ᠲᠡᠦᠬᠡ ᠶ᠋ᠢᠨ ᠳᠤᠷᠠᠰᠭᠠᠯᠲᠤ ᠵᠦᠶ᠋ᠯᠡᠰ ᠢ᠋ᠶ᠋ᠡᠷ ᠰᠡᠳᠦᠪᠯᠡᠭᠰᠡᠨ ᠥᠯᠵᠡᠢᠲᠦ ᠡᠳᠦᠷ ᠤ᠋ᠨ ᠠᠵᠢᠯᠯᠠᠭ᠎ᠠ ᠶᠠᠪᠤᠭᠳᠠᠪᠠ
2025-02-14 15:05:31
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠦᠬᠡᠭᠴᠢᠨ ᠮᠣᠭᠠᠶ ᠵᠢᠯ ᠤ᠋ᠨ ᠠᠩᠬᠠᠨ ᠤ᠋ ᠰᠠᠷᠠ ᠲᠡᠷᠭᠡᠯᠱᠢᠭ᠌ᠰᠡᠨ ᠰᠥᠨᠢ᠂ ᠥᠪᠥᠷ ᠮᠣᠩᠭᠣᠯ ᠤ᠋ᠨ ᠮᠦᠽᠧᠶ ᠥᠯᠵᠡᠢᠲᠦ ᠡᠳᠦᠷ ᠤ᠋ᠨ ᠪᠠᠶᠠᠷᠳᠤ ᠵᠢᠭᠤᠯᠴᠢᠯᠠᠯ ᠢ᠋ ᠨᠢᠮᠪᠠᠶ ᠪᠡᠯᠡᠳᠭᠡᠨ《ᠲᠡᠥᠬᠡ ᠶ᠋ᠢᠨ ᠲᠤᠷᠠᠰᠬᠠᠯᠳᠦ ᠵᠦᠢᠯᠡᠰ ᠤ᠋ᠨ  ᠤᠨᠢᠰᠤᠭ᠎ᠠ ᠳᠠᠭᠠᠵᠦ ᠦᠯᠵᠡᠢᠳᠦ ᠡᠳᠦᠷ ᠤ᠋ᠨ ᠪᠠᠶᠠᠷᠳᠤ ᠵᠢᠭᠤᠯᠴᠢᠯᠠᠯ ᠢ᠋ ᠡᠳ᠋ᠯᠡᠬᠦ》 ᠪᠡᠷ ᠭᠤᠤᠯ ᠰᠡᠳᠦᠪ ᠪᠤᠯᠭᠠᠵᠤ᠂ 《ᠮᠦᠽᠧᠢ ᠳ᠋ᠦ ᠥᠯᠵᠡᠢᠲᠦ ᠡᠳᠦᠷ ᠢ᠋ᠶ᠋ᠡᠨ ᠪᠡᠯᠭᠡᠯᠡᠬᠦ》 ᠠᠵᠢᠯᠯᠠᠭ᠎ᠠ ᠦᠷᠨᠢᠬᠦᠯᠤᠨ᠂ ᠦᠵᠡᠭᠴᠢ ᠤᠯᠠᠨ ᠳ᠋ᠤ ᠤᠯᠠᠮᠵᠢᠯᠠᠯ ᠬᠢᠭᠡᠳ ᠰᠢᠨᠡᠴᠢᠯᠡᠯ ᠢ᠋ ᠪᠦᠷᠢᠳᠦᠬᠦᠯᠦᠭᠰᠡᠨ ᠰᠤᠶᠤᠯ ᠤ᠋ᠨ ᠦᠪᠡᠳᠡᠭᠰᠢ ᠳᠠᠢᠯᠠᠯᠭ᠎ᠠ ᠬᠠᠩᠭᠠᠪᠠ᠃

ᠠᠵᠢᠯᠯᠠᠭᠠᠨ ᠤ᠋ ᠠᠬᠤᠢ ᠳᠠᠯᠠᠪᠠᠢ ᠳ᠋ᠦ᠂ ᠬᠤᠷᠠᠭᠰᠠᠨ ᠤᠯᠠᠨ ᠲᠡᠦᠬᠡ ᠶ᠋ᠢᠨ ᠳᠤᠷᠠᠰᠭᠠᠯᠲᠤ ᠵᠦᠶ᠋ᠯ ᠤ᠋ᠨ ᠣᠨᠢᠰᠤᠭ᠎ᠠ᠎ᠳᠠᠭᠠᠵᠦ᠂ ᠣᠶᠤᠨ ᠤ᠋ ᠰᠢᠮ᠎ᠠ ᠬᠦᠷᠳᠡᠨ᠎ᠠ; ᠬᠡᠥᠬᠡᠳ ᠤ᠋ᠳ ᠭᠤᠷᠪᠠᠨ ᠪᠣᠭᠣᠮᠲᠠ ᠵᠢ ᠳᠠᠪᠠᠨ ᠠᠵᠠ ᠲᠠᠢ ᠤᠷᠤᠯᠴᠠᠭᠴᠢ ᠪᠤᠯᠬᠤ ᠪᠡᠷ ᠮᠡᠷᠡᠢᠵᠦ᠂ ᠪᠠᠶᠠᠷ ᠬᠦᠷ ᠲᠠᠢ ᠦᠷᠢᠰᠦᠯᠳᠦᠨ᠎ᠠ; ᠲᠤᠮᠤᠴᠤᠤᠯ ᠥᠯᠵᠡᠢᠲᠦ ᠪᠤᠤᠪᠤ ᠬᠢᠬᠦ ᠵᠢ ᠰᠤᠷᠴᠤ᠂ ᠥᠯᠵᠡᠢᠲᠦ ᠪᠤᠤᠪᠤ  ᠳ᠋ᠤ  ᠠᠭᠤᠯᠤᠭᠳᠠᠭᠰᠠᠨ ᠤᠳᠭ᠎ᠠ ᠰᠠᠨᠠᠭ᠎ᠠ ᠵᠢ ᠤᠬᠠᠪᠤᠷᠢᠯᠠᠨ᠎ᠠ; ᠤᠯᠠᠨ ᠢ᠋ᠶ᠋ᠡᠷ ᠢ᠋ᠶ᠋ᠡᠨ ᠲᠡᠦᠬᠡ ᠶ᠋ᠢᠨ ᠳᠤᠷᠠᠰᠭᠠᠯᠲᠤ ᠵᠦᠶ᠋ᠯᠡᠰ ᠤ᠋ᠨ ᠴᠢᠮᠡᠭᠳᠦ ᠳ᠋ᠧᠩ ᠦᠢᠯᠡᠳᠤᠨ᠂ ᠤᠯᠠᠮᠵᠢᠯᠠᠯᠲᠤ ᠭᠠᠷ ᠤᠷᠠᠯᠠᠯ ᠪᠣᠯᠤᠨ ᠣᠲᠣ ᠦᠶ᠎ᠡ ᠶ᠋ᠢᠨ ᠪᠦᠲᠦᠭᠡᠯᠴᠢ ᠰᠡᠳᠭᠢᠮᠵᠢ ᠵᠢ ᠠᠭᠤᠰᠤᠯᠴᠠᠭᠤᠯᠵᠤ᠂ ᠰᠠᠢᠨ ᠰᠠᠢᠬᠠᠨ ᠠᠮᠢᠳᠤᠷᠠᠯ ᠢ᠋ ᠭᠡᠷᠡᠯᠲᠦᠭᠦᠯᠦᠨ᠎ᠡ; ᠬᠦᠬᠡᠷᠦᠬᠦᠨ ᠬᠡᠥᠬᠡᠯᠳᠡᠢ ᠨᠤᠬᠦᠳ ᠦᠵᠡᠭᠴᠢᠳ ᠤ᠋ᠨ ᠪᠠᠬ᠎ᠠ ᠵᠢ ᠳᠠᠳᠠᠵᠦ᠂ ᠤᠯᠠᠨ ᠢ᠋ᠶ᠋ᠡᠷ ᠢ᠋ᠶ᠋ᠡᠨ ᠰᠡᠬᠦᠳᠡᠷ ᠳᠠᠳᠠᠵᠦ ᠲᠤᠷᠠᠰᠬᠠᠯ ᠦᠯᠡᠳᠡᠭᠡᠨ᠎ᠠ; ᠬᠦᠰᠡᠯ ᠤ᠋ᠨ ᠮᠤᠳᠤᠨ ᠲᠤᠤᠷ᠎ᠠ ᠰᠢᠨ᠎ᠠ ᠵᠢᠯ ᠤ᠋ᠨ ᠬᠦᠰᠡᠯ ᠡᠷᠡᠮᠡᠯᠵᠡᠯ ᠢ᠋ᠶ᠋ᠡᠨ ᠪᠢᠴᠢᠭᠰᠡᠨ ᠬᠠᠭᠤᠳᠠᠰᠤ ᠪᠠᠨ ᠡᠯᠬᠦᠨ᠂ ᠢᠷᠡᠭᠡᠳᠦᠢ ᠶ᠋ᠢᠨ ᠰᠠᠢᠨ ᠰᠠᠢᠬᠠᠨ ᠢ᠋ ᠪᠡᠯᠭᠡᠳᠡᠵᠤ᠂ ᠥᠯᠵᠡᠢᠲᠦ ᠡᠳᠦᠷ ᠤ᠋ᠨ ᠬᠦᠷ ᠬᠥᠭ᠌ᠵᠢᠶᠡᠨ ᠢ᠋ ᠬᠠᠷᠠᠭᠤᠯᠤᠨ᠎ᠠ ; ᠵᠡᠪᠡ ᠰᠢᠳᠡᠬᠦ᠂ ᠵᠤᠭᠤᠰ ᠰᠢᠳᠡᠬᠦ ᠲᠤᠭᠯᠠᠭᠠᠮ ᠵᠢᠡᠷ ᠢᠨᠢᠶᠡᠳᠦ ᠪᠠᠶᠠᠰᠤᠯ ᠬᠠᠩᠬᠢᠨᠠᠭᠤᠯᠵᠤ᠂ ᠦᠨᠢ ᠡᠷᠳᠡᠨ ᠤ᠋ ᠦᠯᠵᠡᠢᠳᠦ ᠡᠳᠦᠷ ᠢ᠋ ᠲᠤᠷᠠᠳᠬᠠᠨ᠎ᠠ᠃ ᠬᠦᠷᠦᠯᠴᠡᠨ ᠢᠷᠡᠭᠰᠡᠨ ᠬᠤᠳᠠ ᠵᠢᠨ ᠠᠷᠠᠳ ᠪᠠ ᠵᠢᠭᠤᠯᠴᠢᠯᠠᠭᠰᠠᠳ ᠡᠨᠡ ᠬᠦ᠌ 7 ᠲᠦᠷᠦᠯ ᠤ᠋ᠨ ᠠᠵᠢᠯᠯᠠᠭ᠎ᠠ ᠳ᠋ᠦ ᠤᠷᠤᠯᠴᠠᠭᠰᠠᠨ ᠳᠠᠮᠠᠭ᠎ᠠ ᠴᠤᠭᠯᠠᠭᠤᠯᠤᠭᠠᠳ ᠠᠵᠠ ᠶ᠋ᠢᠨ ᠪᠡᠯᠡᠭ ᠲᠤᠰᠴᠤ᠂ ᠪᠠᠶᠠᠷ ᠬᠦᠷ ᠲᠠᠢ ᠬᠠᠷᠢᠵᠠᠭᠠᠯ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号