ᠴᠠᠭᠠᠨ ᠰᠠᠷ᠎ᠠ ᠵᠢᠨ ᠦᠯᠵᠡᠢᠲᠦ ᠡᠳᠦᠷ᠎ᠤᠨ ᠪᠠᠶᠠᠷ ᠪᠤᠯ ᠲᠤᠮᠳᠠᠳᠦ ᠤᠯᠤᠰ᠎ᠤᠨ ᠤᠯᠠᠮᠵᠢᠯᠠᠯᠲᠦ ᠪᠠᠶᠠᠷ᠎ᠤᠨ ᠡᠳᠦᠷ ᠤᠨ ᠨᠢᠭᠡ ᠪᠤᠯᠤᠨ᠎ᠠ᠃ ᠴᠠᠭᠠᠨ ᠰᠠᠷ᠎ᠠ ᠪᠤᠯ ᠪᠢᠯᠢᠭ᠎ᠤᠨ ᠤᠯᠠᠷᠢᠯ᠎ᠤᠨ ᠲᠡᠷᠢᠭᠦᠨ ᠰᠠᠷ᠎ᠠ᠂ ᠴᠠᠭᠠᠨ ᠰᠠᠷ᠎ᠠ ᠵᠢᠨ ᠠᠷᠪᠡᠨ ᠲᠠᠪᠤᠨ᠎ᠤ ᠰᠦᠨᠢ ᠪᠤᠯ ᠨᠢᠭᠡ ᠵᠢᠯ᠎ᠤᠨ ᠲᠤᠳᠤᠷᠠᠬᠢ ᠬᠠᠮᠤᠭ᠎ᠤᠨ ᠲᠡᠷᠢᠭᠦᠨ᠎ᠤ ᠲᠡᠷᠭᠡᠯ ᠰᠠᠷ᠎ᠠ᠎ᠲᠦ ᠰᠦᠨᠢ ᠪᠤᠯᠤᠨ᠎ᠠ᠂ ᠬᠦᠮᠦᠰ ᠡᠨᠡ ᠡᠳᠦᠷ᠎ᠢ ᠦᠯᠵᠡᠢᠲᠦ ᠡᠳᠦᠷ᠎ᠤᠨ ᠪᠠᠶᠠᠷ ᠬᠡᠮᠡᠨ ᠪᠡᠯᠭᠡᠰᠢᠶᠡᠵᠦ᠂ ᠠᠢᠯ ᠭᠡᠷ ᠠᠵᠠ ᠵᠢᠷᠭᠠᠯ ᠲᠠᠢ᠂ ᠠᠯᠢᠪᠠ ᠪᠦᠬᠦᠨ ᠪᠦᠷᠢᠨ ᠳᠡᠬᠦᠯᠳᠡᠷ ᠪᠠᠢᠬᠤ ᠶ᠋ᠢ ᠬᠦᠰᠡᠨ ᠵᠦᠩᠨᠡᠳᠡᠭ᠃ ᠡᠨᠡ ᠵᠢᠯ᠎ᠤᠨ ᠦᠯᠵᠡᠢᠳᠤ ᠪᠠᠶᠠᠷ᠎ᠤᠨ ᠡᠳᠦᠷ ᠲᠦ᠍ ᠮᠠᠨ᠎ᠤ ᠤᠷᠤᠨ᠎ᠤ ᠡᠯ᠎ᠠ ᠭᠠᠵᠠᠷ᠎ᠤᠨ ᠬᠢᠨ ᠶᠠᠩᠭᠠᠷ ᠪᠦᠵᠢᠭᠯᠡᠬᠦ᠂ ᠯᠤᠤ ᠲᠤᠭᠯᠠᠭᠤᠯᠬᠤ᠂ ᠠᠷᠰᠯᠠᠨ ᠲᠤᠭᠯᠠᠬᠤ᠂ ᠤᠨᠢᠰᠤᠭ᠎ᠠ ᠳᠠᠭᠠᠬᠤ᠂ ᠦᠡᠭᠭᠡᠳᠤ ᠳ᠋ᠸᠡᠭ ᠰᠤᠨᠢᠷᠬᠠᠬᠤ᠂ ᠪᠤᠳᠠᠰ ᠤ᠋ᠨ ᠪᠤᠰᠤ ᠰᠤᠶᠤᠯ ᠤ᠋ᠨ ᠦᠪ ᠤ᠋ᠨ ᠦᠵᠡᠬᠦᠯᠬᠡ ᠵᠡᠷᠭᠡ ᠤᠯᠠᠮᠵᠢᠯᠠᠯᠳᠦ ᠰᠤᠶᠤᠯ ᠵᠢᠭᠤᠯᠴᠢᠯᠠᠯ᠎ᠤᠨ ᠠᠵᠢᠯᠯᠠᠭ᠎ᠠ ᠡᠷᠬᠢᠯᠡᠭᠰᠡᠨ ᠡᠴᠡ ᠭᠠᠳᠠᠨ᠎ᠠ ᠪᠠᠰᠠ ᠤᠯᠠᠭᠠᠨᠮᠦ᠋ᠴᠢᠷ ᠤ᠋ᠨ ᠲᠤᠭᠯᠠᠯᠳᠠ᠂ ᠪᠤᠳᠠᠰ᠎ᠤᠨ ᠪᠤᠰᠤ ᠰᠤᠶᠤᠯ᠎ᠤᠨ ᠦᠪ᠎ᠤᠨ ᠦᠵᠡᠬᠦᠯᠭᠡ ᠲᠤᠭᠯᠠᠯᠳᠠ᠂ ᠳᠦᠳᠡᠭ ᠭᠠᠯ ᠤ᠋ᠨ ᠦᠳᠡᠰᠢᠯᠡᠬᠡ᠂ ᠬᠤᠸᠠᠷ ᠫᠤᠤᠵᠢᠩ᠎ᠤᠨ ᠦᠵᠡᠬᠦᠯᠭᠡ ᠵᠡᠷᠭᠡ ᠤᠯᠠᠨ ᠲᠤᠭᠯᠠᠯᠳᠠ ᠪᠠ ᠦᠵᠡᠬᠦᠯᠭᠡ ᠭᠠᠷᠭᠠᠵᠤ᠂ ᠰᠤᠶᠤᠯ ᠵᠢᠭᠤᠯᠴᠢᠯᠠᠯ ᠪᠠ ᠪᠠᠶᠠᠷ᠎ᠤᠨ ᠡᠳᠦᠷ᠎ᠤᠨ ᠠᠭᠤᠷ ᠠᠮᠢᠰᠬᠤᠯ᠎ᠢ ᠪᠢᠯᠬᠠᠮ᠎ᠠ ᠪᠤᠯᠭᠠᠪᠠ᠃
ᠬᠦᠬᠡᠬᠤᠳᠠ
ᠴᠠᠭᠠᠨ ᠰᠠᠷ᠎ᠠ ᠶ᠋ᠢᠨ ᠠᠷᠪᠠᠨ ᠲᠠᠪᠤᠨ ᠤ᠋ ᠦᠯᠵᠡᠢᠲᠦ ᠡᠳᠦᠷ ᠪᠤᠯᠬᠤ ᠲᠠᠰᠢᠷᠠᠮ ᠵᠢᠡᠷ᠂ ᠬᠦᠬᠡᠬᠤᠲᠠ ᠶ᠋ᠢᠨ ᠦᠨᠭᠭᠡᠲᠦ ᠳ᠋ᠸᠨᠭᠭᠯᠦ ᠬᠠᠷᠠᠭ᠎ᠠ ᠪᠠᠶᠠᠰᠬᠠᠨ᠂ ᠪᠠᠶᠠᠯᠢᠭ ᠰᠠᠢᠬᠠᠨ ᠠᠭᠤᠯᠭ᠎ᠠ ᠲᠠᠢ ᠠᠷᠠᠳ ᠤ᠋ᠨ ᠵᠠᠡᠭ ᠦᠢᠯᠡ ᠶ᠋ᠢᠨ ᠦᠵᠡᠭᠦᠯᠭᠡ ᠶ᠋ᠢᠨ ᠠᠵᠢᠯᠯᠠᠭ᠎ᠠ ᠦᠷᠨᠢᠭᠦᠯᠵᠦ᠂ ᠪᠠᠶᠠᠷ ᠤ᠋ᠨ ᠡᠳᠦᠷ ᠵᠢᠡᠨ ᠪᠠᠶᠠᠷ ᠬᠦᠷ ᠲᠠᠢ ᠪᠡᠯᠭᠡᠯᠡᠪᠡ᠃
ᠥᠪᠥᠷ ᠮᠣᠩᠭᠣᠯ ᠤᠨ ᠮᠦᠽᠧᠶ ᠥᠯᠵᠡᠢᠲᠦ ᠪᠠᠶᠠᠷ᠎ᠤᠨ ᠭᠠᠢᠬᠠᠮᠱᠢᠭ᠍ᠲᠤ ᠵᠢᠭᠤᠯᠴᠢᠯᠠᠯ᠎ᠢ ᠨᠠᠷᠢᠨ ᠨᠢᠮᠪᠠᠶ ᠪᠡᠯᠡᠳᠭᠡᠨ ᠶᠠᠪᠤᠭᠳᠠᠭᠤᠯᠵᠦ᠂ 《ᠲᠡᠦᠬᠡ᠎ᠶ᠋ᠢᠨ ᠳᠤᠷᠠᠰᠭᠠᠯᠲᠤ ᠵᠦᠶ᠋ᠯ᠎ᠦᠨ ᠮᠠᠶᠢᠭ᠎ᠦᠨ ᠥᠯᠵᠡᠢᠲᠦ ᠡᠳᠦᠷ᠎ᠤᠨ ᠪᠠᠶᠠᠷ》 ᠢ᠋ ᠪᠡᠯᠭᠡᠯᠡᠵᠡᠢ ; ᠦᠪᠦᠷ ᠮᠤᠨᠭᠭᠤᠯ᠎ᠤᠨ ᠨᠤᠮ᠎ᠤᠨ ᠰᠠᠩ ᠡᠷᠳᠡᠨ᠎ᠤ ᠰᠢᠯᠦᠭ ᠳᠠᠭᠤᠯᠠᠯ᠎ᠳᠡᠬᠢ ᠦᠯᠵᠡᠢᠳᠦ ᠡᠳᠦᠷ᠎ᠤᠨ ᠤᠯᠠ ᠮᠦᠷ᠎ᠢ ᠮᠦᠷᠳᠡᠵᠦ᠂ ᠡᠷᠳᠡᠨ᠎ᠤ ᠰᠢᠯᠦᠭ ᠳᠠᠭᠤᠯᠠᠯ᠎ᠤᠨ ᠤᠷᠠᠨ ᠳᠤᠳᠤ ᠤᠩᠰᠢᠯᠭ᠎ᠠ ᠂ ᠴᠠᠭᠠᠨ ᠰᠠᠷ᠎ᠠ᠂ ᠦᠯᠵᠡᠢᠳᠦ ᠡᠳᠦᠷ᠎ᠤᠨ ᠰᠢᠯᠦᠭ ᠪᠠᠳᠠᠭ᠎ᠢ ᠴᠡᠭᠡᠵᠢ ᠪᠡᠷ ᠤᠩᠰᠢᠬᠤ ᠠᠵᠢᠯᠯᠠᠭ᠎ᠠ ᠦᠷᠨᠢᠬᠦᠯᠵᠦ᠂ ᠰᠤᠶᠤᠯ᠎ᠤᠨ ᠦᠨᠦᠷ ᠠᠮᠳᠠ ᠪᠢᠯᠬᠠᠮ᠎ᠠ ᠤᠨᠴᠠᠯᠢᠭᠳᠦ ᠦᠯᠵᠡᠢᠳᠦ ᠡᠳᠦᠷ᠎ᠢ ᠪᠡᠯᠭᠡᠯᠡᠵᠡᠢ᠃ ᠡᠬᠦᠨ ᠡᠴᠡ ᠭᠠᠳᠠᠨ᠎ᠠ᠂ ᠴᠢᠮᠡᠭᠳᠦ ᠳ᠋ᠧᠩ ᠦᠢᠯᠡᠳᠬᠦ᠂ ᠪᠠᠭᠠᠴᠤᠳ ᠬᠡᠥᠬᠡᠳ᠎ᠲᠦ ᠵᠤᠷᠢᠭᠤᠯᠤᠨ ᠦᠯᠵᠡᠢᠳᠦ ᠡᠳᠦᠷ᠎ᠤᠨ ᠦᠯᠢᠬᠡᠷ ᠶᠠᠷᠢᠬᠤ᠂ ᠦᠯᠵᠡᠢᠳᠦ ᠪᠤᠭᠤᠷᠰᠤᠭ ᠬᠢᠬᠦ᠂ ᠤᠨᠢᠰᠤᠭ᠎ᠠ ᠳᠠᠭᠠᠬᠤ᠂ ᠴᠢᠮᠡᠭᠳᠦ ᠳ᠋ᠧᠩ ᠦᠢᠯᠡᠳᠬᠦ ᠵᠡᠷᠭᠡ ᠤᠯᠠᠨ ᠰᠠᠢᠬᠠᠨ ᠠᠵᠢᠯᠯᠠᠭ᠎ᠠ ᠪᠡᠷ ᠪᠠᠭᠠᠴᠤᠳ ᠬᠡᠥᠬᠡᠳ᠎ᠲᠦ ᠪᠠᠶᠠᠷ ᠲᠤᠷᠠᠰᠬᠠᠯ᠎ᠤᠨ ᠡᠳᠦᠷ᠎ᠤᠨ ᠬᠠᠪᠤ ᠴᠡᠩᠬᠡᠯ᠎ᠢ ᠡᠳ᠋ᠯᠡᠬᠦᠯᠦᠨ᠂ ᠤᠯᠠᠮᠵᠢᠯᠠᠯᠳᠦ ᠰᠤᠶᠤᠯ ᠵᠠᠩ ᠦᠢᠯᠡ᠎ᠶᠢᠨ ᠰᠤᠳᠤᠨ ᠰᠠᠢᠬᠠᠨ᠎ᠢ ᠮᠡᠳᠡᠷᠡᠬᠦᠯᠵᠡᠢ᠃

ᠬᠥᠬᠡᠬᠣᠲᠠ ᠶ᠋ᠢᠨ ᠢᠦᠢᠴᠢᠤᠸᠠᠨ ᠲᠣᠭᠣᠷᠢᠭ ᠤ᠋ᠨ ᠶᠡᠬᠡ ᠵᠤᠤ ᠠᠭᠤᠳᠠᠮ ᠲᠠᠯᠠᠪᠠᠢ᠂ ᠳ᠋ᠠ ᠱᠧᠩ ᠺᠦᠢ ᠰᠤᠶᠤᠯ ᠤ᠋ᠨ ᠠᠵᠤ ᠦᠢᠯᠡᠰ ᠤ᠋ᠨ ᠬᠦᠷᠢᠶᠡᠯᠡᠩ ᠳ᠋ᠤ ᠶᠠᠩᠭᠠᠷ ᠪᠦᠵᠢᠭ ᠤ᠋ᠨ ᠠᠩᠬᠢ ᠬᠠᠷᠠᠩᠭ᠎ᠠ ᠬᠡᠩᠭᠡᠷᠭᠡ ᠨᠢᠵᠢᠬᠢᠨᠡᠬᠦᠯᠦᠨ ᠶᠠᠩᠭᠠᠷ ᠪᠦᠵᠢᠭᠯᠡᠵᠤ᠂ ᠬᠡᠥᠬᠡᠳ ᠪᠠᠭᠠᠴᠤᠳ ᠠᠷᠪᠠᠨ ᠬᠤᠶᠠᠷ ᠵᠢᠯ᠎ᠤᠨ ᠦᠡᠭᠭᠡᠳᠤ ᠳ᠋ᠸᠡᠭ᠎ᠤᠨ ᠳᠡᠷᠭᠡᠳᠡ ᠰᠡᠬᠦᠳᠡᠷ ᠳᠠᠳᠠᠭᠤᠯᠤᠨ ᠱᠤᠤᠬᠢᠯᠳᠤᠵᠤ᠂ ᠳᠠᠭᠤᠤ ᠬᠦᠭᠵᠢᠮ᠂ ᠪᠤᠳᠠᠰ᠎ᠤᠨ ᠪᠤᠰᠤ ᠰᠤᠶᠤᠯ᠎ᠤᠨ ᠦᠪ᠂ ᠤᠯᠠᠮᠵᠢᠯᠠᠯᠳᠦ ᠵᠠᠩ ᠦᠢᠯᠡ᠂ ᠦᠵᠡᠰᠬᠦᠯᠡᠩ ᠦᠵᠡᠬᠦᠯᠬᠡ᠂ ᠤᠶᠤᠨ᠎ᠤ ᠲᠤᠭᠯᠠᠭᠠᠮ ᠁ ᠬᠡᠬᠦᠴᠢᠯᠡᠨ ᠬᠦᠬᠡᠬᠤᠳᠠ ᠵᠢᠨ ᠬᠢᠨ ᠡᠯᠳᠡᠪ ᠰᠠᠢᠬᠠᠨ ᠤᠳᠬ᠎ᠠ ᠰᠤᠶᠤᠯ᠎ᠤᠨ ᠠᠵᠢᠯᠯᠠᠭ᠎ᠠ ᠪᠡᠷ᠎ᠢᠶᠡᠨ ᠠᠷᠠᠳ ᠤᠯᠠᠨ ᠲᠠᠢ ᠪᠠᠨ ᠬᠠᠮᠳᠤ ᠪᠡᠷ ᠦᠯᠵᠡᠢᠳᠦ ᠡᠳᠦᠷ᠎ᠢᠶᠡᠨ ᠪᠡᠯᠭᠡᠯᠡᠵᠦ᠂ ᠰᠢᠨ᠎ᠠ ᠵᠢᠯ᠎ᠳᠡᠭᠡᠨ ᠦᠩᠬᠡ ᠲᠠᠢ ᠦᠬᠡᠳᠡ ᠲᠠᠢ ᠶᠠᠪᠤᠬᠤ᠎ᠵᠢ ᠪᠡᠯᠭᠡᠰᠢᠶᠠᠨᠠ ᠃
ᠪᠤᠭᠤᠳᠤ ᠬᠤᠳᠠ
2 ᠰᠠᠷ᠎ᠠ᠎ᠶ᠋ᠢᠨ 11᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶ᠋ᠢᠨ ᠤᠬᠠᠭᠤᠯᠬᠤ ᠬᠡᠯᠲᠡᠰ᠂ ᠥᠪᠡᠷᠲᠡᠭᠡᠨ ᠵᠠᠰᠠᠬᠤ ᠣᠷᠣᠨ᠎ᠤ ᠣᠶᠤᠨ ᠤ ᠪᠣᠯᠪᠠᠰᠤᠨ᠎ᠤ ᠠᠯᠪᠠᠨ ᠬᠡᠷ᠎ᠡᠴᠡ ᠭᠤᠤᠯᠯᠠᠨ ᠡᠷᠭᠢᠯᠡᠵᠦ᠍᠂ ᠪᠤᠭᠤᠲᠤ ᠬᠣᠲᠠ᠎ᠶ᠋ᠢᠨ ᠨᠠᠮ᠎ᠤᠨ ᠬᠣᠷᠢᠶ᠎ᠠ᠎ᠶ᠋ᠢᠨ ᠤᠬᠠᠭᠤᠯᠬᠤ ᠬᠡᠯᠲᠡᠰ᠂ ᠪᠤᠭᠤᠲᠤ ᠬᠣᠲᠠ᠎ᠶ᠋ᠢᠨ ᠣᠶᠤᠨ᠎ᠤ ᠪᠣᠯᠪᠠᠰᠤᠨ᠎ᠤ ᠠᠯᠪᠠᠨ ᠬᠡᠷ᠎ᠡᠴᠡ ᠳᠠᠭᠠᠭᠠᠴᠢᠯᠠᠨ ᠡᠷᠭᠢᠯᠡᠭ᠌ᠰᠡᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2025 ᠣᠨ᠎ᠤ 《ᠪᠢᠳᠡᠨ᠎ᠦ ᠪᠠᠶᠠᠷ᠎ᠤᠨ ᠡᠳᠦᠷ·ᠪᠠᠶᠠᠰᠭᠤᠯᠠᠩᠲᠤ ᠴᠠᠭᠠᠨ ᠰᠠᠷ᠎ᠠ》ᠱᠢᠨ᠎ᠡ ᠴᠠᠭ ᠦᠶ᠎ᠡ᠎ᠶ᠋ᠢᠨ ᠪᠣᠯᠪᠠᠰᠤᠨ᠎ᠤ ᠦᠶ᠋ᠯᠡᠳᠦᠯᠭᠡ ᠥᠯᠵᠡᠢᠲᠦ ᠡᠳᠦᠷ᠎ᠦᠨ ᠪᠠᠶᠠᠷ᠎ᠤᠨ ᠭᠤᠤᠯ ᠲᠠᠯᠠᠪᠠᠶ᠎ᠶ᠋ᠢᠨ ᠰᠣᠶᠣᠯ᠎ᠤᠨ ᠠᠵᠢᠯᠯᠠᠭ᠎ᠠ ᠪᠤᠭᠤᠳᠤ ᠬᠤᠳᠠ᠎ᠶᠢᠨ ᠬᠥᠨᠳᠡᠯᠡᠨ ᠲᠣᠭᠣᠷᠢᠭ᠎ᠲᠦ ᠡᠬᠢᠯᠡᠵᠦ᠍᠂ ᠬᠠᠷᠠᠩᠭ᠎ᠠ ᠬᠡᠩᠭᠡᠷᠭᠡ᠂ ᠯᠣᠣ ᠪᠦᠵᠢᠭᠯᠡᠬᠦᠯᠬᠦ 18 ᠡᠩᠨᠡᠭᠡ᠂ ᠮᠢᠩᠭ᠎ᠠ ᠭᠠᠷᠤᠢ ᠲᠣᠭ᠍ᠯᠠᠭ᠍ᠴᠢ᠎ᠶ᠋ᠢᠨ ᠤᠯᠠᠮᠵᠢᠯᠠᠯᠲᠤ ᠵᠠᠩ ᠦᠢᠯᠡ᠎ᠶ᠋ᠢᠨ ᠲᠣᠭ᠍ᠯᠠᠯᠲᠠ ᠨᠢ ᠴᠠᠭᠠᠨ ᠰᠠᠷ᠎ᠠ᠎ᠶᠢᠨ ᠪᠠᠶᠠᠷ ᠬᠦᠷᠢ ᠲᠦᠮᠡᠨ ᠤᠯᠠᠨ᠎ᠳᠤ ᠬᠦᠷᠳᠡᠭᠡᠵᠦ᠂ ᠣᠯᠠᠨ ᠨᠡᠢᠲᠡ᠎ᠶ᠋ᠢᠨ ᠦᠶ᠋ᠯᠡᠴᠢᠯᠡᠭᠡ᠂ ᠲᠠᠸᠠᠷ᠎ᠤᠨ ᠵᠢᠵᠢᠭ᠌ᠯᠡᠨ ᠪᠣᠷᠣᠯᠠᠭᠤᠯᠭ᠎ᠠ᠂ ᠰᠣᠶᠣᠯ ᠵᠢᠭᠤᠯᠴᠢᠯᠠᠯ ᠪᠠ ᠪᠣᠳᠠᠰ᠎ᠤᠨ ᠪᠤᠰᠤ ᠰᠣᠶᠣᠯ᠎ᠤᠨ ᠥᠪ᠎ᠦᠨ ᠳᠡᠯᠭᠡᠨ ᠦᠵᠡᠭᠦᠯᠭᠡ ᠵᠡᠷᠭᠡ ᠠᠭᠤᠯᠭ᠎ᠠ᠎ᠶ᠋ᠢ ᠪᠠᠭ᠍ᠲᠠᠭᠠᠭ᠍ᠰᠠᠨ 117 ᠪᠣᠯᠪᠠᠰᠤᠨ᠎ᠤ ᠴᠤᠭ᠍ᠯᠠᠭ᠎ᠠ ᠮᠠᠢᠮᠠᠶ᠎ᠶ᠋ᠢᠨ ᠳᠡᠯᠭᠡᠨ ᠦᠵᠡᠭᠦᠯᠬᠡ ᠬᠥᠭ᠌ᠵᠢᠶᠡᠨᠲᠡᠶ ᠶᠠᠪᠤᠭ᠍ᠳᠠᠵᠤ ᠂ 2025 ᠣᠨ᠎ᠤ ᠴᠠᠭᠠᠨ ᠰᠠᠷ᠎ᠠ᠎ᠶᠢᠨ ᠪᠠᠶᠠᠷ ᠵᠢᠷᠭᠠᠯᠳᠦ ᠠᠭᠤᠷ ᠠᠮᠢᠰᠭᠤᠯ᠎ᠢ ᠣᠷᠭᠢᠯ᠎ᠳᠤᠨᠢ ᠬᠦᠷᠭᠡᠪᠡ᠃

ᠨᠠᠷᠭᠢᠶᠠᠨ ᠠᠮᠳᠠ ᠤᠷᠳᠤᠰ ᠬᠤᠳᠠ
ᠤᠯᠠᠮᠵᠢᠯᠠᠯᠳᠦ ᠪᠠᠶᠠᠷ᠎ᠤᠨ ᠡᠳᠦᠷ ᠲᠤᠬᠢᠶᠠᠵᠦ᠂ ᠤᠷᠳᠤᠰ ᠬᠤᠳᠠ᠎ᠶᠢᠨ ᠬᠢᠨ ᠬᠦᠷ ᠨᠠᠷᠬᠢᠶᠠᠨ᠎ᠢᠶᠡᠷ ᠪᠢᠯᠬᠠᠨ᠎ᠠ ᠃ ᠵᠢᠯᠤᠭᠤᠴᠢ ᠦᠬᠡᠢ ᠨᠢᠰᠬᠡᠯ᠎ᠤᠨ ᠦᠵᠡᠬᠦᠯᠬᠡ᠂ ᠳᠠᠭᠤᠤ ᠬᠦᠭᠵᠢᠮ᠂ ᠲᠦᠳᠡᠭ ᠭᠠᠯ᠎ᠤᠨ ᠦᠳᠡᠰᠢᠯᠡᠬᠡ᠂ ᠮᠢᠩᠭᠠᠨ ᠬᠦᠮᠦᠨ᠎ᠤ ᠶᠠᠩᠭᠠᠷ ᠪᠦᠵᠢᠭ ᠁ ᠤᠷᠳᠤᠰ ᠬᠤᠳᠠ᠎ᠶᠢᠨ ᠠᠷᠠᠳ ᠤᠯᠠᠨ ᠦᠪᠡᠳᠡᠭᠰᠢ ᠴᠤᠭᠯᠠᠭᠠᠨ᠂ ᠦᠪᠡᠷᠮᠢᠴᠡ ᠰᠤᠶᠤᠯ ᠤᠷᠠᠯᠢᠭ᠎ᠢᠶᠡᠷ᠎ᠢᠶᠡᠨ ᠦᠯᠵᠡᠢᠳᠦ ᠡᠳᠦᠷ᠎ᠢᠶᠡᠨ ᠤᠭᠳᠤᠨ᠎ᠠ᠃ 2 ᠰᠠᠷ᠎ᠠ᠎ᠶᠢᠨ 12᠎ᠤ᠋ᠨ ᠦᠳᠡᠰᠢ᠂ ᠳᠠᠭᠤᠴᠢᠨ ᠲᠡᠭᠷᠢ᠂ ᠠᠨᠳᠠ ᠬᠠᠮᠳᠤᠯᠢᠭ ᠵᠡᠷᠭᠡ ᠤᠷᠠᠯᠢᠭᠴᠢᠨ ᠬᠦᠷᠦ ᠳᠠᠭᠤᠤ᠂ ᠤᠷᠳᠤᠰ ᠠᠷᠠᠳ᠎ᠤᠨ ᠳᠠᠭᠤᠤ ᠵᠡᠷᠭᠡ ᠪᠤᠳᠠᠰ᠎ᠤᠨ ᠪᠤᠰᠤ ᠰᠤᠶᠤᠯ᠎ᠤᠨ ᠦᠪ᠎ᠤᠨ ᠲᠦᠯᠦᠬᠡᠯᠡᠬᠦ ᠪᠦᠳᠦᠭᠡᠯ᠎ᠤᠨ ᠲᠤᠭᠯᠠᠯᠳᠠ ᠭᠠᠷᠭᠠᠨ᠂ ᠦᠯᠵᠡᠢᠳᠦ ᠡᠳᠦᠷ᠎ᠢ ᠪᠠᠶᠠᠷᠯᠠᠨ ᠪᠡᠯᠭᠡᠯᠡᠵᠡᠢ᠃
ᠤᠯᠠᠭᠠᠨᠴᠠᠪ ᠬᠤᠳᠠ
ᠤᠯᠠᠭᠠᠨᠴᠠᠪ ᠬᠤᠲᠠ ᠵᠢᠨ ᠬᠢᠨ ᠠᠷᠠᠳ ᠤ᠋ᠨ ᠵᠠᠡᠭ ᠤᠢᠯᠡ ᠵᠢ ᠪᠡᠶᠡᠴᠢᠯᠡᠨ ᠤᠢᠯᠠᠭᠠᠬᠤ᠂ ᠦᠵᠡᠭᠦᠯᠭᠡ ᠵᠢ ᠲᠤᠭᠤᠷᠢᠨ ᠦᠵᠡᠬᠦ᠂ ᠪᠡᠶ᠎ᠠ ᠵᠢᠨ ᠲᠠᠮᠢᠷ ᠤ᠋ᠨ ᠬᠦᠳᠡᠯᠭᠡᠭᠡᠨ ᠳ᠋ᠤ ᠤᠷᠤᠯᠴᠠᠬᠤ ᠵᠡᠷᠭᠡ 47 ᠵᠤᠢᠯ ᠤ᠋ᠨ ᠰᠤᠶᠤᠯ ᠵᠢᠭᠤᠯᠴᠢᠯᠠᠯ ᠤ᠋ᠨ ᠠᠵᠢᠯᠯᠠᠭ᠎ᠠ ᠵᠢ ᠶᠠᠪᠤᠬᠳᠠᠭᠤᠯᠵᠠᠢ᠃ ᠡᠬᠦᠨ ᠳ᠋ᠤ᠂ ᠤᠯᠠᠭᠠᠨᠴᠠᠪ ᠬᠤᠲᠠ ᠵᠢᠨ 11 ᠬᠤᠰᠢᠭᠤ ᠰᠢᠶᠠᠨ ᠬᠤᠲᠠ ᠲᠤᠭᠤᠷᠢᠭ ᠴᠦᠮ ᠦᠪᠡᠷ ᠦᠪᠡᠷ ᠤ᠋ᠨ ᠪᠤᠳᠠᠲᠠᠢ ᠪᠠᠢᠳᠠᠯ ᠡᠴᠡ ᠪᠠᠨ ᠡᠭᠦᠰᠴᠤ ᠦᠪᠡᠷᠮᠢᠴᠡ ᠤᠨᠴᠠᠯᠢᠭ ᠪᠦᠬᠦᠢ ᠰᠤᠶᠤᠯ ᠵᠢᠭᠤᠯᠴᠢᠯᠠᠯ ᠤ᠋ᠨ ᠠᠵᠢᠯᠯᠠᠭ᠎ᠠ ᠵᠢ ᠵᠤᠬᠢᠶᠠᠨ ᠪᠠᠢᠭᠤᠯᠤᠨ ᠡᠷᠬᠢᠯᠡᠵᠤ᠂ ᠪᠠᠶᠡᠷ ᠵᠢᠷᠭᠠᠯ ᠲᠠᠢ ᠴᠠᠭᠠᠨ ᠰᠠᠷ᠎ᠠ ᠵᠢᠨ ᠪᠠᠶᠠᠷ᠂ ᠦᠯᠵᠠᠢ᠎ᠲᠤ ᠡᠳᠤᠷ ᠤ᠋ᠨ ᠪᠠᠶᠠᠷ ᠢ᠋ ᠪᠡᠯᠭᠡᠯᠡᠵᠤ᠂ ᠪᠠᠶᠠᠷᠲᠤ ᠴᠠᠭᠠᠨ ᠰᠠᠷ᠎ᠠ ᠵᠢᠨ ᠦᠳᠭᠡᠨ ᠠᠭᠤᠷ ᠠᠮᠢᠰᠬᠤᠯ ᠢ᠋ ᠪᠤᠢ ᠪᠤᠯᠭᠠᠬᠰᠠᠨ ᠪᠠᠢᠨ᠎ᠠ᠃ ᠡᠬᠦᠨ ᠳ᠋ᠤ ᠂ ᠹᠧᠩᠵᠧᠨ ᠬᠣᠲᠠ ᠵᠢᠨ 《ᠦᠯᠵᠡᠢ ᠪᠡᠯᠭᠡᠲᠤ ᠮᠣᠭᠠᠶ ᠵᠢᠯ 》 ᠵᠢᠡᠷ ᠭᠤᠤᠯ ᠰᠡᠳᠦᠪ ᠪᠣᠯᠭᠠᠭ᠍ᠰᠠᠨ ᠴᠠᠭᠠᠨ ᠰᠠᠷ᠎ᠠ᠎ᠶ᠋ᠢᠨ ᠦᠡᠭᠭᠡᠲᠤ ᠳ᠋ᠧᠩ᠎ᠤᠨ ᠦᠵᠡᠭᠦᠯᠭᠡ ᠨᠢ ᠬᠤᠷᠠᠬᠰᠠᠨ ᠤᠯᠠᠨ᠎ᠤ ᠰᠡᠳᠬᠢᠯ᠎ᠢ ᠪᠠᠶᠠᠰᠬᠠᠵᠤ᠂ ᠦᠪᠡᠷ᠎ᠤᠨ ᠬᠡᠰᠡᠨ ᠤᠨᠴᠠᠯᠢᠭ ᠵᠢᠡᠷ ᠵᠢᠡᠨ ᠵᠢᠭᠤᠯᠴᠢᠯᠠᠬᠴᠢ ᠵᠢ ᠲᠠᠳᠠᠵᠠᠢ᠃
ᠲᠣᠰ ᠤᠳᠠᠭᠠᠨ᠎ᠤ ᠹᠸᠡᠭᠵᠸᠨ ᠬᠤᠳᠠ ᠵᠢᠨ ᠴᠠᠭᠠᠨ ᠰᠠᠷ᠎ᠠ᠎ᠶ᠋ᠢᠨ ᠦᠡᠭᠭᠡᠲᠤ ᠳ᠋ᠧᠩᠯᠤ ᠵᠢᠨ ᠦᠵᠡᠭᠦᠯᠭᠡ ᠨᠢ ᠤᠯᠠᠭᠠᠨᠴᠠᠪ ᠬᠤᠲᠠ ᠵᠢᠨ ᠦᠯᠵᠡᠢᠲᠤ ᠡᠳᠤᠷ ᠤ᠋ᠨ ᠪᠠᠶᠠᠷ ᠢ᠋ ᠪᠡᠯᠭᠡᠯᠡᠬᠦ ᠦᠯᠡᠮᠵᠢ ᠤᠯᠠᠨ ᠠᠵᠢᠯᠯᠠᠭ᠎ᠠ ᠵᠢᠨ ᠲᠤᠳᠤᠷᠠᠬᠢ ᠴᠢᠬᠤᠯᠠ ᠨᠢᠭᠡ ᠠᠭᠤᠯᠭ᠎ᠠ ᠵᠢᠨ ᠨᠢᠭᠡ ᠨᠢ ᠪᠤᠯᠤᠨ᠎ᠠ᠃ ᠡᠬᠦᠨ ᠡᠴᠡ ᠭᠠᠳᠠᠨ᠎ᠠ ᠤᠯᠠᠭᠠᠨᠴᠠᠪ ᠬᠤᠳᠠ ᠨᠢ ᠮᠤᠳᠤᠨ ᠬᠦᠯᠳᠤ ᠪᠦᠵᠢᠭᠯᠡᠬᠦ᠂ ᠶᠠᠡᠭᠭᠠᠷ ᠲᠤᠭᠤᠷᠢᠨ ᠲᠤᠭᠯᠠᠬᠤ ᠵᠡᠷᠭᠡ ᠠᠵᠢᠯᠯᠠᠭ᠎ᠠ ᠵᠢ ᠶᠠᠪᠤᠬᠳᠠᠭᠤᠯᠤᠬᠰᠠᠨ ᠪᠦᠭᠡᠳ 2 ᠰᠠᠷ᠎ᠠ ᠵᠢᠨ 11 ᠤ᠋ ᠤᠷᠤᠢ ᠵᠦᠸᠸᠽᠢ ᠰᠢᠶᠠᠨ ᠤ᠋ ᠵᠢᠷᠭᠤᠳᠤᠭᠠᠷ ᠬᠤᠭᠤᠴᠠᠭᠠᠨ ᠤ᠋ ᠰᠤᠶᠤᠯ ᠵᠢᠭᠤᠯᠴᠢᠯᠠᠯ ᠤ᠋ᠨ ᠨᠠᠢᠷ ᠵᠢᠡᠨ ᠡᠬᠢᠯᠡᠭᠦᠯᠵᠠᠢ︔ 2 ᠰᠠᠷ᠎ᠠ ᠵᠢᠨ 11︵ᠪᠢᠯᠢᠭ ᠤ᠋ᠨ ᠤᠯᠠᠷᠢᠯ ᠤ᠋ᠨ ᠬᠦᠭᠡᠭᠴᠢᠨ ᠮᠤᠭᠠᠢ ᠵᠢᠯ ᠤ᠋ᠨ ᠴᠠᠭᠠᠨ ᠰᠠᠷ᠎ᠠ ᠵᠢᠨ ᠠᠷᠪᠠᠨ ᠲᠦᠷᠪᠡᠨ︶᠎ᠤ᠋ ᠡᠳᠤᠷ᠂ ᠴᠠᠬᠠᠷ ᠪᠠᠷᠠᠭᠤᠨ ᠭᠠᠷᠤᠨ ᠡᠮᠦᠨᠠᠲᠤ ᠬᠤᠰᠢᠭᠤ ᠪᠠᠰᠠ ᠦᠯᠵᠠᠢ᠎ᠲᠤ ᠡᠳᠤᠷ ᠤ᠋ᠨ ᠪᠠᠶᠠᠷ ᠲᠤ᠌ ᠵᠤᠷᠢᠭᠤᠯᠤᠭᠰᠠᠨ ᠲᠤᠮᠤ ᠬᠡᠯᠪᠡᠷᠢ ᠵᠢᠨ ᠵᠠᠭᠡᠯᠢ ᠲᠤᠭᠤᠷᠢᠬᠤ ᠤᠳᠬ᠎ᠠ ᠤᠷᠠᠯᠢᠭ ᠤ᠋ᠨ ᠠᠵᠢᠯᠯᠠᠭ᠎ᠠ ᠪᠠᠨ ᠦᠷᠨᠢᠭᠦᠯᠵᠤ᠂ ᠤᠯᠠᠨ ᠲᠦᠮᠡᠨ ᠤ᠋ ᠬᠠᠷᠠᠭ᠎ᠠ ᠰᠤᠨᠤᠷ ᠢ᠋ ᠪᠠᠶᠠᠰᠬᠠᠵᠠᠢ᠃ 2 ᠰᠠᠷ᠎ᠠ ᠵᠢᠨ 12︵ᠪᠢᠯᠢᠭ ᠤ᠋ᠨ ᠤᠯᠠᠷᠢᠯ ᠤ᠋ᠨ ᠬᠦᠭᠡᠭᠴᠢᠨ ᠮᠤᠭᠠᠢ ᠵᠢᠯ ᠤ᠋ᠨ ᠴᠠᠭᠠᠨ ᠰᠠᠷ᠎ᠠ ᠵᠢᠨ ᠠᠷᠪᠠᠨ ᠲᠠᠪᠤᠨ︶᠎ᠤ᠋ᠨ ᠡᠳᠤᠷ᠂︽ᠦᠯᠵᠠᠢ᠎ᠲᠤ ᠡᠳᠤᠷ ᠤ᠋ᠨ ᠪᠠᠶᠠᠷ᠂ ᠤᠯᠠᠭᠠᠨᠴᠠᠪ᠎ᠤᠨ ᠰᠤᠯᠤᠡᠭᠭᠠᠨ ᠰᠠᠢᠬᠠᠨ ᠦᠳᠡᠰᠢ ᠵᠢᠨ ᠦᠵᠡᠮᠵᠢ︾ ᠭᠤᠤᠯ ᠰᠡᠳᠤᠪᠲᠤ ᠠᠵᠢᠯᠯᠠᠭ᠎ᠠ ᠶᠠᠪᠤᠭᠳᠠᠭᠤᠯᠵᠤ᠂ ᠦᠯᠵᠠᠢ᠎ᠳᠤ ᠡᠳᠤᠷ᠎ᠤᠨ ᠪᠠᠶᠠᠷ ᠲᠸ᠋ ᠬᠦᠭ ᠨᠡᠮᠡᠵᠠᠢ᠃

ᠰᠢᠯᠢ ᠵᠢᠨ ᠭᠤᠤᠯ ᠠᠢᠮᠠᠬ
2 ᠰᠠᠷ᠎ᠠ ᠵᠢᠨ 12᠎ᠤ᠋ᠨ ᠡᠳᠦᠷ᠂ ᠰᠢᠯᠢᠡᠭᠬᠤᠳᠠ ᠵᠢᠨ ᠪᠡᠢᠰᠡ ᠵᠢᠨ ᠰᠦᠮ᠎ᠡ ᠵᠢᠨ ᠠᠭᠤᠳᠠᠮ ᠲᠠᠯᠠᠪᠠᠢ᠎ᠳᠤ ᠬᠦᠮᠦᠨ᠎ᠤ ᠲᠠᠯᠠᠢ ᠴᠠᠯᠭᠢᠵᠦ ᠪᠠᠶᠠᠷ᠎ᠤᠨ ᠡᠳᠦᠷ᠎ᠤᠨ ᠠᠭᠤᠷ ᠠᠮᠢᠰᠬᠤᠯ ᠵᠢᠠᠷ ᠪᠢᠯᠬᠠᠨ᠎ᠠ᠃ ᠦᠳᠡ ᠵᠢᠨ ᠡᠮᠦᠨᠡᠬᠢ 10 ᠴᠠᠭ ᠵᠢᠨ ᠠᠯᠳᠠᠳᠤ᠂ ᠰᠢᠯᠢ ᠵᠢᠨ ᠠᠭᠤᠳᠠᠮ ᠲᠠᠯᠠᠪᠠᠢ ᠡᠴᠡ ᠮᠤᠷᠳᠠᠨ ᠭᠠᠷᠤᠭᠰᠠᠨ ᠮᠤᠷᠢᠳᠠᠨᠤ ᠡᠡᠭᠨᠡᠭᠡ᠂ ᠲᠤᠭᠴᠢᠳ᠂ ᠶᠠᠡᠭᠭᠠᠷ ᠪᠦᠵᠢᠭ᠎ᠤᠨ ᠠᠡᠭᠭᠢ ᠵᠢᠨ ᠬᠢᠨ ᠪᠦᠷᠢᠶ᠎ᠡ ᠪᠢᠰᠭᠢᠭᠦᠷ ᠬᠠᠡᠭᠭᠢᠨᠠᠭᠤᠯᠤᠨ ᠬᠡᠡᠭᠭᠡᠷᠭᠡ ᠴᠠᠡᠭ ᠲᠡᠯᠡᠳᠦᠭᠰᠡᠭᠡᠷ ᠰᠢᠯᠢᠡᠭᠬᠤᠳᠠ ᠵᠢᠨ ᠭᠤᠤᠯ ᠵᠡᠮ᠎ᠢ ᠲᠠᠭᠠᠷᠢᠨ ᠬᠤᠳᠠ ᠵᠢᠨ ᠬᠤᠢᠮᠤᠷ ᠪᠠᠢᠷᠢᠯᠠᠬᠤ ᠪᠡᠢᠰᠡ ᠵᠢᠨ ᠰᠦᠮ᠎ᠡ ᠵᠢ ᠵᠤᠷᠢᠨ ᠢᠷᠡᠭᠰᠡᠨ ᠨᠢ ᠡᠨᠡ ᠶᠤᠮ᠃ ᠵᠠᠮ᠎ᠤᠨ ᠬᠤᠶᠠᠷ ᠲᠠᠯ᠎ᠠ ᠪᠡᠷ ᠬᠦᠮᠦᠰ ᠠᠪᠠᠭᠠᠷᠠᠯᠳᠤᠵᠦ᠂ ᠡᠨᠡ ᠬᠦ᠌ ᠪᠠᠶᠠᠷ᠎ᠤᠨ ᠡᠳᠦᠷ᠎ᠤᠨ ᠦᠪᠡᠳᠡᠭᠰᠢ ᠴᠤᠭᠯᠠᠭᠠᠨ᠎ᠳᠤ ᠬᠦᠭᠵᠢᠶᠡᠨ ᠨᠡᠮᠡᠷᠢᠯᠡᠭᠰᠡᠨ ᠬᠦᠭᠵᠢᠮᠳᠤ ᠠᠡᠭᠭᠢ ᠵᠢ ᠤᠬᠳᠤᠨ ᠪᠠᠶᠠᠷᠯᠠᠵᠠᠭᠠᠨ᠎ᠠ᠃
ᠴᠠᠭᠠᠨ ᠰᠠᠷ᠎ᠠ ᠵᠢᠨ ᠪᠠᠶᠠᠷ — ᠰᠢᠨ᠎ᠡ ᠵᠢᠯ᠎ᠤᠨ ᠪᠤᠱᠤᠭ᠎ᠠ ᠵᠢ ᠠᠯᠬᠤᠵᠦ᠂ ᠠᠯᠢᠪᠠ ᠪᠦᠬᠦᠨ ᠰᠢᠨ᠎ᠡ ᠵᠢ ᠤᠭᠳᠤᠨ ᠰᠠᠢᠨ ᠰᠠᠢᠬᠠᠨ᠎ᠢ ᠲᠠᠯᠠᠯᠤᠨ ᠪᠤᠢ ᠡᠨᠡᠭᠡᠨ ᠮᠦᠴᠡ᠎ᠳᠤ ᠰᠢᠯᠢᠡᠭᠬᠤᠳᠠ ᠤᠯᠠᠭᠠᠨᠮᠦ᠋ᠴᠢᠷ᠎ᠤᠨ ᠲᠤᠭᠯᠠᠯᠳᠠ᠂ ᠠᠮᠳᠠᠳᠤ ᠢᠳᠡᠭᠡᠨ᠎ᠤ ᠨᠠᠢᠷ᠂ ᠤᠨᠢᠰᠤᠭ᠎ᠠ ᠲᠠᠭᠠᠬᠤ᠂ ᠮᠦᠰᠦᠨ ᠲᠡᠭᠡᠷᠡᠬᠢ ᠯᠤᠤᠳᠤ ᠤᠡᠭᠭᠤᠴᠠ ᠵᠢᠨ ᠤᠷᠤᠯᠳᠤᠭᠠᠨ᠂ ᠳ᠋ᠸᠡᠭ᠎ᠤᠨ ᠦᠵᠡᠭᠦᠯᠭᠡ ᠁ ᠵᠡᠷᠭᠡ ᠤᠯᠠᠨ ᠰᠠᠢᠬᠠᠨ ᠭᠤᠴᠦ ᠠᠵᠢᠯᠯᠠᠭ᠎ᠠ ᠵᠢ ᠲᠤᠬᠢᠷᠠᠭᠤᠯᠤᠭᠰᠠᠨ ᠵᠢᠠᠷ ᠰᠢᠨ᠎ᠡ ᠵᠢᠯ ᠴᠠᠭᠠᠨ ᠰᠠᠷ᠎ᠠ ᠵᠢᠨ ᠠᠭᠤᠷ ᠠᠮᠢᠰᠬᠤᠯ᠎ᠢ ᠤᠯᠠᠮ ᠯᠠᠪᠰᠢᠷᠠᠭᠤᠯᠵᠦ᠂ ᠤᠯᠠᠨ ᠲᠦᠮᠡᠨ᠎ᠳᠤ ᠵᠢᠭᠤᠯᠴᠢᠯᠠᠨ ᠲᠤᠭᠤᠷᠢᠵᠦ ᠰᠤᠨᠢᠷᠬᠠᠨ ᠴᠡᠡᠭᠭᠡᠬᠦ ᠠᠰᠢᠳᠠᠢ ᠵᠠᠪᠰᠢᠶᠠᠨ ᠤᠯᠭᠤᠪᠠ᠃
ᠬᠦᠭᠵᠢᠮᠳᠤ ᠪᠦᠵᠢᠭ᠎ᠤᠨ ᠡᠡᠭᠨᠡᠭᠡ ᠮᠦᠷ ᠮᠦᠷ ᠵᠢᠠᠨ ᠲᠠᠭᠠᠨ ᠠᠭᠤᠳᠠᠮ ᠲᠠᠯᠠᠪᠠᠢ᠎ᠵᠢᠨ ᠲᠦᠪ ᠲᠤᠮᠳᠠ ᠵᠢᠭᠰᠠᠬᠤ ᠦᠶ᠎ᠡ᠎ᠳᠤ᠂ ᠨᠠᠷᠭᠢᠶᠠᠨ ᠬᠦᠭᠵᠢᠶᠡᠨᠳᠤ ᠲᠠᠳᠠᠬᠳᠠᠨ ᠢᠷᠡᠭᠰᠡᠨ ᠤᠯᠠᠨ᠎ᠤ ᠠᠡᠭᠬᠠᠷᠤᠯ᠎ᠤᠨ ᠴᠡᠭ ᠰᠦᠮ᠎ᠡ ᠵᠢᠨ ᠡᠮᠦᠨᠡᠬᠢ ᠪᠦᠵᠢᠭ᠎ᠤᠨ ᠲᠠᠢᠰᠠᠨ᠎ᠠ ᠲᠦᠪᠯᠡᠷᠡᠪᠡ᠃ ᠢᠡᠭᠭᠢᠬᠦ᠎ᠳᠤ ᠤᠯᠠᠭᠠᠨᠮᠦ᠋ᠴᠢᠷ᠎ᠤᠨ ᠲᠤᠭᠯᠠᠭᠴᠢᠳ ᠬᠢᠭᠡᠳ ᠶᠠᠡᠭᠭᠠᠷᠤᠨ ᠤᠷᠠᠨ ᠰᠠᠢᠬᠠᠨᠴᠢᠳᠤᠨ ᠬᠠᠮᠳᠤᠷᠠᠭᠰᠠᠨ ᠤᠷᠠᠨ ᠰᠠᠢᠬᠠᠨ᠎ᠤ ᠦᠵᠡᠭᠦᠯᠭᠡ ᠢᠳᠡ ᠬᠦᠭ ᠳᠡᠢ ᠡᠬᠢᠯᠡᠯ᠎ᠡ᠃ ᠴᠤᠭᠤᠷ ᠲᠠᠭᠤᠤ᠂ ᠬᠠᠮᠳᠤ ᠵᠢᠨ ᠪᠦᠵᠢᠭ᠂ ᠪᠦᠵᠢᠭ ᠬᠠᠪᠰᠤᠷᠭᠠᠭᠰᠠᠨ ᠲᠦᠷᠪᠡᠯᠡᠯ ᠲᠠᠭᠤᠤ ᠵᠡᠷᠭᠡ ᠬᠤᠢᠨ᠎ᠠ ᠬᠤᠢᠨ᠎ᠠ ᠡᠴᠡ ᠪᠡᠨ ᠴᠦᠷᠬᠦᠯᠡᠵᠦ᠂ ᠦᠵᠡᠭᠴᠢ ᠤᠯᠠᠨ ᠲᠠᠭᠤᠤ ᠵᠢᠨ ᠲᠠᠯᠠᠢ ᠪᠦᠵᠢᠭ᠎ᠤᠨ ᠬᠠᠯᠭᠢᠶᠠᠨᠳᠤ ᠱᠤᠡᠭᠪᠠᠵᠦ᠂ ᠮᠤᠭᠠᠢ ᠵᠢᠯ᠎ᠤᠨ ᠦᠯᠵᠡᠢᠳᠤ ᠡᠳᠦᠷ ᠵᠢᠡᠨ ᠬᠦᠷ ᠪᠠᠶᠠᠷ ᠲᠠᠢ ᠲᠡᠮᠳᠡᠭᠯᠡᠯ᠎ᠠ᠃

ᠬᠦᠭᠵᠢᠶᠡᠨ ᠪᠠᠶᠠᠨᠨᠠᠭᠤᠷ ᠬᠤᠳᠠ
ᠴᠠᠭᠠᠨ ᠰᠠᠷ᠎ᠠ᠎ᠶᠢᠨ ᠠᠷᠪᠠᠨ ᠲᠠᠪᠤᠨ᠎ᠤ ᠡᠳᠦᠷ ᠂ ᠪᠠᠶᠠᠨᠨᠠᠭᠤᠷ ᠬᠤᠲᠠ᠎ᠶᠢᠨ ᠤᠷᠠᠳ᠎ᠤᠨ ᠬᠤᠢᠲᠤ ᠬᠤᠰᠢᠭᠤᠨ᠎ᠳᠤ ᠬᠦᠷᠬᠦ᠎ᠳᠤ᠂ ᠡᠷ᠎ᠡ᠎ᠶᠢᠨ ᠭᠤᠷᠪᠠᠨ ᠨᠠᠭᠠᠳᠤᠮ᠂ ᠪᠤᠳᠠᠰ᠎ᠤᠨ ᠪᠤᠰᠤ ᠰᠤᠶᠤᠯ᠎ᠤᠨ ᠦᠪ᠎ᠤᠨ ᠦᠵᠡᠭᠦᠯᠭᠡ᠂ ᠤᠯᠠᠮᠵᠢᠯᠠᠯᠲᠤ ᠮᠤᠩᠭᠤᠯ ᠬᠤᠭᠤᠯᠠ ᠬᠢᠬᠦ ᠤᠷᠤᠯᠳᠤᠭᠠᠨ ᠵᠡᠷᠭᠡ ᠡᠯᠪᠡᠭ ᠪᠠᠶᠠᠯᠢᠭ ᠰᠤᠶᠤᠯ ᠪᠢᠯᠬᠠᠭᠰᠠᠨ ᠲᠡᠷᠭᠡᠯ ᠰᠠᠷ᠎ᠠ᠎ᠶᠢᠨ ᠪᠠᠶᠠᠷ᠎ᠢ ᠪᠡᠯᠬᠡᠯᠡᠬᠦ ᠠᠵᠢᠯᠯᠠᠭ᠎ᠠ ᠶᠠᠪᠤᠭᠳᠠᠵᠤ᠂ ᠡᠯ᠎ᠡ ᠭᠠᠵᠠᠷ᠎ᠤᠨ ᠵᠢᠭᠤᠯᠴᠢᠯᠠᠭᠴᠢ ᠪᠤᠯᠤᠨ ᠲᠤᠬᠠᠢ᠎ᠶᠢᠨ ᠭᠠᠵᠠᠷ᠎ᠤᠨ ᠤᠯᠠᠨ ᠲᠦᠮᠡᠨ᠎ᠤ ᠪᠠᠬᠠᠷᠬᠠᠯ᠎ᠢ ᠲᠠᠲᠠᠵᠤ᠂ ᠤᠯᠠᠨ᠎ᠢᠶᠡᠷ᠎ᠢᠶᠡᠨ ᠬᠠᠮᠲᠤ ᠪᠡᠷ ᠤᠮᠠᠷᠠᠲᠤ᠎ᠬᠢᠯᠢ ᠵᠢᠨ ᠰᠤᠶᠤᠯ᠎ᠤᠨ ᠷᠢᠳᠢ ᠰᠢᠳᠢ᠎ᠵᠢ ᠰᠤᠨᠢᠷᠬᠠᠵᠤ ᠪᠠᠢᠯ᠎ᠠ᠃

ᠦᠳᠡ᠎ᠶ᠋ᠢᠨ ᠡᠮᠦᠨ᠎ᠡ᠂ ᠨᠢᠭᠡᠨ ᠲᠠᠯᠠᠪᠠᠢ ᠮᠤᠩᠭᠤᠯ ᠮᠣᠷᠢᠨ᠎ᠤ ᠤᠷᠤᠯᠳᠤᠭᠠᠨ ᠨᠢ ᠪᠡᠶ᠎ᠡ᠎ᠶ᠋ᠢᠨ ᠲᠠᠮᠢᠷ᠎ᠤ᠋ᠨ ᠤᠷᠤᠯᠳᠤᠭᠠᠨ᠎ᠤ᠋ ᠦᠵᠡᠭᠦᠯᠭᠡ᠎ᠶ᠋ᠢᠨ ᠠᠵᠢᠯᠯᠠᠭ᠎ᠠ᠎ᠶ᠋ᠢᠨ ᠬᠥᠰᠢᠭᠡ᠎ᠶ᠋ᠢ ᠰᠡᠬᠦᠵᠦ᠂ ᠰᠦᠷ ᠵᠢᠪᠬᠤᠭ᠎ᠠ ᠲᠠᠢ᠂ ᠢᠳᠡᠷᠡᠭᠦᠨ ᠠᠯᠬᠤᠭ᠎ᠠ ᠲᠠᠢ ᠬᠤᠷᠳᠤᠨ ᠮᠤᠷᠢᠨ᠎ᠤ ᠤᠷᠤᠯᠳᠤᠭᠠᠨ ᠨᠢ ᠬᠤᠷᠴᠠ ᠰᠢᠷᠦᠭᠦᠨ ᠦᠷᠢᠰᠦᠯᠳᠦᠭᠡᠨ᠎ᠤ ᠲᠤᠮᠳᠠ ᠬᠤᠷᠳᠤᠴᠠ ᠪᠠ ᠤᠷᠬᠢᠯᠤᠮ᠎ᠠ ᠰᠡᠳᠭᠢᠯᠭᠡ᠎ᠵᠢ ᠭᠠᠢᠬᠠᠭᠤᠯᠵᠤ᠂ ᠲᠤᠬᠠᠢ᠎ᠶ᠋ᠢᠨ ᠲᠠᠯᠠᠪᠠᠢ᠎ᠶ᠋ᠢᠨ ᠦᠵᠡᠭᠴᠢᠳ᠎ᠤᠨ ᠵᠢᠷᠦᠭᠡ ᠰᠡᠳᠭᠢᠯ᠎ᠢ ᠲᠠᠲᠠᠭᠰᠠᠨ ᠪᠠᠢᠨ᠎ᠠ᠃ ᠮᠣᠷᠢ ᠤᠨᠤᠨ ᠰᠠᠭᠤᠯᠠᠭ᠎ᠠ ᠲᠣᠭᠣᠷᠢᠬᠤ ᠨᠢ ᠨᠢᠭᠡ ᠵᠦᠢᠯ᠎ᠦ᠋ᠨ ᠰᠣᠨᠢᠷᠬᠠᠯᠲᠤ ᠴᠢᠨᠠᠷ ᠪᠠ ᠤᠷᠤᠯᠳᠤᠭᠠᠨ᠎ᠤ᠋ ᠴᠢᠨᠠᠷᠲᠠᠢ ᠮᠤᠷᠢᠨ ᠮᠡᠷᠭᠡᠵᠢᠯ᠎ᠤᠨ ᠲᠠᠮᠢᠷ᠎ᠤ᠋ᠨ ᠲᠥᠷᠥᠯ ᠵᠦᠢᠯ ᠪᠠᠢᠵᠤ᠂ ᠤᠨᠤᠭᠠᠴᠢᠨ ᠮᠣᠷᠢ᠎ᠪᠠᠨ ᠤᠨᠤᠵᠤ ᠲᠣᠭᠲᠠᠭᠰᠠᠨ ᠵᠠᠮ ᠱᠤᠭᠤᠮᠢ᠋ᠶ᠋ᠠᠷ ᠰᠠᠭᠠᠳ ᠲᠣᠳᠬᠠᠷ ᠢ᠋ ᠲᠣᠭᠣᠷᠢᠵᠤ᠂ ᠮᠣᠷᠢᠨ ᠨᠢᠷᠤᠭᠤᠨ ᠳᠡᠭᠡᠷ᠎ᠡ ᠰᠦᠷ ᠵᠢᠪᠬᠤᠭ᠎ᠠ᠎ᠪᠠᠨ ᠭᠠᠢᠬᠠᠭᠤᠯᠵᠤ᠂ ᠦᠵᠡᠭᠴᠢᠳ ᠤᠯᠠᠨ᠎ᠤ ᠰᠡᠳᠬᠢᠯ᠎ᠢ ᠳᠣᠭᠳᠣᠯᠤᠭᠤᠯᠤᠨ᠎ᠠ᠃