ᠴᠠᠭᠠᠨ ᠰᠠᠷ᠎ᠠ ᠵᠢᠨ 《 ᠱᠢᠨ᠎ᠡ ᠦᠨᠦᠷ ᠠᠮᠲᠠ 》
2025-02-03 11:44:21
ᠵᠣᠬᠢᠶᠠᠭ᠍ᠴᠢ᠄
ᠵᠢᠢ ᠬᠠᠢ ᠶᠠᠩ
ᠣᠩᠱᠢᠭ᠍ᠰᠠᠨ ᠣᠳᠠᠭ᠎ᠠ᠄
★★★☆☆

ᠵᠢᠯᠣᠭᠣᠴᠢ ᠥᠬᠡᠶ ᠨᠢᠰᠭᠡᠯ ᠰᠥᠨᠢ᠎ᠶ᠋ᠢᠨ ᠣᠭ᠍ᠲᠠᠷᠭᠤᠶ᠎ᠳᠤ ᠰᠦᠯᠵᠢᠯᠳᠤᠨ ᠨᠢᠰᠴᠦ ᠬᠤᠸᠠᠷ ᠫᠤᠤᠵᠢᠩ ᠮᠡᠲᠦ ᠰᠣᠯᠣᠩᠭᠠᠷᠠᠵᠤ᠂ AR ᠦᠩᠭᠡᠲᠤ ᠳ᠋ᠧᠩ᠎ᠦᠨ ᠦᠵᠡᠭᠦᠯᠭᠡ ᠦᠵᠡᠭᠴᠢᠳ᠎ᠤᠨ ᠬᠠᠷᠠᠭ᠎ᠠ ᠵᠢ ᠪᠤᠯᠢᠶᠠᠨ᠂ 《ᠰᠣᠶᠣᠯ + ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ》 ᠎ᠤ᠋ᠨ ᠠᠷᠠᠳ᠎ᠤᠨ ᠵᠠᠩ ᠦᠶ᠋ᠯᠡ᠎ᠶ᠋ᠢ ᠪᠡᠶᠡᠴᠢᠯᠡᠨ ᠣᠢᠯᠠᠭᠠᠬᠤ ᠠᠵᠢᠯᠯᠠᠭ᠎ᠠ ᠪᠠᠶᠠᠯᠢᠭ ᠰᠠᠢᠬᠠᠨ ᠶᠠᠪᠤᠭᠳᠠᠨ᠎ᠠ ᠁ ᠴᠠᠭᠠᠨ ᠰᠠᠷ᠎ᠠ ᠤᠮᠠᠷᠠᠲᠤ ᠬᠢᠯᠢ᠎ᠶ᠋ᠢᠨ ᠡᠬᠡ ᠭᠠᠵᠠᠷ᠎ᠤᠨ ᠭᠠᠵᠠᠷ ᠪᠤᠯᠭᠠᠨ᠎ᠳᠤ ᠬᠥᠷ ᠬᠥᠭ᠌ᠵᠢᠶᠡᠨ ᠪᠠᠶᠠᠷ ᠪᠠᠶᠠᠰᠭᠤᠯᠠᠩᠲᠤ ᠠᠭᠤᠷ ᠠᠮᠢᠰᠭᠤᠯ᠎ᠢᠶᠠᠷ ᠪᠢᠯᠬᠠᠵᠤ᠂ ᠡᠯ᠎ᠡ ᠵᠦᠶ᠋ᠯ᠎ᠦᠨ ᠠᠵᠢᠯᠯᠠᠭ᠎ᠠ᠎ᠶ᠋ᠢᠨ ᠳᠤᠮᠳᠠᠬᠢ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠨᠢ ᠨᠠᠩ ᠴᠤ᠌ ᠱᠢᠨ᠎ᠡ ᠵᠢᠯ᠎ᠦᠨ ᠬᠦᠭᠵᠢᠶᠡᠨᠲᠤ ᠪᠠᠢᠳᠠᠯ᠎ᠳᠤ ᠤᠨᠴᠠᠭᠠᠢ ᠬᠦᠭ ᠨᠡᠮᠡᠷᠢᠯᠡᠭᠰᠡᠨ ᠠᠵᠢ᠃

ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠳᠲᠡᠷ ᠲᠦᠷᠭᠡᠨ ᠬᠦᠭᠵᠢᠵᠦ᠂  ᠬᠦᠮᠦᠰ᠎ᠤᠨ ᠴᠠᠭᠠᠨ ᠰᠠᠷ᠎ᠠ᠎ᠪᠡᠨ ᠪᠠᠶᠠᠷᠯᠠᠨ ᠪᠡᠯᠭᠡᠯᠡᠬᠦ᠎ᠳᠤ ᠨᠠᠩ ᠣᠯᠠᠨ ᠰᠣᠩᠭᠣᠯᠲᠠ᠎ᠬᠠᠩᠭᠠᠪᠠ᠃ ᠰᠦᠯᠵᠢᠶᠡᠨ ᠳᠡᠭᠡᠷ᠎ᠡ᠎ᠡᠴᠡ ᠱᠢᠨ᠎ᠡ ᠵᠢᠨ ᠪᠠᠷᠠᠭ᠎ᠠ ᠬᠤᠳᠠᠯᠳᠤᠨ ᠠᠪᠬᠤ ᠨᠢ ᠭᠠᠵᠠᠷ ᠣᠷᠣᠨ᠎ᠤ ᠬᠢᠵᠠᠭᠠᠷᠯᠠᠯ᠎ᠢ ᠡᠪᠳᠡᠵᠦ᠍᠂ ᠬᠥᠮᠦᠰ ᠭᠡᠷ᠎ᠡᠴᠡ᠎ᠪᠡᠨ ᠭᠠᠷᠬᠤ ᠦᠭᠡᠢ᠎ᠪᠡᠷ ᠰᠠᠨᠠᠬᠰᠠᠨ ᠪᠦᠬᠦ᠎ᠶᠠᠭᠤᠮ᠎ᠠ ᠪᠡᠨ ᠬᠤᠳᠠᠯᠳᠤᠨ ᠠᠪᠴᠤ᠌ ᠳᠡᠢᠯᠦᠨ᠎ᠡ;  ᠸᠢᠳᠢᠣ᠋ ᠪᠡᠷ ᠰᠢᠨ᠎ᠡ ᠵᠢᠨ ᠵᠣᠯᠭᠠᠯᠲᠠ ᠬᠢᠬᠦ ᠨᠢ ᠴᠠᠭ ᠣᠷᠣᠨ ᠵᠠᠢ᠎ᠵᠢ ᠳᠠᠪᠠᠵᠤ᠂ ᠰᠠᠢ᠌ᠨ ᠰᠠᠢᠬᠠᠨ ᠵᠥᠩᠨᠡᠯ᠎ᠢᠶᠡᠨ ᠳᠡᠯᠡᠬᠡᠢ᠎ᠶ᠋ᠢᠨ ᠡᠯ᠎ᠡ ᠭᠠᠵᠠᠷ᠎ᠲᠤ ᠳᠠᠮᠵᠢᠭᠤᠯᠵᠦ ᠲᠡᠢᠯᠬᠦ ᠪᠤᠯᠤᠭᠰᠠᠨ ᠪᠠᠢᠨ᠎ᠠ; ᠵᠢᠯᠣᠭᠣᠴᠢ ᠥᠬᠡᠶ ᠨᠢᠰᠭᠡᠯ᠎ᠦᠨ ᠲᠣᠭ᠍ᠯᠠᠯᠲᠠ᠂ AI  ᠪᠡᠷ ᠬᠤᠤᠰ ᠤᠶᠠᠩᠭ᠎ᠠ ᠪᠢᠴᠢᠬᠦ ᠵᠡᠷᠭᠡ ᠱᠢᠨ᠎ᠡ ᠮᠡᠷᠭᠡᠵᠢᠯ ᠨᠢ ᠴᠠᠭᠠᠨ ᠰᠠᠷ᠎ᠠ᠎ᠶ᠋ᠢᠨ ᠪᠠᠶᠠᠷ᠎ᠲᠤ ᠮᠠᠰᠢ ᠣᠯᠠᠨ ᠱᠢᠨ᠎ᠡ ᠬᠠᠪᠤ ᠴᠡᠩᠭᠡᠯ ᠠᠪᠴᠢᠷᠠᠵᠠᠢ᠃ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠲᠦᠷᠭᠡᠨ ᠬᠥᠭ᠌ᠵᠢᠯᠲᠡ᠎ᠶ᠋ᠢᠨ ᠳᠤᠷᠤᠨ᠎ᠠ᠎ᠶ᠋ᠢᠨ ᠰᠠᠯᠬᠢᠨ᠎ᠤ ᠡᠷᠴᠢᠨ ᠳ᠋ᠤ ᠬᠠᠴᠢᠨ ᠪᠤᠳᠤᠯ ᠤᠷᠠᠨ ᠲᠦᠰᠦᠬᠡᠯᠡᠯ ᠬᠢᠭᠡᠳ  ᠬᠢᠵᠠᠭᠠᠯᠠᠰᠢ ᠦᠭᠡᠢ ᠪᠦᠲᠦᠭᠡᠯᠴᠢ ᠰᠡᠳᠭᠢᠮᠵᠢ ᠪᠡᠷ ᠤᠯᠠᠮᠵᠢᠯᠠᠯ ᠪᠣᠯᠤᠨ ᠱᠢᠨ᠎ᠡ᠎ᠶ᠋ᠢ ᠡᠭᠦᠳᠬᠦ᠌᠎ᠵᠢ ᠡᠪᠳᠡᠢ ᠠᠭᠤᠰᠬᠠᠵᠤ᠂ ᠰᠣᠶᠣᠯ ᠪᠣᠯᠤᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠬᠠᠷᠢᠯᠴᠠᠨ ᠠᠭᠤᠰᠤᠯᠴᠠᠵᠤ᠂ ᠴᠠᠭᠠᠨ ᠰᠠᠷ᠎ᠠ ᠨᠢ ᠬᠢᠵᠠᠭᠠᠯᠠᠰᠢ ᠦᠭᠡᠢ ᠪᠦᠲᠦᠭᠡᠯᠴᠢ ᠰᠡᠳᠭᠢᠮᠵᠢ ᠪᠣᠯᠤᠨ ᠠᠮᠢᠵᠢᠷᠠᠯ᠎ᠤᠨ ᠬᠦᠴᠦᠨ᠎ᠢᠶᠡᠷ ᠪᠢᠯᠬᠠᠪᠠ᠃

ᠴᠠᠭᠠᠨ ᠰᠠᠷ᠎ᠠ ᠵᠢᠨ ᠵᠠᠩ ᠦᠢᠯᠡ ᠴᠠᠭ ᠦᠶ᠎ᠡ᠎ᠶ᠋ᠢ ᠲᠠᠭᠠᠨ ᠪᠦᠬᠦ᠌ ᠲᠠᠯ᠎ᠠ᠎ᠪᠠᠷ ᠤᠷᠤᠭ᠍ᠰᠢᠯᠠᠵᠦ ᠪᠠᠢᠬᠤ᠎ᠶ᠋ᠢᠨ ᠴᠠᠭᠠᠨ᠎ᠠ ᠴᠢᠩᠭ᠎ᠠ ᠬᠦᠴᠦᠲᠡᠢ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠲᠤᠯᠭᠠᠭᠤᠷᠢᠯᠠᠯ ᠪᠤᠢ᠃  ᠠᠭᠤᠯᠠ ᠳᠠᠯᠠᠢ᠎ᠶ᠋ᠢ ᠠᠯᠤᠰᠯᠠᠨ ᠢᠷᠦᠭᠡᠯ ᠵᠦᠩᠨᠡᠯ᠎ᠢᠶᠡᠨ ᠲᠠᠪᠰᠢᠭᠦᠯᠵᠦ ᠪᠠᠢᠭ᠎ᠠ ᠵᠢᠨ ᠠᠷᠤ᠎ᠳᠤ ᠲᠣᠭᠠᠴᠢᠯᠠᠭ᠍ᠰᠠᠨ ᠰᠠᠭᠤᠷᠢ ᠲᠥᠬᠥᠭᠡᠷᠦᠮᠵᠢ᠎ᠶ᠋ᠢᠨ ᠪᠦᠲᠦᠭᠡᠨ ᠪᠠᠢᠭᠤᠯᠤᠯᠲᠠ᠎ᠶ᠋ᠢᠨ ᠲᠦᠷᠭᠡᠨ ᠬᠥᠭ᠌ᠵᠢᠯᠲᠡ ᠪᠤᠢ; ᠲᠦᠷᠭᠡᠨ᠎ᠦ ᠲᠡᠮᠦᠷ ᠵᠠᠮ ᠤ᠋ᠨ ᠭᠠᠯᠳᠤ ᠲᠡᠷᠬᠡᠨ᠎ᠳᠤ ᠰᠠᠭᠤᠵᠦ ᠬᠡᠷ᠎ᠲᠡᠬᠡᠨ ᠬᠠᠷᠢᠬᠤ ᠶᠠᠪᠤᠳᠠᠯ ᠨᠢ ᠬᠦᠰᠡᠯ ᠵᠡᠭᠦᠳᠦ ᠪᠠᠢᠭ᠍ᠰᠠᠨ᠎ᠡᠴᠡ᠎ᠪᠠᠨ ᠪᠣᠳᠠᠲᠤ ᠠᠬᠤᠶ ᠪᠣᠯᠵᠣ ᠬᠤᠪᠢᠷᠬᠠᠰᠠᠨ᠎ᠤ ᠠᠷᠤ᠎ᠳᠤ ᠲᠦᠷᠭᠡᠨ᠎ᠦ ᠲᠡᠮᠦᠷ ᠵᠠᠮ᠎ᠤᠨ ᠮᠡᠷᠭᠡᠵᠢᠯ᠎ᠦᠨ ᠲᠠᠰᠤᠷᠠᠯᠲᠠ ᠥᠬᠡᠶ ᠱᠢᠨ᠎ᠡ᠎ᠶ᠋ᠢ ᠡᠭᠦᠳᠦᠭ᠌ᠰᠡᠨ ᠱᠢᠪᠲᠤᠯᠤᠯᠲᠠ ᠪᠠᠢᠬᠤ ᠶᠤᠮ; ᠡᠷᠲᠡᠨ᠎ᠤ ᠴᠠᠭ ᠦᠶ᠎ᠡ᠎ᠳᠤ 《ᠪᠤᠴᠠᠵᠤ》 ᠴᠠᠭᠠᠨ ᠰᠠᠷ᠎ᠠ᠎ᠶ᠋ᠢᠨ ᠦᠪᠡᠳᠡᠭ᠌ᠰᠢ ᠪᠠᠢᠳᠠᠯ᠎ᠢ ᠪᠡᠶᠡᠴᠢᠯᠡᠨ ᠣᠢᠯᠠᠭᠠᠬᠤ᠎ᠶ᠋ᠢᠨ ᠠᠷᠤ᠎ᠳᠤ ᠲᠣᠭᠠᠴᠢᠯᠠᠭ᠍ᠰᠠᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ ᠪᠣᠯᠤᠨ ᠤᠯᠠᠮᠵᠢᠯᠠᠯᠲᠤ ᠰᠣᠶᠣᠯ᠎ᠤᠨ ᠬᠤᠭᠤᠷᠤᠨᠳᠤᠬᠢ ᠭᠦᠨᠵᠡᠭᠡᠶ ᠠᠭᠤᠰᠤᠯᠴᠠᠯ ᠪᠠᠢᠬᠤ ᠶᠤᠮ ᠁ ᠭᠠᠵᠠᠷ ᠪᠤᠯᠭᠠᠨ ᠳ᠋ᠤ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠭᠠᠢᠬᠠᠮᠰᠢᠭ ᠬᠠᠷᠠᠬᠳᠠᠬᠰᠠᠨ ᠴᠠᠭᠠᠨ ᠰᠠᠷ᠎ᠠ᠎ᠨᠢ ᠬᠥᠮᠦᠰ᠎ᠦᠨ ᠪᠠᠶᠠᠯᠢᠭ ᠰᠠᠢᠬᠠᠨ ᠠᠮᠢᠳᠤᠷᠠᠯ᠎ᠤᠨ ᠲᠤᠬᠠᠶ ᠱᠢᠨ᠎ᠡ᠎ᠶ᠋ᠢ ᠡᠭᠦᠳᠦᠭ᠌ᠰᠡᠨ ᠢᠯᠡᠷᠡᠯ ᠪᠣᠯᠬᠤ᠎ᠪᠠᠷ ᠪᠠᠷᠠᠬᠤ ᠥᠬᠡᠶ᠂ ᠨᠠᠩ ᠴᠤ᠌ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠨᠡᠢᠭᠡᠮ᠎ᠦᠨ ᠬᠥᠭ᠌ᠵᠢᠯᠲᠡ᠎ᠶ᠋ᠢ ᠠᠬᠢᠭᠤᠯᠤᠭ᠍ᠰᠠᠨ ᠠᠮᠢᠳᠤᠯᠢᠭ ᠬᠤᠷᠢᠶᠠᠩᠭᠤᠶ ᠵᠢᠷᠤᠬᠯᠠᠯ ᠪᠣᠯᠤᠨ᠎ᠠ᠃

ᠴᠠᠭ ᠦᠶ᠎ᠡ᠎ᠳᠦ ᠵᠤᠬᠢᠴᠠᠨ ᠲᠠᠰᠤᠷᠠᠯᠲᠠ ᠦᠭᠡᠢ ᠱᠢᠨ᠎ᠡ᠎ᠶ᠋ᠢ ᠡᠭᠦᠳᠪᠡᠯ ᠰᠠᠶᠢ ᠥᠨᠢ ᠡᠭᠦᠷᠢᠳᠡ ᠴᠤᠭ ᠪᠠᠳᠠᠷᠠᠩᠭᠤᠢ ᠪᠠᠢᠵᠤ ᠴᠢᠳᠠᠨ᠎ᠠ᠃ ᠪᠢᠳᠡ ᠤᠯᠠᠮᠵᠢᠯᠠᠯ ᠪᠣᠯᠤᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠦᠨ ᠠᠭᠤᠰᠤᠯᠴᠠᠯ ᠰᠣᠯᠪᠢᠴᠠᠯ ᠳᠤᠮᠳᠠ ᠨᠠᠩ ᠣᠯᠠᠨ ᠬᠦᠴᠦᠨ ᠴᠢᠳᠠᠯ᠎ᠢ ᠨᠢᠭ᠍ᠲᠠᠷᠠᠭᠤᠯᠵᠤ᠂ ᠤᠯᠠᠮᠵᠢᠯᠠᠯᠲᠤ ᠰᠣᠶᠣᠯ᠎ᠢ ᠪᠠᠳᠠᠷᠠᠭᠤᠯᠤᠨ ᠵᠠᠯᠭᠠᠮᠵᠢᠯᠠᠵᠤ ᠱᠢᠨ᠎ᠡ᠎ᠶ᠋ᠢ ᠡᠭᠦᠳᠬᠦ᠌᠎ᠳᠦ ᠠᠩᠬᠠᠷᠤᠯ᠎ᠢᠶᠠᠨ ᠲᠥᠪᠯᠡᠷᠡᠭᠦᠯᠵᠦ᠍᠂ ᠬᠠᠮᠲᠤ᠎ᠪᠠᠷ ᠱᠢᠨ᠎ᠡ ᠵᠢᠯ᠎ᠴᠠᠭᠠᠨ ᠰᠠᠷ᠎ᠠ ᠵᠢᠨ ᠦᠨᠦᠷ ᠠᠮᠲᠠ ᠵᠢ ᠦᠳᠭᠡᠷᠡᠭᠦᠯᠵᠦ᠂ ᠱᠢᠨ᠎ᠡ ᠵᠢᠯ᠎ᠴᠠᠭᠠᠨ ᠰᠠᠷ᠎ᠠ ᠵᠢᠨ ᠥᠩᠭᠡ ᠪᠤᠳᠤᠭ᠎ᠢ ᠪᠠᠶᠠᠯᠢᠭᠵᠢᠭᠤᠯᠵᠤ᠂ ᠤᠯᠠᠮᠵᠢᠯᠠᠯᠲᠤ ᠴᠠᠭᠠᠨ ᠰᠠᠷ᠎ᠠ᠎ᠶ᠋ᠢᠨ  ᠴᠠᠭ ᠦᠶ᠎ᠡ᠎ᠶ᠋ᠢᠨ ᠱᠢᠨ᠎ᠡ ᠰᠢᠳᠢ ᠬᠦᠴᠦᠨ᠎ᠢ ᠪᠠᠳᠠᠷᠠᠭᠤᠯᠬᠤ ᠵᠢ ᠠᠬᠢᠭᠤᠯᠵᠠᠭᠠᠶ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号