ᠲᠡᠯᠭᠡᠷ ᠵᠤᠨ᠎ᠤ ᠦᠷᠯᠦᠭᠡ᠂ ᠦᠬᠠᠢ ᠬᠤᠳᠠ᠎ᠶᠢᠨ ᠬᠠᠢᠷᠤᠪ᠎ᠤᠨ ᠲᠣᠬᠣᠢ ᠲᠣᠭᠣᠷᠢᠭ᠋᠎ᠤᠨ ᠹᠸᠩ ᠬᠤᠸᠠᠩ ᠯᠢᠩ ᠵᠡᠭᠡᠯᠢ ᠭᠤᠳᠤᠮᠵᠢ᠎ᠶᠢᠨ ᠴᠠᠩ ᠴᠢᠩ ᠨᠡᠢᠭᠡᠮ ᠲᠣᠭᠣᠷᠢᠭ᠋᠎ᠤᠨ ᠦᠢᠯᠡᠳᠪᠦᠷᠢ ᠬᠤᠳᠠᠯᠳᠤᠭᠠᠨ᠎ᠤ ᠪᠠᠩᠬᠢ ᠢ᠋ᠢᠨ ᠡᠮᠦᠨᠡᠬᠢ ᠰᠠᠭᠤᠭᠠᠯᠢ ᠠᠷᠠᠳ᠎ᠤᠨ ᠲᠤᠭᠤᠷᠢᠭ᠎ᠤᠨ ᠬᠣᠢᠲᠤ ᠲᠠᠯ᠎ᠠ᠎ᠶᠢᠨ ᠴᠡᠴᠡᠷᠯᠢᠭ᠎ᠲᠦ ᠤᠯᠠᠨ ᠬᠦᠮᠦᠰ ᠬᠤᠷᠳᠤᠨ ᠠᠯᠬᠤᠵᠤ᠂ ᠲᠠᠮᠢᠷ ᠬᠢᠵᠦ᠂ ᠪᠥᠮᠪᠥᠭᠡ ᠨᠠᠭᠠᠳᠤᠨ᠎ᠠ ᠁ ᠣᠢᠷ᠎ᠠ ᠬᠠᠪᠢ᠎ᠶᠢᠨ ᠡᠯ᠎ᠡ ᠰᠠᠭᠤᠭᠠᠯᠢ ᠠᠷᠠᠳ᠎ᠤᠨ ᠲᠣᠭᠣᠷᠢᠭ᠋᠎ᠤᠨ ᠰᠠᠭᠤᠭᠠᠯᠢ ᠠᠷᠠᠳ ᠡᠨᠳᠡ ᠴᠤᠭᠯᠠᠷᠠᠵᠤ᠂ ᠤᠯᠠᠨ᠎ᠢᠶᠠᠷ᠎ᠢᠶᠠᠨ ᠥᠪᠡᠷ ᠥᠪᠡᠷ᠎ᠦᠨ ᠠᠷᠭ᠎ᠠ ᠬᠡᠯᠪᠡᠷᠢ᠎ᠪᠡᠷ ᠢ᠋ᠢᠡᠨ ᠰᠢᠨ᠎ᠡ ᠨᠢᠭᠡᠨ ᠡᠳᠦᠷ᠎ᠢᠶᠡᠨ ᠤᠭᠳᠤᠨ᠎ᠠ ᠃
《ᠡᠨᠡ ᠴᠡᠴᠡᠷᠯᠢᠭ᠎ᠲᠦ ᠪᠡᠶ᠎ᠡ ᠴᠢᠭᠢᠷᠠᠭᠵᠢᠭᠤᠯᠬᠤ ᠵᠠᠮ᠂ ᠪᠡᠶ᠎ᠡ ᠵᠢᠨ ᠲᠠᠮᠢᠷ᠎ᠤᠨ ᠪᠠᠭᠠᠵᠢ ᠬᠡᠷᠡᠭᠰᠡᠯ᠎ᠲᠠᠢ᠂ ᠴᠡᠴᠡᠷᠯᠢᠭ ᠢ᠋ᠢᠡᠷ ᠠᠯᠬᠤᠨ ᠲᠤᠭᠤᠷᠢᠬᠤ᠎ᠳᠤ ᠮᠠᠰᠢ ᠲᠠᠭᠠᠲᠠᠢ》 ᠭᠡᠵᠦ ᠲᠠᠩ ᠪᠦᠦ ᠴᠧᠩ ᠶᠠᠷᠢᠨ᠎ᠠ᠃ ᠰᠠᠭᠤᠭᠠᠯᠢ ᠠᠷᠠᠳ ᠲᠠᠩ ᠪᠦᠦ ᠴᠧᠩ ᠡᠳᠦᠷ ᠪᠦᠷᠢ ᠡᠨᠳᠡ ᠪᠡᠶ᠎ᠡ ᠪᠣᠯᠪᠠᠰᠤᠷᠠᠵᠦ ᠲᠠᠭᠤᠰᠤᠭᠠᠳ ᠶᠠᠪᠠᠭᠠᠨ᠎ᠢᠶᠠᠷ ᠦᠢᠯᠡᠳᠪᠦᠷᠢ ᠬᠤᠳᠠᠯᠳᠤᠭᠠᠨ᠎ᠤ ᠪᠠᠩᠬᠢ᠎ᠶᠢᠨ ᠡᠮᠦᠨᠡᠬᠢ ᠰᠠᠭᠤᠭᠠᠯᠢ ᠠᠷᠠᠳ᠎ᠤᠨ ᠲᠤᠭᠤᠷᠢᠭ᠎ᠤᠨ ᠰᠢᠨ ᠬᠤᠢ ᠬᠠᠢᠷ᠎ᠠ ᠬᠠᠯᠠᠮᠵᠢ᠎ᠶᠢᠨ ᠬᠡᠳᠦ ᠳᠡᠯᠭᠡᠭᠦᠷ᠎ᠲᠦ ᠬᠦᠷᠴᠦ ᠢᠳᠡᠰᠢᠨ ᠨᠣᠭᠣᠭ᠎ᠠ ᠬᠤᠳᠠᠯᠳᠤᠨ ᠠᠪᠳᠠᠭ᠃ ᠡᠨᠡ ᠬᠦ᠌ ᠬᠡᠳᠦ ᠳᠡᠯᠭᠡᠭᠦᠷ᠎ᠲᠦ ᠰᠢᠨ᠎ᠡ ᠰᠣᠷᠭᠣᠭ ᠵᠢᠮᠢᠰ ᠨᠣᠭᠣᠭ᠎ᠠ ᠵᠢᠨ ᠲᠦᠷᠦᠯ ᠵᠦᠢᠯ ᠮᠠᠰᠢ ᠤᠯᠠᠨ᠂ ᠡᠷᠭᠢᠨ ᠲᠣᠭᠣᠷᠢᠨ᠎ᠤ ᠰᠠᠭᠤᠭᠠᠯᠢ ᠠᠷᠠᠳ ᠡᠳᠦᠷ ᠲᠤᠲᠤᠮ᠎ᠤᠨ ᠪᠠᠷᠠᠭ᠎ᠠ ᠬᠤᠳᠠᠯᠳᠤᠨ ᠠᠪᠬᠤ᠎ᠳᠤ ᠲᠤᠢᠯ᠎ᠤᠨ ᠳᠥᠭᠥᠮ ᠪᠣᠯᠤᠭᠰᠠᠨ ᠪᠠᠢᠨ᠎ᠠ᠃
《ᠭᠡᠷ᠎ᠦᠨ ᠡᠭᠦᠳᠡᠨ᠎ᠳᠦ ᠴᠡᠴᠡᠷᠯᠢᠭ᠎ᠲᠠᠢ᠂ ᠳᠡᠮᠡᠢ ᠬᠣᠯᠠ ᠦᠭᠡᠢ ᠭᠠᠵᠠᠷ᠎ᠲᠤ ᠨᠡᠢᠭᠡᠮ ᠲᠣᠭᠣᠷᠢᠭ᠋᠎ᠤᠨ ᠦᠢᠯᠡᠴᠢᠯᠡᠭᠡᠨ᠎ᠦ ᠲᠥᠪ᠎ᠲᠠᠢ᠂ ᠬᠡᠳᠦ ᠳᠡᠯᠭᠡᠭᠦᠷ ᠰᠠᠭᠤᠭᠠᠯᠢ ᠠᠷᠠᠳ᠎ᠤᠨ ᠲᠤᠭᠤᠷᠢᠭ ᠲᠸ᠋ ᠪᠠᠢᠳᠠᠭ ᠪᠣᠯᠬᠣᠷ ᠳᠤᠩ ᠳᠥᠭᠥᠮ》 ᠭᠡᠵᠦ ᠲᠠᠩ ᠪᠦᠦ ᠴᠧᠩ ᠡᠷᠡᠬᠡᠢ ᠭᠠᠷᠭᠠᠨ ᠮᠠᠬᠲᠠᠪᠠ᠃
ᠴᠠᠩ ᠴᠢᠩ ᠨᠡᠢᠭᠡᠮ ᠲᠣᠭᠣᠷᠢᠭ᠋ ᠬᠠᠢᠷᠤᠪ᠎ᠤᠨ ᠲᠣᠬᠣᠢ ᠢ᠋ᠢᠨ ᠬᠤᠳᠠ ᠲᠣᠭᠣᠷᠢᠭ᠋᠎ᠤᠨ ᠲᠥᠪ᠎ᠲᠦ ᠪᠠᠢᠷᠢᠯᠠᠵᠤ᠂ ᠤᠯᠠᠨ ᠦᠨᠳᠦᠰᠦᠲᠡᠨ᠎ᠤ ᠨᠡᠢ᠍ᠢᠳᠡ ᠲᠦᠮᠡ ᠭᠠᠷᠤᠢ ᠬᠥᠮᠥᠨ ᠡᠨᠳᠡ ᠠᠮᠢᠳᠤᠷᠠᠵᠤ ᠪᠤᠢ᠃ ᠨᠡᠢᠭᠡᠮ ᠲᠣᠭᠣᠷᠢᠭ᠋᠎ᠢ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠰᠠᠬᠢᠨ ᠪᠠᠷᠠᠯᠠᠵᠦ ᠬᠠᠷᠢᠯᠴᠠᠨ ᠬᠠᠪᠰᠤᠷᠤᠯᠴᠠᠬᠤ ᠲᠣᠮᠣ᠌ ᠭᠡᠷ ᠪᠦᠯᠢ ᠪᠣᠯᠭᠠᠨ ᠪᠦᠲᠦᠭᠡᠨ ᠪᠠᠶ᠋ᠢᠭᠤᠯᠬᠤ᠎ᠶᠢᠨ ᠲᠥᠯᠥᠭᠡ᠂ ᠴᠠᠩ ᠴᠢᠩ ᠨᠡᠢᠭᠡᠮ ᠲᠣᠭᠣᠷᠢᠭ᠋᠎ᠤᠨ ᠨᠠᠮ᠎ᠤᠨ ᠬᠣᠷᠢᠶ᠎ᠠ ᠣᠢᠷ᠎ᠠ᠎ᠶᠢᠨ ᠵᠢᠯ᠎ᠳᠦ 《ᠨᠢᠭᠡ ᠮᠥᠴᠡ ᠢ᠋ᠢᠨ ᠠᠮᠢᠳᠤᠷᠠᠯ᠎ᠤᠨ ᠲᠤᠭᠤᠷᠢᠭ》 ᠤ᠋ᠨ ᠪᠦᠲᠦᠭᠡᠨ ᠪᠠᠢᠭᠤᠯᠤᠯᠲᠠ᠎ᠶᠢ ᠢᠳᠡᠪᠬᠢᠲᠡᠢ ᠠᠬᠢᠭᠤᠯᠵᠠᠢ᠃
ᠨᠡᠢᠭᠡᠮ ᠲᠣᠭᠣᠷᠢᠭ᠋᠎ᠤᠨ ᠨᠠᠮ᠎ᠤᠨ ᠬᠣᠷᠢᠶ᠎ᠠ ᠢ᠋ᠢᠨ ᠱᠦᠵᠢ ᠬᠤᠤ ᠬᠦᠢ ᠵᠧᠨ᠎ᠦ ᠲᠠᠨᠢᠯᠴᠠᠭᠤᠯᠤᠭᠰᠠᠨ᠎ᠢᠶᠠᠷ᠂ ᠡᠨᠡᠬᠦ 《ᠲᠤᠭᠤᠷᠢᠭ》 ᠲᠸ᠋ ᠦᠨᠳᠦᠰᠦᠲᠡᠨ᠎ᠨᠦᠭᠦᠳ᠎ᠦᠨ ᠤᠯᠠᠨ ᠲᠦᠮᠡᠨ ᠰᠤᠷᠭᠠᠨ ᠬᠥᠮᠦᠵᠢᠯ᠂ ᠡᠮ ᠡᠮᠨᠡᠯᠭᠡ᠂ ᠨᠠᠰᠤᠵᠢᠯ᠎ᠤᠨ ᠠᠰᠠᠷᠠᠮᠵᠢ᠂ ᠪᠠᠷᠠᠭ᠎ᠠ ᠬᠤᠳᠠᠯᠳᠤᠨ ᠠᠪᠬᠤ᠂ ᠰᠡᠯᠡᠭᠦᠴᠡᠯ ᠵᠤᠭ᠎ᠠ ᠴᠡᠩᠭᠡᠯ ᠵᠡᠷᠭᠡ ᠲᠠᠯ᠎ᠠ᠎ᠶᠢᠨ ᠠᠮᠢᠳᠤᠷᠠᠯ᠎ᠤᠨ ᠬᠡᠷᠡᠭᠴᠡᠭᠡ ᠱᠠᠭᠠᠷᠳᠠᠯᠭ᠎ᠠ ᠪᠠᠨ 《ᠲᠤᠭᠤᠷᠢᠭ》 ᠡᠴᠡ ᠪᠠᠨ ᠭᠠᠷᠬᠤ ᠦᠭᠡᠢ ᠪᠡᠷ ᠰᠢᠢᠳᠪᠦᠷᠢᠯᠡᠴᠢᠭᠡᠳᠡᠭ᠃
ᠡᠳᠦᠭᠡ᠂ ᠴᠠᠩ ᠴᠢᠩ ᠨᠡᠢᠭᠡᠮ ᠲᠣᠭᠣᠷᠢᠭ᠋᠎ᠤᠨ《ᠨᠢᠭᠡ ᠮᠥᠴᠡ᠎ᠶᠢᠨ ᠠᠮᠢᠳᠤᠷᠠᠯ᠎ᠤᠨ ᠲᠤᠭᠤᠷᠢᠭ》 ᠨᠢ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠳᠦ ᠵᠢᠷᠭᠠᠯᠲᠤ ᠲᠥᠷᠥᠭᠳᠡᠯ ᠥᠭᠭᠦᠭᠰᠡᠨ᠎ᠢᠶᠡᠷ ᠦᠯᠦ ᠪᠠᠷᠠᠮ᠂ ᠪᠠᠰᠠ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ᠂ ᠪᠦᠯᠬᠦᠮᠳᠡᠨ ᠲᠡᠮᠡᠴᠡᠬᠦ ᠳᠤᠯᠠᠭᠠᠨ ᠭᠠᠷᠠᠮ ᠪᠣᠯᠤᠭᠰᠠᠨ ᠪᠠᠢᠨ᠎ᠠ᠃
ᠣᠢᠷ᠎ᠠ᠎ᠶᠢᠨ ᠵᠢᠯ᠎ᠳᠦ᠂ ᠦᠬᠠᠢ ᠬᠣᠲᠠ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠡᠳᠤ ᠴᠤᠬᠴᠠᠯᠠᠬᠤ ᠪᠡᠷ ᠭᠣᠣᠯ ᠰᠢᠵᠢᠮ ᠪᠣᠯᠭᠠᠵᠤ᠂ ᠨᠢᠭᠡ ᠮᠥᠴᠡ ᠮᠠᠶᠢᠭ᠋᠎ᠤᠨ ᠣᠷᠣᠨ ᠵᠠᠢ᠎ᠶᠢᠨ ᠲᠤᠭᠤᠷᠢᠭ᠂ ᠰᠣᠶᠣᠯ᠎ᠤᠨ ᠲᠤᠭᠤᠷᠢᠭ᠂ ᠠᠵᠤ ᠠᠬᠤᠢ᠎ᠶᠢᠨ ᠲᠤᠭᠤᠷᠢᠭ᠂ ᠨᠡᠢᠭᠡᠮ᠎ᠦᠨ ᠲᠤᠭᠤᠷᠢᠭ᠂ ᠰᠡᠳᠬᠢᠴᠡ᠎ᠶᠢᠨ ᠲᠤᠭᠤᠷᠢᠭ ᠢ᠋ ᠬᠦᠴᠦᠯᠡᠨ ᠪᠠᠢᠭᠤᠯᠵᠤ᠂ ᠣᠷᠣᠨ ᠵᠠᠢ᠎ᠶᠢᠨ ᠲᠠᠬᠢᠨ ᠴᠣᠭᠴᠠᠯᠠᠯᠲᠠ᠎ᠪᠠᠷ ᠤᠯᠠᠮᠵᠢᠯᠠᠯᠲᠤ ᠨᠡᠢᠭᠡᠮ ᠲᠣᠭᠣᠷᠢᠭ᠋᠎ᠤᠨ ᠵᠠᠭᠠᠬ ᠬᠢᠵᠠᠭᠠᠷ ᠢ᠋ ᠡᠪᠳᠡᠵᠦ᠂ ᠲᠥᠬᠦᠭᠡᠷᠦᠮᠵᠢ᠎ᠶᠢ ᠬᠠᠮᠲᠤ ᠪᠠᠷ ᠡᠳ᠋ᠯᠡᠬᠦ᠎ᠪᠡᠷ ᠤᠯᠠᠨ ᠨᠡᠶ᠋ᠢᠲᠡ᠎ᠶᠢᠨ ᠦᠢᠯᠡᠴᠢᠯᠡᠭᠡᠨ᠎ᠦ ᠵᠥᠷᠢᠶ᠎ᠡ᠎ᠶᠢ ᠨᠥᠬᠥᠪᠦᠷᠢᠯᠡᠵᠦ᠂ ᠣᠶᠤᠨᠴᠢ ᠵᠠᠰᠠᠯᠲᠠ᠎ᠪᠠᠷ ᠠᠭᠤᠰᠤᠯᠴᠠᠯ᠎ᠤᠨ ᠬᠥᠳᠡᠯᠭᠡᠬᠦ ᠬᠦᠴᠦᠨ᠎ᠢ ᠬᠥᠭᠵᠢᠭᠡᠵᠦ᠂ ᠦᠨᠳᠦᠰᠦᠲᠡᠨ᠎ᠨᠦᠭᠦᠳ᠎ᠦᠨ ᠭᠦᠨᠵᠡᠭᠡᠢ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠠᠬᠢᠭᠤᠯᠵᠤ᠂ ᠲᠤᠭᠤᠷᠢᠭ ᠢ᠋ᠢᠡᠷ ᠰᠢᠭᠢᠳᠬᠡᠬᠦ᠎ᠶᠢ ᠠᠬᠢᠭᠤᠯᠬᠤ᠂ ᠰᠢᠭᠢᠳᠬᠡᠬᠦ᠎ᠪᠡᠷ ᠠᠭᠤᠰᠤᠯᠴᠠᠬᠤ᠎ᠶᠢ ᠠᠬᠢᠭᠤᠯᠬᠤ᠂ ᠠᠭᠤᠰᠤᠯᠴᠠᠬᠤ᠎ᠪᠠᠷ ᠠᠳᠠᠯᠢ ᠲᠠᠯ᠎ᠠ᠎ᠶᠢ ᠠᠬᠢᠭᠤᠯᠬᠤ ᠬᠤᠳᠠ᠎ᠶᠢᠨ ᠦᠨᠳᠦᠰᠦᠲᠡᠨ᠎ᠦ ᠠᠵᠢᠯ᠎ᠤᠨ ᠰᠢᠨ᠎ᠡ ᠵᠠᠮ᠎ᠢ ᠨᠡᠭᠡᠭᠡᠵᠡᠢ᠃
ᠦᠬᠠᠢ ᠬᠣᠲᠠ᠎ᠶᠢᠨ ᠬᠢᠨ ᠡᠯ᠎ᠡ ᠦᠨᠳᠦᠰᠦᠲᠡᠨ᠂ ᠠᠳᠠᠯᠢ ᠪᠤᠰᠤ ᠪᠦᠯᠬᠦᠮ ᠨᠡᠢᠲᠡ ᠢ᠋ᠢᠨ ᠬᠣᠲᠠ᠎ᠶᠢᠨ ᠠᠮᠢᠳᠤᠷᠠᠯ᠎ᠳᠤ ᠠᠭᠤᠰᠤᠯᠴᠠᠬᠤ ᠪᠣᠳᠠᠲᠤ ᠬᠡᠷᠡᠭᠴᠡᠭᠡ᠎ᠶᠢ ᠭᠦᠢᠴᠡᠳ ᠪᠣᠳᠣᠯᠬᠢᠯᠠᠵᠤ᠂ ᠬᠤᠳᠠ᠎ᠶᠢᠨ ᠪᠦᠲᠦᠭᠡᠨ ᠪᠠᠢᠭᠤᠯᠤᠯᠲᠠ᠎ᠶᠢᠨ ᠪᠠᠢᠷᠢᠰᠢᠭᠤᠯᠤᠯᠲᠠ ᠢ᠋ᠢᠨ ᠲᠥᠯᠦᠪᠵᠢᠭᠦᠯᠭᠡ᠎ᠶᠢ ᠨᠢᠭᠡᠳᠦᠯᠲᠡᠢ ᠲᠥᠯᠥᠪᠵᠢᠭᠦᠯᠦᠨ᠂ ᠬᠤᠳᠠ᠎ᠶᠢᠨ ᠳᠥᠭᠥᠮ ᠪᠦᠲᠦᠴᠡᠲᠦ ᠤᠷᠤᠨ ᠰᠠᠭᠤᠴᠠ ᠢ᠋ᠢᠨ ᠲᠤᠭᠤᠷᠢᠭ᠎ᠤᠨ ᠦᠭᠡᠷᠡᠴᠢᠯᠡᠯᠲᠡ᠂ ᠪᠠᠲᠤᠯᠠᠭ᠎ᠠ᠎ᠶᠢᠨ ᠴᠢᠨᠠᠷᠲᠠᠢ ᠣᠷᠣᠨ ᠰᠠᠭᠤᠴᠠ᠎ᠶᠢᠨ ᠬᠤᠪᠢᠶᠠᠷᠢᠯᠠᠯᠲᠠ᠂ ᠬᠦᠷᠢᠶᠡᠯᠡᠩ ᠲᠣᠭᠣᠷᠢᠭ᠋᠎ᠤᠨ ᠠᠵᠢᠯ ᠬᠢᠵᠦ ᠪᠠᠢᠭ᠎ᠠ ᠬᠥᠮᠥᠰ᠎ᠤᠨ ᠢᠵᠢ ᠪᠦᠷᠢᠳᠦᠭᠦᠯᠦᠭᠰᠡᠨ ᠣᠷᠣᠨ ᠰᠠᠭᠤᠴᠠ ᠵᠡᠷᠭᠡ ᠠᠵᠢᠯ᠎ᠤᠨ ᠳᠤᠮᠳᠠ᠂ ᠵᠠᠰᠠᠭ ᠤᠨ ᠣᠷᠳᠣᠨ ᠬᠥᠲᠥᠯᠥᠨ ᠵᠢᠯᠤᠭᠣᠳᠬᠤ᠂ ᠠᠵᠤ ᠠᠬᠤᠢᠯᠠᠯ ᠡᠴᠡ ᠤᠬᠠᠭᠤᠯᠬᠤ᠂ ᠨᠡᠢᠭᠡᠮ ᠲᠣᠭᠣᠷᠢᠭ᠋ ᠡᠴᠡ ᠳᠠᠢᠴᠢᠯᠠᠬᠤ᠂ ᠰᠠᠭᠤᠭᠠᠯᠢ ᠠᠷᠠᠳ ᠣᠷᠣᠯᠴᠠᠬᠤ ᠵᠡᠷᠭᠡ ᠠᠷᠭ᠎ᠠ ᠬᠡᠮᠵᠢᠶ᠎ᠡ᠎ᠪᠡᠷ ᠳᠠᠮᠵᠢᠨ᠂ ᠦᠨᠳᠦᠰᠦᠲᠡᠨ᠎ᠨᠦᠭᠦᠳ᠎ᠤᠨ ᠬᠠᠷᠢᠯᠴᠠᠨ ᠰᠢᠭᠢᠳᠬᠦ ᠮᠠᠶᠢᠭ᠎ᠤᠨ ᠣᠷᠣᠨ ᠰᠠᠭᠤᠴᠠ᠎ᠶᠢᠨ ᠰᠢᠨ᠎ᠡ ᠪᠠᠢᠷᠢᠰᠢᠯ᠎ᠢ ᠶᠡᠬᠡ ᠪᠡᠷ ᠠᠬᠢᠭᠤᠯᠵᠤ᠂ ᠦᠨᠳᠦᠰᠦᠲᠡᠨ᠎ᠨᠦᠭᠦᠳ᠎ᠤᠨ ᠣᠷᠣᠨ ᠵᠠᠢ᠎ᠶᠢᠨ ᠬᠠᠷᠢᠯᠴᠠᠨ ᠰᠢᠭᠢᠳᠬᠦ᠎ᠶᠢ ᠪᠡᠶᠡᠯᠡᠭᠦᠯᠪᠡ᠃ ᠬᠠᠭᠤᠴᠢᠨ ᠰᠠᠭᠤᠭᠠᠯᠢ ᠠᠷᠠᠳ᠎ᠤᠨ ᠲᠣᠭᠣᠷᠢᠭ᠋᠎ᠢ ᠥᠭᠡᠷᠡᠴᠢᠯᠡᠨ ᠪᠠᠶ᠋ᠢᠭᠤᠯᠬᠤ ᠶᠠᠪᠤᠴᠠ᠎ᠳᠤ᠂ ᠦᠬᠠᠢ ᠬᠤᠳᠠ᠎ᠶᠢᠨ ᠬᠢᠨ ᠪᠠᠰᠠ ᠨᠡᠢᠭᠡᠮ ᠲᠣᠭᠣᠷᠢᠭ᠋᠎ᠤᠨ ᠤᠤᠯ᠎ᠤᠨ ᠪᠠᠢᠭᠰᠠᠨ ᠰᠣᠶᠣᠯ ᠢ᠋ ᠦᠯᠡᠳᠡᠭᠡᠬᠦ᠎ᠶᠢ ᠴᠢᠬᠤᠯᠠᠴᠢᠯᠠᠬᠤ᠎ᠶᠢᠨ ᠬᠠᠮᠲᠤ 《ᠦᠨᠳᠦᠰᠦᠲᠡᠨ᠎ᠦ ᠪᠦᠯᠬᠦᠮᠳᠡᠯ᠎ᠦᠨ ᠠᠰᠠᠷ》᠂ 《ᠰᠡᠳᠬᠢᠯ ᠨᠢᠭᠡᠲᠡᠳ᠎ᠤᠨ ᠲᠠᠬ᠎ᠲᠦ》ᠵᠡᠷᠭᠡ ᠣᠨᠴᠠᠯᠢᠭ᠍ᠲᠤ ᠣᠷᠣᠨ ᠵᠠᠢ᠎ᠶᠢ ᠨᠡᠮᠡᠨ ᠪᠠᠢᠭᠤᠯᠵᠤ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠳᠦ 《ᠭᠡᠷ᠎ᠦᠨ ᠡᠭᠦᠳᠡᠨ》 ᠳᠡᠭᠡᠷ᠎ᠡ ᠪᠠᠨ ᠬᠠᠮᠲᠤ᠎ᠶᠢᠨ ᠴᠣᠭᠴᠠ᠎ᠶᠢᠨ ᠣᠢᠯᠠᠭᠠᠭᠳᠠᠬᠤᠨ᠎ᠢ ᠮᠡᠳᠡᠷᠡᠭᠦᠯᠵᠡᠢ᠃
ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠤᠨ ᠲᠠᠪᠴᠠᠩ᠎ᠢ ᠥᠷᠭᠡᠳᠭᠡᠬᠦ᠌᠎ᠶ᠋ᠢᠨ ᠲᠥᠯᠥᠭᠡ᠂ ᠲᠣᠰ ᠬᠣᠲᠠ᠎ᠶ᠋ᠢᠨ ᠬᠢᠨ ᠪᠥᠬᠥ᠌ ᠬᠣᠲᠠ᠎ᠶ᠋ᠢᠨ 83 ᠨᠡᠢᠭᠡᠮ ᠲᠣᠭᠣᠷᠢᠭ(ᠲᠣᠰᠭᠣᠨ) ᠢ᠋ 14《ᠨᠢᠭᠡ ᠮᠥᠴᠡ᠎ᠶ᠋ᠢᠨ ᠠᠮᠢᠳᠤᠷᠠᠯ᠎ᠤᠨ ᠲᠣᠭᠣᠷᠢᠭ》ᠪᠣᠯᠭᠠᠨ ᠬᠤᠪᠢᠶᠠᠵᠤ᠂ ᠳᠤᠮᠳᠠᠴᠢ᠎ᠪᠠᠷ ᠠᠮᠢᠳᠤᠷᠠᠯ᠎ᠤᠨ ᠲᠣᠭᠣᠷᠢᠭ ᠪᠦᠷᠢᠳᠦ 4 ᠲᠦᠮᠡᠨ ᠬᠥᠮᠦᠨ ᠣᠷᠴᠢᠮ ᠪᠤᠯᠬᠤᠷ ᠲᠠᠩ ᠭᠠᠭ᠍ᠴᠠ ᠨᠡᠢᠭᠡᠮ ᠲᠣᠭᠣᠷᠢᠭ᠎ᠤᠨ ᠬᠠᠷᠢᠯᠴᠠᠭᠠᠨ᠎ᠤ ᠬᠡᠪᠴᠢᠶ᠎ᠡ ᠪᠠ ᠪᠠᠭᠲᠠᠭᠠᠮᠵᠢ᠎ᠡᠴᠡ ᠬᠣᠯᠠ ᠶᠡᠬᠡ ᠪᠠᠢᠵᠤ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠶᠠᠪᠠᠭᠠᠨ᠎ᠢᠶᠡᠷ15 ᠮᠢᠨᠦ᠋ᠲ᠎ᠦᠨ ᠬᠡᠪᠴᠢᠶᠡᠨ ᠳ᠋ᠤ ᠳᠥᠭᠥᠮ ᠳᠥᠲᠡ ᠦᠶ᠋ᠯᠡᠴᠢᠯᠡᠭᠡ ᠭᠥᠷᠳᠡᠬᠦ᠌᠎ᠶ᠋ᠢ ᠦᠨᠡᠨ ᠬᠦ᠌ ᠪᠠᠲᠤᠯᠠᠵᠤ᠂ ᠨᠠᠢᠵᠠ ᠨᠦᠬᠦᠳ ᠲᠠᠢ ᠪᠠᠨ ᠠᠭᠤᠯᠵᠠᠵᠤ ᠤᠴᠠᠷᠠᠬᠤ ᠳ᠋ᠤ ᠲᠦᠬᠦᠮ ᠪᠤᠯᠪᠠ᠃
ᠡᠨᠡ ᠬᠦ᠌ ᠶᠠᠪᠤᠴᠠ᠎ᠳᠤ᠂ ᠦᠬᠠᠢ ᠬᠤᠲᠠ ᠰᠠᠭᠤᠷᠢ ᠦᠢᠯᠡᠴᠢᠯᠡᠭᠡ᠎ᠶ᠋ᠢ ᠪᠦᠬᠦᠨ᠎ᠢ ᠪᠦᠷᠬᠦᠬᠦᠯᠬᠦ᠌᠎ᠶ᠋ᠢ ᠬᠦᠴᠦᠯᠡᠨ ᠠᠬᠢᠭᠤᠯᠵᠤ᠂ 《ᠪᠢᠴᠢᠯ ᠱᠢᠨᠡᠳᠬᠡᠯ》 ᠤ᠋ᠨ ᠲᠦᠷᠦᠯ ᠵᠦᠢᠯ᠎ᠢᠶᠡᠷ ᠭᠠᠷᠳᠠᠴᠠ ᠪᠣᠯᠭᠠᠨ᠂ ᠪᠦᠬᠦ᠌ ᠬᠤᠲᠠ᠎ᠳᠤ 200 ᠭᠠᠷᠤᠢ ᠬᠠᠷᠮᠠᠨ ᠴᠡᠴᠡᠷᠯᠢᠭ᠂ 83 ᠨᠡᠢᠭᠡᠮ ᠲᠣᠭᠣᠷᠢᠭ᠎ᠤᠨ ᠤᠷᠠᠨ ᠪᠢᠴᠢᠯᠭᠡ᠎ᠶ᠋ᠢᠨ ᠠᠵᠢᠯᠯᠠᠭᠠᠨ᠎ᠤ ᠲᠠᠰᠤᠭ᠂ 14 《ᠤᠯᠠᠭᠠᠨ ᠠᠨᠠᠷ》᠎ᠤ᠋ᠨ ᠦᠢᠯᠡᠴᠢᠯᠡᠭᠡᠨ᠎ᠦ ᠦᠷᠲᠡᠭᠡᠪᠠᠢᠭᠤᠯᠵᠤ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ ᠶᠠᠪᠠᠭᠠᠨ᠎ᠢᠶᠠᠷ 15 ᠮᠢᠨᠦ᠋ᠲ᠎ᠦᠨ ᠳᠣᠲᠣᠷ᠎ᠠ ᠰᠡᠯᠡᠭᠦᠴᠡᠯ᠂ ᠰᠣᠶᠣᠯ᠂ ᠡᠮ ᠡᠮᠨᠡᠯᠭᠡ ᠵᠡᠷᠭᠡ ᠰᠠᠭᠤᠷᠢ ᠦᠢᠯᠡᠴᠢᠯᠡᠭᠡ᠎ᠶ᠋ᠢ ᠡᠳ᠋ᠯᠡᠬᠦ᠌᠎ᠶ᠋ᠢ ᠦᠨᠡᠨ ᠬᠦ᠌ ᠪᠠᠲᠤᠯᠠᠵᠠᠢ᠃ ᠡᠭᠦᠨ᠎ᠦ ᠬᠠᠮᠲᠤ ᠪᠥᠬᠥ᠌ ᠬᠣᠲᠠ᠎ᠶ᠋ᠢᠨ 83 ᠨᠡᠢᠭᠡᠮ ᠲᠣᠭᠣᠷᠢᠭ (ᠲᠣᠰᠭᠣᠨ) ᠲᠸ᠋ ᠨᠠᠰᠤᠵᠢᠯ᠎ᠤᠨ ᠦᠶ᠋ᠯᠡᠴᠢᠯᠡᠭᠡᠨ᠎ᠦ ᠲᠥᠪ ᠢ (ᠥᠷᠲᠡᠭᠡ)88 ᠪᠠᠢᠭᠤᠯᠵᠤ᠂《ᠡᠮᠴᠢᠯᠡᠬᠡ᠂ ᠰᠤᠪᠢᠯᠠᠯᠲᠠ᠂ ᠡᠷᠠᠬᠦᠯᠵᠢᠯ᠂ ᠬᠣᠭᠣᠯᠠ ᠤᠮᠳᠠ᠂ ᠵᠤᠭ᠎ᠠ ᠴᠡᠡᠭᠬᠡᠯ》 ᠵᠡᠷᠬᠡ ᠵᠢᠷᠭᠤᠭ᠎ᠠ᠎ᠶ᠋ᠢ ᠨᠢᠭᠡ ᠴᠤᠭ᠍ᠴᠠᠵᠢᠭᠤᠯᠤᠭ᠍ᠰᠠᠨ ᠦᠶ᠋ᠯᠡᠴᠢᠯᠡᠭᠡ᠎ᠶ᠋ᠢ ᠪᠡᠶᠡᠯᠡᠭᠦᠯᠪᠡ᠃
ᠨᠡᠢᠭᠡᠮ ᠲᠣᠭᠣᠷᠢᠭ᠎ᠤᠨ ᠰᠤᠯᠠ ᠪᠠᠢᠭ᠎ᠠ ᠲᠠᠯᠠᠪᠤᠷ ᠭᠠᠵᠠᠷ᠎ᠢ ᠠᠱᠢᠭ᠍ᠯᠠᠨ᠂ ᠦᠬᠠᠶ ᠬᠣᠲᠠ《 ᠯᠧ ᠯᠢᠨ ᠴᠤᠭ᠍ᠯᠠᠭ᠎ᠠ ᠮᠠᠢᠮᠠᠶ 》 ᠂ 《ᠮᠸ᠋ ᠯᠢᠨ ᠴᠤᠭ᠍ᠯᠠᠭ᠎ᠠ ᠮᠠᠢᠮᠠᠶ》᠂ 《 ᠨᠠᠨ ᠪᠸᠢ ᠴᠤᠭ᠍ᠯᠠᠭ᠎ᠠ ᠮᠠᠢᠮᠠᠶ》ᠵᠡᠷᠭᠡ ᠣᠨᠴᠠᠯᠢᠭ᠍ᠲᠤ ᠣᠯᠠᠨ ᠲᠦᠮᠡᠨ᠎ᠦ ᠦᠶ᠋ᠯᠡᠴᠢᠯᠡᠭᠡᠨ᠎ᠦ ᠲᠦᠷᠦᠯ ᠲᠠᠮᠳᠡᠭ᠎ᠢ ᠱᠢᠨ᠎ᠡ᠎ᠵᠢ ᠡᠭᠦᠳᠦᠨ ᠪᠠᠢᠭᠤᠯᠵᠤ᠂ ᠪᠣᠷᠣᠯᠠᠭᠤᠯᠭ᠎ᠠ᠎ᠶ᠋ᠢ ᠠᠬᠢᠭᠤᠯᠬᠤ ᠳᠡᠯᠭᠡᠨ ᠪᠣᠷᠣᠯᠠᠭᠤᠯᠭ᠎ᠠ᠂ ᠠᠷᠠᠳ᠎ᠲᠤ ᠲᠥᠬᠥᠮ ᠦᠵᠡᠭᠦᠯᠬᠦ᠌ ᠦᠶ᠋ᠯᠡᠴᠢᠯᠡᠭᠡ᠂ ᠬᠡᠷ᠎ᠦᠨ ᠴᠠᠬᠢᠯᠭᠠᠨ ᠬᠡᠷᠡᠭ᠌ᠰᠡᠯ᠎ᠢ ᠱᠢᠨᠡᠳᠭᠡᠬᠦ᠌᠂ ᠠᠵᠢᠯ ᠣᠯᠭᠣᠬᠤ ᠪᠠ ᠤᠷᠢᠵᠤ ᠬᠡᠷᠡᠭ᠌ᠯᠡᠬᠦ᠌ ᠠᠵᠢᠯᠯᠠᠭ᠎ᠠ᠎ᠶ᠋ᠢ ᠪᠠᠢᠩᠭᠤ ᠥᠷᠨᠢᠭᠦᠯᠦᠨ᠂ ᠨᠠᠩ ᠣᠯᠠᠨ ᠬᠡᠷ᠎ᠦᠨ ᠡᠭᠦᠳᠡᠨ᠎ᠳᠡᠬᠢ ᠠᠵᠢᠯ ᠣᠯᠭᠣᠬᠤ ᠠᠵᠢᠯ᠎ᠤᠨ ᠪᠠᠢᠷᠢ᠎ᠶ᠋ᠢ ᠪᠣᠶ ᠪᠣᠯᠭᠠᠵᠤ᠂ ᠣᠯᠠᠨ ᠲᠦᠮᠡᠨ᠎ᠦ ᠠᠮᠢᠳᠤᠷᠠᠯ᠎ᠳᠤ ᠪᠣᠳᠠᠲᠤ ᠬᠦᠴᠦᠨ ᠨᠡᠮᠡᠷᠢᠯᠡᠪᠡ᠃ ᠡᠭᠦᠨ᠎ᠦ ᠬᠠᠮᠲᠤ᠂ ᠥᠷᠯᠥᠭᠡ᠎ᠶ᠋ᠢᠨ ᠵᠠᠬ᠎ᠠ ᠳᠡᠯᠭᠡᠭᠦᠷ᠂ ᠰᠥᠨᠢ᠎ᠶ᠋ᠢᠨ ᠵᠠᠬ᠎ᠠ ᠳᠡᠯᠭᠡᠭᠦᠷ᠂ ᠠᠷᠠᠳ᠎ᠲᠤ ᠲᠥᠬᠥᠮ ᠦᠵᠡᠭᠦᠯᠬᠦ᠌ ᠵᠠᠬ᠎ᠠ ᠳᠡᠯᠭᠡᠭᠦᠷ᠂ ᠱᠢᠨ᠎ᠡ ᠰᠣᠷᠭᠣᠭ ᠢᠳᠡᠭᠡᠨ᠎ᠦ ᠬᠡᠲᠦ ᠳᠡᠯᠭᠡᠭᠦᠷ᠎ᠢ ᠨᠡᠭᠡᠭᠡᠨ ᠥᠷᠭᠡᠳᠭᠡᠵᠦ᠍᠂《ᠨᠢᠭᠡ ᠮᠥᠴᠡ᠎ᠶ᠋ᠢᠨ ᠠᠮᠢᠳᠤᠷᠠᠯ᠎ᠤᠨ ᠲᠣᠭᠣᠷᠢᠭ》 ᠲᠠᠬᠢ ᠬᠤᠳᠠᠯᠳᠤᠭᠠᠨ᠎ᠤ ᠲᠤᠤᠷ ᠴᠡᠭ ᠤ᠋ᠨ ᠲᠣᠭ᠎ᠠ 7623 ᠳ᠋ᠤ ᠬᠦᠷᠴᠦ᠍᠂ ᠲᠦᠷᠦᠯ ᠲᠠᠮᠳᠡᠭ ᠤ᠋ᠨ ᠬᠡᠯᠬᠢᠶ᠎ᠡ ᠳᠡᠯᠭᠡᠭᠦᠷ ᠫᠦᠰᠡ᠎ᠶ᠋ᠢᠨ ᠬᠤᠳᠠᠯᠳᠤᠭᠠᠨ᠎ᠤ ᠲᠤᠤᠷ ᠴᠡᠭ ᠤ᠋ᠨ ᠬᠠᠷᠢᠴᠠᠯ 33% ᠳ᠋ᠤ ᠬᠥᠷᠪᠡ᠃ 《12345》 ᠬᠣᠲᠠ᠎ᠶ᠋ᠢᠨ ᠠᠷᠠᠳ᠎ᠤᠨ ᠬᠠᠯᠠᠮᠱᠢᠯ ᠤᠲᠠᠰᠤᠨ᠎ᠤ ᠲᠠᠪᠴᠠᠩ᠎ᠳᠤ ᠲᠦᠱᠢᠭ᠌ᠯᠡᠨ᠂ ᠲᠣᠰ ᠬᠣᠲᠠ 1300 ᠭᠠᠷᠤᠶ ᠱᠢᠯᠢᠳᠡᠭ ᠬᠤᠳᠠᠯᠳᠤᠭᠠᠴᠢᠨ ᠡᠷᠦᠬᠡ᠎ᠶ᠋ᠢ ᠨᠢᠢᠳᠬᠡᠨ ᠨᠡᠢᠯᠡᠭᠦᠯᠵᠦ᠍ 《ᠬᠣᠲᠠ᠎ᠶ᠋ᠢᠨ ᠬᠡᠪᠴᠢᠶᠡᠨ᠎ᠦ ᠰᠦᠯᠵᠢᠶᠡᠨ ᠳᠡᠭᠡᠷᠡᠬᠢ ᠶᠡᠷᠦᠩᠬᠡᠢᠯᠡᠭ᠌ᠰᠡᠨ ᠦᠶ᠋ᠯᠡᠴᠢᠯᠡᠭᠡᠨ᠎ᠦ ᠬᠡᠲᠦ ᠳᠡᠯᠭᠡᠭᠦᠷ》᠎ᠢ᠋ ᠪᠠᠢᠭᠤᠯᠵᠤ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠬᠡᠷᠡᠭ᠌ᠯᠡᠭᠡ᠎ᠳᠦ ᠨᠠᠩ ᠳᠥᠭᠥᠮ ᠳᠥᠲᠡ ᠦᠢᠯᠡᠴᠢᠯᠡᠭᠡ ᠬᠠᠩᠭᠠᠪᠠ᠃
ᠦᠬᠠᠶ ᠬᠣᠲᠠ《ᠬᠣᠲᠠ᠎ᠶ᠋ᠢᠨ ᠶᠡᠬᠡ ᠲᠠᠷᠢᠬᠢ》 ᠳ᠋ᠤ ᠲᠦᠱᠢᠭ᠌ᠯᠡᠨ ᠬᠣᠲᠠ᠎ᠶ᠋ᠢᠨ ᠬᠡᠪᠴᠢᠶᠡᠨ᠎ᠦ ᠨᠡᠢᠭᠡᠮ᠎ᠦᠨ ᠵᠠᠰᠠᠯᠲᠠ᠎ᠶ᠋ᠢᠨ ᠣᠶᠤᠨᠴᠢᠯᠠᠭ᠍ᠰᠠᠨ ᠶᠡᠷᠦᠩᠬᠡᠢᠯᠡᠭ᠌ᠰᠡᠨ ᠲᠠᠪᠴᠠᠩ᠎ᠢ ᠪᠠᠢᠭᠤᠯᠵᠤ᠂ 14 ᠨᠢᠭᠡ ᠮᠥᠴᠡ ᠵᠢᠨ ᠨᠡᠢᠭᠡᠮ ᠲᠣᠭᠣᠷᠢᠭ᠎ᠤᠨ ᠠᠮᠢᠳᠤᠷᠠᠯ᠎ᠤᠨ ᠲᠣᠭᠣᠷᠢᠭ᠎ᠢ ᠲᠣᠭᠠᠴᠢᠯᠠᠭ᠍ᠰᠠᠨ ᠬᠠᠮᠢᠶᠠᠷᠤᠯᠲᠠ᠎ᠳᠤ ᠣᠷᠣᠭᠤᠯᠵᠤ᠂ ᠨᠡᠢᠭᠡᠮ ᠲᠣᠭᠣᠷᠢᠭ᠎ᠤᠨ ᠪᠡᠯᠡᠳᠭᠡᠮᠵᠢ᠎ᠶ᠋ᠢᠨ ᠬᠡᠷᠡᠭ᠌ᠯᠡᠯᠲᠡ᠂ ᠰᠠᠭᠤᠭᠠᠯᠢ ᠠᠷᠠᠳ᠎ᠤᠨ ᠬᠡᠷᠡᠭ᠌ᠴᠡᠭᠡ ᠱᠠᠭᠠᠷᠳᠠᠯᠭ᠎ᠠ᠎ᠶ᠋ᠢᠨ ᠬᠠᠯᠠᠮᠱᠢᠯ ᠴᠡᠭ ᠵᠡᠷᠭᠡ ᠲᠣᠭ᠎ᠠ ᠪᠠᠷᠢᠮᠲᠠ᠎ᠶ᠋ᠢ ᠴᠠᠭ ᠲᠤᠬᠠᠶ᠎ᠳᠤᠨᠢ ᠬᠢᠨᠠᠨ ᠬᠡᠮᠵᠢᠵᠦ᠍ ᠴᠤᠭ᠍ᠯᠠᠭᠤᠯᠵᠠᠢ᠃ ᠨᠡᠢᠭᠡᠮ ᠲᠣᠭᠣᠷᠢᠭ᠂ ᠨᠡᠢᠭᠡᠮ᠎ᠦᠨ ᠵᠣᠬᠢᠶᠠᠨ ᠪᠠᠢᠭᠤᠯᠤᠯᠲᠠ᠂ ᠨᠡᠢᠭᠡᠮ᠎ᠦᠨ ᠠᠵᠢᠯᠴᠢᠨ᠂ ᠨᠡᠢᠭᠡᠮ ᠲᠣᠭᠣᠷᠢᠭ᠎ᠤᠨ ᠰᠠᠢᠨ ᠳᠤᠷᠠᠴᠤᠳ᠂ ᠨᠡᠢᠭᠡᠮ᠎ᠦᠨ ᠨᠢᠭᠦᠯᠡᠰᠦᠩᠭᠦᠶ᠎ᠶ᠋ᠢᠨ ᠡᠬᠢ ᠪᠠᠶᠠᠯᠢᠭ 《ᠲᠠᠪᠤᠨ ᠨᠡᠢᠭᠡᠮ᠎ᠦᠨ ᠬᠣᠯᠪᠣᠭᠠᠯᠠᠨ ᠬᠥᠳᠡᠯᠦᠯᠴᠡᠬᠦ᠌》 ᠠᠵᠢᠯ᠎ᠤᠨ ᠲᠣᠭ᠍ᠲᠠᠴᠠ᠎ᠶ᠋ᠢ ᠪᠠᠢᠭᠤᠯᠵᠤ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠠᠵᠢᠯ ᠣᠯᠭᠤᠯᠳᠠ ᠡᠷᠦᠬᠡ ᠠᠮᠠ ᠵᠢᠨ ᠳᠠᠩᠰᠠᠨ᠎ᠳᠦ ᠣᠷᠣᠬᠤ᠂ ᠡᠪᠡᠳᠴᠢᠨ ᠦᠵᠡᠭᠦᠯᠵᠦ᠍ ᠰᠤᠷᠭᠠᠭᠤᠯᠢ᠎ᠳᠤ ᠣᠷᠣᠬᠤ᠂ ᠬᠡᠷ ᠲᠦᠷᠢᠶᠡᠰᠦᠯᠡᠬᠦ᠌ ᠵᠡᠷᠭᠡ ᠲᠠᠯ᠎ᠠ᠎ᠪᠠᠷ ᠣᠷᠣᠱᠢᠵᠤ ᠪᠠᠢᠭ᠎ᠠ ᠠᠰᠠᠭᠤᠳᠠᠯ᠎ᠢ ᠰᠠᠨᠠᠭᠠᠴᠢᠯᠠᠭ᠎ᠠ᠎ᠠᠴᠠ᠎ᠪᠠᠨ ᠬᠠᠪᠰᠤᠷᠤᠨ ᠱᠢᠶ᠋ᠳᠪᠦᠷᠢᠯᠡᠵᠦ᠍᠂ ᠬᠠᠮᠤᠭ᠎ᠤᠨ ᠶᠡᠬᠡ ᠴᠢᠷᠮᠠᠢᠯᠭ᠎ᠠ ᠭᠠᠷᠭᠠᠵᠤ ᠪᠠᠢᠭᠠᠳ ᠴᠢᠨᠠᠷ ᠰᠠᠢᠲᠠᠶ ᠪᠥᠭᠡᠳ ᠪᠥᠬᠥ᠌ ᠲᠠᠯ᠎ᠠ᠎ᠶ᠋ᠢᠨ ᠳᠣᠲᠣᠨᠣ ᠦᠶ᠋ᠯᠡᠴᠢᠯᠡᠭᠡ ᠬᠠᠩᠭᠠᠵᠠᠢ᠃ ᠬᠥᠮᠦᠨ ᠠᠮᠠ ᠨᠢᠭ᠍ᠲᠠᠷᠠᠭ᠍ᠰᠠᠨ ᠵᠠᠷᠢᠮ ᠵᠡᠭᠡᠯᠢ ᠭᠤᠳᠤᠮᠵᠢ ᠨᠡᠢᠭᠡᠮ ᠲᠣᠭᠣᠷᠢᠭ᠎ᠲᠤ᠂ ᠦᠬᠠᠢ ᠬᠤᠳᠠ ᠪᠠᠰᠠ《ᠨᠠᠰᠤᠲᠠᠢᠴᠤᠳ᠎ᠤᠨ ᠬᠠᠪᠰᠤᠷᠤᠨ ᠳᠡᠳᠭᠦᠬᠦ ᠪᠦᠯᠬᠦᠮ》᠂ 《ᠤᠭ ᠰᠠᠨᠠᠭᠠᠨ ᠤ᠋ ᠵᠤᠴᠢᠯᠠᠬᠤ ᠲᠠᠩᠬᠢᠮ》᠂《ᠨᠡᠷ᠎ᠡ ᠴᠤᠤᠳᠦ ᠬᠥᠮᠦᠰ》 ᠵᠡᠷᠭᠡ ᠤᠯᠠᠨ ᠲᠦᠮᠡᠨᠴᠢ ᠴᠢᠨᠠᠷᠲᠠᠢ ᠬᠡᠷᠡᠭ ᠵᠥᠪᠯᠡᠬᠦ᠌ ᠲᠠᠪᠴᠠᠩ᠎ᠢ ᠵᠣᠬᠢᠶᠠᠨ ᠪᠠᠢᠭᠤᠯᠵᠤ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠬᠠᠮᠲᠤ᠎ᠪᠠᠷ ᠵᠥᠪᠯᠡᠨ ᠬᠠᠮᠲᠤ᠎ᠪᠠᠷ ᠲᠣᠭ᠍ᠲᠠᠭᠠᠬᠤ 《ᠬᠠᠮᠳᠤ ᠪᠡᠷ ᠵᠦᠪᠯᠡᠬᠦ ᠬᠤᠷᠠᠯ》᠎ᠢ᠋ ᠡᠷᠬᠢᠯᠡᠨ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ ᠤᠯᠠᠨ ᠲᠠᠯ᠎ᠠ᠎ᠠᠴᠠ ᠣᠷᠣᠯᠴᠠᠭ᠍ᠰᠠᠨ ᠨᠡᠢᠭᠡᠮ ᠲᠣᠭᠣᠷᠢᠭ᠎ᠤᠨ ᠵᠠᠰᠠᠯᠲᠠ᠎ᠶ᠋ᠢᠨ ᠵᠠᠭ᠍ᠪᠤᠷ᠎ᠢ ᠭᠦᠨᠵᠡᠭᠡᠢ ᠬᠡᠷᠡᠭ᠌ᠵᠢᠭᠦᠯᠵᠦ᠍᠂ ᠤᠯᠠᠨ᠎ᠢ ᠬᠥᠲᠥᠯᠥᠨ ᠵᠢᠯᠣᠭᠣᠳᠴᠤ᠌ ᠪᠠᠢᠭᠠᠳ ᠦᠨᠳᠦᠰᠦᠨ ᠱᠠᠲᠤᠨ᠎ᠤ ᠵᠠᠰᠠᠯᠲᠠ᠎ᠳᠤ ᠢᠳᠡᠪᠬᠢᠲᠡᠶ ᠣᠷᠣᠯᠴᠠᠭᠤᠯᠵᠤ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠰᠡᠳᠭᠢᠴᠡ᠎ᠶ᠋ᠢᠨ ᠲᠠᠯ᠎ᠠ᠎ᠪᠠᠷ ᠨᠡᠩ ᠳᠣᠲᠣᠨᠣ ᠪᠣᠯᠬᠤ᠎ᠶ᠋ᠢ ᠠᠬᠢᠭᠤᠯᠤᠨ᠂ ᠬᠤᠳᠠ᠎ᠶ᠋ᠢᠨ ᠪᠦᠬᠦᠯᠢ ᠴᠣᠭ᠍ᠴᠠ᠎ᠶ᠋ᠢᠨ ᠪᠣᠯᠪᠠᠰᠤᠨ᠎ᠤ ᠬᠡᠮᠵᠢᠶ᠎ᠡ ᠪᠣᠯᠤᠨ ᠡᠶ᠎ᠡ ᠵᠣᠬᠢᠴᠠᠩᠭᠤᠢ᠎ᠶ᠋ᠢᠨ ᠬᠡᠮᠵᠢᠶ᠎ᠡ᠎ᠶ᠋ᠢ ᠳᠡᠭᠡᠭ᠌ᠰᠢᠯᠡᠭᠦᠯᠪᠡ᠃
ᠡᠳᠦᠭᠡ ᠦᠬᠠᠶ᠎ᠶ᠋ᠢᠨ ᠬᠠᠭᠤᠴᠢᠨ ᠰᠠᠭᠤᠭᠠᠯᠢ ᠠᠷᠠᠳ᠎ᠤᠨ ᠲᠣᠭᠣᠷᠢᠭ᠎ᠢ ᠥᠭᠡᠷᠡᠴᠢᠯᠡᠨ ᠱᠢᠨᠡᠳᠭᠡᠬᠦ᠌ ᠨᠣᠷᠮ᠎ᠠ 90% ᠡᠴᠠ ᠳᠡᠭᠡᠭ᠌ᠰᠢ᠎ᠳᠦ ᠬᠦᠷᠴᠦ᠍᠂ ᠨᠡᠢᠭᠡᠮ ᠲᠣᠭᠣᠷᠢᠭ ᠪᠦᠷᠢᠳᠦ ᠨᠠᠭᠠᠳᠤ ᠵᠠᠬ᠎ᠠ᠎ᠳᠠᠭᠠᠨ 1 ᠤᠷᠠᠨ ᠪᠢᠴᠢᠯᠭᠡ᠎ᠶ᠋ᠢᠨ ᠠᠵᠢᠯᠯᠠᠭᠠᠨ᠎ᠤ ᠲᠠᠰᠤᠭ ᠪᠠᠢᠭᠤᠯᠵᠤ᠂ ᠨᠠᠰᠤᠵᠢᠯ᠎ᠤᠨ ᠠᠰᠠᠷᠠᠮᠵᠢ᠎ᠶ᠋ᠢᠨ ᠦᠶ᠋ᠯᠡᠴᠢᠯᠡᠭᠡᠨ᠎ᠦ ᠲᠥᠬᠥᠭᠡᠷᠦᠮᠵᠢ᠎ᠶ᠋ᠢ ᠪᠥᠬᠥ᠌ ᠣᠷᠣᠨ ᠪᠦᠰᠡ᠎ᠳᠦ ᠪᠦᠷᠬᠦᠭᠦᠯᠵᠦ᠍᠂ ᠦᠨᠳᠦᠰᠦᠲᠡᠨ ᠨᠦᠭᠦᠳ᠎ᠤᠨ ᠤᠯᠠᠨ ᠲᠦᠮᠡᠨ ᠬᠥᠭ᠌ᠵᠢᠯᠲᠡ᠎ᠶ᠋ᠢᠨ ᠠᠱᠢᠭ᠎ᠢ ᠬᠠᠮᠲᠤ᠎ᠪᠠᠷ ᠡᠳ᠋ᠯᠡᠵᠦ᠍᠂ ᠣᠶᠤᠨ ᠰᠠᠨᠠᠭᠠᠨ᠎ᠤ ᠬᠡᠷ ᠣᠷᠣᠨ᠎ᠢᠶᠠᠨ ᠬᠠᠮᠲᠤ᠎ᠪᠠᠷ ᠴᠣᠭ᠍ᠴᠠᠯᠠᠵᠤ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠨᠡᠢᠭᠡᠮ᠎ᠦᠨ ᠰᠠᠭᠤᠷᠢ᠎ᠶ᠋ᠢ ᠪᠡᠬᠢᠵᠢᠭᠦᠯᠵᠠᠢ᠃