ᠦᠩ ᠦᠷᠭᠡᠨ ᠠᠯᠠᠱᠠ ᠡᠪᠦᠯ ᠤ᠋ᠨ ᠦᠩᠭᠡ
ᠪᠡᠷ ᠭᠤᠶᠤᠵᠤ᠂ ᠲᠠᠩᠰᠤᠭ ᠰᠠᠢᠬᠠᠨ ᠨᠤᠳᠤᠭ ᠲᠠᠷᠭᠤ ᠰᠠᠢᠳᠠᠢ ᠲᠡᠮᠡᠭᠡᠳ ᠢ᠋ᠶ᠋ᠠᠷ ᠴᠢᠮᠡᠵᠤ ᠨᠠᠭᠠᠳᠤᠮᠴᠢᠨ ᠤᠯᠠᠨ
ᠢ᠋ᠶ᠋ᠠᠨ ᠪᠠᠶᠠᠰᠬᠠᠨ᠎ᠠ᠃ 12 ᠰᠠᠷ᠎ᠠ ᠶ᠋ᠢᠨ 27 ᠤ᠋ ᠡᠳᠦᠷ᠂ 《ᠲᠤᠮᠳᠠᠳᠤ ᠤᠯᠤᠰ ᠤ᠋ᠨ ᠲᠡᠮᠡᠭᠡᠳᠦ ᠨᠤᠳᠤᠭ》 ᠤ᠋ᠨ ᠨᠡᠷ᠎ᠡ ᠠᠯᠳᠠᠷᠰᠢᠯ ᠢ᠋ ᠮᠠᠨᠳᠤᠭᠤᠯᠤᠨ᠂ ᠲᠡᠮᠡᠭᠡ ᠮᠠᠯᠵᠢᠬᠤ ᠰᠤᠶᠤᠯ ᠢ᠋ᠶ᠋ᠠᠨ ᠦᠪᠯᠡᠨ
ᠤᠯᠠᠮᠵᠢᠯᠠᠵᠤ᠂ ᠡᠪᠦᠯ ᠤ᠋ᠨ ᠤᠯᠠᠷᠢᠯ ᠤ᠋ᠨ ᠰᠤᠶᠤᠯ ᠵᠢᠭᠤᠯᠴᠢᠯᠠᠯ ᠤ᠋ᠨ ᠲᠦᠷᠦᠯ ᠲᠡᠮᠳᠡᠭ ᠢ᠋ ᠡᠭᠦᠳᠬᠦ ᠪᠡᠷ
ᠵᠤᠷᠢᠯᠭ᠎ᠠ ᠪᠠᠨ ᠪᠤᠯᠭᠠᠬ᠍ᠰᠠᠨ 2025 ᠤᠨ ᠤ᠋ ᠠᠯᠠᠱᠠ ᠶ᠋ᠢᠨ ᠲᠡᠮᠡᠭᠡᠨ ᠤ᠋ ᠬᠤᠯᠪᠤᠭᠠᠳᠤ ᠤᠷᠤᠯᠳᠤᠭᠠᠨ ᠤ᠋ ᠡᠬᠢᠯᠡᠯᠳᠡ ᠶ᠋ᠢᠨ
ᠶᠤᠰᠤᠯᠠᠯ ᠵᠢᠴᠢ ᠨᠢᠭᠡᠳᠦᠭᠡᠷ ᠲᠠᠯᠠᠪᠠᠢ ᠤᠷᠤᠯᠳᠤᠭᠠᠨ ᠠᠯᠠᠱᠠ ᠵᠡᠭᠦᠨ ᠬᠤᠰᠢᠭᠤᠨ ᠤ᠋ ᠪᠠᠶᠠᠨᠬᠤᠳᠠ ᠶ᠋ᠢᠨ ᠦᠷᠡᠰ
ᠨᠠᠭᠠᠳᠤᠮ ᠤ᠋ᠨ ᠲᠠᠯᠠᠪᠠᠢ ᠳ᠋ᠤ᠌ ᠦᠪᠡᠳᠡᠭᠰᠢ ᠶᠡᠬᠡᠪᠡᠷ ᠡᠬᠢᠯᠡᠭᠰᠡᠨ ᠪᠠᠢᠨ᠎ᠠ᠃



ᠲᠤᠰ ᠤᠳᠠᠭᠠᠨ ᠤ᠋ ᠤᠷᠤᠯᠳᠤᠭᠠᠨ ᠨᠢ 3 ᠡᠳᠦᠷ ᠤ᠋ᠨ ᠬᠤᠭᠤᠴᠠᠭ᠎ᠠ ᠲᠠᠢ ᠶᠠᠪᠤᠬ᠍ᠳᠠᠵᠤ᠂
3000
ᠮᠧᠲᠷᠦᠨ ᠲᠤᠷᠤᠮᠤᠨ ᠤᠷᠤᠯᠳᠤᠭᠠᠨ᠂ 5000 ᠮᠧᠲᠷ᠂ 6000 ᠮᠧᠲᠷ᠂ 8000 ᠮᠧᠲᠷ ᠤ᠋ᠨ ᠬᠤᠷᠳᠤᠨ ᠲᠡᠮᠡᠭᠡᠨ ᠤ᠋
ᠲᠤᠭᠤᠷᠢᠭ᠋ ᠤ᠋ᠨ ᠤᠷᠤᠯᠳᠤᠭᠠᠨ᠂ 15000 ᠮᠧᠲᠷ ᠤ᠋ᠨ ᠬᠤᠷᠳᠤᠨ ᠲᠡᠮᠡᠭᠡᠨᠦ ᠬᠡᠬᠡᠷᠡᠯᠡᠨ ᠬᠦᠶᠦᠬᠦ ᠤᠷᠤᠯᠳᠤᠭᠠᠨ᠂ 4×2000 ᠮᠸᠲᠷ ᠤ᠋ᠨ ᠲᠡᠮᠡᠭᠡᠨ ᠤ᠋ ᠬᠦᠴᠦ ᠵᠠᠯᠭᠠᠬᠤ ᠤᠷᠤᠯᠳᠤᠭᠠᠨ ᠠ᠋ᠴᠠ ᠭᠠᠳᠠᠨ᠎ᠠ ᠲᠡᠮᠡᠭᠡᠨ ᠪᠦᠮᠪᠦᠭᠡ᠂ ᠲᠡᠮᠡᠭᠡᠨ ᠨᠠᠮᠨᠠᠭ᠎ᠠ᠂ ᠢᠩᠭᠡ ᠰᠠᠭᠠᠬᠤ᠂ ᠪᠤᠢᠯᠠ ᠵᠤᠷᠭᠤᠬᠤ᠂
ᠪᠤᠷᠠᠨᠲᠠᠭ ᠲᠡᠮᠤᠬᠤ᠂ ᠪᠤᠤᠷ᠎ᠠ ᠶ᠋ᠢᠨ ᠠᠳᠠᠯᠢᠳᠬᠠᠯ᠂ ᠢᠩᠭᠡᠨ ᠤ᠋ ᠠᠳᠠᠯᠢᠳᠬᠠᠯ᠂ ᠠᠳᠠᠨ ᠲᠡᠮᠡᠭᠡᠨ ᠤ᠋ ᠠᠳᠠᠯᠢᠳᠬᠠᠯ᠂
ᠪᠤᠳᠤᠭᠤ ᠶ᠋ᠢᠨ ᠠᠳᠠᠯᠢᠳᠬᠠᠯ ᠵᠢᠴᠢ ᠠᠯᠠᠱᠠ ᠨᠤᠳᠤᠭ ᠤ᠋ᠨ ᠲᠡᠮᠡᠭᠡᠨ ᠤ᠋ ᠠᠵᠤ ᠦᠢᠯᠡᠰ ᠤ᠋ᠨ ᠪᠦᠳᠦᠭᠡᠭᠳᠡᠭᠦᠨ᠂
ᠠᠯᠠᠱᠠ ᠶ᠋ᠢᠨ ᠰᠤᠶᠤᠯ ᠵᠢᠭᠤᠯᠴᠢᠯᠠᠯ ᠤ᠋ᠨ ᠪᠦᠳᠦᠭᠡᠭᠳᠡᠭᠦᠨ᠂ ᠠᠯᠠᠱᠠ ᠶ᠋ᠢᠨ ᠠᠮᠳᠠᠳᠤ ᠢᠳᠡᠭᠡᠨ ᠤ᠋ ᠲᠡᠯᠭᠡᠨ
ᠪᠤᠷᠤᠯᠠᠭᠤᠯᠭ᠎ᠠ ᠵᠡᠷᠭᠡ ᠡᠯᠪᠡᠭ ᠪᠠᠶᠠᠯᠢᠭ᠋ ᠠᠭᠤᠯᠭ᠎ᠠ ᠶ᠋ᠢ ᠲᠤᠬᠢᠷᠠᠭᠤᠯᠵᠠᠢ᠃



ᠦᠢᠯᠠᠭᠠᠬ᠍ᠰᠠᠨ ᠢ᠋ᠶ᠋ᠠᠷ᠂ ᠠᠯᠠᠱᠠ ᠶ᠋ᠢᠨ
ᠲᠡᠮᠡᠭᠡᠨ ᠤ᠋ ᠬᠤᠯᠪᠤᠭᠠᠳᠤ ᠤᠷᠤᠯᠳᠤᠭᠠᠨ ᠨᠢ 2025 ᠤᠨ ᠤ᠋ 12 ᠰᠠᠷ᠎ᠠ ᠠ᠋ᠴᠠ 2026 ᠤᠨ ᠤ᠋ 3 ᠰᠠᠷ᠎ᠠ ᠪᠤᠯᠳᠠᠯ᠎ᠠ᠂ ᠠᠯᠠᠱᠠ ᠵᠡᠭᠦᠨ
ᠬᠣᠰᠢᠭᠤ᠂ ᠠᠯᠠᠱᠠ ᠪᠠᠷᠠᠭᠤᠨ ᠬᠣᠰᠢᠭᠤ᠂ ᠡᠵᠡᠨ᠎ᠡ ᠬᠣᠰᠢᠭᠤ ᠵᠡᠷᠭᠡ ᠭᠤᠷᠪᠠᠨ ᠬᠤᠪᠢᠶᠠᠷᠢ ᠲᠠᠯᠠᠪᠠᠢ ᠶ᠋ᠢᠨ ᠤᠷᠤᠯᠳᠤᠭᠠᠨ
ᠪᠠ ᠰᠢᠢᠳᠪᠦᠷᠢᠳᠤ ᠤᠷᠤᠯᠳᠤᠭᠠᠨ ᠢ᠋ ᠵᠤᠬᠢᠶᠠᠨ ᠪᠠᠢᠭᠤᠯᠵᠤ ᠶᠠᠪᠤᠬ᠍ᠳᠠᠭᠤᠯᠬᠤ ᠪᠤᠯᠤᠨ᠎ᠠ᠃ ᠨᠢᠭᠡᠳᠦᠭᠡᠷ ᠲᠠᠯᠠᠪᠠᠢ
ᠤᠷᠤᠯᠳᠤᠭᠠᠨ ᠳ᠋ᠤ᠌ ᠦᠪᠦᠷ ᠮᠤᠩᠭᠤᠯ᠂ ᠭᠠᠨᠰᠤ᠂ ᠰᠢᠨᠵᠢᠶᠠᠩ᠂ ᠨᠢᠩᠰᠢᠶᠠ᠂ ᠬᠦᠬᠡᠨᠠᠭᠤᠷ᠂ ᠵᠢᠶᠠᠩᠰᠤ ᠵᠡᠷᠭᠡ
6
ᠮᠤᠵᠢ
ᠤᠷᠤᠨ ᠤ᠋ 24
ᠬᠤᠰᠢᠭᠤ
ᠰᠢᠶᠡᠨ ᠤ᠋ ᠲᠦᠯᠦᠭᠡᠯᠡᠭᠴᠢ ᠶ᠋ᠢᠨ ᠪᠦᠯᠬᠦᠮ ᠤ᠋ᠨ 26 ᠤᠷᠤᠯᠳᠤᠭᠠᠨ ᠤ᠋ ᠠᠩᠭᠢ ᠨᠡᠷ᠎ᠡ ᠮᠡᠳᠡᠭᠦᠯᠵᠤ᠂ ᠡᠯ᠎ᠡ ᠲᠦᠷᠦᠯ ᠤ᠋ᠨ ᠤᠷᠤᠯᠳᠤᠭᠠᠨ ᠪᠠ ᠠᠳᠠᠯᠢᠳᠬᠠᠯ ᠳ᠋ᠤ᠌ ᠤᠷᠤᠯᠴᠠᠬᠤ
ᠲᠡᠮᠡᠭᠡᠨ ᠤ᠋ ᠲᠤᠭ᠎ᠠ 1050 ᠳ᠋ᠤ᠌ ᠬᠦᠷᠴᠦ᠂ 506 ᠬᠦᠮᠦᠨ ᠤᠷᠤᠯᠳᠤᠭᠠᠨ ᠳ᠋ᠤ᠌ ᠤᠷᠤᠯᠴᠠᠬᠤ ᠪᠤᠯᠤᠨ᠎ᠠ᠃


ᠢᠷᠡᠯᠲᠡ᠄ ᠠᠯᠠᠱᠠ ᠠᠢᠮᠠᠭ ᠤ᠋ᠨ ᠬᠠᠮ ᠵᠠᠭᠤᠴᠢᠯᠠᠭᠤᠷ ᠤ᠋ᠨ ᠲᠦᠪ