ᠥᠪᠦᠷ ᠮᠤᠩᠭᠤᠯ᠎ᠤᠨ ᠦᠶᠡᠷ ᠪᠠ ᠭᠠᠩ ᠤ᠋ᠨ ᠭᠠᠮᠱᠢᠭ ᠢ᠋ ᠰᠡᠷᠭᠡᠢᠯᠡᠬᠦ᠌ ᠴᠢᠳᠠᠪᠤᠷᠢ ᠢᠯᠡᠳᠲᠡ ᠳᠡᠭᠡᠭ᠌ᠰᠢᠯᠡᠵᠠᠢ
2025-12-30 10:03:18
ᠵᠣᠬᠢᠶᠠᠭ᠍ᠴᠢ᠄
ᠦᠨᠢᠷ
ᠣᠩᠱᠢᠭ᠍ᠰᠠᠨ ᠣᠳᠠᠭ᠎ᠠ᠄
★★★☆☆

ᠦᠪᠤᠷ ᠮᠤᠩᠭᠤᠯ ᠤ᠋ᠨ ᠦᠪᠡᠷᠲᠡᠭᠡᠨ ᠵᠠᠰᠠᠬᠤ ᠤᠷᠤᠨ ᠤ᠋ ᠤᠰᠤᠨ ᠠᠰᠢᠭᠯᠠᠯᠲᠠ ᠢ᠋ᠢᠨ ᠲᠢᠡᠭᠬᠢᠮ ᠡᠴᠡ ᠤᠢᠯᠠᠭᠠᠭᠰᠠᠨ ᠢ᠋ᠢᠡᠷ᠂ 《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠬᠤᠭᠤᠴᠠᠭᠠᠨ ᠳ᠋ᠤ ᠮᠠᠨ ᠤ᠋ ᠤᠷᠤᠨ ᠤᠰᠤᠨ ᠤ᠋ ᠠᠮᠤᠷ ᠲᠦᠪᠱᠢᠨ ᠤ᠋ ᠰᠡᠷᠭᠡᠢᠯᠡᠯᠲᠡ ᠢ᠋ᠢᠨ ᠱᠤᠭᠤᠮ ᠢ᠋ ᠪᠠᠲᠤ ᠴᠣᠭ᠍ᠴᠠᠯᠠᠵᠤ᠂ ᠦᠶᠡᠷ ᠪᠠ ᠭᠠᠩ ᠤ᠋ᠨ ᠭᠠᠮᠱᠢᠭ ᠢ᠋ ᠰᠡᠷᠭᠡᠢᠯᠡᠬᠦ᠌ ᠴᠢᠳᠠᠪᠤᠷᠢ ᠢ᠋ᠢ ᠶᠡᠬᠡ ᠪᠡᠷ ᠳᠡᠭᠡᠭᠰᠢᠯᠡᠭᠦᠯᠪᠠ᠃

《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠬᠤᠭᠤᠴᠠᠭᠠᠨ ᠳ᠋ᠤ᠂ ᠮᠠᠨ ᠤ᠋ ᠤᠷᠤᠨ ᠰᠠᠪᠠ ᠭᠠᠵᠠᠷ ᠤ᠋ᠨ ᠦᠶᠡᠷ ᠢ᠋ ᠰᠡᠷᠭᠡᠢᠯᠡᠬᠦ᠌ ᠪᠠᠷᠢᠯᠭ᠎ᠠ ᠢ᠋ᠢᠨ ᠱᠢᠰᠲ᠋ᠧᠮ᠂ ᠬᠤᠷ᠎ᠠ ᠤᠰᠤᠨ ᠤ᠋ ᠪᠠᠢᠳᠠᠯ ᠢ᠋ ᠬᠢᠨᠠᠨ ᠬᠡᠮᠵᠢᠵᠦ᠍ ᠤᠷᠢᠳᠴᠢᠯᠠᠨ ᠮᠡᠳᠡᠭᠡᠯᠡᠬᠦ᠌ ᠱᠢᠰᠲ᠋ᠧᠮ᠂ ᠦᠶᠡᠷ ᠪᠠ ᠭᠠᠩ ᠤ᠋ᠨ ᠭᠠᠮᠱᠢᠭ ᠢ᠋ ᠰᠡᠷᠭᠡᠢᠯᠡᠬᠦ᠌ ᠠᠵᠢᠯ ᠤ᠋ᠨ ᠱᠢᠰᠲ᠋ᠧᠮ ᠵᠡᠷᠭᠡ 《 ᠭᠤᠷᠪᠠᠨ ᠶᠡᠬᠡ ᠱᠢᠰᠲ᠋ᠧᠮ 》 ᠢ᠋ ᠲᠦᠷᠭᠡᠳᠬᠡᠨ ᠲᠡᠭᠦᠯᠳᠡᠷᠵᠢᠭᠦᠯᠵᠤ ᠂ ᠦᠶᠡᠷ ᠢ᠋ ᠰᠡᠷᠭᠡᠢᠯᠡᠬᠦ᠌ ᠢᠨᠵᠧᠨᠧᠷᠢᠩ ᠤ᠋ᠨ ᠱᠢᠰᠲ᠋ᠧᠮ ᠢ᠋ ᠪᠦᠷᠢᠨᠰᠢᠭᠦᠯᠦᠨ᠂ ᠬᠠᠲᠤᠨ ᠭᠤᠤᠯ ᠤ᠋ᠨ ᠥᠪᠥᠷ ᠮᠣᠩᠭᠣᠯ ᠳ᠋ᠠᠬᠢ ᠬᠡᠰᠡᠭ ᠤ᠋ᠨ ᠭᠤᠤᠯ ᠤ᠋ᠨ ᠭᠤᠯᠳᠤᠷᠢᠯ ᠢ᠋ ᠵᠠᠰᠠᠬᠤ ᠢᠨᠵᠧᠨᠧᠷᠢᠩ ᠢ᠋ ᠪᠠᠷᠢᠯᠭ᠎ᠠ ᠡᠬᠢᠯᠡᠭᠦᠯᠵᠤ᠂ 14 ᠭᠤᠤᠯ ᠰᠠᠯᠪᠤᠷᠢ ᠤᠷᠤᠰᠭᠠᠯ ᠪᠤᠯᠤᠨ 117 ᠳᠤᠮᠳᠠ ᠪᠠᠭ᠎ᠠ ᠭᠤᠤᠯ ᠮᠥᠷᠡᠨ ᠢ᠋ ᠵᠠᠰᠠᠵᠤ᠂ ᠵᠠᠰᠠᠯᠳᠠ ᠵᠢᠨ ᠶᠡᠷᠦᠩᠬᠡᠶ ᠣᠷᠳᠣ ᠨᠢ 2777 ᠺᠢᠯᠣᠮᠧᠲ᠋ᠷ ᠲᠤ᠌ ᠬᠦᠷᠴᠠᠢ᠃ ᠪᠠᠰᠠ 59 ᠵᠤᠷᠪᠤᠰ ᠠᠭᠤᠯᠠᠨ ᠦᠶᠡᠷ ᠤ᠋ᠨ ᠭᠤᠤ ᠢ᠋ᠢ ᠵᠠᠰᠠᠵᠤ᠂ ᠪᠥᠬᠥ᠌ ᠣᠷᠣᠨ ᠤ᠋ 1 — 5 ᠲᠠᠰ ᠤ᠋ᠨ ᠭᠤᠤᠯ ᠤ᠋ᠨ ᠬᠠᠱᠢᠯᠭ᠎ᠠ ᠢ᠋ᠢᠨ ᠪᠠᠷᠢᠮᠵᠢᠶ᠎ᠠ ᠳ᠋ᠤ ᠭᠦᠷᠦᠭ᠌ᠰᠡᠨ ᠨᠣᠷᠮ᠎ᠠ 80.13% ᠳ᠋ᠤ ᠬᠦᠷᠴᠤ᠂ 49 ᠠᠶᠤᠯᠲᠠᠢ ᠤᠰᠤᠨ ᠴᠥᠭᠥᠷᠥᠮ ᠪᠤᠯᠤᠨ 5 ᠲᠣᠮᠣ ᠳᠤᠮᠳᠠ ᠬᠡᠯᠪᠡᠷᠢ ᠢ᠋ᠢᠨ ᠤᠰᠤᠨ ᠤ᠋ ᠬᠠᠭᠠᠯᠲᠠ ᠢ᠋ᠢ ᠪᠡᠬᠢᠯᠡᠬᠦ᠌ ᠠᠵᠢᠯ ᠢ᠋ ᠳᠠᠭᠤᠰᠬᠠᠪᠠ᠃

ᠮᠠᠨ ᠤ᠋ ᠤᠷᠤᠨ ᠬᠤᠷ᠎ᠠ ᠤᠰᠤᠨ ᠤ᠋ ᠪᠠᠢᠳᠠᠯ ᠢ᠋ ᠬᠢᠨᠠᠨ ᠬᠡᠮᠵᠢᠵᠦ᠍ ᠤᠷᠢᠳᠴᠢᠯᠠᠨ ᠮᠡᠳᠡᠭᠡᠯᠡᠬᠦ᠌ ᠱᠢᠰᠲ᠋ᠧᠮ ᠢ᠋ ᠪᠠᠢᠭᠤᠯᠵᠤ᠂ 《ᠭᠤᠷᠪᠠᠨ ᠰᠡᠷᠭᠡᠢᠯᠡᠯᠲᠡ ᠢ᠋ᠢᠨ ᠱᠤᠭᠤᠮ》 ᠢ᠋ ᠪᠦᠷᠢᠨᠱᠢᠭᠦᠯᠤᠨ᠂ ᠣᠯᠠᠨ ᠡᠱᠢᠲᠦ ᠲᠣᠭ᠎ᠠ ᠪᠠᠷᠢᠮᠲᠠ ᠢ᠋ᠢ ᠡᠮᠬᠢᠯᠡᠨ ᠨᠡᠢᠯᠡᠭᠦᠯᠵᠦ᠍ ᠬᠠᠮᠲᠤ ᠪᠡᠷ ᠡᠳ᠋ᠯᠡᠬᠦ᠌ ᠢ᠋ᠢ ᠭᠦᠨᠵᠡᠭᠡᠢᠷᠡᠭᠦᠯᠵᠦ᠍᠂ ᠦᠶᠡᠷ ᠤ᠋ᠨ ᠤᠰᠤ ᠢ᠋ᠢ ᠤᠷᠢᠳᠴᠢᠯᠠᠨ ᠵᠢᠱ᠌ᠢᠬᠦ᠌ ᠬᠤᠭᠤᠴᠠᠭ᠎ᠠ ᠢ᠋ᠢ ᠤᠷᠲᠤᠳᠬᠠᠪᠠ᠃ ᠠᠭᠤᠯᠠᠨ ᠦᠶᠡᠷ ᠤ᠋ᠨ ᠭᠠᠮᠱᠢᠭ ᠭᠠᠷᠴᠦ ᠮᠡᠳᠡᠬᠦ ᠪᠣᠷᠣᠭᠠᠨ ᠤ᠋ ᠬᠡᠮᠵᠢᠶ᠎ᠡ ᠢ᠋ᠢ ᠠᠦ᠋ᠲ᠋ᠣ᠋ ᠪᠡᠷ ᠬᠢᠨᠠᠨ ᠬᠡᠮᠵᠢᠬᠦ᠌ ᠡᠯ᠎ᠡ ᠲᠥᠷᠥᠯ ᠤ᠋ᠨ ᠥᠷᠲᠡᠭᠡ ᠢ᠋ᠢ 3548 ᠪᠠᠢᠭᠤᠯᠤᠨ᠂ 178 ᠥᠷᠲᠡᠭᠡ ᠢ᠋ᠢᠨ ᠳᠠᠭᠠᠭᠤᠯᠢ ᠣᠳᠣᠨ ᠤ᠋ ᠴᠢᠮᠡᠭᠡ ᠬᠣᠯᠪᠣᠭᠠᠨ ᠤ᠋ ᠲᠦᠬᠦᠭᠡᠷᠦᠮᠵᠢ ᠶ᠋ᠢ ᠥᠭᠡᠷᠡᠴᠢᠯᠡᠵᠤ᠂ ᠠᠭᠤᠯᠠᠨ ᠦᠶᠡᠷ ᠤ᠋ᠨ ᠭᠠᠮᠱᠢᠭ ᠤ᠋ᠨ ᠲᠦᠭ᠌ᠰᠢᠭᠦᠷᠢ ᠵᠢ ᠮᠡᠳᠡᠭᠡᠯᠡᠬᠦ᠌ 1027 ᠲᠥᠬᠥᠭᠡᠷᠦᠮᠵᠢ ᠪᠤᠯᠤᠨ ᠰᠡᠷᠡᠮᠵᠢᠯᠡᠭᠦᠯᠬᠦ᠌ ᠷᠠᠳᠢᠣ᠋ ᠨᠡᠪᠲᠡᠷᠡᠭᠦᠯᠭᠡ ᠢ᠋ᠢᠨ 2010 ᠲᠦᠬᠦᠭᠡᠷᠦᠮᠵᠢ ᠵᠢ ᠲᠣᠬᠢᠷᠠᠭᠤᠯᠪᠠ᠃ ᠤᠳᠤ ᠮᠠᠨ ᠤ᠋ ᠤᠷᠤᠨ ᠨᠢᠬᠡᠨᠳᠡ ᠦᠶᠡᠷ ᠪᠠ ᠭᠠᠩ ᠤ᠋ᠨ ᠭᠠᠮᠱᠢᠭ ᠢ᠋ ᠰᠡᠷᠭᠡᠢᠯᠡᠬᠦ᠌ ᠠᠵᠢᠯ ᠤ᠋ᠨ ᠱᠢᠰᠲ᠋ᠧᠮ ᠢ᠋ ᠪᠦᠷᠢᠨᠱᠢᠭᠦᠯᠵᠦ᠍᠂ ᠯᠤᠸ᠋ᠬ᠎ᠠ ᠵᠢᠨ ᠭᠤᠤᠯ ᠤ᠋ᠨ ᠰᠡᠲᠡᠷᠬᠡᠶ᠂ ᠬᠠᠷᠠᠠᠤᠰᠤ ᠨᠠᠭᠤᠷ ᠤ᠋ᠨ ᠣᠷᠣᠨ ᠪᠦᠰᠡ ᠵᠡᠷᠬᠡ ᠭᠠᠵᠠᠷ ᠤ᠋ᠨ ᠦᠶᠡᠷ ᠤᠰᠤᠳᠤᠯ ᠢ᠋ ᠪᠦᠳᠦᠮᠵᠢᠳᠠᠢ ᠠᠷᠭᠠᠴᠠᠭᠠᠵᠤ ᠲᠠᠢᠯᠬᠦ ᠪᠤᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号