ ᠤ᠋ᠨ ᠠᠮᠢ ᠠᠬᠤᠢ᠎ᠵᠢᠨ ᠪᠠᠢᠳᠠᠯ ᠵᠢᠴᠢ ᠦᠪᠡᠷᠮᠢᠴᠠ ᠤᠢᠯᠠᠳᠤᠯ᠎ᠢ ᠲᠤᠭᠠᠴᠢᠪᠠ᠃

— 《ᠳᠡᠯᠡᠬᠡᠢ ᠵᠢᠨ ᠣᠷᠴᠢᠨ ᠳᠤᠭᠤᠷᠢᠨ ᠤ᠋ ᠡᠳᠦᠷ》 ᠲᠦ᠍ ᠵᠤᠷᠢᠭᠤᠯᠵᠤ᠂ 《ᠬᠠᠮᠠᠭᠠᠯᠠᠵᠤ ᠶᠠᠪᠤᠬᠤ ᠵᠢᠨ ᠬᠠᠷᠢᠭᠤᠴᠠᠯᠭ᠎ᠠ》 ᠵᠢ ᠳᠤᠳᠤᠷᠬᠠᠢᠯᠠᠨ᠂ ᠥᠪᠥᠷ ᠮᠣᠩᠭᠣᠯ ᠤ᠋ᠨ ᠪᠣᠬᠢᠷᠲᠤᠯ ᠢ᠋ ᠰᠡᠷᠭᠡᠢᠯᠡᠨ ᠵᠠᠰᠠᠬᠤ᠂ ᠠᠮᠢ ᠠᠬᠤᠢ ᠵᠢ ᠰᠡᠷᠭᠦᠭᠡᠬᠦ ᠵᠡᠷᠭᠡ ᠲᠠᠯ᠎ᠠ ᠵᠢᠨ ᠠᠵᠢᠯᠯᠠᠭ᠎ᠠ ᠵᠢ ᠪᠦᠬᠦ ᠲᠠᠯ᠎ᠠ ᠪᠠᠷ ᠮᠡᠳᠡᠭᠡᠯᠡᠪᠠ᠃

— 《ᠳᠡᠯᠡᠬᠡᠢ ᠵᠢᠨ ᠴᠦᠯᠯᠡᠷᠭᠡᠭᠵᠢᠯ ᠬᠢᠭᠡᠳ ᠭᠠᠩ ᠬᠠᠭᠰᠠᠷᠠᠭᠠᠨ ᠢ᠋ ᠰᠡᠷᠭᠡᠢᠯᠡᠨ ᠵᠠᠰᠠᠬᠤ ᠡᠳᠦᠷ》 ᠲᠦ᠍ ᠵᠤᠷᠢᠭᠤᠯᠵᠤ᠂ ᠥᠪᠥᠷ ᠮᠣᠩᠭᠣᠯ ᠤ᠋ᠨ ᠴᠥᠯᠯᠡᠷᠭᠡᠭᠵᠢᠯ ᠢ᠋ ᠵᠠᠰᠠᠬᠰᠠᠨ᠂ ᠨᠤᠮᠢᠨ ᠨᠤᠭᠤᠭᠠᠨ ᠬᠠᠯᠬᠠᠪᠴᠢ ᠵᠢ ᠴᠤᠭᠴᠠᠯᠠᠬᠰᠠᠨ ᠵᠡᠷᠭᠡ ᠲᠠᠯ᠎ᠠ ᠵᠢᠨ ᠠᠵᠢᠯ ᠤ᠋ᠨ ᠠᠮᠵᠢᠯᠳᠠ ᠪᠦᠳᠦᠮᠵᠢ ᠵᠢ ᠮᠡᠳᠡᠭᠡᠯᠡᠵᠤ᠂ 《ᠮᠠᠩᠬ᠎ᠠ 〈ᠮᠠᠩᠨᠤᠭ〉 ᠪᠤᠯᠵᠤ᠂ ᠮᠠᠨ ᠤ᠋ ᠦᠪᠦᠷ ᠮᠤᠩᠭᠤᠯ 〈ᠪᠠᠶᠠᠨ〉 ᠪᠤᠯᠵᠠᠢ》 ᠭᠡᠪᠠ᠃

— ᠭᠠᠵᠠᠷ ᠰᠢᠷᠤᠢ ᠪᠠᠨ ᠠᠷᠪᠢᠳᠠᠢ ᠬᠡᠷᠡᠭᠯᠡᠵᠤ᠂ ᠭᠠᠩᠭᠠᠩ ᠪᠠᠢᠭᠠᠯᠢ ᠪᠠᠨ ᠬᠠᠮᠠᠭᠠᠯᠠᠨ᠎ᠠ᠃ 《ᠪᠦᠬᠦ ᠤᠯᠤᠰ ᠤ᠋ᠨ ᠭᠠᠵᠠᠷ ᠰᠢᠷᠣᠢ ᠵᠢᠨ ᠡᠳᠦᠷ》 ᠲᠦ᠍ ᠵᠤᠷᠢᠭᠤᠯᠵᠤ᠂ ᠥᠪᠥᠷ ᠮᠣᠩᠭᠣᠯ ᠤ᠋ᠨ ᠲᠠᠷᠢᠶᠠᠨ ᠭᠠᠵᠠᠷ ᠤ᠋ᠨ ᠤᠯᠠᠭᠠᠨ ᠱᠤᠭᠤᠮ ᠢ᠋ ᠴᠢᠩᠭ᠎ᠠ ᠰᠠᠬᠢᠵᠤ᠂  ᠠᠮᠤ ᠪᠤᠳᠠᠭᠠᠨ ᠤ᠋ ᠠᠮᠤᠷ ᠲᠦᠪᠰᠢᠨ ᠪᠠ ᠠᠮᠢ ᠠᠬᠤᠢ ᠵᠢᠨ ᠠᠮᠤᠷ ᠲᠦᠪᠰᠢᠨ ᠢ᠋ ᠪᠠᠲᠤᠯᠠᠭᠰᠠᠨ ᠲᠠᠯ᠎ᠠ ᠪᠠᠷ ᠬᠢ ᠵᠢᠳᠬᠦᠯ ᠴᠢᠷᠮᠠᠢᠯᠭ᠎ᠠ ᠵᠢ ᠦᠬᠦᠯᠠᠵᠠᠢ᠃

— 《ᠪᠦᠬᠦ ᠤᠯᠤᠰ ᠤ᠋ᠨ ᠠᠮᠢ ᠠᠬᠤᠢ ᠵᠢᠨ ᠡᠳᠦᠷ》 ᠲᠦ᠍ ᠵᠤᠷᠢᠭᠤᠯᠵᠥ᠂ 《ᠪᠠᠢᠭᠠᠯᠢ ᠳᠡᠯᠡᠭᠡᠢ ᠪᠠᠨ ᠪᠦᠳᠦᠨ ᠵᠢᠡᠷ ᠨᠢ ᠪᠠᠢᠯᠭᠠᠶ᠎ᠠ》 ᠭᠡᠮᠡᠨ ᠰᠠᠨᠠᠭᠠᠴᠢᠯᠠᠵᠤ᠂ ᠦᠪᠥᠷ ᠮᠣᠩᠭᠣᠯ ᠤ᠋ᠨ ᠪᠣᠬᠢᠷᠲᠤᠯ ᠦᠭᠡᠢ ᠬᠥᠭᠵᠢᠯᠲᠡ ᠲᠠᠢᠰᠢ ᠬᠡᠯᠪᠡᠷᠢ ᠪᠡᠨ ᠬᠤᠪᠢᠷᠠᠭᠤᠯᠤᠨ ᠲᠠᠰ ᠲᠠᠪᠰᠢᠬᠦᠯᠦᠭᠰᠡᠨ ᠵᠡᠷᠭᠡ᠎ᠵᠢᠨ ᠠᠮᠵᠢᠯᠳᠠ ᠪᠦᠳᠤᠮᠵᠢ ᠵᠢ ᠪᠥᠬᠥ ᠲᠠᠯ᠎ᠠ ᠪᠠᠷ ᠡᠷᠭᠢᠴᠡᠭᠦᠯᠪᠠ᠃

— 《ᠳᠡᠯᠡᠭᠡᠢ ᠵᠢᠨ ᠣᠽᠣᠨ ᠤ᠋ ᠳᠠᠪᠬᠤᠷᠭ᠎ᠠ ᠵᠢ ᠬᠠᠮᠠᠭᠠᠯᠠᠬᠤ ᠡᠳᠦᠷ》ᠲᠦ᠍ ᠵᠤᠷᠢᠭᠤᠯᠵᠤ᠂ ᠥᠪᠥᠷ ᠮᠣᠩᠭᠣᠯ ᠤ᠋ᠨ ᠠᠭᠤᠷ ᠠᠮᠢᠰᠬᠤᠯ ᠤ᠋ᠨ ᠬᠤᠪᠢᠷᠠᠯᠲᠠ ᠵᠢ ᠠᠷᠭᠠᠴᠠᠭᠠᠬᠤ᠂ ᠪᠣᠬᠢᠷᠲᠤᠯ ᠦᠭᠡᠢ ᠲᠤᠤᠷ᠎ᠠ ᠨᠡᠭᠦᠷᠡᠰᠦᠲᠥ᠋ᠷᠦᠭᠴᠢᠲᠦ ᠬᠥᠭᠵᠢᠯᠲᠡ ᠵᠢ ᠠᠬᠢᠭᠤᠯᠬᠤ ᠵᠡᠷᠭᠡ ᠲᠠᠯ᠎ᠠ ᠪᠠᠷ ᠬᠢ ᠢᠳᠡᠪᠬᠢ ᠬᠦᠴᠤᠨ ᠬᠢᠭᠡᠳ ᠬᠠᠮᠲᠤᠷᠠᠯᠴᠠᠭ᠎ᠠ ᠵᠢᠨ ᠦᠢᠯᠡᠳᠦᠯᠭᠡ ᠵᠢ ᠲᠤᠭᠠᠴᠢᠵᠤ᠂ ᠤᠽᠤᠨ ᠤ᠋ ᠳᠠᠪᠬᠤᠷᠭ᠎ᠠ ᠬᠢᠭᠡᠳ ᠳᠡᠯᠡᠭᠡᠢ ᠵᠢᠨ ᠪᠦᠮᠪᠦᠷᠴᠡᠭ ᠤ᠋ᠨ ᠢᠪᠡᠭᠡᠯ ᠬᠠᠷᠰᠢ᠎ᠵᠢᠨ ᠲᠤᠬᠠᠢ ᠦᠬᠦᠯᠠᠵᠠᠢ᠃

ᠦᠷᠭᠡᠴᠠ ᠬᠦᠨᠴᠠᠳᠤ ᠠᠭᠤᠯᠭ᠎ᠠ ᠭᠡᠯᠪᠡᠷᠢ

ᠦᠪᠡᠷᠮᠢᠴᠠ ᠤᠨᠴᠠᠯᠢᠬᠳᠤ ᠭᠠᠷᠠᠭ᠎ᠤᠨ ᠲᠡᠮᠳᠡᠭᠯᠡᠯ — ᠡᠨᠳᠡ ᠡᠴᠡ ᠦᠪᠦᠷ ᠮᠤᠩᠭᠤᠯ᠎ᠤᠨ ᠠᠮᠢ ᠠᠬᠤᠢ ᠵᠢᠨ ᠪᠦᠳᠦᠭᠡᠨ ᠪᠠᠢᠭᠤᠯᠤᠯᠳᠠ ᠵᠢᠨ ᠠᠮᠵᠢᠯᠳᠠ ᠪᠦᠳᠦᠮᠵᠢ ᠵᠢ ᠨᠠᠷᠢᠨ ᠤᠢᠯᠠᠭᠠᠵᠤ ᠪᠤᠯᠤᠨ᠎ᠠ

2025 ᠤᠨ᠎ᠳᠤ᠂ 《ᠠᠮᠢ ᠠᠬᠤᠢ ᠣᠷᠴᠢᠨ ᠲᠣᠭᠣᠷᠢᠨ》 ᠲᠤᠰᠬᠠᠢ ᠬᠡᠪᠯᠡᠯ ᠨᠢ 48 ᠬᠤᠭᠤᠴᠠᠭ᠎ᠠ ᠨᠡᠢᠳᠡᠯᠡᠭᠳᠡᠵᠤ᠂ 《ᠰᠠᠢᠬᠠᠨ ᠪᠠᠢᠭᠠᠯᠢ》 ᠪᠤᠯᠤᠡᠭ ᠳ᠋ᠠᠭᠠᠨ 《ᠭᠤᠤᠯᠳᠠᠯᠭᠠᠳᠤ ᠮᠡᠳᠡᠭᠡᠯᠡᠯ + ᠵᠢᠷᠤᠭ》 ᠤ᠋ᠨ ᠠᠭᠤᠯᠭ᠎ᠠ ᠪᠡᠷ ᠨᠢᠭᠤᠷ ᠬᠠᠭᠤᠳᠠᠰᠤ ᠪᠠᠨ ᠡᠬᠢᠯᠡᠬᠦᠯᠤᠨ᠂ 《ᠰᠤᠷᠠᠭ ᠮᠡᠳᠡᠭᠡ》 ᠪᠡᠷ ᠠᠮᠢ ᠠᠬᠤᠢ ᠵᠢᠨ ᠲᠦᠷᠭᠡᠨ ᠮᠡᠳᠡᠭᠡ ᠵᠠᠩᠬᠢ ᠵᠢ ᠴᠠᠭ ᠲᠤᠬᠠᠢ ᠳ᠋ᠤᠨᠢ ᠳᠠᠮᠵᠢᠭᠤᠯᠵᠤ᠂ 《ᠵᠢᠷᠤᠭᠳᠤ ᠮᠡᠳᠡᠭᠡ》 ᠵᠢᠨ ᠭᠡᠷᠡᠯ ᠵᠢᠷᠤᠭ ᠤ᠋ᠨ ᠬᠠᠷᠠᠭᠠᠨ ᠰᠡᠷᠡᠯ ᠤ᠋ᠨ ᠰᠢᠭᠤᠳ ᠳᠠᠮᠵᠢᠭᠤᠯᠭ᠎ᠠ ᠪᠡᠷ ᠠᠮᠢ ᠠᠬᠤᠢ ᠤᠷᠴᠢᠨ ᠳᠤᠭᠤᠷᠢᠨ ᠤ᠋ ᠰᠠᠢᠵᠢᠷᠠᠯᠳᠠ ᠵᠢ ᠬᠠᠷᠠᠭᠤᠯᠵᠤ᠂ 《ᠰᠢᠨ᠎ᠡ ᠰᠡᠷᠡᠯ》 ᠵᠢᠡᠷ ᠠᠮᠢ ᠠᠬᠤᠢ ᠵᠢᠨ ᠪᠤᠯᠪᠠᠰᠤᠨ ᠤ᠋ ᠪᠠᠢᠭᠤᠯᠤᠯᠳᠠ ᠵᠢᠨ ᠬᠠᠮᠲᠤ ᠵᠢᠨ ᠲᠠᠨᠢᠯᠲᠠ ᠵᠢ ᠨᠢᠭᠲᠠᠷᠠᠭᠤᠯᠪᠡ᠃ ᠠᠮᠢ ᠠᠬᠤᠢ ᠎ᠳᠤ ᠬᠤᠯᠪᠤᠭᠳᠠᠭᠰᠠᠨ ᠡᠳᠦᠷ ᠵᠢᠴᠢ ᠠᠮᠵᠢᠯᠳᠠ ᠪᠦᠳᠦᠮᠵᠢ ᠵᠢᠨ ᠳᠤᠬᠠᠢ 11 ᠪᠦᠬᠦᠯᠢ ᠨᠢᠭᠤᠷ ᠬᠡᠪᠯᠡᠯ ᠤ᠋ᠨ ᠤᠬᠠᠭᠠᠯᠠᠯ ᠲᠦᠰᠦᠪᠯᠡᠯ᠂ 48 ᠶᠡᠷᠦᠩᠬᠡᠢᠯᠡᠭᠰᠡᠨ ᠭᠤᠤᠯᠳᠠᠯᠭᠠᠳᠤ ᠮᠡᠳᠡᠭᠡᠯᠡᠯ᠂ 48 ᠤᠬᠤᠷ ᠰᠢᠭᠦᠮᠵᠢ᠂ 100 ᠭᠠᠷᠤᠢ ᠰᠤᠷᠠᠭ ᠮᠡᠳᠡᠭᠡ᠂ 200 ᠭᠠᠷᠤᠢ ᠭᠡᠷᠡᠯ ᠵᠢᠷᠤᠭ ᠢ᠋ ᠨᠡᠢᠳᠡᠯᠡᠭᠦᠯᠵᠤ᠂ ᠦᠪᠤᠷ ᠮᠤᠡᠭᠭᠤᠯ᠎ᠤᠨ ᠮᠠᠨ᠎ᠤ ᠤᠯᠤᠰ ᠤ᠋ᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ ᠤ᠋ ᠬᠠᠯᠬᠠᠪᠴᠢ ᠵᠢ ᠪᠠᠳᠤ ᠪᠠᠬᠢ ᠴᠤᠭᠴᠠᠯᠠᠵᠤ ᠪᠦᠬᠦᠢ ᠠᠷᠭ᠎ᠠ ᠭᠡᠮᠵᠢᠶ᠎ᠠ ᠠᠮᠵᠢᠯᠳᠠ ᠪᠦᠳᠤᠮᠵᠢ ᠬᠢᠭᠡᠳ ᠵᠢᠳᠭᠦᠯ ᠴᠢᠷᠮᠠᠢᠯᠭ᠎ᠠ᠎ᠵᠢ ᠤᠩᠰᠢᠭᠴᠢᠳ᠎ᠤᠨ ᠬᠠᠷᠠᠭᠠᠨ᠎ᠳᠤ ᠲᠤᠳᠤᠷᠠᠭᠤᠯᠵᠠᠢ᠂᠃


6da75425-1aa4-4399-8c45-2e34a15ec8cc.png


2025 ᠣᠨ ᠤ᠋ 《ᠠᠮᠢ ᠠᠬᠤᠢ ᠣᠷᠴᠢᠨ ᠲᠣᠭᠣᠷᠢᠨ》 ᠲᠤᠰᠬᠠᠢ ᠬᠡᠪᠯᠡᠯ ᠤ᠋ᠨ ᠮᠡᠳᠡᠭᠡᠯᠡᠯ ᠨᠢ ᠥᠪᠥᠷ ᠮᠣᠩᠭᠣᠯ ᠤ᠋ᠨ ᠠᠮᠢ ᠠᠬᠤᠢ ᠵᠢᠨ ᠪᠣᠯᠪᠠᠰᠤᠨ ᠤ᠋ ᠪᠠᠢᠭᠤᠯᠤᠯᠲᠠ ᠵᠢᠨ ᠣᠨ ᠤ᠋ ᠠᠮᠵᠢᠯᠳᠠ ᠪᠦᠳᠦᠮᠵᠢ ᠵᠢᠨ ᠬᠠᠷᠢᠭᠤᠯᠳᠠ ᠵᠢᠨ ᠬᠠᠭᠤᠳᠠᠰᠤ ᠪᠤᠯᠤᠭᠰᠠᠨ ᠨᠢ ᠳᠠᠮᠵᠢᠭ ᠦᠭᠡᠢ᠃ ᠷᠠᠰᠢᠶᠠᠨ ᠤ᠋ ᠪᠠᠢᠭᠠᠯᠢᠯᠢᠭ ᠤᠢ ᠵᠢ ᠬᠠᠮᠠᠭᠠᠯᠠᠬᠤ ᠡᠴᠡ ᠤᠷᠳᠤᠰ ᠤ᠋ᠨ ᠴᠦᠯᠯᠡᠷᠭᠡᠭᠵᠢᠯ ᠢ᠋ ᠵᠠᠰᠠᠬᠤ ᠬᠦᠷᠳᠡᠯ᠎ᠡ᠂ ᠬᠦᠯᠦᠨ ᠨᠠᠭᠤᠷ ᠤ᠋ᠨ ᠰᠠᠪᠠ ᠭᠠᠵᠠᠷ ᠤ᠋ᠨ ᠠᠮᠢ ᠠᠬᠤᠢ ᠵᠢ ᠵᠠᠰᠠᠨ ᠰᠡᠷᠭᠦᠭᠡᠭᠦ ᠡᠴᠡ ᠰᠢᠯᠢ ᠵᠢᠨ ᠭᠤᠤᠯ ᠤ᠋ᠨ ᠨᠤᠳᠤᠭ ᠪᠡᠯᠴᠢᠭᠡᠷ ᠤ᠋ᠨ ᠠᠮᠢ ᠠᠬᠤᠢ ᠵᠢ ᠬᠠᠮᠠᠭᠠᠯᠠᠵᠤ ᠪᠦᠳᠦᠭᠡᠨ ᠪᠠᠢᠭᠤᠯᠬᠤ ᠨᠦᠭᠦᠪᠦᠷᠢ ᠪᠠ ᠱᠠᠩᠨᠠᠯ ᠤ᠋ᠨ ᠲᠦᠷᠦ ᠵᠢᠨ ᠪᠤᠳᠤᠯᠭ᠎ᠠ ᠵᠢᠨ ᠳᠤᠭᠳᠠᠴᠠ ᠵᠢ ᠨᠠᠢᠳᠠᠪᠤᠷᠢᠵᠢᠭᠤᠯᠬᠤ ᠬᠦᠷᠳᠡᠯ᠎ᠡ᠂ ᠬᠠᠳᠤᠨ ᠭᠤᠤᠯ ᠤ᠋ᠨ ᠰᠠᠪᠠ ᠭᠠᠵᠠᠷ ᠤ᠋ᠨ ᠦᠪᠦᠷ ᠮᠤᠩᠭᠤᠯ ᠤ᠋ᠨ ᠬᠡᠰᠡᠭ ᠤ᠋ᠨ ᠤᠰᠤᠨ ᠤ᠋ ᠴᠢᠨᠠᠷ ᠢ᠋ ᠳᠡᠭᠡᠭᠰᠢᠯᠡᠭᠦᠯᠬᠦ ᠡᠴᠡ ᠶᠡᠭᠡ ᠬᠢᠩᠭᠠᠨ ᠳᠠᠪᠠᠭ᠎ᠠ ᠵᠢᠨ ᠠᠮᠢᠳᠤ ᠪᠤᠳᠠᠰ ᠤ᠋ᠨ ᠤᠯᠠᠨ ᠶᠠᠩᠵᠤᠳᠤ ᠴᠢᠨᠠᠷ ᠢ᠋ ᠬᠠᠮᠠᠭᠠᠯᠠᠬᠤ ᠬᠦᠷᠳᠡᠯ᠎ᠡ ᠁ 《ᠦᠵᠦᠭ》 ᠪᠠ 《ᠦᠵᠡᠭᠳᠡᠯ》 ᠢ᠋ ᠠᠷᠪᠠᠨ ᠬᠤᠶᠠᠷ ᠠᠢᠮᠠᠭ ᠬᠤᠳᠠ ᠳ᠋ᠤ ᠳᠦᠭᠡᠭᠡᠵᠤ᠂ ᠲᠦᠷᠪᠡᠨ ᠤᠯᠠᠷᠢᠯ ᠤ᠋ᠨ ᠡᠭᠡᠯᠵᠢᠯᠡᠯ ᠢ᠋ ᠬᠡᠯᠬᠢᠶᠡᠯᠡᠨ᠂ ᠦᠪᠡᠷᠮᠢᠴᠠ ᠤᠨᠴᠠᠯᠢᠬᠳᠤ ᠥᠪᠥᠷ ᠮᠣᠩᠭᠣᠯ ᠤ᠋ᠨ ᠠᠮᠢ ᠠᠬᠤᠢ ᠵᠢᠨ ᠭᠠᠷᠠᠭ ᠤ᠋ᠨ ᠲᠡᠮᠳᠡᠭᠯᠡᠯ ᠢ᠋ ᠪᠢᠴᠢᠭᠯᠡᠪᠠ᠃

ᠪᠤᠷᠤᠭᠵᠢᠭᠤᠨ ᠡᠷᠬᠢᠮᠰᠦᠭ ᠨᠢᠭᠤᠷ ᠤᠷᠠᠯᠠᠯ

ᠪᠦᠷᠢᠨ ᠦᠵᠡᠭᠳᠡᠯᠳᠤ ᠠᠮᠢ ᠠᠬᠤᠢ ᠵᠢᠨ ᠵᠢᠷᠤᠭ — ᠡᠨᠳᠡ ᠡᠴᠡ ᠦᠪᠦᠷ ᠮᠤᠩᠭᠤᠯ᠎ᠤᠨ ᠠᠮᠢ ᠠᠬᠤᠢ᠎ᠵᠢᠨ ᠪᠠᠢᠳᠠᠯ ᠢ᠋ ᠤᠩᠰᠢᠨ ᠰᠤᠨᠢᠷᠬᠠᠵᠦ ᠪᠤᠯᠤᠨ᠎ᠠ

ᠰᠤᠨᠢᠨ ᠮᠡᠳᠡᠭᠡ ᠪᠡᠨ ᠨᠡᠩ ᠬᠦᠨᠴᠡ ᠲᠠᠢ᠂ ᠨᠡᠩ ᠳᠠᠳᠠᠬᠤ ᠬᠦᠴᠦᠨ ᠲᠠᠢ᠂ ᠨᠡᠩ ᠨᠦᠯᠦᠭᠡᠯᠡᠬᠦ ᠬᠦᠴᠦᠨ ᠲᠠᠢ ᠪᠦᠭᠡᠳ ᠤᠩᠰᠢᠬᠴᠢᠳ᠎ᠤᠨ ᠵᠢᠡᠨ ᠰᠡᠳᠬᠢᠯ᠎ᠳᠤ ᠰᠠᠭᠤᠭᠳᠠᠳᠠᠯ᠎ᠠ ᠰᠠᠢᠳᠤᠷ ᠡᠷᠬᠢᠯᠡᠬᠦ ᠵᠢᠨ ᠲᠦᠯᠦᠭᠡ 2025 ᠤᠨ᠎ᠳᠤ ᠲᠤᠰᠬᠠᠢ ᠭᠡᠪᠯᠡᠯ᠎ᠤᠨ ᠨᠢᠭᠤᠷ ᠤᠷᠠᠯᠠᠯ᠎ᠤᠨ ᠲᠠᠯ᠎ᠠ ᠪᠠᠷ ᠶᠡᠭᠡ ᠬᠦᠳᠡᠯᠮᠦᠷᠢ ᠵᠠᠷᠤᠴᠠᠭᠤᠯᠵᠤ᠂ ᠨᠡᠯᠢᠶᠡᠳ ᠰᠠᠢᠨ ᠦᠷ᠎ᠡ ᠪᠦᠲᠦᠮᠵᠢ᠎ᠳᠤ ᠬᠦᠷᠴᠡᠢ᠃

ᠨᠠᠭᠤᠷ ᠪᠦᠷᠢᠳᠤ ᠨᠤᠲᠤᠭ ᠪᠡᠯᠴᠢᠭᠡᠷ ᠡᠯᠡᠰᠦ ᠮᠠᠩᠬ᠎ᠠ ᠭᠤᠪᠢ ᠬᠠᠩᠭᠠᠢ ᠲᠠᠷᠢᠶᠠᠨ ᠭᠠᠵᠠᠷ ᠠᠭᠤᠯᠠ ᠬᠠᠢᠷᠬᠠᠨ ᠭᠤᠤᠯ ᠮᠦᠷᠡᠨ — ᠦᠪᠦᠷ ᠮᠤᠩᠭᠤᠯ᠎ᠤᠨ ᠠᠮᠢ ᠠᠬᠤᠢ᠃ ᠡᠨᠡ ᠰᠠᠢᠬᠠᠨ ᠦᠵᠡᠰᠭᠦᠯᠡᠩᠳᠤ ᠰᠠᠢᠬᠠᠨ ᠠᠮᠢ ᠠᠬᠤᠢ ᠪᠠᠨ ᠬᠠᠮᠠᠭᠠᠯᠠᠨ ᠪᠦᠲᠦᠭᠡᠨ ᠪᠠᠢᠭᠤᠯᠬᠤ ᠭᠡᠵᠦ ᠦᠪᠦᠷ ᠮᠤᠩᠭᠤᠯᠴᠤᠳ ᠪᠦᠬᠦ ᠬᠦᠴᠦᠨ ᠵᠢᠡᠷ ᠵᠢᠡᠨ ᠵᠢᠳᠬᠦᠭᠰᠡᠭᠡᠷ ᠪᠦᠭᠡᠳ ᠲᠡᠳᠡᠨ᠎ᠤ ᠵᠢᠳᠬᠦᠯ ᠴᠢᠷᠮᠠᠢᠯᠭ᠎ᠠ ᠦᠢᠯᠡᠰ ᠬᠦᠭᠡᠭᠡᠴᠡᠯᠳᠦᠯ ᠪᠦᠬᠦᠨ᠎ᠢ ᠰᠤᠨᠢᠨ ᠮᠡᠳᠡᠭᠡᠨ᠎ᠤ ᠬᠦᠨᠴᠡ ᠮᠡᠳᠡᠭᠡᠯᠡᠯ᠎ᠤᠨ ᠬᠠᠷᠠᠭᠠᠰᠤ ᠡᠴᠡ ᠮᠡᠳᠡᠭᠡᠯᠡᠨ ᠰᠤᠷᠳᠠᠯᠴᠢᠯᠠᠬᠤ ᠰᠢᠨ᠎ᠡ ᠵᠠᠮ᠎ᠢ ᠨᠡᠭᠡᠭᠡᠬᠦ ᠪᠠᠷ 《ᠠᠮᠢ ᠠᠬᠤᠢ ᠤᠷᠴᠢᠨ ᠲᠤᠭᠤᠷᠢᠨ》 ᠲᠤᠰᠬᠠᠢ ᠬᠡᠪᠯᠡᠯ ᠮᠡᠷᠡᠢᠨ ᠴᠢᠷᠮᠠᠢᠭᠰᠠᠭᠠᠷ ᠢᠷᠡᠭᠰᠡᠨ᠃ ᠰᠢᠨ᠎ᠠ ᠵᠠᠭᠤᠴᠢᠯᠠᠭᠤᠷ᠎ᠤᠨ ᠴᠠᠭ ᠡᠷᠢᠨ᠎ᠳᠤ ᠬᠦᠮᠦᠰ᠎ᠢ ᠭᠡᠷᠬᠢᠨ ᠰᠤᠨᠢᠨ᠎ᠤ ᠬᠠᠭᠤᠳᠠᠰᠤᠨ᠎ᠳᠤ ᠬᠠᠷᠠᠭ᠎ᠠ ᠰᠡᠳᠬᠢᠯ᠎ᠢ ᠨᠢ ᠳᠠᠳᠠᠵᠦ ᠠᠪᠴᠢᠷᠠᠬᠤ ᠪᠤᠢ? ᠠᠭᠤᠯᠭ᠎ᠠ ᠵᠢᠨ ᠰᠢᠨ᠎ᠠ ᠵᠢ ᠡᠭᠦᠳᠦᠭᠰᠡᠨ ᠲᠦᠰᠦᠪᠯᠡᠯ᠂ ᠮᠡᠳᠡᠭᠡᠯᠡᠯ᠎ᠤᠨ ᠰᠢᠨ᠎ᠠ ᠵᠢ ᠡᠭᠦᠳᠦᠭᠰᠡᠨ ᠬᠠᠷᠠᠭᠠᠰᠤ ᠪᠠ ᠨᠢᠭᠤᠷ ᠭᠡᠪᠯᠡᠯ᠎ᠤᠨ ᠰᠢᠨ᠎ᠡ ᠵᠢ ᠡᠭᠦᠳᠦᠭᠰᠡᠨ ᠤᠷᠠᠯᠠᠯ ᠪᠤᠯ ᠠᠮᠵᠢᠯᠳᠠ᠎ᠳᠤ ᠬᠦᠷᠬᠦ ᠭᠤᠷᠮᠤᠰᠤᠨ ᠠᠨᠢᠰᠦ ᠭᠡᠵᠦ ᠬᠡᠯᠡᠵᠦ ᠪᠤᠯᠤᠨ᠎ᠠ᠃

ᠲᠤᠰᠬᠠᠢ ᠨᠢᠭᠤᠷ᠎ᠤᠨ 《ᠨᠢᠭᠤᠷ ᠭᠡᠪᠯᠡᠯ᠎ᠤᠨ ᠬᠡᠯᠡ》 ᠳ᠋ᠦ ᠰᠤᠨᠢᠨ ᠮᠡᠳᠡᠭᠡᠨ᠎ᠤ ᠨᠠᠢᠷᠠᠭᠤᠯᠭ᠎ᠠ ᠵᠢᠨ ᠤᠬᠠᠭᠠᠨ᠂ ᠰᠤᠨᠢᠨ ᠮᠡᠳᠡᠭᠡᠨ᠎ᠤ ᠤᠷᠠᠨ ᠵᠢᠷᠤᠭ᠎ᠤᠨ ᠤᠬᠠᠭᠠᠨ ᠪᠠᠭᠳᠠᠬᠤ ᠡᠴᠡ ᠭᠠᠳᠠᠨ᠎ᠠ ᠤᠷᠠᠯᠢᠬ᠎ᠤᠨ ᠢᠯᠡᠷᠡᠬᠦᠯᠬᠦ ᠬᠡᠯᠪᠡᠷᠢ ᠨᠡᠩ ᠶᠡᠭᠡ ᠪᠡᠷ ᠱᠠᠭᠠᠷᠳᠠᠭᠳᠠᠨ᠎ᠠ᠃ ᠲᠠᠷᠤᠢ ᠨᠢᠭᠡᠨ ᠰᠠᠢᠨ ᠬᠦᠨᠴᠡ ᠮᠡᠳᠡᠭᠡᠯᠡᠯ᠎ᠢ ᠲᠤᠰᠬᠠᠢ ᠨᠢᠭᠤᠷ᠎ᠤᠨ ᠵᠢᠡᠨ ᠲᠡᠷᠡ ᠭᠡᠰᠡᠭ ᠲᠦᠷᠪᠡᠯᠵᠢᠨ ᠬᠠᠭᠤᠳᠠᠰᠤᠨ᠎ᠳᠤ ᠭᠡᠷᠬᠢᠨ ᠤᠷᠠᠯᠢᠬ᠎ᠤᠨ ᠬᠡᠯᠪᠡᠷᠢ ᠪᠤᠯᠭᠠᠨ ᠢᠯᠡᠷᠡᠬᠦᠯᠵᠦ ᠴᠢᠳᠠᠬᠤ ᠨᠢ ᠬᠠᠷᠢᠭᠤᠴᠠᠭᠰᠠᠨ ᠨᠠᠢᠷᠠᠭᠤᠯᠤᠬᠴᠢ ᠪᠠ ᠨᠢᠭᠤᠷ ᠤᠷᠠᠯᠢᠬᠴᠢ ᠵᠢᠨ ᠤᠬᠠᠭᠠᠨ ᠰᠡᠳᠬᠢᠯ ᠬᠤᠶᠠᠭᠤᠯᠠ ᠬᠢᠷᠢ ᠵᠡᠷᠭᠡ ᠠᠭᠤᠰᠤᠯᠴᠠᠨ ᠨᠢᠭᠡᠳᠦᠭᠰᠡᠨ ᠭᠡᠳᠡᠭ ᠡᠴᠡ ᠲᠤᠭᠳᠠᠭᠠᠭᠳᠠᠨ᠎ᠠ᠃ 2025 ᠤᠨ᠎ᠤ 《ᠠᠮᠢ ᠠᠬᠤᠢ ᠤᠷᠴᠢᠨ ᠲᠤᠭᠤᠷᠢᠨ》 ᠲᠤᠰᠬᠠᠢ ᠬᠡᠪᠯᠡᠯ᠎ᠤᠨ ᠰᠢᠷᠢᠰ ᠮᠡᠳᠡᠭᠡᠯᠡᠯ᠎ᠤᠨ ᠨᠢᠭᠤᠷ ᠤᠷᠠᠯᠠᠯ ᠡᠴᠡ ᠦᠵᠡᠪᠡᠯ᠂ ᠲᠤᠬᠠᠢ ᠵᠢᠨ ᠲᠠᠯᠠᠪᠠᠢ ᠵᠢᠨ ᠰᠤᠨᠢᠨ ᠮᠡᠳᠡᠭᠡᠨ᠎ᠤ ᠭᠡᠷᠡᠯ ᠵᠢᠷᠤᠭ᠎ᠢ ᠴᠦᠭᠡᠨ ᠭᠡᠷᠡᠭᠯᠡᠭᠰᠡᠨ ᠪᠤᠶᠤ ᠲᠡᠮᠡᠢ ᠭᠡᠷᠡᠭᠯᠡᠭᠡ ᠦᠭᠡᠢ ᠪᠠᠢᠳᠠᠯ ᠲᠤᠤᠷ᠎ᠠ ᠭᠠᠷᠴᠠᠭ᠂ ᠭᠤᠤᠯ ᠵᠤᠬᠢᠶᠠᠯ ᠪᠠ ᠪᠤᠰᠤᠳ ᠡᠯᠸᠮᠸᠨ᠋ᠲ᠎ᠢ ᠤᠷᠠᠨ ᠵᠢᠷᠤᠭ᠎ᠤᠨ ᠢᠯᠡᠷᠡᠬᠦᠯᠬᠦ ᠭᠡᠯᠪᠡᠷᠢ ᠪᠡᠷ ᠪᠦᠬᠦᠯᠢ ᠴᠤᠭᠴᠠ ᠪᠠᠷ ᠤᠷᠠᠯᠠᠨ ᠲᠦᠰᠦᠪᠯᠡᠵᠦ ᠭᠠᠷᠭᠠᠭᠰᠠᠨ ᠵᠢᠡᠷ ᠬᠠᠷᠠᠬᠤ᠎ᠳᠤ ᠨᠢᠳᠦᠨ᠎ᠳᠤ ᠡᠭᠡᠯᠢᠳᠡᠢ᠂ ᠤᠩᠰᠢᠬᠤ᠎ᠳᠤ ᠰᠡᠳᠬᠢᠯ᠎ᠳᠤ ᠲᠠᠭᠠᠳᠠᠢ ᠰᠤᠨᠢᠨ᠎ᠤ ᠨᠢᠭᠤᠷ ᠭᠡᠪᠯᠡᠯ ᠪᠤᠯᠵᠦ ᠴᠢᠳᠠᠭᠰᠠᠨ ᠪᠠᠢᠨ᠎ᠠ᠃ ᠡᠨᠡ ᠪᠤᠯ ᠲᠠᠷᠤᠢ 《ᠠᠮᠢ ᠠᠬᠤᠢ ᠤᠷᠴᠢᠨ ᠲᠤᠭᠤᠷᠢᠨ》 ᠲᠤᠰᠬᠠᠢ ᠬᠡᠪᠯᠡᠯ᠎ᠤᠨ ᠪᠤᠷᠤᠭᠵᠢᠭᠤᠨ ᠡᠷᠬᠢᠮᠰᠦᠭ ᠨᠢᠭᠤᠷ ᠤᠷᠠᠯᠠᠯ᠎ᠤᠨ ᠭᠡᠪ ᠨᠠᠮᠪᠠ ᠪᠤᠯᠬᠤ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号