ᠪᠣᠳᠠᠰ᠎ᠤᠨ ᠪᠤᠰᠤ ᠰᠣᠶᠣᠯ᠎ᠤᠨ ᠥᠪ᠎ᠦᠨ ᠵᠢᠵᠢᠭ ᠪᠠᠯᠭᠠᠰᠤᠨ᠎ᠳᠡᠬᠢ ᠪᠠᠶᠠᠰᠭᠤᠯᠠᠩᠲᠦ ᠴᠠᠭᠠᠨ ᠰᠠᠷ᠎ᠠ
2025-02-03 11:41:27
ᠵᠣᠬᠢᠶᠠᠭ᠍ᠴᠢ᠄
ᠵᠧᠩ ᠱᠢᠤᠸᠠᠢ ᠯᠢᠶᠠᠩ ᠵᠠᠩ ᠪᠥᠸᠧ ᠵᠢᠶᠦ᠋ᠨ ᠯᠢ ᠵᠧᠨ
ᠣᠩᠱᠢᠭ᠍ᠰᠠᠨ ᠣᠳᠠᠭ᠎ᠠ᠄
★★★☆☆

ᠲᠡᠮᠡᠭᠡᠨ ᠵᠢᠩ ᠎ᠤᠨ ᠲᠣᠭᠣᠷᠢᠨ ᠲᠤᠭᠯᠠᠯᠲᠠ᠂ ᠳᠤᠮᠳᠠᠳᠤ᠎ᠶ᠋ᠢᠨ ᠯᠣᠣ ᠲᠤᠬᠯᠠᠭᠤᠯᠬᠤ  ᠪᠦᠵᠢᠭ᠂ ᠡᠮᠦᠨᠡᠲᠦ ᠵᠢᠨ ᠠᠷᠰᠯᠠᠨ ᠲᠤᠬᠯᠠᠭᠤᠯᠬᠤ ᠪᠦᠵᠢᠭ ᠤᠮᠠᠷᠠᠳᠤ ᠵᠢᠨ ᠯᠤᠤ ᠲᠤᠬᠯᠠᠭᠤᠯᠬᠤ  ᠪᠦᠵᠢᠭ ᠁  ᠠᠯᠢ ᠣᠯᠠᠨ ᠳᠤᠷᠠᠰᠤᠮᠵᠢ ᠪᠠ ᠱᠢᠨ᠎ᠡ ᠵᠢᠯ᠎ᠦᠨ ᠵᠠᠩ ᠦᠢᠯᠡ ᠵᠢ ᠡᠨᠳᠡ ᠲᠤᠭᠯᠠᠨ ᠦᠵᠡᠬᠦᠯᠪᠡ;  ᠬᠦᠪᠭᠡ ᠵᠤᠯᠠ᠂ ᠬᠦᠳᠡᠷ᠎ᠤᠨ ᠬᠠᠢᠯᠤᠰᠢ ᠰᠠᠴᠤᠬᠤ᠂ ᠠᠷᠠᠰᠤᠨ ᠤᠷᠠᠯᠠᠯ ᠂ ᠭᠠᠯᠲᠤ ᠬᠤᠪᠢᠩ᠂ ᠵᠡᠯᠡᠯᠡᠭᠰᠡᠨ ᠭᠠᠯ᠂ ᠭᠠᠯ ᠰᠣᠯᠢᠷ ᠵᠡᠷᠭᠡ ᠠᠯᠢ ᠤᠯᠠᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠷ᠎ᠠ ᠮᠡᠷᠭᠡᠵᠢᠯ᠎ᠤᠳ᠎ᠢ ᠲᠡᠯᠭᠡᠨ ᠦᠵᠡᠭᠦᠯᠪᠡ᠃

《ᠪᠣᠳᠠᠰ᠎ᠤᠨ ᠪᠤᠰᠤ ᠰᠣᠶᠣᠯ᠎ᠤᠨ ᠥᠪ》 ᠢ᠋ ᠲᠦᠪᠯᠡᠷᠡᠬᠦᠯᠦᠨ ᠲᠡᠯᠭᠡᠨ ᠦᠵᠡᠭᠦᠯᠦᠭᠰᠡᠨ ᠡᠴᠡ ᠴᠠᠭᠠᠨ ᠰᠠᠷ᠎ᠠ᠎ᠶ᠋ᠢᠨ ᠠᠭᠤᠷ ᠠᠮᠢᠰᠬᠤᠯ ᠨᠡᠩ ᠦᠳᠭᠡᠷᠡᠭᠰᠡᠨ ᠪᠠᠢᠨ᠎ᠠ᠃ ᠡᠨᠡ ᠵᠢᠯ᠎ᠦᠨ ᠴᠠᠭᠠᠨ ᠰᠠᠷ᠎ᠠ ᠪᠣᠯ ᠲᠡᠯᠡᠬᠡᠢ ᠵᠢᠨ ᠥᠪ᠎ᠢᠶᠡᠷ ᠪᠦᠷᠢᠳᠭᠡᠭᠦᠯᠦᠭᠰᠡᠨ ᠠᠩᠬᠠᠳᠠᠭ᠍ᠴᠢ ᠴᠠᠭᠠᠨ ᠰᠠᠷ᠎ᠠ ᠪᠣᠯᠤᠨ᠎ᠠ᠃ 2  ᠰᠠᠷ᠎ᠠ᠎ᠶ᠋ᠢᠨ 1 ᠤ᠋ ᠡᠳᠦᠷ᠂ ᠳᠣᠯᠣᠳᠤᠭᠠᠷ ᠬᠤᠭᠤᠴᠠᠭᠠᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠦᠨ ᠳᠤᠮᠳᠠᠳᠤ ᠤᠯᠤᠰ᠎ᠤᠨ ᠣᠨ ᠵᠢᠴᠢ ᠠᠩᠬᠠᠳᠤᠭᠠᠷ ᠬᠤᠭᠤᠴᠠᠭᠠᠨ᠎ᠤ 《ᠬᠠᠴᠢᠨ ᠭᠠᠢᠬᠠᠯᠲᠠᠶ ᠮᠤᠨᠢ ᠠᠭᠤᠯᠠ》 ᠭᠤᠤᠯ ᠰᠡᠳᠦᠪᠲᠦ ᠳ᠋ᠧᠩ᠎ᠦᠨ ᠦᠵᠡᠭᠦᠯᠭᠡ᠎ᠶ᠋ᠢᠨ ᠱᠢᠷᠢᠰ ᠠᠵᠢᠯᠯᠠᠭ᠎ᠠ᠎ᠨᠢ ᠤᠯᠤᠰ᠎ᠤᠨ 4A ᠲᠠᠰ᠎ᠤᠨ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ — ᠬᠥᠬᠡᠬᠣᠲᠠ᠎ᠶ᠋ᠢᠨ ᠬᠣᠲᠣᠩ ᠠᠷᠠᠳ᠎ᠤᠨ ᠲᠣᠭᠣᠷᠢᠭ᠎ᠤᠨ ᠮᠤᠨᠢ ᠠᠭᠤᠯᠠ᠎ᠪᠣᠳᠠᠰ᠎ᠤᠨ ᠪᠤᠰᠤ ᠰᠣᠶᠣᠯ᠎ᠤᠨ ᠥᠪ᠎ᠦᠨ ᠵᠢᠵᠢᠭ ᠪᠠᠯᠭᠠᠰᠤ ᠵᠢ ᠪᠠᠶᠠᠷ ᠬᠦᠷ᠎ᠢᠶᠡᠷ ᠪᠢᠯᠬᠠᠭᠤᠯᠪᠠ᠃

ᠬᠣᠲᠠ᠎ᠶ᠋ᠢᠨ ᠠᠷᠠᠳ ᠪᠠ  ᠵᠢᠭᠤᠯᠴᠢᠯᠠᠭ᠍ᠰᠡᠳ ᠪᠣᠳᠠᠰ᠎ᠤᠨ ᠪᠤᠰᠤ ᠰᠣᠶᠣᠯ᠎ᠤᠨ ᠥᠪ᠎ᠦᠨ ᠵᠢᠵᠢᠭ ᠪᠠᠯᠭᠠᠰᠤᠨ᠎ᠳᠤ ᠪᠠᠶᠠᠷ ᠬᠦᠷ᠎ᠲᠡᠶ ᠪᠡᠷ ᠲᠤᠭᠤᠷᠢᠨ ᠵᠢᠭᠤᠯᠴᠢᠯᠠᠵᠤ᠂ ᠤᠯᠠᠮᠵᠢᠯᠠᠯᠲᠤ ᠰᠣᠶᠣᠯ᠎ᠤᠨ ᠷᠢᠳᠢ ᠱᠢᠳᠢ᠎ᠶ᠋ᠢ ᠮᠡᠳᠡᠷᠡᠬᠦ᠌᠎ᠶ᠋ᠢᠨ ᠬᠠᠮᠲᠤ ᠪᠣᠳᠠᠰ᠎ᠤᠨ ᠪᠤᠰᠤ ᠰᠣᠶᠣᠯ᠎ᠤᠨ ᠥᠪ ᠡᠴᠡ ᠪᠡᠶᠡᠴᠢᠯᠡᠨ ᠣᠢᠯᠠᠭᠠᠭᠰᠠᠨ ᠪᠠᠢᠨ᠎ᠠ᠃

2 ᠰᠠᠷ᠎ᠠ᠎ᠶ᠋ᠢᠨ 1 ᠤ᠋ ᠡᠳᠦᠷ᠂ ᠠᠵᠢᠯᠯᠠᠭ᠎ᠠ᠎ᠶ᠋ᠢᠨ ᠲᠤᠬᠠᠶ᠎ᠶ᠋ᠢᠨ ᠲᠠᠯᠠᠪᠠᠶ᠎ᠶ᠋ᠢᠨ ᠮᠤᠨᠢ ᠠᠭᠤᠯᠠ ᠪᠣᠳᠠᠰ᠎ᠤᠨ ᠪᠤᠰᠤ ᠰᠣᠶᠣᠯ᠎ᠤᠨ ᠥᠪ᠎ᠦᠨ ᠵᠢᠵᠢᠭ ᠪᠠᠯᠭᠠᠰᠤᠨ᠎ᠤ ᠠᠵᠢᠯᠲᠠᠨ ᠬᠤᠤ ᠨᠢᠩ᠄《ᠲᠣᠭ᠍ᠯᠠᠯᠲᠠ ᠭᠠᠷᠭᠠᠬᠤ ᠨᠢ ᠲᠠᠷᠤᠢ ᠤᠯᠠᠮᠵᠢᠯᠠᠨ ᠵᠠᠯᠭᠠᠮᠵᠢᠯᠠᠵᠤ ᠪᠠᠢᠭ᠎ᠠ ᠶᠠᠪᠤᠳᠠᠯ  ᠮᠥᠨ᠃ ᠲᠣᠰ ᠬᠤᠭᠤᠴᠠᠭᠠᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠦᠨ ᠳᠤᠮᠳᠠᠳᠤ ᠤᠯᠤᠰ᠎ᠤᠨ ᠴᠠᠭᠠᠨ ᠰᠠᠷ᠎ᠠ ᠨᠢ ᠤᠯᠠᠮᠵᠢᠯᠠᠯᠲᠤ ᠴᠠᠭᠠᠨ ᠰᠠᠷ᠎ᠠ᠎ᠶ᠋ᠢᠨ ᠠᠵᠢᠯᠯᠠᠭ᠎ᠠ᠎ᠶ᠋ᠢᠨ ᠰᠠᠭᠤᠷᠢᠨ ᠳᠡᠭᠡᠷ᠎ᠡ ᠤᠮᠠᠷᠠᠲᠤ ᠬᠢᠯᠢ᠎ᠶ᠋ᠢᠨ ᠰᠣᠶᠣᠯ ᠂ ᠬᠥᠬᠡᠬᠣᠲᠠ᠎ᠶ᠋ᠢᠨ ᠰᠣᠶᠣᠯ᠂ ᠳᠤᠮᠳᠠᠳᠤ᠎ᠶ᠋ᠢᠨ ᠦᠨᠳᠦᠰᠦᠲᠡᠨ᠎ᠦ ᠤᠯᠠᠮᠵᠢᠯᠠᠯᠲᠤ ᠲᠣᠮᠣᠭ ᠥᠯᠢᠭᠡᠷ᠎ᠢᠶᠡᠷ ᠭᠤᠤᠯ ᠪᠣᠯᠭᠠᠵᠤ᠂ ᠬᠥᠬᠡᠬᠣᠲᠠ᠎ᠶ᠋ᠢᠨ ᠡᠪᠦᠯ᠎ᠦᠨ ᠤᠯᠠᠷᠢᠯ᠎ᠤᠨ ᠵᠢᠭᠤᠯᠴᠢᠯᠠᠯ᠎ᠤᠨ ᠡᠬᠢ ᠪᠠᠶᠠᠯᠢᠭ᠎ᠢ ᠭᠦᠨᠵᠡᠭᠡᠶ ᠠᠭᠤᠳᠠᠯᠵᠤ᠂ 〈 ᠲᠦᠮᠡᠨ ᠭᠠᠵᠠᠷ᠎ᠤᠨ ᠴᠠᠶ᠎ᠶ᠋ᠢᠨ ᠵᠠᠮ〉 ᠎ᠤ᠋ᠨ ᠰᠣᠶᠣᠯ᠎ᠤᠨ ᠠᠭᠤᠯᠬᠤᠨ᠎ᠢ ᠢᠯᠡᠷᠡᠭᠦᠯᠵᠦ᠍᠂ ᠡᠷᠲᠡᠨ᠎ᠦ ᠭᠠᠢᠬᠠᠮᠱᠢᠭ᠍ᠲᠤ ᠨᠣᠮ ᠪᠤᠯᠬᠤ 《ᠠᠭᠤᠯᠠ ᠲᠡᠯᠡᠶ᠎ᠶ᠋ᠢᠨ ᠰᠤᠳᠤᠷ》 ᠎ᠤ᠋ᠨ ᠭᠣᠢᠳᠠ ᠰᠠᠢᠬᠠᠨ ᠬᠠᠭᠤᠳᠠᠰᠤ᠎ᠶ᠋ᠢ ᠳᠠᠬᠢᠨ ᠢᠯᠡᠷᠡᠭᠦᠯᠵᠦ᠍᠂ ᠬᠣᠲᠠ᠎ᠶ᠋ᠢᠨ ᠠᠷᠠᠳ ᠪᠠ ᠵᠢᠭᠤᠯᠴᠢᠯᠠᠭ᠍ᠰᠠᠳ᠎ᠲᠤ ᠵᠤᠷᠢᠭᠤᠯᠤᠨ〈ᠪᠣᠳᠠᠰ᠎ᠤᠨ ᠪᠤᠰᠤ ᠰᠣᠶᠣᠯ᠎ᠤᠨ ᠥᠪ ᠰᠤᠨᠢᠷᠬᠠᠵᠤ ᠴᠠᠭᠠᠨ ᠰᠠᠷ᠎ᠠ ᠪᠡᠨ ᠪᠡᠯᠭᠡᠯᠡᠬᠦ〉 ᠳᠡᠯᠭᠡᠨ ᠦᠵᠡᠭᠦᠯᠭᠡ ᠵᠢ ᠡᠷᠬᠢᠯᠡᠵᠤ᠂ 〈 ᠪᠣᠳᠠᠰ᠎ᠤᠨ ᠪᠤᠰᠤ ᠰᠣᠶᠣᠯ᠎ᠤᠨ ᠥᠪ 〉 ᠎ᠤ᠋ᠨ ᠷᠢᠳᠢ ᠱᠢᠳᠢ᠎ᠶ᠋ᠢ  ᠢᠯᠡᠷᠡᠭᠦᠯᠵᠦ᠍᠂ ᠨᠠᠩ ᠣᠯᠠᠨ ᠬᠥᠮᠦᠰ᠎ᠲᠦ ᠪᠢᠳᠡᠨ᠎ᠤ ᠱᠢᠯᠢᠳᠡᠭ ᠤᠯᠠᠮᠵᠢᠯᠠᠯᠲᠤ ᠰᠣᠶᠣᠯ᠎ᠢ ᠣᠢᠯᠠᠭᠠᠭᠤᠯᠤᠭᠰᠠᠨ ᠪᠠᠢᠨ᠎ᠠ! 》 ᠭᠡᠵᠦ᠍ ᠲᠠᠨᠢᠯᠴᠠᠭᠤᠯᠪᠠ᠃

ᠲᠤᠬᠠᠶ᠎ᠶ᠋ᠢᠨ ᠡᠳᠦᠷ᠂ ᠮᠤᠨᠢ ᠠᠭᠤᠯᠠ ᠪᠣᠳᠠᠰ᠎ᠤᠨ ᠪᠤᠰᠤ ᠰᠣᠶᠣᠯ᠎ᠤᠨ ᠥᠪ᠎ᠦᠨ ᠵᠢᠵᠢᠭ ᠪᠠᠯᠭᠠᠰᠤᠨ᠎ᠤ ᠮᠣᠩᠭᠣᠯ ᠦᠨᠳᠦᠰᠦᠲᠡᠨ᠎ᠦ ᠠᠷᠠᠰᠤᠨ ᠤᠷᠠᠯᠠᠯ᠎ᠢ ᠵᠢᠭᠠᠵᠦ ᠤᠯᠠᠮᠵᠢᠯᠠᠬᠤ ᠰᠠᠭᠤᠷᠢᠨ᠎ᠳᠤ ᠤᠯᠠᠨ ᠬᠦᠮᠦᠰ ᠴᠤᠬᠯᠠᠷᠠᠪᠠ᠃ 《ᠬᠠᠲᠤᠨ ᠭᠣᠣᠯ ᠪᠠᠷᠠᠭᠤᠨᠰᠢ᠎ᠪᠠᠨ ᠤᠷᠤᠰᠤᠨ᠎ᠠ》 ᠭᠡᠬᠦ ᠲᠣᠮᠣ ᠬᠡᠯᠪᠡᠷᠢ᠎ᠶ᠋ᠢᠨ ᠠᠷᠠᠰᠤᠨ ᠰᠡᠢᠯᠦᠮᠡᠯ ᠵᠢᠷᠤᠭ᠎ᠤᠨ ᠠᠩᠬ᠎ᠠ ᠦᠵᠡᠭᠦᠯᠭᠡ ᠨᠢ ᠬᠥᠮᠦᠰ᠎ᠦᠨ ᠠᠩᠬᠠᠷᠤᠯ᠎ᠢ ᠶᠡᠬᠡᠳᠡ ᠲᠠᠲᠠᠪᠠ᠂ ᠡᠬᠦᠨ ᠳ᠋ᠤ ᠮᠣᠩᠭᠣᠯ ᠦᠨᠳᠦᠰᠦᠲᠡᠨ᠎ᠦ ᠠᠷᠠᠰᠤᠨ ᠤᠷᠠᠯᠠᠯ ᠦᠢᠯᠡᠳᠬᠦ ᠤᠷ᠎ᠠ ᠮᠡᠷᠭᠡᠵᠢᠯ᠎ᠢ ᠬᠡᠷᠡᠭ᠌ᠯᠡᠨ᠂ ᠰᠠᠢᠨ ᠰᠠᠢᠬᠠᠨ ᠬᠦᠰᠡᠯ ᠮᠥᠷᠥᠭᠡᠳᠦᠯ᠎ᠢ ᠵᠥᠩᠨᠡᠭ᠌ᠰᠡᠨ《ᠪᠤᠶᠠᠨ᠎ᠤ ᠰᠣᠶᠣᠯ》ᠭᠡᠬᠦ᠌ ᠠᠷᠠᠰᠤᠨ ᠤᠷᠠᠯᠠᠯ᠎ᠤᠨ ᠪᠦᠲᠦᠭᠡᠯ ᠨᠢ ᠵᠢᠭᠤᠯᠴᠢᠯᠠᠭᠰᠡᠳ᠎ᠢ ᠭᠠᠢᠬᠠᠰᠢ ᠠᠯᠳᠠᠭᠤᠯᠤᠬᠰᠠᠨ ᠪᠠᠢᠨ᠎ᠠ᠃ ᠥᠪᠡᠷ᠎ᠦᠨ ᠭᠠᠷ᠎ᠢᠶᠡᠷ᠎ᠢᠶᠡᠨ ᠭᠡᠷ᠎ᠦᠨ ᠬᠥᠮᠦᠰ ᠨᠠᠢᠵᠠ᠎ᠨᠠᠷ᠎ᠲᠠᠭᠠᠨ ᠨᠢᠭᠡᠨ ᠬᠤᠪᠢ ᠪᠣᠳᠠᠰ᠎ᠤᠨ ᠪᠤᠰᠤ ᠰᠣᠶᠣᠯ᠎ᠤᠨ ᠥᠪ᠎ᠦᠨ ᠪᠦᠲᠦᠭᠡᠯ ᠵᠣᠬᠢᠶᠠᠨ ᠥᠭ᠌ᠴᠦ ᠴᠠᠭᠠᠨ ᠰᠠᠷ᠎ᠠ᠎ᠶ᠋ᠢᠨ ᠪᠡᠯᠡᠭ ᠪᠣᠯᠭᠠᠭ᠍ᠰᠠᠨ ᠶᠠᠪᠤᠳᠠᠯ ᠨᠢ ᠨᠡᠩ ᠴᠤ᠌ ᠨᠠᠨᠵᠢᠩ᠎ᠡᠴᠡ ᠢᠷᠡᠭᠰᠡᠨ ᠵᠢᠭᠤᠯᠴᠢᠯᠠᠭᠴᠢ ᠵᠠᠩ ᠯᠢᠩ᠎ᠤ᠋ᠨ ᠤᠨᠴᠠᠭᠠᠢ ᠤᠳᠬ᠎ᠠ ᠠᠭᠤᠯᠭ᠎ᠠ ᠪᠦᠬᠦᠢ ᠨᠢᠭᠡᠨ ᠤᠳᠠᠭᠠᠨ᠎ᠤ ᠠᠶᠠᠯᠠᠯ᠎ᠪᠤᠯᠤᠭᠰᠠᠨ ᠪᠠᠢᠨ᠎ᠠ᠃

《ᠦᠨᠡᠬᠡᠷ ᠭᠤᠶᠤ ᠪᠠᠢᠨ᠎ᠠ᠂ ᠡᠨᠡ ᠡᠳᠦᠷ ᠪᠣᠳᠠᠰ᠎ᠤᠨ ᠪᠤᠰᠤ ᠰᠣᠶᠣᠯ᠎ᠤᠨ ᠥᠪ᠎ᠦᠨ ᠵᠠᠯᠭᠠᠮᠵᠢᠯᠠᠭ᠍ᠴᠢ᠎ᠶ᠋ᠢᠨ ᠵᠢᠯᠣᠭᠣᠳᠣᠯᠭ᠎ᠠ ᠳᠤᠤᠷ᠎ᠠ᠂ ᠮᠣᠩᠭᠣᠯ ᠦᠨᠳᠦᠰᠦᠲᠡᠨ᠎ᠦ ᠠᠷᠠᠰᠤᠨ ᠤᠷᠠᠯᠠᠯ᠎ᠢ ᠪᠡᠶᠡᠴᠢᠯᠡᠨ ᠣᠢᠯᠠᠭᠠᠯ᠎ᠠ》᠃ ᠵᠠᠩ ᠯᠢᠩ᠂ ᠡᠳᠡᠭᠡᠷ ᠠᠷᠠᠰᠤᠨ ᠤᠷᠠᠯᠠᠯ ᠨᠢ ᠵᠢᠷᠤᠭ ᠳᠦᠷᠰᠦ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠨᠢᠭᠡ ᠵᠦᠢᠯ᠎ᠦᠨ ᠰᠣᠶᠣᠯ ᠪᠠᠢᠵᠤ᠂ ᠬᠥᠮᠦᠰ᠎ᠦᠨ ᠰᠠᠢ᠌ᠨ ᠰᠠᠢᠬᠠᠨ ᠠᠮᠢᠳᠤᠷᠠᠯ᠎ᠤᠨ ᠲᠤᠬᠠᠢ ᠬᠦᠰᠡᠯ ᠡᠷᠡᠮᠡᠯᠵᠡᠯ᠎ᠢ ᠠᠴᠢᠶᠠᠯᠠᠵᠤ ᠪᠠᠢᠨ᠎ᠠ ᠭᠡᠵᠦ᠍ ᠪᠠᠶᠠᠷᠲᠠᠢᠬᠠᠨ ᠬᠡᠯᠡᠨ᠎ᠡ᠃

ᠰᠥᠨᠢ᠎ᠶ᠋ᠢᠨ ᠬᠥᠱᠢᠭᠡ ᠪᠠᠭᠤᠬᠤ᠎ᠦᠶ᠎ᠠ ᠪᠡᠷ᠂ ᠮᠤᠨᠢ ᠠᠭᠤᠯᠠ ᠪᠣᠳᠠᠰ᠎ᠤᠨ ᠪᠤᠰᠤ ᠰᠣᠶᠣᠯ᠎ᠤᠨ ᠥᠪ᠎ᠦᠨ ᠵᠢᠵᠢᠭ ᠪᠠᠯᠭᠠᠰᠤᠨ ᠳ᠋ᠤ ᠦᠩᠬᠡᠳᠤ ᠳ᠋ᠸᠩ ᠲᠤᠸᠠᠯᠠᠨ ᠪᠦᠬᠦᠢᠯᠡ ᠪᠠᠯᠭᠠᠰᠤ ᠵᠢ ᠬᠡᠷᠡᠯᠳᠦᠬᠦᠯᠪᠡ᠃ ᠶᠢᠰᠦᠨ ᠰᠡᠭᠦᠯᠲᠦ ᠦᠨᠡᠭᠡ᠂ ᠬᠥᠬᠡ ᠯᠤᠤ᠂ ᠲᠠᠶᠤᠩᠭ᠎ᠠ ᠭᠠᠷᠤᠳᠢ ᠂ ᠶᠢᠰᠦᠨ ᠥᠩᠭᠡᠲᠤ ᠪᠤᠭᠤ᠂ ᠨᠤᠬᠠᠢ ᠦᠳᠡᠭᠡ᠂ ᠴᠠᠭᠠᠨ ᠪᠠᠷᠰ ᠵᠡᠷᠭᠡ ᠠᠮᠢᠲᠠᠨ᠎ᠤ  ᠳ᠋ᠧᠩ ᠦᠩᠬᠡ ᠢᠯᠭᠠᠷᠠᠨ ᠤᠨᠴᠠ ᠵᠢᠨ ᠭᠣᠶᠣ ᠰᠠᠢᠬᠠᠨ ᠬᠠᠷᠠᠭ᠍ᠳᠠᠨ᠎ᠠ᠃

ᠤᠯᠤᠰ᠎ᠤᠨ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠢ ᠲᠦᠷᠦᠯ ᠵᠦᠢᠯ ᠪᠣᠯᠬᠤ 《ᠬᠦᠳᠡᠷ᠎ᠤᠨ ᠬᠠᠢᠯᠤᠰᠢ ᠰᠠᠴᠤᠬᠤ》 ᠦᠵᠡᠬᠦᠯᠬᠡ ᠨᠢ ᠨᠡᠩ ᠴᠤ᠌ ᠬᠤᠲᠠ᠎ᠶ᠋ᠢᠨ ᠠᠷᠠᠳ᠎ᠢ ᠭᠠᠢᠬᠠᠰᠢ ᠠᠯᠳᠠᠭᠤᠯᠪᠠ᠃

ᠣᠨᠴᠠ ᠡᠷᠳᠡᠮ᠎ᠲᠡᠶ ᠪᠣᠳᠠᠰ᠎ᠤᠨ ᠪᠤᠰᠤ ᠰᠣᠶᠣᠯ᠎ᠤᠨ ᠦᠪ᠎ᠤᠨ ᠤᠯᠠᠮᠵᠢᠯᠠᠭᠴᠢ ᠬᠤᠸᠠᠷᠲᠤ ᠱᠢᠳᠠᠮ ᠪᠠᠷᠢᠵᠤ᠂ ᠤᠷᠢᠳ᠎ᠢᠶᠠᠷ ᠭᠠᠯ ᠤᠯᠠᠭᠠᠨ ᠬᠦᠳᠡᠷ᠎ᠤᠨ ᠬᠠᠢᠯᠤᠰᠢ᠎ᠶ᠋ᠢ ᠦᠨᠳᠦᠷ ᠲᠤ᠌ ᠰᠠᠴᠤᠵᠤ᠂ ᠵᠠᠯᠭᠠᠭᠠᠳ ᠭᠠᠷ᠎ᠲᠠᠬᠢ ᠬᠤᠸᠠᠷᠲᠤ ᠱᠢᠳᠠᠮ᠎ᠢᠶᠠᠨ ᠡᠷᠭᠢᠭᠦᠯᠦᠨ᠎ᠡ᠃  ᠬᠠᠷᠠᠭ᠎ᠠ ᠲᠦᠭᠦᠷᠡᠩ ᠬᠦᠳᠡᠷ᠎ᠤᠨ ᠴᠡᠴᠡᠭ ᠨᠢ ᠰᠦᠷᠯᠢᠭ  ᠦᠵᠡᠮᠵᠢ ᠵᠢ ᠪᠦᠷᠢᠯᠳᠦᠬᠦᠯᠵᠤ᠂ ᠬᠦᠳᠡᠷ᠎ᠤᠨ ᠰᠣᠯᠢᠷ ᠬᠦᠷᠬᠢᠷ᠎ᠡ ᠮᠡᠲᠦ ᠪᠡᠷ ᠤᠬᠳᠠᠷᠭᠤᠢ ᠵᠢ ᠬᠡᠢᠬᠦᠯᠦᠨ ᠲᠡᠬᠢᠨ ᠭᠡᠷᠡᠯ ᠲᠠᠳᠠᠨ ᠵᠠᠮᠬᠠᠷᠠᠨ᠎ᠠ ᠁

ᠤᠤᠬᠠᠢᠯᠠᠨ ᠬᠠᠰᠬᠢᠷᠬᠤ ᠲᠠᠭᠤᠨ᠎ᠤ ᠳᠤᠮᠳᠠ᠂ ᠠᠬᠤᠶ ᠲᠠᠯᠠᠪᠠᠶ᠎ᠶ᠋ᠢᠨ ᠬᠣᠲᠠ᠎ᠶ᠋ᠢᠨ ᠠᠷᠠᠳ ᠪᠣᠯᠤᠨ ᠵᠢᠭᠤᠯᠴᠢᠯᠠᠭᠰᠡᠳ ᠭᠠᠷ ᠤᠲᠠᠰᠤ᠎ᠪᠠᠨ ᠭᠠᠷᠭᠠᠵᠤ᠂ ᠡᠨᠡ ᠬᠦ᠌ ᠭᠢᠯᠠᠰ ᠬᠤᠷᠤᠮ᠎ᠢ ᠲᠡᠮᠳᠡᠭᠯᠡᠨ ᠶᠠᠭᠠᠷᠠᠨ᠎ᠠ᠃

《ᠪᠣᠳᠠᠰ᠎ᠤᠨ ᠪᠤᠰᠤ ᠰᠣᠶᠣᠯ᠎ᠤᠨ ᠥᠪ᠎ᠦᠨ ᠴᠠᠭᠠᠨ ᠰᠠᠷ᠎ᠠ᠎ᠶ᠋ᠢᠨ ᠦᠨᠦᠷ ᠠᠮᠲᠠ》 ᠨᠢ ᠬᠥᠮᠦᠰ᠎ᠲᠦ ᠴᠣ ᠱᠢᠨ᠎ᠡ ᠪᠠᠶᠠᠷ ᠳᠤᠷᠠᠰᠭᠠᠯ᠎ᠤᠨ ᠲᠥᠷᠥᠭ᠌ᠳᠡᠯ ᠣᠯᠭᠣᠪᠠ᠃

ᠰᠤᠷᠪᠤᠯᠵᠢᠯᠠᠭ᠍ᠴᠢ᠎ᠶ᠋ᠢᠨ ᠣᠢᠯᠠᠭᠠᠭ᠍ᠰᠠᠨ᠎ᠢᠶᠠᠷ᠂ ᠴᠠᠭᠠᠨ ᠰᠠᠷ᠎ᠠ᠎ᠶ᠋ᠢᠨ ᠱᠢᠨ᠎ᠡ᠎ᠶ᠋ᠢᠨ ᠨᠢᠭᠡᠨ᠎ᠡᠴᠡ ᠴᠠᠭᠠᠨ ᠰᠠᠷ᠎ᠠ᠎ᠶ᠋ᠢᠨ ᠠᠷᠪᠠᠨ ᠲᠠᠪᠤᠨ ᠪᠣᠯᠲᠠᠯ᠎ᠠ᠂ ᠬᠣᠲᠣᠩ ᠠᠷᠠᠳ᠎ᠤᠨ ᠲᠣᠭᠣᠷᠢᠭ᠎ᠤᠨ ᠮᠤᠨᠢ ᠠᠭᠤᠯᠠ ᠪᠣᠳᠠᠰ᠎ᠤᠨ ᠪᠤᠰᠤ ᠰᠣᠶᠣᠯ᠎ᠤᠨ ᠥᠪ᠎ᠦᠨ ᠵᠢᠵᠢᠭ ᠪᠠᠯᠭᠠᠰᠤ ᠨᠢ《ᠪᠣᠳᠠᠰ᠎ᠤᠨ ᠪᠤᠰᠤ ᠰᠣᠶᠣᠯ᠎ᠤᠨ ᠥᠪ᠎ᠦᠨ ᠵᠢᠵᠢᠭ ᠪᠠᠯᠭᠠᠰᠤᠨ᠎ᠳᠤ ᠠᠮᠲᠠᠲᠤ ᠢᠳᠡᠭᠡᠨ ᠠᠮᠰᠠᠵᠤ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠵᠢᠵᠢᠭ ᠪᠠᠯᠭᠠᠰᠤᠨ᠎ᠳᠤ ᠭᠤᠢᠳᠠ ᠲᠤᠭᠯᠠᠯᠲᠠ ᠰᠤᠨᠢᠷᠬᠠᠵᠤ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠵᠢᠵᠢᠭ ᠪᠠᠯᠭᠠᠰᠤᠨ᠎ᠳᠤ ᠢᠷᠠᠭᠤ ᠬᠦᠭᠵᠢᠮ ᠰᠣᠨᠣᠰᠴᠤ᠌᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠵᠢᠵᠢᠭ ᠪᠠᠯᠭᠠᠰᠤᠨ᠎ᠳᠤ ᠨᠠᠭᠠᠳᠤᠨ ᠴᠡᠩᠭᠡᠵᠦ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠵᠢᠵᠢᠭ ᠪᠠᠯᠭᠠᠰᠤᠨ᠎ᠳᠤ ᠪᠡᠶᠡᠴᠢᠯᠡᠨ ᠣᠢᠯᠠᠭᠠᠬᠤ》 ᠵᠡᠷᠭᠡ 5 ᠬᠡᠰᠡᠭ ᠬᠤᠪᠢᠶᠠᠨ ᠬᠥᠮᠦᠨ ᠲᠥᠷᠥᠯᠬᠢᠲᠡᠨ᠎ᠦ ᠪᠣᠳᠠᠰ᠎ᠤᠨ ᠪᠤᠰᠤ ᠰᠣᠶᠣᠯ᠎ᠤᠨ ᠥᠪ᠎ᠪᠤᠯᠬᠤ ᠳᠤᠮᠳᠠᠳᠤ ᠤᠯᠤᠰ᠎ᠤᠨ ᠴᠠᠭᠠᠨ ᠰᠠᠷ᠎ᠠ᠎ᠶ᠋ᠢᠨ ᠪᠠᠶᠠᠷ᠎ᠢ ᠳᠡᠯᠭᠡᠨ ᠦᠵᠡᠭᠦᠯᠬᠦ ᠪᠤᠯᠤᠨ᠎ᠠ᠃

ᠠᠵᠢᠯᠯᠠᠭ᠎ᠠ᠎ᠶ᠋ᠢᠨ ᠬᠤᠭᠤᠴᠠᠭᠠᠨ᠎ᠳᠤ᠂ ᠪᠥᠬᠥ᠌ ᠤᠯᠤᠰ᠎ᠤᠨ ᠡᠯ᠎ᠡ ᠭᠠᠵᠠᠷ᠎ᠤᠨ ᠬᠡᠰᠡᠭ ᠤᠨᠴᠠᠯᠢᠬ᠍ᠳᠤ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠷᠥᠯ ᠵᠦᠶ᠋ᠯ᠎ᠢ ᠵᠢᠵᠢᠭ ᠪᠠᠯᠭᠠᠰᠤᠨ᠎ᠳᠤ ᠲᠡᠯᠭᠡᠨ ᠦᠵᠡᠭᠦᠯᠬᠦ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号