ᠴᠠᠭᠠᠨ ᠰᠠᠷ᠎ᠠ᠎ᠶ᠋ᠢᠨ ᠵᠥᠭᠡᠭᠡᠪᠦᠷᠢ᠎ᠶᠢ ᠪᠠᠲᠤᠯᠠᠵᠦ ᠪᠠᠢᠭ᠎ᠠ ᠦᠷᠳᠡᠭᠡᠨ᠎ᠤ 《ᠬᠠᠮᠢᠶᠠᠷᠤᠭ᠍ᠴᠢᠳ》
2025-02-01 15:10:14
ᠵᠣᠬᠢᠶᠠᠭ᠍ᠴᠢ᠄
ᠭᠤᠤ ᠬᠤᠢ
ᠣᠩᠱᠢᠭ᠍ᠰᠠᠨ ᠣᠳᠠᠭ᠎ᠠ᠄
★★★☆☆

《ᠡᠨᠳᠡ ᠮᠦᠰᠦ ᠬᠦᠯᠳᠡᠴᠢᠬᠡᠭᠰᠡᠨ ᠪᠠᠢᠨ᠎ᠠ᠂ ᠨᠠᠳᠠ᠎ᠳᠤ ᠨᠢᠬᠡ ᠮᠥᠰᠥ᠍ ᠴᠣᠭᠣᠯᠬᠤ ᠠᠯᠤᠬ᠎ᠠ ᠥᠭᠭᠦᠭᠡᠴᠢ!》 1 ᠰᠠᠷ᠎ᠠ᠎ᠶ᠋ᠢᠨ 28 ᠎ᠤ᠋ ᠦᠳᠡ᠎ᠶ᠋ᠢᠨ ᠡᠮᠦᠨ᠎ᠡ᠂ ᠬᠥᠬᠡᠬᠣᠲᠠ ᠵᠡᠭᠦᠨ ᠥᠷᠲᠡᠭᠡ᠎ᠶ᠋ᠢᠨ ᠳᠡᠷᠭᠡ ᠬᠦᠯᠢᠶᠡᠬᠦ ᠭᠠᠵᠠᠷ᠎ᠤᠨ ᠬᠥᠩᠬᠥᠷ ᠣᠷᠣᠶ ᠳᠡᠭᠡᠷ᠎ᠡ᠂ ᠵᠡᠭᠦᠨ ᠥᠷᠲᠡᠭᠡ᠎ᠶ᠋ᠢᠨ ᠠᠵᠢᠯᠯᠠᠬᠤ ᠲᠣᠭᠣᠷᠢᠭ᠎ᠤᠨ ᠳᠠᠷᠤᠭ᠎ᠠ ᠵᠢᠶᠠ ᠱᠦᠶ ᠮᠢᠩ ᠬᠠᠮᠳᠤ ᠠᠵᠢᠯᠴᠢᠳ ᠲᠠᠢ ᠪᠠᠨ ᠮᠥᠰᠥ᠍ ᠠᠷᠢᠯᠭᠠᠬᠤ ᠠᠵᠢᠯ᠎ᠢᠶᠡᠨ ᠡᠬᠢᠯᠡᠭᠦᠯᠪᠡ᠃

ᠵᠡᠭᠦᠨ ᠥᠷᠲᠡᠭᠡᠨ᠎ᠦ ᠲᠡᠷᠬᠡ ᠬᠦᠯᠢᠶᠡᠬᠦ ᠭᠠᠵᠠᠷ᠎ᠤᠨ ᠣᠷᠣᠶ᠎ᠶ᠋ᠢᠨ ᠲᠠᠯᠠᠪᠠᠶ ᠨᠢ 4 ᠲᠦᠮᠡᠨ ᠲᠡᠭ᠌ᠰᠢ ᠳᠥᠷᠪᠡᠯᠵᠢᠨ ᠮᠧᠲ᠋ᠷ ᠱᠢᠬᠠᠮ ᠪᠠᠢᠵᠤ᠂ ᠪᠠᠷᠤᠭ 5 ᠪᠠᠷᠢᠮᠵᠢᠶᠠᠲᠤ ᠬᠥᠯ ᠪᠥᠮᠪᠥᠭᠡ᠎ᠶ᠋ᠢᠨ ᠲᠠᠯᠠᠪᠠᠶ᠎ᠲᠠᠶ ᠲᠡᠩᠴᠡᠳᠡᠭ᠃ ᠵᠢᠶᠠ ᠱᠦᠶ ᠮᠢᠩ ᠬᠠᠮᠳᠤ ᠠᠵᠢᠯᠴᠢᠳ ᠲᠠᠢ ᠪᠠᠨ ᠠᠶᠤᠯ ᠦᠭᠡᠢ ᠳᠡᠭᠡᠰᠦ ᠪᠠᠨ ᠬᠦᠴᠦᠯᠡᠬᠦ᠌ ᠴᠡᠭ ᠳᠡᠭᠡᠷ᠎ᠡ ᠲᠣᠭ᠍ᠲᠠᠭᠠᠵᠤ᠂ ᠮᠥᠰᠥ᠍ ᠴᠤᠭᠤᠯᠬᠤ ᠠᠯᠤᠬ᠎ᠠ᠂ ᠮᠥᠰᠥ᠍ ᠠᠷᠢᠯᠭᠠᠬᠤ ᠬᠤᠰᠤᠭᠤᠷ ᠪᠣᠯᠤᠨ ᠮᠥᠰᠥ᠍ ᠬᠠᠢᠯᠤᠭᠤᠯᠬᠤ ᠦᠯᠢᠶᠡᠭᠦᠷ ᠪᠠᠷᠢᠭᠠᠳ ᠮᠦᠰᠦ ᠵᠢ ᠬᠡᠰᠭᠡᠬᠦ᠎ᠶᠢᠨ ᠬᠠᠮᠳᠤ ᠬᠤᠰᠤᠭᠤᠷ᠎ᠢᠶᠡᠷ ᠮᠦᠰᠦ ᠵᠢ ᠬᠤᠰᠤᠵᠦ ᠭᠠᠷᠤᠨ᠎ᠠ᠃ ᠮᠥᠰᠥ᠍ ᠵᠢᠭᠠᠬᠠᠨ ᠬᠠᠢᠯᠤᠭᠰᠠᠨ᠎ᠤ ᠲᠠᠷᠠᠭ᠎ᠠ ᠠᠵᠢᠯᠴᠢᠳ ᠠᠪᠴᠤ᠌ ᠶᠠᠪᠤᠭ᠎ᠠ ᠰᠦᠯᠢᠶᠣᠣ ᠰᠠᠭᠤᠯᠠᠭ᠎ᠠ ᠎ᠳᠠᠭᠠᠨ ᠰᠠᠪᠠᠯᠠᠵᠤ ᠳᠡᠭᠡᠰᠦ᠎ᠪᠡᠷ ᠠᠯᠭᠤᠷ ᠠᠭᠠᠵᠢᠮ᠎ᠢᠶᠠᠷ ᠭᠠᠵᠠᠷ ᠳᠡᠭᠡᠷ᠎ᠡ ᠪᠠᠭᠤᠯᠭᠠᠨ᠎ᠠ᠃

40 ᠮᠧᠲ᠋ᠷ᠎ᠤᠨ ᠥᠨᠳᠥᠷ᠎ᠲᠦ ᠪᠠᠢᠭ᠎ᠠ ᠳᠡᠭᠡᠪᠦᠷ ᠳᠡᠭᠡᠷ᠎ᠡ ᠰᠠᠯᠬᠢᠨ᠎ᠤ ᠬᠦᠴᠦ᠍ ᠭᠠᠵᠠᠷ ᠡᠴᠡ 2 ᠲᠠᠰ ᠥᠨᠳᠥᠷ ᠪᠠᠢᠵᠤ᠂ ᠵᠠᠷᠢᠮ ᠦᠶ᠎ᠠ ᠳ᠋ᠤ ᠬᠦᠢᠳᠡᠨ ᠵᠢᠪᠠᠷ ᠬᠠᠴᠠᠷ᠎ᠢ ᠵᠦᠰᠦᠵᠦ ᠵᠢᠮᠵᠢᠬᠢᠨᠡᠬᠦᠯᠦᠨ ᠡᠪᠡᠳᠬᠡᠬᠦ ᠪᠡᠷ ᠪᠠᠷᠠᠬᠤ ᠥᠬᠡᠶ ᠤᠳᠠᠭᠠᠨ ᠴᠠᠭ ᠠᠵᠢᠯᠯᠠᠬᠤ ᠵᠢ ᠳᠠᠭᠠᠯᠳᠤᠨ ᠠᠵᠢᠯᠴᠢᠳ᠎ᠤᠨ ᠪᠡᠭᠡᠯᠡᠶ ᠴᠦ᠍ ᠪᠦᠬᠦᠨ᠎ᠢᠶᠡᠷ᠎ᠢᠶᠡᠨ ᠨᠣᠷᠴᠤ᠌ ᠲᠡᠭᠡᠷ᠎ᠡ ᠨᠢ ᠮᠥᠰᠥ᠍ ᠬᠥᠯᠳᠡᠪᠠ᠃

ᠥᠪᠥᠷ ᠮᠣᠩᠭᠣᠯ᠎ᠳᠡᠬᠢ ᠬᠠᠮᠤᠭ᠎ᠤᠨ ᠲᠣᠮᠣ ᠲᠡᠮᠦᠷ ᠵᠠᠮ᠎ᠤᠨ ᠠᠶᠠᠨᠴᠢᠳ᠎ᠤᠨ ᠵᠦᠭᠡᠭᠡᠪᠦᠷᠢ ᠵᠢᠨ ᠥᠷᠲᠡᠭᠡ ᠪᠣᠯᠤᠭ᠍ᠰᠠᠨ᠎ᠤ ᠬᠤᠪᠢ᠎ᠳᠤ᠂   ᠴᠠᠭᠠᠨ ᠰᠠᠷ᠎ᠠ᠎ᠶ᠋ᠢᠨ ᠠᠶᠠᠨᠴᠢᠳ᠎ᠤᠨ ᠵᠥᠭᠡᠭᠡᠪᠦᠷᠢ᠎ᠶ᠋ᠢᠨ ᠬᠤᠭᠤᠴᠠᠭᠠᠨ᠎ᠳᠤ᠂ ᠬᠥᠬᠡᠬᠣᠲᠠ ᠵᠡᠭᠦᠨ ᠥᠷᠲᠡᠭᠡ ᠡᠳᠦᠷ ᠳᠤᠮᠳᠠᠴᠢ᠎ᠪᠠᠷ ᠪᠠᠷᠤᠭ 3.5 ᠲᠦᠮᠡᠨ ᠠᠶᠠᠨᠴᠢᠨ᠎ᠢ ᠭᠥᠯᠢᠶᠡᠨ ᠠᠪᠳᠠᠭ᠂ ᠠᠶᠠᠨᠴᠢᠳ ᠨᠢᠭᠡ ᠪᠦᠷᠢ᠎ᠶ᠋ᠢᠨ ᠠᠮᠤᠷ ᠲᠦᠪᠱᠢᠨ ᠪᠠ ᠲᠡᠷᠭᠡ ᠬᠦᠯᠢᠶᠡᠬᠦ᠌ ᠲᠠᠭᠠᠯᠠᠮᠵᠢᠳᠠᠢ ᠪᠠᠢᠬᠤ᠎ᠶ᠋ᠢ ᠪᠠᠲᠤᠯᠠᠬᠤ ᠪᠣᠯ ᠵᠢᠶᠠ ᠱᠦᠶ ᠮᠢᠩ ᠪᠣᠯᠤᠨ ᠠᠵᠢᠯᠴᠢᠨ ᠨᠥᠬᠥᠳ᠎ᠦᠨ ᠬᠢᠨᠢ ᠠᠵᠢᠯ᠎ᠤᠨ ᠬᠠᠷᠠᠯᠲᠠ ᠪᠣᠯᠤᠨ᠎ᠠ᠃ ᠵᠢᠶᠠ ᠱᠦᠶ ᠮᠢᠩ᠄ 《ᠪᠢᠳᠡᠨ᠎ᠤ ᠡᠳᠦᠷ ᠲᠤᠲᠤᠮ᠎ᠤᠨ ᠠᠵᠢᠯ ᠪᠤᠯ ᠭᠤᠤᠯᠳᠠᠭᠤ ᠵᠡᠭᠦᠨ ᠥᠷᠲᠡᠭᠡᠨ᠎ᠦ ᠪᠠᠷᠢᠯᠭ᠎ᠠ ᠪᠠ ᠲᠥᠬᠥᠭᠡᠷᠦᠮᠵᠢ᠎ᠶ᠋ᠢ ᠲᠣᠭᠣᠷᠢᠨ ᠪᠠᠢᠴᠠᠭᠠᠵᠤ ᠰᠡᠯᠪᠢᠨ ᠵᠠᠰᠠᠬᠤ ᠶᠠᠪᠤᠳᠠᠯ ᠪᠤᠯᠤᠨ᠎ᠠ᠂ ᠠᠶᠠᠨᠴᠢᠳ᠎ᠤᠨ ᠵᠦᠭᠡᠭᠡᠪᠦᠷᠢ᠎ᠶᠢᠨ ᠣᠷᠭᠢᠯ᠎ᠤᠨ ᠦᠶ᠎ᠡ ᠪᠣᠯᠬᠤ ᠲᠤᠲᠤᠮ ᠭᠤᠤᠯᠳᠠᠯᠭ᠎ᠠ᠎ᠲᠠᠶ ᠲᠥᠬᠥᠭᠡᠷᠦᠮᠵᠢ᠂ ᠭᠤᠤᠯᠳᠠᠯᠭ᠎ᠠ ᠲᠠᠶ ᠣᠷᠣᠨ ᠪᠠᠢᠷᠢ᠎ᠶ᠋ᠢ ᠲᠣᠭᠣᠷᠢᠨ ᠪᠠᠢᠴᠠᠭᠠᠬᠤ ᠡᠷᠴᠢᠮ᠎ᠢᠶᠡᠨ ᠤᠯᠠᠮ ᠴᠢᠩᠭᠠᠷᠠᠭᠤᠯᠬᠤ ᠴᠢᠬᠤᠯᠠᠳᠠᠢ》 ᠭᠡᠪᠡ᠃

16 ᠥᠷᠲᠡᠭᠡᠨ᠎ᠦ ᠶᠡᠨᠳᠡᠷ᠎ᠢ ᠰᠡᠯᠪᠢᠨ ᠵᠠᠰᠠᠬᠤ᠂ ᠲᠤᠯᠠᠭᠠᠯᠠᠭ᠎ᠠ ᠵᠢᠨ ᠬᠤᠭᠤᠯᠠᠢ ᠵᠢᠨ ᠲᠠᠷᠤᠯᠲᠠ ᠪᠠ ᠲᠤᠯᠠᠭᠠᠨ᠎ᠤ ᠬᠡᠮᠵᠢᠶ᠎ᠡ ᠵᠢ ᠬᠡᠮᠵᠢᠬᠦ᠂ ᠲᠡᠷᠭᠡ ᠬᠦᠯᠢᠶᠡᠬᠦ᠌ ᠭᠠᠵᠠᠷ ᠲᠡᠬᠢ ᠡᠯ᠎ᠡ ᠵᠦᠶ᠋ᠯ᠎ᠦᠨ ᠲᠥᠬᠥᠭᠡᠷᠦᠮᠵᠢ᠎ᠶ᠋ᠢ ᠲᠣᠬᠢᠷᠠᠭᠤᠯᠤᠨ ᠲᠤᠷᠱᠢᠬᠤ ᠁ ᠵᠡᠭᠦᠨ ᠥᠷᠲᠡᠭᠡ᠎ᠳᠦ᠂ ᠵᠢᠶᠠ ᠱᠦᠶ ᠮᠢᠩ ᠡᠳᠦᠷ ᠳᠤᠮᠳᠠᠴᠢ᠎ᠪᠠᠷ 2 ᠲᠦᠮᠨ ᠱᠢᠬᠠᠮ ᠠᠯᠬᠤᠮ ᠶᠠᠪᠤᠵᠦ᠂ ᠲᠤᠨᠤᠭ ᠲᠥᠬᠥᠭᠡᠷᠦᠮᠵᠢ ᠪᠤᠯᠭᠠᠨ᠎ᠤ ᠳᠤᠬᠠᠢ ᠲᠣᠪ ᠲᠣᠳᠣᠷᠬᠠᠶ ᠮᠡᠳᠡᠳᠡᠭ ᠪᠤᠯᠬᠤᠷ ᠦᠨᠡᠨ᠎ᠬᠦ ᠨᠡᠷ᠎ᠡ ᠨᠢᠳᠡᠷ᠎ᠲᠡᠬᠡᠨ ᠳᠡᠩᠴᠡᠭᠰᠡᠨ ᠳᠡᠷᠭᠡ ᠬᠦᠯᠢᠶᠡᠬᠦ ᠦᠷᠦᠭᠡ᠎ᠶᠢᠨ 《ᠬᠠᠮᠢᠶᠠᠷᠤᠭ᠍ᠴᠢ》 ᠪᠤᠯᠤᠭᠰᠠᠨ ᠪᠠᠢᠨ᠎ᠠ᠃

ᠪᠠᠷᠢᠯᠭ᠎ᠠ᠎ᠶᠢᠨ ᠭᠡᠮ ᠰᠤᠭᠤᠭ ᠨᠢ ᠲᠦᠢᠯ᠎ᠤᠨ ᠲᠠᠯᠳᠠ ᠪᠠᠢᠳᠠᠭ᠃ ᠵᠢᠱᠶ᠋ᠶᠡᠯᠡᠪᠡᠯ᠂ ᠬᠥᠬᠡᠬᠣᠲᠠ ᠵᠡᠭᠦᠨ ᠥᠷᠲᠡᠭᠡᠨ᠎ᠦ ᠳᠤᠯᠠᠭᠠᠯᠠᠭ᠎ᠠ᠎ᠶ᠋ᠢᠨ ᠭᠤᠤᠯ ᠬᠤᠭᠤᠯᠠᠢ ᠨᠢ ᠥᠷᠲᠡᠭᠡᠨ᠎ᠦ ᠶᠠᠨᠳᠠᠷ᠎ᠤᠨ ᠭᠠᠵᠠᠷ ᠳᠤᠤᠷᠠᠬᠢ ᠰᠤᠪᠠᠭ᠎ᠤᠨ ᠬᠤᠳᠳᠤᠭ᠎ᠲᠤ ᠪᠠᠢᠵᠤ᠂ ᠭᠠᠵᠠᠷ ᠳᠤᠤᠷᠠᠬᠢ ᠰᠤᠪᠠᠭ ᠨᠢ 500 ᠮᠧᠲ᠋ᠷ ᠣᠷᠳᠣ᠂ ᠥᠨᠳᠥᠷ ᠨᠢ ᠵᠥᠪᠬᠡᠨ 1.6 ᠮᠧᠲ᠋ᠷ ᠣᠷᠴᠢᠮ ᠯᠡ ᠪᠠᠢᠳᠠᠭ᠃ ᠵᠢᠶᠠ ᠱᠦᠢ ᠮᠢᠩ ᠪᠣᠯᠤᠨ ᠠᠵᠢᠯᠴᠢᠨ ᠨᠥᠬᠥᠳ ᠶᠠᠭᠤᠨ᠎ᠤ ᠡᠮᠦᠨ᠎ᠡ ᠬᠡᠢ ᠪᠡᠶᠡᠲᠦ᠍᠎ᠶ᠋ᠢ ᠪᠠᠢᠴᠠᠭᠠᠨ ᠬᠡᠮᠵᠢᠬᠦ᠌ ᠲᠤᠰᠭᠠᠢ ᠪᠠᠭᠠᠵᠢ ᠪᠠ ᠬᠠᠢᠭᠤᠷ᠎ᠢᠶᠡᠷ ᠭᠠᠵᠠᠷ ᠳᠤᠤᠷᠠᠬᠢ ᠰᠤᠪᠠᠭ᠎ᠤᠨ ᠳᠣᠲᠣᠷᠠᠬᠢ ᠬᠦᠴᠢᠯᠲᠥ᠋ᠷᠥᠭ᠌ᠴᠢ᠎ᠶ᠋ᠢᠨ ᠠᠭᠤᠯᠤᠭ᠍ᠳᠠᠴᠠ᠂ ᠬᠣᠣᠷᠲᠤ ᠬᠡᠢ ᠪᠡᠶᠡᠲᠦ᠍᠎ᠶ᠋ᠢᠨ ᠥᠳᠭᠡᠴᠡ ᠵᠡᠷᠭᠡ ᠵᠠᠩᠭᠢᠯᠠᠭ᠎ᠠ᠎ᠶ᠋ᠢᠨ ᠭᠦᠢᠴᠡᠳᠭᠡᠯ ᠲᠣᠭ᠎ᠠ ᠨᠢ ᠠᠮᠤᠷ ᠲᠦᠪᠱᠢᠨ᠎ᠦ ᠬᠡᠪᠴᠢᠶᠡᠨ᠎ᠳᠦ ᠨᠡᠢᠴᠡᠭ᠌ᠰᠡᠨ᠎ᠢ ᠨᠤᠲᠠᠯᠠᠭ᠍ᠰᠠᠨ᠎ᠤ ᠳᠠᠷᠠᠭ᠎ᠠ ᠰᠠᠶᠢ ᠪᠠᠭᠠᠵᠢ ᠬᠡᠷᠡᠭ᠌ᠰᠡᠯ᠎ᠦᠨ ᠪᠣᠭ᠍ᠴᠣ᠎ᠪᠠᠨ ᠡᠭᠦᠷᠦᠭᠡᠳ ᠵᠠᠯᠭᠠᠭ᠎ᠠ ᠪᠠᠷ ᠭᠠᠵᠠᠷ ᠳᠤᠤᠷᠠᠬᠢ ᠰᠤᠪᠠᠭ᠎ᠲᠤ ᠪᠠᠭᠤᠵᠠᠭᠠᠨ᠎ᠠ᠃

ᠭᠠᠵᠠᠷ ᠳᠤᠤᠷᠠᠬᠢ ᠰᠤᠪᠠᠭ ᠢᠪᠴᠤᠤ ᠮᠥᠷᠲᠡᠭᠡᠨ ᠬᠡᠷᠡᠯ ᠨᠡᠪᠳᠡᠷᠡᠬᠦ ᠦᠭᠡᠢ ᠪᠠᠢᠵᠤ᠂ ᠵᠢᠶᠠ ᠱᠦᠢ ᠮᠢᠩ ᠪᠣᠯᠤᠨ ᠠᠵᠢᠯᠴᠢᠳ ᠬᠠᠢᠭᠤᠯ ᠳ᠋ᠧᠩ ᠪᠠ ᠭᠠᠷ ᠳ᠋ᠧᠩ᠎ᠳᠦ ᠲᠦᠰᠢᠭᠯᠡᠨ ᠠᠯᠭᠤᠷ ᠤᠷᠤᠭᠰᠢᠯᠠᠵᠤ᠂ ᠳᠠᠮᠵᠢᠭᠤᠯᠬᠤ ᠬᠣᠭᠣᠯᠠᠢ᠎ᠶ᠋ᠢᠨ ᠵᠠᠯᠭᠠᠬᠤ ᠴᠡᠭ ᠪᠠ ᠪᠦᠲᠦᠴᠡ᠎ᠶ᠋ᠢᠨ ᠪᠠᠢᠳᠠᠯ᠎ᠢ ᠨᠠᠷᠢᠨ ᠨᠢᠮᠪᠠᠢ ᠪᠠᠢᠴᠠᠭᠠᠨ᠎ᠠ᠃ ᠠᠮᠤᠷ ᠲᠦᠪᠱᠢᠨ ᠠᠵᠢᠯᠯᠠᠬᠤ ᠵᠢ ᠪᠠᠲᠤᠯᠠᠬᠤ᠎ᠶ᠋ᠢᠨ ᠲᠥᠯᠥᠭᠡ ᠳᠡᠳᠡ ᠬᠠᠭᠠᠰ ᠴᠠᠭ ᠠᠯᠤᠰᠯᠠᠬᠤ ᠪᠦᠷᠢ ᠬᠤᠳᠳᠤᠭ ᠡᠴᠡ ᠭᠠᠷᠴᠤ᠌ ᠠᠮᠢᠰᠬᠤᠭ᠎ᠠ ᠠᠪᠳᠠᠭ᠂ ᠡᠨᠡ ᠬᠦ᠌ 500 ᠮᠧᠲ᠋ᠷ ᠣᠷᠳᠣ ᠭᠠᠵᠠᠷ ᠳᠤᠤᠷᠠᠬᠢ ᠰᠤᠪᠠᠭ᠎ᠢ ᠲᠤᠭᠤᠷᠢᠨ ᠪᠠᠢᠴᠠᠭᠠᠵᠤ ᠵᠠᠰᠠᠬᠤ᠎ᠳᠤ ᠨᠠᠭᠠᠳᠤ ᠵᠠᠬ᠎ᠠ ᠨᠢ 2 ᠴᠠᠭ ᠬᠡᠷᠡᠭ᠌ᠰᠡᠳᠡᠭ᠃

ᠲᠡᠷᠭᠡᠨ ᠥᠷᠲᠡᠭᠡᠨ᠎ᠦ ᠬᠡᠷ᠎ᠦᠨ ᠣᠷᠣᠶ᠎ᠶ᠋ᠢᠨ ᠳᠠᠪᠬᠤᠷᠭ᠎ᠠ ᠪᠤᠯ ᠳᠤᠯᠠᠭᠠᠯᠠᠭ᠎ᠠ ᠬᠠᠩᠭᠠᠬᠤ ᠬᠣᠭᠣᠯᠠᠶ ᠲᠥᠪᠯᠡᠷᠡᠭ᠌ᠰᠡᠨ ᠬᠡᠰᠡᠭ ᠪᠤᠯᠤᠨ᠎ᠠ᠂ ᠬᠡᠷ᠎ᠦᠨ ᠣᠷᠣᠶ᠎ᠶ᠋ᠢᠨ ᠳᠠᠪᠬᠤᠷᠭ᠎ᠠ᠎ᠳᠦ ᠣᠷᠣᠵᠤ ᠳᠤᠯᠠᠭᠠᠯᠠᠭ᠎ᠠ᠎ᠶ᠋ᠢᠨ ᠬᠣᠭᠣᠯᠠᠶ᠎ᠳᠤ ᠲᠣᠭᠣᠷᠢᠨ ᠪᠠᠢᠴᠠᠭᠠᠯᠲᠠ ᠬᠢᠬᠦ᠌ ᠨᠢ ᠨᠢᠭᠡ ᠵᠦᠶ᠋ᠯ᠎ᠦᠨ ᠮᠠᠰᠢ ᠪᠤᠳᠤᠯᠢᠶᠠᠨᠳᠠᠢ ᠠᠵᠢᠯ ᠶᠤᠮ᠃ ᠵᠢᠶᠠ ᠱᠦᠢ ᠮᠢᠩ᠎ᠦᠨ ᠱᠠᠪᠢ ᠪᠤᠯᠬᠤ 《2000 ᠣᠨ ᠡᠴᠡ ᠰᠡᠭᠦᠯᠡᠷ ᠲᠦᠷᠦᠭ᠌ᠰᠡᠨ》 ᠲᠣᠭᠣᠷᠢᠨ ᠪᠠᠢᠴᠠᠭᠠᠭ᠍ᠴᠢ ᠪᠦᠬᠡᠳ ᠰᠡᠯᠪᠢᠨ ᠵᠠᠰᠠᠭ᠍ᠴᠢ ᠸᠠᠩ ᠶᠧ ᠴᠧᠨ ᠤᠳᠠᠭ᠎ᠠ ᠪᠦᠷᠢ ᠰᠠᠨᠠᠭᠠᠴᠢᠯᠠᠭ᠎ᠠ ᠡᠴᠡ᠎ᠪᠠᠨ ᠡᠨᠡ ᠬᠦ᠌ ᠠᠵᠢᠯ᠎ᠢ ᠡᠭᠦᠷᠭᠡᠯᠡᠳᠡᠭ᠃

ᠵᠢᠪᠡᠷᠡᠵᠦ᠍ ᠪᠥᠭ᠌ᠯᠡᠷᠡᠭ᠌ᠰᠡᠨ ᠠᠦ᠋ᠲ᠋ᠣ᠋ ᠬᠡᠶ ᠭᠠᠷᠭᠠᠬᠤ ᠨᠡᠭᠡᠬᠡᠯᠡᠬᠡᠶ᠎ᠶ᠋ᠢ ᠵᠠᠰᠠᠬᠤ᠎ᠳᠤ ᠠᠳᠠᠭ᠎ᠲᠠᠭᠠᠨ 20 ᠮᠢᠨᠦ᠋ᠲ ᠬᠡᠷᠡᠭ᠌ᠰᠡᠨ᠎ᠡ᠂ ᠡᠢᠮᠦᠷᠬᠦᠦ ᠬᠡᠶ ᠭᠠᠷᠭᠠᠬᠤ ᠨᠡᠭᠡᠬᠡᠯᠡᠬᠡᠶ ᠨᠡᠢᠲᠡ 40 ᠪᠠᠢᠨ᠎ᠠ᠃ ᠪᠠᠭᠠᠵᠢ ᠬᠡᠷᠡᠭ᠌ᠰᠡᠯ ᠨᠢ ᠳᠡᠷᠭᠡ ᠬᠦᠯᠢᠶᠡᠬᠦ ᠳᠢᠩᠬᠢᠮ᠎ᠳᠦ ᠤᠨᠠᠬᠤ ᠡᠴᠡ ᠰᠡᠷᠭᠡᠢᠯᠡᠬᠦ᠌᠎ᠶ᠋ᠢᠨ ᠲᠥᠯᠥᠭᠡ ᠸᠠᠩ ᠶᠧ ᠴᠧᠨ ᠪᠦᠬᠦᠢᠯᠡ ᠪᠠᠭᠠᠵᠢ ᠪᠠᠨ ᠪᠡᠶ᠎ᠡ ᠳᠡᠭᠡᠷ᠎ᠡ ᠪᠠᠨ ᠴᠢᠩᠭ᠎ᠠ ᠤᠶᠠᠬᠤ ᠬᠡᠷᠡᠭ᠌ᠲᠡᠶ᠃ 20 ᠵᠢᠩ ᠬᠦᠨᠳᠦ ᠠᠴᠢᠶ᠎ᠠ᠎ᠶ᠋ᠢ ᠡᠬᠦᠷᠴᠤ ᠨᠢᠭᠡ ᠡᠭᠡᠯᠵᠢ ᠵᠢᠨ ᠲᠣᠭᠣᠷᠢᠨ ᠪᠠᠢᠴᠠᠭᠠᠵᠤ ᠰᠡᠯᠪᠢᠨ ᠵᠠᠰᠠᠬᠤ ᠠᠵᠢᠯ᠎ᠢᠶᠡᠨ ᠳᠠᠭᠤᠰᠬᠠᠬᠤ᠎ᠳᠦ ᠸᠠᠩ ᠶᠧ ᠴᠧᠨ᠎ᠦ ᠪᠦᠬᠦ᠌ ᠪᠡᠶ᠎ᠡ ᠨᠢ ᠬᠦᠯᠦᠰᠦᠨ᠎ᠳᠡᠭᠡᠨ ᠳᠡᠪᠳᠦᠴᠢᠭᠡᠳᠡᠭ᠃

ᠸᠠᠩ ᠶᠧ ᠴᠧᠨ᠄ 《ᠪᠢ ᠪᠠᠭ᠍ᠰᠢ ᠵᠢ ᠳᠠᠭᠠᠵᠤ ᠠᠵᠢᠯᠯᠠᠭᠠᠳ ᠬᠣᠶᠠᠷ ᠵᠢᠯ ᠪᠣᠯᠵᠤ ᠪᠠᠢᠨ᠎ᠠ᠂ ᠡᠳᠦᠷ ᠲᠣᠲᠤᠮ᠎ᠤᠨ ᠠᠵᠢᠯ ᠳᠤᠮᠳᠠ ᠪᠠᠭ᠍ᠰᠢ ᠨᠠᠳᠠ᠎ᠳᠤ ᠮᠠᠰᠢ ᠣᠯᠠᠨ ᠶᠠᠭᠤᠮ᠎ᠠ ᠵᠢᠭᠠᠭᠰᠠᠨ ᠰᠢᠤ᠃ ᠪᠠᠭ᠍ᠰᠢ᠎ᠶ᠋ᠢᠨ ᠬᠡᠯᠡᠬᠦ᠌᠎ᠪᠡᠷ ᠪᠢᠳᠡᠨ᠎ᠦ ᠠᠵᠢᠯ ᠪᠤᠯ ᠠᠶᠠᠨᠴᠢᠳ᠎ᠲᠤ ᠦᠶ᠋ᠯᠡᠴᠢᠯᠡᠬᠦ᠌ ᠴᠢᠬᠤᠯᠠ ᠨᠢᠭᠡ ᠭᠣᠭ᠍ᠴᠣᠭ᠎ᠠ ᠶᠤᠮ᠂  ᠭᠡᠮ ᠰᠤᠭᠤᠭ ᠦᠭᠡᠢ᠂ ᠡᠨᠳᠡᠯ ᠦᠭᠡᠢ ᠪᠠᠢᠬᠤ ᠵᠢ ᠵᠠᠪᠠᠯ ᠪᠠᠳᠤᠯᠠᠬᠤ ᠬᠡᠷᠡᠭ᠌ᠲᠡᠶ ᠬᠡᠵᠤ ᠪᠠᠭᠰᠢ ᠬᠡᠯᠡᠭᠰᠡᠨ》 ᠭᠡᠪᠡ᠃

2025 ᠣᠨ᠎ᠤ ᠴᠠᠭᠠᠨ ᠰᠠᠷ᠎ᠠ᠎ᠶ᠋ᠢᠨ ᠠᠶᠠᠨᠴᠢᠳ᠎ᠤᠨ ᠵᠥᠭᠡᠭᠡᠪᠦᠷᠢ ᠪᠣᠯ ᠵᠢᠶᠠ ᠱᠦᠶ ᠮᠢᠩ᠎ᠦᠨ ᠠᠵᠢᠯ᠎ᠤᠨ ᠪᠠᠢᠷᠢ ᠲᠡᠭᠡᠷ᠎ᠡ ᠪᠠᠨ ᠦᠩᠭᠡᠷᠡᠭᠦᠯᠦᠭᠰᠡᠨ ᠭᠤᠴᠢ ᠶᠢᠰᠦᠳᠡᠬᠢ ᠴᠠᠭᠠᠨ ᠰᠠᠷ᠎ᠠ᠎ᠶ᠋ᠢᠨ ᠠᠶᠠᠨᠴᠢᠳ᠎ᠤᠨ ᠵᠥᠭᠡᠭᠡᠪᠦᠷᠢ ᠪᠣᠯᠤᠨ᠎ᠠ᠂ ᠡᠨᠡ ᠵᠢᠯ᠎ᠦᠨ ᠪᠢᠲᠡᠭᠦᠨ᠎ᠦ ᠰᠥᠨᠢ᠂ ᠵᠢᠶᠠ ᠱᠦᠶ ᠮᠢᠩ ᠭᠡᠷ ᠪᠦᠯᠢ ᠵᠢᠨ ᠬᠢᠨ ᠲᠠᠢ ᠪᠡᠨ ᠬᠠᠮᠲᠤ ᠰᠢᠨᠡᠯᠡᠵᠤ ᠲᠡᠢᠯᠦᠭᠰᠡᠨ ᠦᠬᠡᠢ᠃ ᠮᠥᠨ ᠯᠡ ᠠᠶᠠᠨᠴᠢᠳ᠎ᠤᠨ 《ᠤᠯᠵᠤ ᠦᠵᠡᠬᠦ ᠦᠭᠡᠢ》 ᠭᠠᠵᠠᠷ᠎ᠲᠤ ᠴᠠᠭᠠᠨ ᠰᠠᠷ᠎ᠠ᠎ᠶ᠋ᠢᠨ ᠠᠶᠠᠨᠴᠢᠳ᠎ᠤᠨ ᠵᠥᠭᠡᠭᠡᠪᠦᠷᠢ ᠵᠢ ᠬᠠᠮᠠᠭᠠᠯᠠᠬᠤ ᠠᠵᠢᠯ᠎ᠤᠨ ᠪᠠᠢᠷᠢ ᠪᠡᠨ ᠦᠷᠭᠦᠯᠵᠢᠯᠡᠨ ᠪᠠᠲᠤ ᠰᠠᠬᠢᠪᠠ᠃ 《ᠠᠵᠢᠯᠯᠠᠬᠤ ᠠᠩᠭᠢ᠎ᠶ᠋ᠢᠨ ᠳᠠᠷᠤᠭ᠎ᠠ ᠪᠣᠯᠤᠭ᠍ᠰᠠᠨ᠎ᠤ ᠬᠤᠪᠢ᠎ᠳᠤ ᠴᠠᠭᠠᠨ ᠰᠠᠷ᠎ᠠ ᠵᠢᠨ ᠬᠤᠭᠤᠴᠠᠭᠠᠨ᠎ᠳᠤ ᠡᠷᠬᠡᠪᠰᠢ ᠠᠵᠢᠯ᠎ᠤᠨ ᠪᠠᠢᠷᠢ᠎ᠪᠠᠨ ᠰᠠᠬᠢᠬᠤ ᠴᠢᠬᠤᠯᠠᠲᠠᠢ᠂ ᠡᠨᠡ ᠪᠣᠯ ᠪᠢᠳᠡᠨ᠎ᠤ ᠤᠯᠠᠮᠵᠢᠯᠠᠯ ᠶᠤᠮ》 ᠭᠡᠵᠦ ᠵᠢᠶᠠ ᠱᠦᠶ ᠮᠢᠩ ᠬᠡᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号