ᠭᠠᠭᠴᠠᠮᠤᠳᠤ ᠬᠢᠯᠢ᠎ᠶᠢᠨ ᠪᠣᠭᠣᠮᠲᠠ ᠵᠢᠨ ᠭᠢᠨ ᠴᠠᠭᠠᠨ ᠰᠠᠷ᠎ᠠ᠎ᠳᠤ ᠠᠮᠠᠷᠠᠯᠳᠠ ᠦᠭᠡᠢ ᠶᠠᠭᠠᠷᠠᠯᠳᠤᠨ᠎ᠠ
2025-02-08 10:02:06
ᠵᠣᠬᠢᠶᠠᠭ᠍ᠴᠢ᠄
ᠲᠡᠭᠦᠰᠪᠢᠯᠢᠭ
ᠣᠩᠱᠢᠭ᠍ᠰᠠᠨ ᠣᠳᠠᠭ᠎ᠠ᠄
★★★☆☆

《ᠵᠢᠯᠣᠭᠣᠳᠬᠤ ᠲᠥᠪ᠂ ᠪᠢ ᠬᠢᠯᠢ᠎ᠳ᠋ᠦ᠍ ᠣᠷᠣᠬᠤ 2 ᠨᠣᠮᠧᠷᠲᠦ ᠨᠡᠪᠲᠡᠷᠡᠬᠦ ᠵᠠᠮ᠎ᠳᠤ ᠪᠤᠢ᠂ ᠣᠶᠤᠨᠲᠤ ᠪᠤᠭᠤᠮᠲᠠ᠎ᠶᠢᠨ ᠰᠢᠰᠲ᠋ᠧᠮ᠎ᠦ᠋ᠨ ᠠᠵᠢᠯᠯᠠᠭ᠎ᠠ ᠬᠡᠪ᠎ᠦ᠋ᠨ ᠡᠰᠡᠬᠦ᠎ᠶ᠋ᠢ ᠪᠠᠢᠴᠠᠭᠠᠭᠠᠷᠠᠢ︕》 ᠯᠢ ᠵᠧᠨ ᠮᠢᠨ ᠨᠢᠭᠡ ᠭᠠᠷ᠎ᠢ᠋ᠶ᠋ᠠᠷ᠎ᠢ᠋ᠶ᠋ᠠᠨ ᠡᠯᠧᠺᠲ᠋ᠷᠣᠨ ᠲᠡᠷᠭᠡᠨ ᠺᠠᠷᠲ᠎ᠢ᠋ ᠡᠭᠦᠳᠡ ᠮᠠᠶᠢᠭ᠎ᠤ᠋ᠨ ᠪᠣᠰᠤᠭ᠎ᠠ ᠲᠤᠯᠭᠠᠭᠤᠷᠢ ᠲᠡᠭᠡᠷᠡᠬᠢ ᠺᠠᠷᠲ ᠤᠩᠰᠢᠬᠤ ᠮᠠᠰᠢᠨ᠎ᠳᠤ ᠤᠢᠷᠠᠳᠤᠭᠤᠯᠤᠨ ᠤᠩᠰᠢᠭᠤᠯᠵᠤ᠂ ᠨᠥᠭᠥᠭᠡ ᠭᠠᠷ᠎ᠢ᠋ᠶ᠋ᠠᠷ᠎ᠢ᠋ᠶ᠋ᠠᠨ ᠶᠠᠷᠢᠯᠴᠠᠭᠤᠷ ᠮᠠᠰᠢᠨ᠎ᠢᠶᠡᠨ ᠪᠠᠷᠢᠵᠤ ᠵᠢᠯᠤᠭᠤᠳᠬᠤ ᠲᠦᠪ ᠲᠠᠢ ᠬᠠᠷᠢᠯᠴᠠᠨ᠎ᠠ᠃

《ᠰᠢᠰᠲ᠋ᠧᠮ᠎ᠦ᠋ᠨ ᠠᠵᠢᠯᠯᠠᠭ᠎ᠠ ᠬᠡᠪ᠎ᠦ᠋ᠨ ᠪᠠᠢᠨ᠎ᠠ᠂ ᠳᠠᠷᠠᠭ᠎ᠠ ᠨᠢᠭᠡ ᠭᠠᠵᠠᠷ᠎ᠲᠤ᠌ ᠣᠴᠢᠭᠠᠷᠠᠢ ᠁》 ᠴᠠᠭᠠᠨ ᠰᠠᠷ᠎ᠠ᠎ᠶ᠋ᠢᠨ ᠰᠢᠨ᠎ᠡ᠎ᠶ᠋ᠢᠨ ᠶᠢᠰᠦᠨ᠎ᠤ ᠦᠷᠯᠦᠭᠡ ᠡᠷᠲᠡ᠂ ᠲᠡᠭᠷᠢ ᠪᠠᠰᠠ ᠭᠦᠢᠴᠡᠳ ᠬᠡᠭᠡᠷᠡᠭᠡᠳᠦᠢ ᠪᠠᠢᠬᠤ᠎ᠳᠤ᠂ ᠤᠷᠠᠳ ᠪᠣᠭᠣᠮᠲᠠ᠎ᠶ᠋ᠢᠨ ᠨᠢᠭᠡᠳᠦᠭᠡᠷ ᠹᠷᠣᠨᠲ᠎ᠤ᠋ᠨ ᠵᠢᠵᠢᠭᠦᠷᠯᠡᠭᠴᠢ ᠯᠢ ᠵᠧᠨ ᠮᠢᠨ ᠪᠣᠯᠤᠨ ᠳ᠋ᠤᠸᠠᠨ ᠰᠢᠨ ᠢᠦᠢ ᠭᠠᠭᠴᠠᠮᠤᠳᠤ ᠬᠢᠯᠢ᠎ᠶᠢᠨ ᠪᠤᠭᠤᠮᠲᠠ᠎ᠶᠢᠨ ᠪᠠᠷᠠᠭᠠᠨ᠎ᠤ᠋ ᠲᠡᠭᠡᠭᠡᠪᠦᠷᠢ᠎ᠶ᠋ᠢᠨ ᠵᠠᠮ᠎ᠳ᠋ᠤ᠌ ᠣᠷᠣᠵᠤ᠂ ᠬᠢᠨᠠᠨ ᠬᠠᠮᠢᠶᠠᠷᠤᠯᠲᠠ᠎ᠶ᠋ᠢᠨ ᠡᠯ᠎ᠡ ᠲᠥᠷᠥᠯ᠎ᠦ᠋ᠨ ᠲᠥᠬᠥᠭᠡᠷᠦᠮᠵᠢ᠎ᠶ᠋ᠢᠨ ᠠᠵᠢᠯᠯᠠᠭᠠᠨ᠎ᠤ᠋ ᠪᠠᠢᠳᠠᠯ᠎ᠢ᠋ ᠪᠠᠢᠴᠠᠭᠠᠨ᠂ ᠤᠳᠠᠯ ᠥᠬᠡᠢ ᠬᠢᠯᠢ᠎ᠪᠡᠷ ᠣᠷᠣᠵᠤ ᠢᠷᠡᠬᠦ ᠭᠡᠵᠦ ᠪᠠᠢᠭ᠎ᠠ ᠪᠠᠷᠠᠭᠠᠨ᠎ᠤ᠋ ᠲᠡᠭᠡᠭᠡᠪᠦᠷᠢ᠎ᠶ᠋ᠢᠨ ᠲᠡᠷᠭᠡ ᠬᠥᠰᠬᠡ᠎ᠳ᠋ᠦ᠍ 《ᠵᠠᠮ ᠨᠡᠭᠡᠭᠡᠵᠦ》 ᠥᠭᠭᠦᠨ᠎ᠡ᠃

ᠡᠯᠧᠺᠲ᠋ᠷᠣᠨ ᠲᠡᠷᠭᠡᠨ ᠺᠠᠷᠲ ᠨᠢ ᠳᠠᠷᠤᠢ ᠠᠴᠢᠶ᠎ᠠ ᠲᠡᠭᠡᠭᠡᠪᠦᠷᠢ᠎ᠶ᠋ᠢᠨ ᠮᠠᠰᠢᠨ ᠲᠡᠷᠭᠡᠨ᠎ᠦ᠌ ︽ᠪᠡᠶ᠎ᠡ᠎ᠶ᠋ᠢᠨ ᠦᠨᠡᠮᠯᠡᠯ︾ ᠪᠣᠯᠤᠨ᠎ᠠ᠂ ᠨᠢᠭᠡ ᠲᠡᠷᠭᠡ ᠨᠢᠭᠡ ᠺᠠᠷᠲ ᠲᠠᠢ ᠪᠠᠢᠵᠤ᠂ ᠵᠢᠯᠤᠭᠤᠴᠢᠳ ᠲᠤᠰ ᠺᠠᠷᠲ᠎ᠢᠶᠡᠷ᠎ᠢᠶᠡᠨ ᠬᠢᠯᠢ᠎ᠶᠢᠨ ᠪᠤᠭᠤᠮᠳᠠ ᠪᠡᠷ ᠲᠦᠷᠭᠡᠨ ᠨᠡᠪᠲᠡᠷᠡᠬᠦ᠎ᠶ᠋ᠢ ᠪᠡᠶᠡᠯᠡᠭᠦᠯᠵᠦ ᠴᠢᠳᠠᠨ᠎ᠠ᠃ 《ᠪᠢᠲᠡ ᠰᠢᠨ᠎ᠡ᠎ᠶᠢᠨ ᠲᠦᠷᠪᠡᠨ᠎ᠡᠴᠡ ᠲᠠᠷᠤᠢ ᠡᠬᠢᠯᠡᠨ ᠠᠵᠢᠯᠯᠠᠵᠤ᠂ ᠦᠷᠯᠦᠭᠡ ᠪᠦᠷᠢ ᠨᠢᠭᠡ ᠤᠳᠠᠭ᠎ᠠ ᠲᠤᠨᠤᠭ ᠲᠦᠬᠦᠭᠡᠷᠦᠮᠵᠢ ᠪᠠᠨ ᠪᠠᠢᠴᠠᠭᠠᠳᠠᠭ᠂ ᠡᠷᠬᠡᠪᠰᠢ ᠲᠡᠭᠡᠭᠡᠪᠦᠷᠢ᠎ᠶᠢᠨ ᠮᠠᠰᠢᠨ᠎ᠤ ᠰᠠᠭᠠᠳ ᠦᠭᠡᠢ ᠪᠤᠭᠤᠮᠳᠠ ᠪᠡᠷ ᠦᠩᠭᠡᠷᠡᠬᠦ᠎ᠵᠢ ᠪᠠᠳᠤᠯᠠᠬᠤ ᠬᠡᠷᠡᠭᠲᠡᠢ》 ᠬᠡᠮᠡᠨ ᠯᠢ ᠵᠧᠨ ᠮᠢᠨ ᠢᠨᠢᠶᠡᠮᠰᠦᠭᠯᠡᠨ ᠬᠡᠯᠡᠨ᠎ᠡ᠃ 8 ᠴᠠᠭ᠎ᠲᠤ᠌ ᠲᠡᠷᠭᠡ ᠨᠡᠪᠲᠡᠷᠡᠵᠦ ᠡᠬᠢᠯᠡᠪᠡ᠃ ᠯᠢ ᠵᠧᠨ ᠮᠢᠨ ᠪᠣᠯᠤᠨ ᠳ᠋ᠤᠸᠠᠨ ᠰᠢᠨ ᠢᠦᠢ ᠬᠢᠨᠠᠨ ᠡᠵᠡᠮᠳᠡᠵᠦ ᠵᠢᠯᠣᠭᠣᠳᠬᠤ ᠲᠥᠪ᠎ᠲᠦ᠍ ᠪᠤᠴᠠᠨ ᠺᠣᠮᠫᠢᠦ᠋ᠲ᠋ᠧᠷ᠎ᠦ᠋ᠨ ᠬᠥᠰᠢᠭᠡ᠎ᠶ᠋ᠢ ᠠᠯᠳᠠᠯ ᠦᠭᠡᠢ ᠰᠢᠷᠲᠡᠵᠦ᠂ ᠣᠶᠤᠨᠴᠢ ᠪᠤᠭᠤᠮᠳᠠ᠎ᠶᠢᠨ ᠰᠢᠰᠲ᠋ᠧᠮ᠎ᠢ᠋ ᠠᠰᠢᠭᠯᠠᠨ ᠠᠯᠤᠰ ᠡᠴᠡ ᠰᠢᠯᠭᠠᠨ ᠪᠠᠢᠴᠠᠭᠠᠯᠲᠠ ᠬᠢᠵᠦ ᠡᠬᠢᠯᠡᠯ᠎ᠡ᠃

《ᠲᠤᠬᠠᠢ᠎ᠶ᠋ᠢᠨ ᠲᠠᠯᠠᠪᠠᠢ᠎ᠳ᠋ᠤ᠌ ᠬᠥᠮᠦᠰ ᠬᠠᠷᠠᠵᠤ ᠰᠠᠬᠢᠬᠤ ᠴᠢᠬᠤᠯᠠ ᠦᠭᠡᠢ᠂ ᠣᠶᠤᠨᠲᠤ ᠪᠣᠭᠣᠮᠲᠠ ᠠᠦ᠋ᠲ᠋ᠤ᠋ ᠪᠡᠷ ᠪᠠᠷᠠᠭ᠎ᠠ᠎ᠵᠢ ᠵᠢᠩᠯᠡᠵᠦ᠂ ᠲᠡᠷᠡᠴᠢᠯᠡᠨ ᠡᠯᠧᠺᠲ᠋ᠷᠣᠨ ᠲᠡᠷᠭᠡᠨ ᠺᠠᠷᠲ᠎ᠢ᠋ ᠰᠢᠷᠪᠢᠵᠦ ᠲᠡᠷᠭᠡ ᠬᠥᠰᠬᠡ᠎ᠶ᠋ᠢᠨ ᠮᠡᠳᠡᠭᠡ ᠵᠠᠩᠭᠢ᠎ᠶ᠋ᠢ ᠲᠠᠨᠢᠵᠤ ᠣᠯᠤᠨ᠎ᠠ᠃ ᠠᠷᠤ ᠲᠠᠯ᠎ᠠ᠎ᠶ᠋ᠢᠨ ᠬᠢᠨ ᠪᠣᠳᠠᠲᠤ ᠲᠡᠷᠭᠡ ᠪᠣᠯᠤᠨ ᠪᠠᠷᠠᠭᠠᠨ᠎ᠤ᠋ ᠲᠣᠭ᠎ᠠ ᠪᠠᠷᠢᠮᠲᠠ᠂ ᠠᠵᠤ ᠠᠬᠤᠢᠯᠠᠯ᠎ᠤ᠋ᠨ ᠤᠷᠢᠳᠴᠢᠯᠠᠨ ᠮᠡᠳᠡᠭᠦᠯᠦᠭᠰᠡᠨ ᠲᠣᠭ᠎ᠠ ᠪᠠᠷᠢᠮᠲᠠ᠎ᠶ᠋ᠢ ᠬᠠᠷᠢᠴᠠᠭᠤᠯᠵᠤ᠂ ᠪᠤᠷᠤᠭᠤ ᠥᠬᠡᠢ ᠪᠣᠯ ᠠᠶᠠᠨᠳᠠᠭᠠᠨ ᠬᠠᠰᠢᠯᠭ᠎ᠠ ᠪᠠᠨ ᠡᠷᠭᠦᠨ ᠲᠡᠷᠭᠡ ᠵᠢ ᠦᠩᠭᠡᠷᠡᠭᠦᠯᠵᠦ᠂ ᠲᠡᠷᠭᠡ ᠪᠣᠯᠭᠠᠨ᠎ᠤ᠋ ᠪᠤᠭᠤᠮᠲᠠ ᠪᠡᠷ ᠦᠩᠭᠡᠷᠡᠬᠦ ᠴᠠᠭ ᠨᠢ ᠵᠥᠪᠬᠡᠨ ᠠᠷᠪᠠᠨ ᠬᠡᠳᠦᠨ ᠰᠧᠺᠦ᠋ᠨ᠋ᠳ᠋ ᠬᠡᠷᠡᠭᠰᠡᠨ᠎ᠡ》 ᠭᠡᠵᠦ ᠳ᠋ᠤᠸᠠᠨ ᠰᠢᠨ ᠢᠦᠢ ᠲᠠᠨᠢᠯᠴᠠᠭᠤᠯᠤᠨ᠎ᠠ᠃

《ᠴᠠᠭᠠᠨ ᠰᠠᠷ᠎ᠠ᠎ᠶ᠋ᠢᠨ ᠬᠢᠯᠢ᠎ᠶᠢᠨ ᠪᠤᠭᠤᠮᠳᠠ ᠨᠡᠪᠲᠡᠷᠡᠭᠦᠯᠦᠭᠰᠡᠨ ᠡᠬᠢᠨ᠎ᠤ ᠬᠡᠳᠦᠨ ᠡᠳᠦᠷ ᠲᠡᠷᠭᠡ ᠣᠯᠠᠨ᠂ ᠬᠥᠮᠦᠨ᠎ᠴᠤ ᠣᠯᠠᠨ᠂ ᠮᠠᠰᠢ ᠶᠠᠭᠠᠷᠠᠯᠲᠠᠢ᠃ ᠥᠨᠥᠳᠥᠷ ᠪᠢᠳᠡ ᠠᠳᠠᠭ ᠪᠠᠭ᠎ᠠ᠎ᠳ᠋ᠠᠭᠠᠨ 9 ᠴᠠᠭ ᠵᠢᠵᠢᠭᠦᠷᠯᠡᠨ᠎ᠡ》 ᠭᠡᠵᠦ ᠯᠢ ᠵᠧᠨ ᠮᠢᠨ ᠬᠡᠯᠡᠨ᠎ᠡ᠃

ᠯᠢ ᠵᠧᠨ ᠮᠢᠨ᠎ᠦ᠌ ᠭᠡᠷ ᠱᠠᠨᠳᠦ᠋ᠩ ᠮᠤᠵᠢ᠎ᠶᠢᠨ ᠵᠢᠨᠠᠨ ᠬᠤᠲᠠ᠎ᠳ᠋ᠤ᠌ ᠪᠠᠢᠵᠤ᠂ ᠰᠢᠨ᠎ᠡ᠎ᠶ᠋ᠢᠨ ᠬᠣᠶᠠᠷ᠎ᠤ᠋ᠨ ᠦᠳᠡ᠎ᠳ᠋ᠦ᠍ ᠲᠡᠷᠡ ᠭᠡᠷ᠎ᠡᠴᠡ ᠪᠠᠨ ᠠᠶᠠᠷᠯᠠᠨ ᠭᠠᠯᠲᠤ ᠲᠡᠷᠭᠡᠨ᠎ᠳ᠋ᠦ᠍ ᠰᠠᠭᠤᠵᠤ᠂ ᠰᠢᠨ᠎ᠡ᠎ᠶ᠋ᠢᠨ ᠭᠤᠷᠪᠠᠨ᠎ᠤ᠋ ᠣᠷᠣᠢ ᠭᠠᠭᠴᠠᠮᠤᠳᠤ ᠬᠢᠯᠢ᠎ᠶᠢᠨ ᠪᠣᠭᠣᠮᠲᠠ᠎ᠳ᠋ᠤ᠌ ᠬᠠᠷᠢᠵᠤ ᠢᠷᠡᠵᠡᠢ᠃ ᠳ᠋ᠤᠸᠠᠨ ᠰᠢᠨ ᠢᠦᠢ ᠵᠢᠨ ᠭᠡᠷ ᠨᠢ ᠭᠠᠭᠴᠠᠮᠤᠳᠤ᠎ᠠ᠋ᠴᠠ 680 ᠺᠢᠯᠣᠮᠧᠲ᠋ᠷ ᠵᠠᠢᠲᠠᠢ᠃ ᠲᠡᠳᠡ ᠮᠢᠩᠭᠠᠨ ᠭᠠᠵᠠᠷ᠎ᠤ᠋ᠨ ᠭᠠᠳᠠᠨ᠎ᠠ ᠡᠴᠡ ᠬᠦᠷᠴᠦ ᠢᠷᠡᠨ ᠬᠢᠯᠢ ᠬᠢᠵᠠᠭᠠᠷ᠎ᠢ᠋ ᠰᠠᠬᠢᠬᠤ ᠨᠢ ᠵᠥᠪᠬᠡᠨ ᠪᠤᠭᠤᠮᠳᠠ᠎ᠶᠢᠨ ᠰᠠᠭᠠᠳ ᠦᠭᠡᠢ ᠨᠡᠪᠲᠡᠷᠡᠬᠦ᠎ᠶ᠋ᠢ ᠪᠠᠲᠤᠯᠠᠨ᠂ ᠭᠠᠳᠠᠭᠠᠳᠤ ᠠᠷᠠᠯᠵᠢᠶ᠎ᠠ᠎ᠶ᠋ᠢ ᠠᠬᠢᠭᠤᠯᠵᠤ᠂ ᠰᠢᠨ᠎ᠡ ᠨᠢᠭᠡᠨ ᠵᠢᠯ᠎ᠤᠨ ᠦᠯᠵᠡᠢ ᠲᠠᠢ ᠭᠠᠷᠤᠭ᠎ᠠ᠎ᠵᠢ ᠤᠭᠳᠤᠬᠤ᠎ᠶᠢᠨ ᠲᠦᠯᠦᠭᠡ ᠶᠤᠮ᠃

ᠡᠪᠦᠯ᠎ᠦ᠋ᠨ ᠴᠠᠰᠤ ᠬᠠᠢᠯᠵᠤ ᠵᠠᠪᠳᠤᠭ᠎ᠠ ᠦᠭᠡᠢ᠂ ᠬᠠᠪᠤᠷ᠎ᠤ᠋ᠨ ᠡᠬᠢᠨ᠎ᠤ ᠬᠦᠢᠳᠡᠨ ᠰᠠᠯᠬᠢ ᠦᠶ᠎ᠡ ᠦᠶ᠎ᠡ ᠰᠡᠨᠭᠭᠢᠨᠡᠵᠦ ᠪᠠᠢᠭᠰᠠᠨ ᠴᠸ᠋ ᠬᠢᠯᠢ᠎ᠶᠢᠨ ᠪᠣᠭᠣᠮᠲᠠ᠎ᠶ᠋ᠢᠨ ᠭᠠᠳᠠᠭᠠᠳᠤ ᠠᠷᠠᠯᠵᠢᠶᠠᠨ᠎ᠤ᠋ ᠬᠦᠷ ᠬᠦᠭᠵᠢᠶᠡᠨ᠎ᠢ ᠬᠤᠷᠢᠭᠯᠠᠵᠤ ᠴᠢᠳᠠᠬᠤ ᠦᠭᠡᠢ ᠪᠠᠢᠯ᠎ᠠ᠃ ᠠᠴᠢᠶ᠎ᠠ ᠲᠡᠭᠡᠭᠡᠪᠦᠷᠢ᠎ᠶ᠋ᠢᠨ ᠵᠠᠮ ᠬᠥᠷ ᠬᠥᠭᠵᠢᠶᠡᠨ᠎ᠲᠡᠢ ᠪᠣᠯᠵᠤ᠂ ᠠᠭᠤᠷᠬᠠᠢ᠎ᠶ᠋ᠢᠨ ᠭᠠᠷᠤᠯᠲᠠ ᠵᠢ ᠲᠥᠬᠥᠷᠡᠨᠭ ᠠᠴᠢᠭᠰᠡᠨ 《ᠵᠠᠭᠤᠨ ᠲᠤᠨ᠎ᠤ᠋ ᠸᠠᠩ》 ᠬᠣᠣᠰ ᠴᠢᠷᠦᠭᠦᠯ ᠲᠡᠷᠭᠡ᠂ AGV ᠠᠦ᠋ᠲ᠋ᠣ᠋ ᠵᠢᠳᠬᠦᠭᠦᠷ ᠲᠡᠷᠭᠡ᠎ᠨᠦᠭᠦᠳ ᠮᠣᠩᠭᠣᠯ ᠤᠯᠤᠰ᠎ᠠ᠋ᠴᠠ ᠪᠤᠯᠢᠶᠠᠯᠳᠤᠨ ᠮᠣᠷᠳᠠᠵᠤ᠂ ᠳᠤᠮᠳᠠᠳᠤ ᠤᠯᠤᠰ᠎ᠤ᠋ᠨ ᠬᠢᠯᠢ᠎ᠳ᠋ᠦ᠍ ᠴᠤᠪᠤᠷᠠᠨ ᠣᠷᠣᠵᠤ ᠢᠷᠡᠨ᠎ᠡ᠃

ᠭᠠᠭᠴᠠᠮᠤᠳᠤ ᠬᠢᠯᠢ᠎ᠶᠢᠨ ᠪᠣᠭᠣᠮᠲᠠ ᠪᠣᠯ ᠳᠤᠮᠳᠠᠳᠤ ᠮᠣᠩᠭᠣᠯ ᠬᠣᠶᠠᠷ ᠤᠯᠤᠰ᠎ᠤ᠋ᠨ ᠬᠣᠭᠣᠷᠣᠨᠳᠣ ᠪᠠᠷᠠᠭ᠎ᠠ ᠣᠷᠣᠭᠤᠯᠬᠤ ᠬᠡᠮᠵᠢᠶ᠎ᠡ ᠪᠡᠷ ᠬᠠᠮᠤᠭ᠎ᠤ᠋ᠨ ᠲᠣᠮᠣ ᠵᠠᠰᠠᠮᠠᠯ ᠵᠠᠮ᠎ᠤ᠋ᠨ ᠬᠢᠯᠢ᠎ᠶᠢᠨ ᠪᠣᠭᠣᠮᠲᠠ ᠪᠣᠯᠤᠨ᠎ᠠ᠂ 2024 ᠣᠨ᠎ᠤ᠋ ᠪᠠᠷᠠᠭ᠎ᠠ ᠣᠷᠣᠭᠤᠯᠤᠭᠰᠠᠨ ᠬᠡᠮᠵᠢᠶ᠎ᠡ ᠨᠢ 4000 ᠲᠦᠮᠡᠨ ᠲᠤᠨ᠎ᠢ᠋ ᠳᠠᠪᠠᠵᠤ᠂ ᠥᠪᠥᠷ ᠮᠣᠩᠭᠣᠯ᠎ᠤ᠋ᠨ ᠥᠪᠡᠷᠲᠡᠭᠡᠨ ᠵᠠᠰᠠᠬᠤ ᠣᠷᠣᠨ᠎ᠤ᠋ 14 ᠬᠢᠯᠢ᠎ᠶᠢᠨ ᠪᠣᠭᠣᠮᠲᠠ᠎ᠶ᠋ᠢᠨ ᠪᠠᠷᠠᠭ᠎ᠠ ᠣᠷᠣᠭᠤᠯᠤᠭᠰᠠᠨ ᠶᠡᠷᠦᠩᠬᠡᠢ ᠬᠡᠮᠵᠢᠶ᠎ᠡ᠎ᠶ᠋ᠢᠨ ᠭᠤᠷᠪᠠᠨ᠎ᠤ᠋ ᠨᠢᠭᠡ ᠬᠤᠪᠢ᠎ᠶ᠋ᠢ ᠡᠵᠡᠯᠡᠪᠡ᠃

《ᠬᠢᠯᠢ ᠵᠢᠨ ᠪᠣᠭᠣᠮᠲᠠ ᠰᠠᠭᠠᠳ ᠦᠭᠡᠢ ᠨᠡᠪᠲᠡᠷᠡᠵᠦ᠂ ᠭᠠᠳᠠᠭᠠᠳᠤ ᠠᠷᠠᠯᠵᠢᠶ᠎ᠠ ᠥᠷᠨᠢᠨ ᠬᠥᠭᠵᠢᠳᠡᠭ ᠯᠡ ᠶᠤᠮ ᠪᠤᠯ᠂ ᠪᠢᠳᠡᠨ᠎ᠦ᠌ ᠭᠠᠷᠭᠠᠭᠰᠠᠨ ᠦᠷᠡᠭᠳᠡᠯ ᠥᠷᠲᠡᠭ ᠲᠠᠢ᠃ 2025 ᠣᠨ᠎ᠳ᠋ᠤ᠌ ᠪᠢᠳᠡ ᠦᠷᠭᠦᠯᠵᠢᠯᠡᠨ ᠤᠯᠤᠰ᠎ᠤ᠋ᠨ ᠡᠭᠦᠳᠡ᠎ᠪᠡᠨ ᠪᠠᠲᠤ ᠰᠠᠬᠢᠵᠤ᠂ ᠬᠥᠭᠵᠢᠯᠲᠡ᠎ᠶ᠋ᠢ ᠠᠬᠢᠭᠤᠯᠤᠨ᠂ ᠣᠶᠤᠨᠴᠢ ᠬᠢᠨᠠᠨ ᠬᠠᠮᠢᠶᠠᠷᠤᠯᠲᠠ᠎ᠶ᠋ᠢᠨ ᠪᠠᠢᠳᠠᠯ᠎ᠢ᠋ ᠲᠠᠰᠤᠷᠠᠯᠲᠠ ᠦᠭᠡᠢ ᠰᠢᠯᠢᠳᠡᠭᠵᠢᠭᠦᠯᠵᠦ ᠂ ᠪᠣᠭᠣᠮᠲᠠ᠎ᠪᠠᠷ ᠪᠠᠷᠠᠭ᠎ᠠ᠎ᠥᠨᠭᠭᠡᠷᠡᠬᠥᠯᠬᠥ ᠴᠢᠳᠠᠪᠤᠷᠢ᠎ᠪᠡᠨ ᠳᠡᠭᠡᠭᠰᠢᠯᠡᠭᠦᠯᠦᠨ᠂ ᠤᠮᠠᠷᠠᠰᠢ ᠨᠡᠭᠡᠭᠡᠬᠦ ᠡᠭᠦᠳᠡ᠎ᠶ᠋ᠢ ᠨᠡᠩ ᠰᠠᠷᠠᠭᠤᠯ ᠠᠭᠤᠳᠠᠮ ᠪᠣᠯᠭᠠᠨ᠎ᠠ》 ᠭᠡᠵᠦ ᠯᠢ ᠵᠧᠨ ᠮᠢᠨ ᠡᠷᠡᠰ ᠰᠢᠭᠤᠷᠬᠠᠢ᠎ᠪᠠᠷ ᠬᠡᠯᠡᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号