ᠪᠠᠶᠠᠨᠨᠠᠭᠤᠷ ᠬᠣᠲᠠ᠄ ᠦᠨᠳᠦᠰᠦᠲᠡᠨ᠎ᠦ᠌ ᠪᠦᠯᠬᠦᠮᠳᠡᠯ᠎ᠦ᠋ᠨ ᠴᠡᠴᠡᠭᠡᠰ᠎ᠢ ᠦᠨᠳᠦᠰᠦᠲᠡᠨ ᠨᠤᠭᠦᠳ᠎ᠤᠨ ᠣᠯᠠᠨ ᠲᠦᠮᠡᠨ᠎ᠦ᠌ ᠰᠡᠳᠬᠢᠯ᠎ᠳ᠋ᠦ᠍ ᠲᠡᠯᠬᠡᠷᠡᠬᠦᠯᠦᠨ᠎ᠠ
2025-07-22 09:44:07
ᠵᠣᠬᠢᠶᠠᠭ᠍ᠴᠢ᠄
ᠲᠡᠭᠦᠰᠪᠢᠯᠢᠭ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠭᠴᠢ ᠤᠢᠷ᠎ᠠ᠎ᠳᠤ ᠤᠷᠠᠳ᠎ᠤ᠋ᠨ ᠳᠤᠮᠳᠠᠳᠤ ᠬᠤᠰᠢᠭᠤᠨ᠎ᠤ᠋ ︽ᠪᠠᠲᠤ ᠪᠠᠷᠢᠯᠳᠤᠯᠭ᠎ᠠ︾ ᠨᠢᠭᠡ ᠰᠡᠳᠬᠢᠯ᠎ᠢ᠋ᠶ᠋ᠡᠷ ᠦᠢᠯᠡᠰ ᠪᠣᠰᠬᠠᠬᠤ ᠵᠡᠭᠡᠯᠢ᠎ᠳ᠋ᠦ᠍ ᠬᠦᠷᠬᠦ᠎ᠳᠤ᠂ ᠤᠯᠠᠮᠵᠢᠯᠠᠯᠲᠤ ᠭᠠᠷ ᠤᠷᠠᠯᠠᠯ ᠪᠣᠯᠤᠨ ᠣᠳᠣ ᠦᠶ᠎ᠡ᠎ᠶ᠋ᠢᠨ ᠵᠢᠷᠤᠭ ᠲᠥᠯᠥᠪᠯᠡᠭᠡ ᠨᠢ ᠡᠪᠲᠡᠢ ᠰᠠᠢᠬᠠᠨ ᠤᠶᠠᠯᠳᠤᠵᠤ᠂ ᠮᠤᠨᠠ ᠠᠭᠤᠯᠠ᠎ᠶ᠋ᠢᠨ ᠬᠠᠳᠠᠨ ᠵᠢᠷᠤᠭ ᠡᠴᠡ ᠰᠡᠩᠬᠡᠷᠡᠭᠦᠯᠦᠯ ᠠᠪᠴᠤ ᠵᠢᠷᠤᠵᠤ ᠲᠥᠯᠥᠪᠯᠡᠵᠦ ᠮᠦᠩᠭᠦ ᠪᠡᠷ ᠴᠢᠮᠡᠭᠰᠡᠨ ᠱᠠᠭᠠᠵᠠᠩ ᠠᠶᠠᠭ᠎ᠠ᠂ ᠬᠠᠳᠬᠤᠮᠠᠯ ᠪᠣᠯᠤᠨ ᠮᠠᠨᠤ ᠬᠠᠰ᠎ᠢ ᠠᠭᠤᠰᠤᠯᠴᠠᠭᠤᠯᠤᠨ ᠪᠦᠲᠦᠭᠡᠭᠰᠡᠨ ︽ᠷᠦᠩ·ᠵᠢᠩ︾ ᠵᠠᠰᠠᠯ ᠴᠢᠮᠡᠭᠯᠡᠯ᠎ᠦ᠋ᠨ ᠡᠳ᠋᠂ ᠨᠠᠨᠤᠮᠧᠲ᠋ᠷ᠎ᠦ᠋ᠨ ᠱᠤᠭᠤᠮᠠᠯ᠎ᠵᠢᠮᠰᠡᠭ ᠵᠡᠬᠦᠰᠭᠡᠯ ᠵᠡᠷᠭᠡ ᠳᠤᠮᠳᠠᠳᠤ᠎ᠶ᠋ᠢᠨ ᠦᠨᠳᠦᠰᠦᠲᠡᠨ᠎ᠦ᠌ ᠰᠣᠶᠣᠯ᠎ᠤ᠋ᠨ ᠭᠧᠨ᠎ᠢ᠋ ᠠᠴᠢᠶᠠᠯᠠᠭᠰᠠᠨ ᠰᠣᠶᠣᠯ᠎ᠤ᠋ᠨ ᠪᠦᠲᠦᠭᠡᠭᠳᠡᠬᠦᠨ ᠨᠢ ᠬᠥᠮᠦᠰ᠎ᠦ᠋ᠨ ᠠᠩᠬᠠᠷᠤᠯ᠎ᠢ᠋ ᠣᠨᠴᠠ ᠲᠠᠲᠠᠨ᠎ᠠ᠃

《ᠳ᠋ᠢᠩ ᠳ᠋ᠢᠩ ᠳ᠋ᠢᠩ》 ᠁ ᠭᠡᠨᠡᠳᠲᠡ ᠠᠯᠤᠰ᠎ᠡᠴᠡ ᠠᠯᠤᠬ᠎ᠠ ᠎ᠵᠢᠨ ᠳᠠᠭᠤᠨ ᠲᠤᠭᠤᠯᠳᠠᠨ᠎ᠠ᠃ ᠬᠠᠢᠭᠠᠳ ᠤᠴᠢᠪᠠᠯ ᠤᠮᠠᠷᠠᠲᠤ ᠬᠢᠯᠢ᠎ᠶ᠋ᠢᠨ ᠰᠣᠶᠣᠯ ᠵᠢᠭᠤᠯᠴᠢᠯᠠᠯ᠎ᠤ᠋ᠨ ᠪᠦᠲᠦᠭᠡᠭᠳᠡᠬᠦᠨ᠎ᠢ᠋ ᠰᠤᠳᠤᠯᠤᠨ ᠬᠥᠭᠵᠢᠭᠦᠯᠵᠦ ᠳᠡᠯᠭᠡᠷᠡᠭᠦᠯᠬᠦ ᠲᠥᠪ᠎ᠦ᠋ᠨ ᠠᠰᠠᠷ ᠳᠡᠭᠡᠷ᠎ᠡ᠂ ᠬᠣᠲᠠ᠎ᠶ᠋ᠢᠨ ᠳᠡᠰ᠎ᠦ᠋ᠨ ᠪᠣᠳᠠᠰ᠎ᠤ᠋ᠨ ᠪᠤᠰᠤ ᠰᠣᠶᠣᠯ᠎ᠤ᠋ᠨ ᠥᠪ᠎ᠦ᠋ᠨ ᠲᠥᠯᠥᠭᠡᠯᠡᠬᠦ ᠴᠢᠨᠠᠷᠲᠠᠢ ᠲᠥᠷᠥᠯ ᠵᠦᠢᠯ᠎ᠦ᠋ᠨ ᠤᠯᠠᠮᠵᠢᠯᠠᠭᠴᠢ᠂ ᠤᠷᠠᠳ᠎ᠤ᠋ᠨ ᠳᠤᠮᠳᠠᠳᠤ ᠬᠤᠰᠢᠭᠤᠨ᠎ᠤ᠋ ᠭᠠᠷ ᠤᠷᠠᠯᠠᠯ᠎ᠤ᠋ᠨ ᠨᠡᠢᠭᠡᠮᠯᠢᠭ᠎ᠦ᠋ᠨ ᠬᠠᠷᠢᠭᠤᠴᠠᠯᠭᠠᠲᠠᠨ ᠪᠠᠢ ᠢᠦᠢ ᠯᠦᠩ ᠠᠵᠢᠯᠯᠠᠬᠤ ᠲᠠᠰᠤᠭ᠎ᠲᠠᠭᠠᠨ ᠮᠥᠩᠭᠥᠨ ᠠᠶᠠᠭ᠎ᠠ᠎ᠲᠡᠭᠡᠷ᠎ᠡ ᠤᠭᠠᠯᠵᠠ ᠰᠡᠢᠯᠵᠦ ᠪᠠᠢᠯ᠎ᠠ᠃

︽ᠪᠢᠳᠡ ︿ᠪᠠᠲᠤ ᠪᠠᠷᠢᠯᠳᠤᠯᠭ᠎ᠠ﹀ ᠵᠢᠨ  ᠪᠦᠲᠦᠭᠡᠭᠳᠡᠭᠦᠨ᠎ᠤ ᠰᠣᠶᠣᠯ᠎ᠤ᠋ᠨ ᠠᠭᠤᠯᠤᠭᠳᠠᠬᠤᠨ᠎ᠢ᠋ ᠭᠦᠨᠵᠡᠭᠡᠢ ᠠᠭᠤᠳᠠᠯᠬᠤ᠎ᠶ᠋ᠢᠨ ᠬᠠᠮᠲᠤ ᠰᠢᠨ᠎ᠡ᠎ᠶ᠋ᠢ ᠡᠭᠦᠳᠴᠦ ᠰᠤᠳᠤᠯᠤᠨ ᠨᠡᠭᠡᠭᠡᠯᠲᠡ ᠬᠢᠬᠦ᠎ᠪᠡᠷ ᠳᠠᠮᠵᠢᠨ᠂ ᠤᠯᠠᠮᠵᠢᠯᠠᠯᠲᠤ ᠭᠠᠷ ᠤᠷᠠᠯᠠᠯ᠎ᠢ᠋ ᠭᠠᠷ᠎ᠲᠤ ᠦᠷᠲᠦᠬᠦ ᠰᠣᠶᠣᠯ ᠵᠢᠭᠤᠯᠴᠢᠯᠠᠯ᠎ᠤ᠋ᠨ ᠲᠡᠮᠳᠡᠭ ᠪᠣᠯᠭᠠᠨ ᠬᠤᠪᠢᠷᠠᠭᠤᠯᠤᠨ᠎ᠠ︾ ᠭᠡᠮᠡᠨ ᠪᠠᠢ ᠢᠦᠢ ᠯᠦᠩ ᠬᠡᠯᠡᠨ᠎ᠡ᠃ ᠡᠳᠡᠭᠡᠷ ᠪᠦᠲᠦᠭᠡᠯ ᠨᠢ ᠲᠠᠸᠠᠷ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠡᠯ᠎ᠡ ᠦᠨᠳᠦᠰᠦᠲᠡᠨ᠎ᠦ᠌ ᠬᠣᠭᠣᠷᠣᠨᠳᠣᠬᠢ ᠬᠠᠷᠢᠯᠴᠠᠭ᠎ᠠ ᠰᠣᠯᠢᠯᠴᠠᠭ᠎ᠠ᠎ᠶ᠋ᠢᠨ ᠦᠯᠢᠭᠡᠷ᠎ᠦ᠋ᠨ ᠠᠴᠢᠶᠠᠯᠠᠪᠤᠷᠢ ᠪᠣᠯᠤᠨ᠎ᠠ᠃ ᠰᠤᠳᠤᠯᠤᠨ ᠬᠥᠭᠵᠢᠭᠦᠯᠵᠦ ᠳᠡᠯᠭᠡᠷᠡᠭᠦᠯᠬᠦ ᠲᠥᠪ ᠨᠢ ᠲᠣᠭᠲᠠᠮᠠᠯ ᠬᠤᠭᠤᠴᠠᠭ᠎ᠠ᠎ᠲᠠᠢ᠎ᠪᠠᠷ ᠭᠠᠷ ᠤᠷᠠᠴᠤᠳ᠎ᠢ᠋ ᠤᠷᠢᠵᠤ ᠪᠦᠲᠦᠭᠡᠯ᠎ᠦ᠋ᠨ᠎ᠢ᠋ᠶ᠋ᠡᠨ ᠠᠷᠤ᠎ᠳ᠋ᠠᠬᠢ ᠰᠣᠶᠣᠯ᠎ᠤ᠋ᠨ ᠠᠭᠤᠰᠤᠯᠴᠠᠯ ᠎ᠤᠨ ᠦᠯᠢᠭᠡᠷ᠎ᠢ᠋ ᠶᠠᠷᠢᠭᠤᠯᠳᠠᠭ᠃

︽ᠪᠠᠲᠤ ᠪᠠᠷᠢᠯᠳᠤᠯᠭ᠎ᠠ︾ ᠭᠠᠷ ᠦᠢᠯᠡᠳᠪᠦᠷᠢ᠎ᠶ᠋ᠢᠨ ᠠᠭᠤᠰᠤᠯᠴᠠᠯ᠎ᠤ᠋ᠨ ᠲᠦᠷᠦᠯ ᠲᠡᠮᠳᠡᠭ ᠪᠣᠯ ᠡᠯ᠎ᠡ ᠦᠨᠳᠦᠰᠦᠲᠡᠨ᠎ᠦ᠌ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠤ᠋ᠨ ᠦᠯᠢᠭᠡᠷ᠎ᠢ᠋ᠶ᠋ᠡᠷ ᠰᠦᠨᠡᠰᠦ ᠪᠣᠯᠭᠠᠵᠤ᠂ ᠳᠤᠮᠳᠠᠳᠤ᠎ᠶ᠋ᠢᠨ ᠦᠨᠳᠦᠰᠦᠲᠡᠨ᠎ᠦ᠌ ᠬᠠᠮᠲᠤ᠎ᠶ᠋ᠢᠨ ᠴᠣᠭᠴᠠ᠎ᠶ᠋ᠢᠨ ᠤᠬᠠᠮᠰᠠᠷ᠎ᠢ᠋ ᠪᠠᠲᠤ ᠴᠤᠭᠴᠠᠯᠠᠬᠤ᠎ᠪᠠᠷ ᠭᠣᠣᠯᠳᠠᠯᠭ᠎ᠠ ᠪᠣᠯᠭᠠᠵᠤ᠂ ᠨᠠᠷᠢᠨ ᠨᠢᠮᠪᠠᠢ ᠡᠭᠦᠳᠦᠨ ᠪᠦᠲᠦᠭᠡᠭᠰᠡᠨ ᠰᠣᠶᠣᠯ᠎ᠤ᠋ᠨ ᠡᠭᠦᠳᠦᠯᠲᠡ᠎ᠶᠢᠨ IP ᠪᠣᠯᠤᠨ᠎ᠠ᠃ 2024 ᠣᠨ᠎ᠳ᠋ᠤ᠌ ᠤᠷᠠᠳ᠎ᠤ᠋ᠨ ᠳᠤᠮᠳᠠᠳᠤ ᠬᠣᠰᠢᠭᠤ ︽ᠪᠠᠲᠤ ᠪᠠᠷᠢᠯᠳᠤᠯᠭ᠎ᠠ︾ ᠠᠭᠤᠰᠤᠯᠴᠠᠯ᠎ᠤ᠋ᠨ ᠲᠦᠷᠦᠯ ᠲᠡᠮᠳᠡᠭ᠎ᠢ᠋ ᠰᠡᠳᠭᠢᠯ ᠲᠠᠯᠪᠢᠨ ᠡᠭᠦᠳᠴᠦ᠂ ᠤᠯᠤᠰ᠎ᠤ᠋ᠨ ᠳᠡᠰ᠎ᠦ᠋ᠨ ᠲᠡᠦᠬᠡ᠎ᠶ᠋ᠢᠨ ᠳᠤᠷᠠᠰᠬᠠᠯᠲᠤ ᠵᠦᠢᠯᠡᠰ᠎ᠡᠴᠡ ᠡᠯ᠎ᠡ ᠦᠨᠳᠦᠰᠦᠲᠡᠨ᠎ᠦ᠌ ᠬᠠᠮᠲᠤ ᠪᠠᠷ ᠡᠳ᠋ᠯᠡᠬᠦ ᠰᠣᠶᠣᠯ᠎ᠤ᠋ᠨ ᠲᠡᠮᠳᠡᠭ ᠠᠪᠴᠤ᠂ ᠤᠷᠠᠳ ᠬᠤᠪᠴᠠᠰᠤ ᠵᠠᠰᠠᠯ᠂ ᠵᠡᠰ ᠮᠥᠩᠭᠥᠨ ᠡᠳ᠋ᠯᠡᠯ᠂ ᠬᠠᠳᠬᠤᠮᠠᠯ᠂ ᠬᠠᠰ ᠴᠢᠯᠠᠭᠤᠨ ᠰᠢᠭᠢᠳᠬᠡᠭᠡᠷᠢ ᠵᠡᠷᠭᠡ 9 ᠦᠢᠯᠡᠳᠬᠦᠨ᠎ᠦ᠌ ᠲᠥᠷᠥᠯ ᠵᠦᠢᠯ᠂ 500 ᠭᠠᠷᠤᠢ ᠵᠦᠢᠯ᠎ᠦ᠋ᠨ ᠪᠦᠲᠦᠭᠡᠭᠳᠡᠬᠦᠨ᠎ᠢ᠋ ᠨᠡᠭᠡᠭᠡᠨ ᠲᠥᠰᠦᠪᠯᠡᠵᠦ᠂ 90 ᠭᠠᠷᠤᠢ ᠡᠷᠦᠬᠡ 450 ᠭᠠᠷᠤᠢ ᠬᠥᠮᠦᠨ ᠎ᠢ᠋ ᠳᠠᠢᠴᠢᠯᠠᠨ ᠠᠵᠢᠯ ᠣᠯᠭᠣᠵᠤ᠂ ᠵᠢᠯ᠎ᠦ᠋ᠨ ᠪᠣᠷᠣᠯᠠᠭᠤᠯᠭ᠎ᠠ᠎ᠶ᠋ᠢᠨ ᠬᠡᠮᠵᠢᠶ᠎ᠡ ᠨᠢ 3200 ᠭᠠᠷᠤᠢ ᠲᠦᠮᠡᠨ ᠲᠥᠭᠥᠷᠢᠭ᠎ᠲᠦ᠍ ᠬᠦᠷᠦᠭᠰᠡᠨ ᠪᠠᠢᠨ᠎ᠠ᠃

ᠡᠲᠦᠭᠡ᠂︽ᠪᠠᠲᠤ ᠪᠠᠷᠢᠯᠳᠤᠯᠭ᠎ᠠ︾ ᠠᠭᠤᠰᠤᠯᠴᠠᠯ᠎ᠤᠨ ᠲᠦᠷᠦᠯ ᠲᠡᠮᠳᠡᠭ ᠨᠢ ᠠᠵᠤ ᠠᠬᠤᠢ᠎ᠶ᠋ᠢᠨ ᠬᠥᠭᠵᠢᠯᠲᠡ᠎ᠶ᠋ᠢ ᠳᠠᠢᠴᠢᠯᠠᠭᠰᠠᠨ᠎ᠢ᠋ᠶ᠋ᠠᠷ ᠪᠠᠷᠠᠬᠤ ᠦᠭᠡᠢ᠂ ᠨᠡᠩ ᠴᠤ᠌ ᠳᠤᠮᠳᠠᠳᠤ᠎ᠶ᠋ᠢᠨ ᠦᠨᠳᠦᠰᠦᠲᠡᠨ᠎ᠦ᠌ ᠬᠠᠮᠲᠤ᠎ᠶ᠋ᠢᠨ ᠴᠣᠭᠴᠠ᠎ᠶ᠋ᠢᠨ ᠦᠯᠢᠭᠡᠷ᠎ᠢ᠋ ᠶᠠᠷᠢᠵᠤ᠂ ᠳᠤᠮᠳᠠᠳᠤ᠎ᠶ᠋ᠢᠨ ᠦᠨᠳᠦᠰᠦᠲᠡᠨ᠎ᠦ᠌ ᠬᠠᠮᠲᠤ᠎ᠶ᠋ᠢᠨ ᠴᠣᠭᠴᠠ᠎ᠶ᠋ᠢᠨ ᠤᠬᠠᠮᠰᠠᠷ᠎ᠢ᠋ ᠦᠨᠡᠨ ᠪᠣᠳᠠᠲᠠᠢ  ᠪᠠᠲᠤ ᠴᠤᠭᠴᠠᠯᠠᠵᠤ ᠪᠠᠢᠭ᠎ᠠ ᠠᠮᠢᠳᠤ ᠦᠯᠢᠭᠡᠷ ᠬᠡᠪ ᠪᠣᠯᠵᠠᠢ᠃

ᠰᠣᠶᠣᠯ᠎ᠤ᠋ᠨ ᠡᠭᠡᠨᠡᠭᠰᠢᠯ ᠪᠣᠯ ᠬᠠᠮᠤᠭ᠎ᠤ᠋ᠨ ᠭᠦᠨ ᠳᠠᠪᠬᠤᠷᠭ᠎ᠠ᠎ᠶ᠋ᠢᠨ ᠵᠥᠪᠰᠢᠶᠡᠷᠡᠯ ᠮᠥᠨ᠃ ᠪᠠᠶᠠᠨᠨᠠᠭᠤᠷ ᠬᠣᠲᠠ ᠨᠢ 《ᠠᠨᠠᠷ᠎ᠤᠨ ᠦᠷ᠎ᠡ ᠮᠡᠲᠦ ᠬᠠᠷᠢᠯᠴᠠᠨ ᠨᠢᠭᠡᠳᠴᠦ᠂ ᠰᠡᠳᠭᠢᠯ ᠨᠢᠭᠡᠳᠦᠨ ᠵᠡᠭᠦᠳᠦ᠎ᠪᠡᠨ ᠲᠡᠷᠭᠡᠯᠰᠢᠭᠦᠯᠬᠦ》᠂ 《ᠠᠷᠪᠠᠨ ᠨᠢᠭᠡ》 ᠵᠢᠨ ᠢᠨᠵᠧᠨᠧᠷᠢᠩ᠎ᠢᠶᠡᠷ ᠠᠳᠬᠤᠴᠠ ᠪᠣᠯᠭᠠᠨ᠂ ᠰᠣᠶᠣᠯ᠎ᠤ᠋ᠨ ᠨᠡᠪᠴᠢᠯᠲᠡ᠎ᠶ᠋ᠢ ᠲᠤᠮᠳᠠᠳᠤ᠎ᠶᠢᠨ ᠦᠨᠳᠦᠰᠦᠲᠡᠨ᠎ᠦ᠌ ᠬᠠᠮᠲᠤ᠎ᠶ᠋ᠢᠨ ᠴᠣᠭᠴᠠ᠎ᠶ᠋ᠢᠨ ᠤᠬᠠᠮᠰᠠᠷ᠎ᠢ᠋ ᠪᠠᠲᠤ ᠴᠤᠭᠴᠠᠯᠠᠬᠤ ᠠᠮᠢᠳᠤᠯᠢᠭ ᠦᠢᠯᠡᠳᠦᠯᠭᠡ ᠪᠣᠯᠭᠠᠨ ᠬᠤᠪᠢᠷᠠᠭᠤᠯᠵᠤ᠂ ᠰᠣᠶᠣᠯ᠎ᠢ᠋ᠶ᠋ᠠᠷ ᠬᠣᠯᠪᠣᠭᠠᠰᠤ ᠪᠣᠯᠭᠠᠨ᠂ ᠠᠭᠤᠰᠤᠯᠴᠠᠯ᠎ᠢ᠋ᠶ᠋ᠠᠷ ᠰᠠᠭᠤᠷᠢ ᠪᠣᠯᠭᠠᠭᠰᠠᠨ ᠳᠤᠮᠳᠠᠳᠤ᠎ᠶ᠋ᠢᠨ ᠦᠨᠳᠦᠰᠦᠲᠡᠨ᠎ᠦ᠌ ᠬᠠᠮᠲᠤ᠎ᠶ᠋ᠢᠨ ᠣᠶᠤᠨ ᠰᠠᠨᠠᠭᠠᠨ᠎ᠤ᠋  ᠭᠡᠷ  ᠣᠷᠣᠨ᠎ᠢ  ᠴᠣᠭᠴᠠᠯᠠᠨ ᠪᠠᠢᠭᠤᠯᠵᠠᠢ᠃

ᠦᠶᠤᠸᠠᠨ ᠰᠢᠶᠠᠨ᠎ᠤ᠋ ᠵᠢᠷᠭᠤᠳᠤᠭᠠᠷ ᠪᠦᠷᠢᠨ ᠪᠠᠭ᠎ᠠ ᠰᠤᠷᠭᠠᠭᠤᠯᠢ᠎ᠶ᠋ᠢᠨ ᠡᠶ᠎ᠡ ᠪᠦᠯᠬᠦᠮᠳᠡᠯ᠎ᠤᠨ ᠬᠢᠴᠢᠶᠡᠯ᠎ᠦᠨ ᠲᠠᠩᠬᠢᠮ᠎ᠳ᠋ᠤ᠌ ᠦᠨᠳᠦᠰᠦᠲᠡᠨ᠎ᠦ᠌ ᠲᠣᠯᠣᠭᠠᠢ᠎ᠶ᠋ᠢᠨ ᠵᠠᠰᠠᠯ᠎ᠤ᠋ᠨ ᠳᠤᠭᠤᠢᠯᠠᠩ᠎ᠤ᠋ᠨ ᠪᠠᠭᠰᠢ ᠰᠤᠷᠤᠭᠴᠢᠳ᠎ᠲᠤ᠌ ᠦᠨᠳᠦᠰᠦᠲᠡᠨ᠎ᠦ᠌ ᠲᠣᠯᠣᠭᠠᠢ᠎ᠶ᠋ᠢᠨ ᠵᠠᠰᠠᠯ᠎ᠤ᠋ᠨ ᠪᠦᠷᠢᠯᠳᠦᠬᠦᠨ᠂ ᠮᠠᠲ᠋ᠧᠷᠢᠶᠠᠯ ᠵᠡᠷᠭᠡ᠎ᠶ᠋ᠢ ᠨᠠᠷᠢᠨ ᠨᠢᠮᠪᠠᠢ ᠲᠠᠢᠯᠪᠤᠷᠢᠯᠠᠨ᠎ᠠ᠃ ᠤᠷᠠᠨ ᠨᠠᠷᠢᠯᠢᠭ ᠲᠣᠯᠣᠭᠠᠢ᠎ᠶ᠋ᠢᠨ ᠵᠠᠰᠠᠯ ᠰᠤᠷᠤᠭᠴᠢᠳ᠎ᠤ᠋ᠨ ᠠᠩᠬᠠᠷᠤᠯ᠎ᠢ ᠲᠠᠲᠠᠵᠤ᠂᠎ᠰᠤᠷᠤᠭᠴᠢᠳ ᠬᠣᠶᠠᠷ ᠬᠥᠮᠦᠨ ᠨᠢᠭᠡ ᠳᠤᠭᠤᠢᠯᠠᠩ ᠪᠣᠯᠵᠣ᠂ ᠪᠠᠭᠰᠢ᠎ᠶᠢᠨ ᠵᠢᠯᠤᠭᠤᠳᠤᠯᠭ᠎ᠠ ᠲᠤᠤᠷ᠎ᠠ ᠦᠨᠳᠦᠰᠦᠲᠡᠨ᠎ᠦ᠌ ᠤᠯᠠᠮᠵᠢᠯᠠᠯᠲᠤ ᠭᠠᠷ ᠤᠷᠠᠯᠠᠯ ᠪᠠ ᠰᠢᠨ᠎ᠡ ᠤᠷᠤᠰᠬᠠᠯ᠎ᠤ᠋ᠨ ᠪᠦᠲᠦᠭᠡᠯᠴᠢ ᠰᠠᠨᠠᠭ᠎ᠠ᠎ᠶ᠋ᠢ ᠭᠦᠢᠴᠡᠳ ᠤᠶᠠᠯᠳᠤᠭᠤᠯᠤᠨ᠂ ᠭᠣᠶᠣ ᠰᠠᠢᠬᠠᠨ ᠦᠨᠳᠦᠰᠦᠲᠡᠨ᠎ᠦ᠌ ᠲᠣᠯᠣᠭᠠᠢ᠎ᠶ᠋ᠢᠨ ᠵᠠᠰᠠᠯ᠎ᠢ ᠬᠢᠵᠦ ᠰᠤᠷᠤᠨ᠎ᠠ᠃

《ᠮᠠᠨ᠎ᠤ᠋ ᠰᠤᠷᠭᠠᠭᠤᠯᠢ ᠡᠶ᠎ᠡ ᠪᠦᠯᠬᠦᠮᠳᠡᠯ᠎ᠤᠨ ᠬᠢᠴᠢᠶᠡᠯ᠎ᠦ᠋ᠨ ᠲᠠᠩᠬᠢᠮ᠎ᠢ᠋ ᠠᠰᠢᠭᠯᠠᠨ᠂ ᠮᠣᠷᠢᠨ ᠬᠤᠭᠤᠷ ᠬᠤᠭᠤᠷᠳᠠᠬᠤ᠂ ᠦᠨᠳᠦᠰᠦᠲᠡᠨ᠎ᠦ᠌ ᠲᠣᠯᠣᠭᠠᠢ᠎ᠶ᠋ᠢᠨ ᠵᠠᠰᠠᠯ ᠬᠢᠬᠦ ᠵᠡᠷᠭᠡ ᠬᠢᠴᠢᠶᠡᠯ ᠨᠡᠭᠡᠭᠡᠵᠦ᠂ ᠦᠨᠳᠦᠰᠦᠲᠡᠨ᠎ᠦ᠌ ᠪᠦᠯᠬᠦᠮᠳᠡᠯ᠎ᠦ᠋ᠨ ᠬᠥᠮᠦᠵᠢᠯ ᠎ᠢ᠋ ᠰᠢᠨ᠎ᠡ ᠲᠦᠪᠰᠢᠨ᠎ᠳ᠋ᠦ᠍ ᠬᠦᠷᠭᠡᠪᠡ᠃ ᠡᠶ᠎ᠡ ᠪᠦᠯᠬᠦᠮᠳᠡᠯ᠎ᠤᠨ ᠬᠢᠴᠢᠶᠡᠯ᠎ᠦ᠋ᠨ ᠲᠠᠩᠬᠢᠮ᠎ᠤ᠋ᠨ ᠵᠢᠭᠠᠨ ᠰᠤᠷᠭᠠᠯᠲᠠ᠎ᠪᠠᠷ ᠳᠠᠮᠵᠢᠨ᠂ ᠦᠨᠳᠦᠰᠦᠲᠡᠨ᠎ᠦ᠌ ᠣᠨᠴᠠᠯᠢᠭ ᠪᠣᠯᠤᠨ ᠰᠣᠶᠣᠯ᠎ᠢ᠋ ᠪᠦᠬᠦ ᠲᠠᠯ᠎ᠠ᠎ᠪᠠᠷ ᠢᠯᠡᠷᠡᠭᠦᠯᠵᠦ᠂ ᠮᠠᠨ᠎ᠤ᠋ ᠦᠨᠳᠦᠰᠦᠲᠡᠨ᠎ᠦ᠌ ᠪᠦᠯᠬᠦᠮᠳᠡᠯ᠎ᠦ᠋ᠨ ᠬᠥᠮᠦᠵᠢᠯ᠎ᠦ᠋ᠨ ᠦᠷ᠎ᠡ ᠪᠦᠲᠦᠭᠡᠯ᠎ᠢ᠋ ᠳᠡᠯᠭᠡᠨ ᠦᠵᠡᠭᠦᠯᠵᠦ ᠪᠠᠢᠨ᠎ᠠ》 ᠭᠡᠵᠦ ᠲᠤᠰ ᠪᠠᠭ᠎ᠠ ᠰᠤᠷᠭᠠᠭᠤᠯᠢ᠎ᠶ᠋ᠢᠨ ᠵᠢᠭᠠᠨ ᠵᠢᠯᠣᠭᠣᠳᠬᠤ ᠭᠠᠵᠠᠷ᠎ᠤ᠋ᠨ ᠳᠡᠳ᠋ ᠡᠷᠬᠢᠯᠡᠭᠴᠢ ᠤᠷᠠᠨ ᠬᠡᠯᠡᠨ᠎ᠡ᠃

ᠯᠢᠨ ᠾᠧ ᠲᠣᠭᠣᠷᠢᠭ᠎ᠤ᠋ᠨ ᠶᠢᠰᠦᠳᠦᠭᠡᠷ ᠪᠠᠭ᠎ᠠ ᠰᠤᠷᠭᠠᠭᠤᠯᠢ᠎ᠳ᠋ᠤ᠌᠂ ᠰᠤᠷᠤᠭᠴᠢᠳ ᠶᠠᠭ ᠰᠠᠢᠬᠠᠨ ᠰᠤᠷᠬᠤ ᠪᠢᠴᠢᠭ᠎ᠦ᠋ᠨ ᠵᠦᠴᠦᠭᠡ ︽ᠲᠡᠷᠡ ᠬᠡᠰᠡᠭ ᠲᠠᠯ᠎ᠠ ᠨᠤᠲᠤᠭ︾ ᠢ᠋ ᠲᠤᠭᠯᠠᠵᠤ ᠪᠣᠯᠪᠠᠰᠤᠷᠠᠨ᠎ᠠ᠂ ᠲᠤᠰ ᠵᠦᠴᠦᠭᠡ ᠨᠢ ︽ᠭᠤᠷᠪᠠᠨ ᠮᠢᠩᠭᠠᠨ ᠥᠨᠥᠴᠢᠨ ᠬᠡᠦᠬᠡᠳ ᠥᠪᠥᠷ ᠮᠣᠩᠭᠣᠯ᠎ᠳ᠋ᠤ᠌ ᠣᠷᠣᠵᠤ ᠢᠷᠡᠭᠰᠡᠨ︾ ᠦᠯᠢᠭᠡᠷ᠎ᠢᠶᠡᠷ ᠠᠷᠤ ᠦᠵᠡᠭᠳᠡᠯ ᠪᠣᠯᠭᠠᠨ᠂ ᠡᠯ᠎ᠡ ᠦᠨᠳᠦᠰᠦᠲᠡᠨ᠎ᠦ᠌ ᠬᠠᠷᠢᠯᠴᠠᠨ ᠢᠵᠢᠯᠢᠰᠢᠵᠦ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠭᠰᠠᠨ ᠰᠡᠳᠬᠢᠯ ᠳᠣᠭᠳᠣᠯᠤᠭᠤᠯᠤᠮ᠎ᠠ ᠦᠯᠢᠭᠡᠷ᠎ᠢ᠋ ᠳᠡᠯᠭᠡᠨ ᠦᠵᠡᠭᠦᠯᠦᠭᠰᠡᠨ ᠪᠠᠢᠨ᠎ᠠ᠃ 《ᠶᠠᠷᠢᠶ᠎ᠠ ᠢᠯᠡᠳᠬᠡᠯ᠎ᠦ᠋ᠨ ᠤᠷᠤᠯᠳᠤᠭᠠᠨ᠂ ᠰᠤᠷᠬᠤ ᠪᠢᠴᠢᠭ᠎ᠦ᠋ᠨ ᠵᠦᠴᠦᠭᠡ᠂ ᠠᠩᠭᠢ᠎ᠶ᠋ᠢᠨ ᠬᠤᠷᠠᠯ ᠵᠡᠷᠭᠡ ᠬᠡᠯᠪᠡᠷᠢ᠎ᠪᠡᠷ ᠳᠠᠮᠵᠢᠭᠤᠯᠤᠨ᠂ ᠳᠤᠮᠳᠠᠳᠤ᠎ᠶ᠋ᠢᠨ ᠦᠨᠳᠦᠰᠦᠲᠡᠨ᠎ᠨᠦ᠍ᠭᠦᠳ᠎ᠦ᠋ᠨ ᠬᠣᠭᠣᠷᠣᠨᠳᠣᠬᠢ ᠡᠪ ᠪᠦᠯᠬᠦᠮᠳᠡᠯ᠂ ᠬᠠᠷᠢᠯᠴᠠᠨ ᠬᠠᠪᠰᠤᠷᠤᠯᠴᠠᠬᠤ ᠠᠭᠤᠷ ᠠᠮᠢᠰᠬᠤᠯ᠎ᠢ᠋ ᠬᠡᠦᠬᠡᠳ᠎ᠤᠳ᠎ᠲᠦ᠍ ᠮᠡᠳᠡᠷᠡᠭᠦᠯᠬᠦ᠎ᠶ᠋ᠢᠨ ᠬᠠᠮᠲᠤ ᠳᠤᠮᠳᠠᠳᠤ᠎ᠶ᠋ᠢᠨ ᠦᠨᠳᠦᠰᠦᠲᠡᠨ᠎ᠦ᠌ ᠬᠠᠮᠲᠤ᠎ᠶ᠋ᠢᠨ ᠴᠣᠭᠴᠠ᠎ᠶ᠋ᠢᠨ ᠤᠬᠠᠮᠰᠠᠷ᠎ᠢ᠋ ᠬᠡᠦᠬᠡᠳ᠎ᠦ᠋ᠨ ᠰᠡᠳᠬᠢᠯ᠎ᠳ᠋ᠦ᠍ ᠬᠠᠳᠠᠩᠰᠢᠭᠤᠯᠤᠨ᠎ᠠ》 ᠭᠡᠵᠦ ᠲᠤᠰ ᠰᠤᠷᠭᠠᠭᠤᠯᠢ᠎ᠶ᠋ᠢᠨ ᠪᠠᠭᠰᠢ ᠵᠣᠣ ᠾᠦᠢ ᠴᠢᠨ ᠬᠡᠯᠡᠨ᠎ᠡ᠃

ᠯᠢᠨ ᠾᠧ ᠲᠤᠭᠤᠷᠢᠭ᠎ᠤᠨ ᠾᠦᠢ ᠹᠧᠩ ᠰᠤᠷᠭᠠᠭᠤᠯᠢ ᠲᠦᠷᠪᠡ᠎ᠡᠴᠡ ᠵᠢᠷᠭᠤᠳᠤᠭᠠᠷ ᠣᠨ ᠎ᠤ᠋ ᠰᠤᠷᠤᠭᠴᠢᠳ᠎ᠲᠤ᠌ ᠬᠠᠨᠳᠤᠭᠤᠯᠤᠨ 《ᠲᠤᠮᠳᠠᠳᠤ᠎ᠶᠢᠨ ᠦᠨᠳᠦᠰᠦᠲᠡᠨ᠎ᠤ ᠶᠡᠬᠡ ᠭᠡᠷ ᠪᠦᠯᠢ》 ᠦᠨᠳᠦᠰᠦᠲᠡᠨ᠎ᠦ᠌ ᠪᠦᠯᠬᠦᠮᠳᠡᠯ ᠳᠠᠪᠰᠢᠯᠲᠠ᠎ᠶᠢᠨ ᠬᠢᠴᠢᠶᠡᠯ᠎ᠢ ᠨᠡᠭᠡᠭᠡᠵᠦ᠂ 12 ᠬᠢᠴᠢᠶᠡᠯ᠎ᠦ᠋ᠨ ᠴᠠᠭ᠎ᠤ᠋ᠨ ᠰᠤᠷᠭᠠᠯᠲᠠ᠎ᠪᠡᠷ ᠲᠠᠮᠵᠢᠭᠤᠯᠤᠨ᠂ ᠡᠯ᠎ᠡ ᠦᠨᠳᠦᠰᠦᠲᠡᠨ᠎ᠤ ᠲᠡᠦᠬᠡᠨ ᠡᠭᠦᠰᠦᠯ ᠪᠣᠯᠤᠨ ᠥᠪᠡᠷᠮᠢᠴᠡ ᠰᠣᠶᠣᠯ᠎ᠢ᠋ ᠲᠠᠢᠯᠪᠤᠷᠢᠯᠠᠵᠤ᠂ ᠰᠤᠷᠤᠭᠴᠢᠳ᠎ᠢ᠋ ᠬᠦᠲᠦᠯᠦᠨ ᠦᠨᠳᠦᠰᠦᠲᠡᠨ᠎ᠤ ᠪᠦᠯᠬᠦᠮᠳᠡᠯ᠎ᠤᠨ ᠴᠢᠬᠤᠯᠠ ᠠᠴᠢ  ᠬᠤᠯᠪᠤᠭᠳᠠᠯ᠎ᠢ ᠤᠢᠯᠠᠭᠠᠭᠤᠯᠤᠨ᠎ᠠ᠃

ᠪᠠᠶᠠᠨᠨᠠᠭᠤᠷ ᠬᠣᠲᠠ ᠰᠤᠷᠭᠠᠭᠤᠯᠢ᠎ᠶ᠋ᠢᠨ ᠬᠦᠷᠢᠶᠡᠨ᠎ᠦ᠌ ᠦᠨᠳᠦᠰᠦ ᠰᠠᠭᠤᠷᠢ᠎ᠵᠢ ᠪᠡᠬᠢᠵᠢᠭᠦᠯᠬᠦ ᠢᠨᠵᠧᠨᠧᠷᠢᠩ᠎ᠢ᠋ ᠭᠦᠨᠵᠡᠭᠡᠢ ᠬᠡᠷᠡᠭᠵᠢᠭᠦᠯᠵᠦ᠂ ᠳᠤᠮᠳᠠᠳᠤ᠎ᠶ᠋ᠢᠨ ᠦᠨᠳᠦᠰᠦᠲᠡᠨ᠎ᠦ᠌ ᠬᠠᠮᠲᠤ᠎ᠶ᠋ᠢᠨ ᠴᠣᠭᠴᠠ᠎ᠶ᠋ᠢᠨ ᠤᠬᠠᠮᠰᠠᠷ ᠎ᠢ᠋ ᠪᠠᠲᠤ ᠴᠤᠭᠴᠠᠯᠠᠬᠤ᠎ᠵᠢ ᠰᠤᠷᠭᠠᠭᠤᠯᠢ ᠡᠷᠬᠢᠯᠡᠵᠦ ᠪᠢᠴᠢᠭ ᠵᠢᠭᠠᠵᠤ ᠬᠥᠮᠦᠨ ᠬᠥᠮᠦᠵᠢᠭᠦᠯᠬᠦ ᠪᠦᠬᠦ ᠶᠠᠪᠤᠴᠠ᠎ᠳ᠋ᠤ᠌ ᠠᠭᠤᠰᠤᠯᠴᠠᠭᠤᠯᠪᠠ᠃ ᠤᠯᠤᠰ᠎ᠤ᠋ᠨ ᠨᠡᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠦ᠋ᠨ ᠵᠢᠭᠠᠨ ᠰᠤᠷᠭᠠᠯᠲᠠ᠎ᠵᠢ ᠬᠡᠦᠬᠡᠳ᠎ᠦ᠋ᠨ ᠴᠡᠴᠡᠷᠯᠢᠭ᠎ᠲᠤ ᠪᠦᠬᠦᠨ᠎ᠢ᠋ ᠪᠦᠷᠬᠦᠭᠦᠯᠬᠦ᠎ᠶ᠋ᠢ ᠪᠡᠶᠡᠯᠡᠭᠦᠯᠵᠦ᠂ ᠨᠢᠭᠡᠳᠦᠯᠲᠡᠢ ᠨᠠᠢᠷᠠᠭᠤᠯᠤᠨ ᠵᠣᠬᠢᠶᠠᠭᠰᠠᠨ ᠵᠢᠭᠠᠬᠤ ᠮᠠᠲ᠋ᠧᠷᠢᠶᠠᠯ᠎ᠢ᠋ ᠪᠦᠬᠦ ᠲᠠᠯ᠎ᠠ᠎ᠪᠠᠷ ᠲᠦᠭᠡᠮᠡᠯᠵᠢᠭᠦᠯᠪᠡ᠃ 45 ᠬᠤᠪᠢᠰᠬᠠᠯᠲᠤ ᠬᠥᠮᠦᠵᠢᠯ᠎ᠦ᠋ᠨ ᠰᠠᠭᠤᠷᠢᠨ ᠎ᠳᠦ ᠲᠦᠰᠢᠭᠯᠡᠨ᠂ ᠳᠤᠮᠳᠠᠳᠤ ᠪᠠᠭ᠎ᠠ ᠰᠤᠷᠭᠠᠭᠤᠯᠢ᠎ᠶ᠋ᠢᠨ ᠰᠤᠷᠤᠭᠴᠢᠳ᠎ᠢ᠋ ᠵᠣᠬᠢᠶᠠᠨ ᠪᠠᠢᠭᠤᠯᠵᠤ᠂ ᠡᠬᠡ ᠣᠷᠣᠨᠴᠢ ᠦᠢᠯᠡᠳᠦᠯᠭᠡ᠎ᠶ᠋ᠢᠨ ᠠᠵᠢᠯᠯᠠᠭ᠎ᠠ ᠥᠷᠨᠢᠭᠦᠯᠵᠦ᠂ ︽ᠰᠤᠷᠭᠠᠭᠤᠯᠢ ᠡᠬᠢᠯᠡᠭᠰᠡᠨ ᠨᠢᠭᠡᠳᠦᠭᠡᠷ ᠬᠢᠴᠢᠶᠡᠯ︾ ᠢ᠋  ᠳᠤᠮᠳᠠᠳᠤ᠎ᠶ᠋ᠢᠨ ᠦᠨᠳᠦᠰᠦᠲᠡᠨ᠎ᠦ᠌ ᠬᠠᠮᠲᠤ᠎ᠶ᠋ᠢᠨ ᠴᠣᠭᠴᠠ᠎ᠶ᠋ᠢᠨ ᠤᠬᠠᠮᠰᠠᠷ᠎ᠢ᠋ ᠪᠠᠲᠤ ᠴᠤᠭᠴᠠᠯᠠᠬᠤ ᠭᠣᠣᠯ ᠠᠴᠢᠶᠠᠯᠠᠪᠤᠷᠢ ᠪᠣᠯᠭᠠᠵᠤ᠂ ᠵᠢᠷᠭᠠᠯ ᠵᠣᠪᠠᠯᠠᠩ᠎ᠢ᠋ᠶ᠋ᠠᠨ ᠬᠠᠮᠲᠤᠳᠬᠠᠬᠤ᠂ ᠠᠯᠳᠠᠷ ᠭᠤᠳᠤᠮᠰᠢᠭ᠎ᠢ᠋ᠶ᠋ᠠᠨ ᠬᠠᠮᠲᠤᠳᠬᠠᠬᠤ᠂ ᠦᠬᠦᠬᠦ ᠰᠡᠬᠡᠬᠦ᠎ᠪᠡᠨ ᠬᠠᠮᠲᠤᠳᠬᠠᠬᠤ᠂ ᠬᠤᠪᠢ ᠵᠠᠶᠠᠭ᠎ᠠ᠎ᠪᠠᠨ ᠬᠠᠮᠳᠤᠳᠬᠠᠬᠤ ᠬᠠᠮᠲᠤ᠎ᠶ᠋ᠢᠨ ᠴᠣᠭᠴᠠ᠎ᠶ᠋ᠢᠨ ᠣᠢᠯᠠᠭᠠᠭᠳᠠᠬᠤᠨ ᠎ᠢ᠋ ᠵᠠᠯᠠᠭᠤᠴᠤᠳ ᠪᠠᠭᠠᠴᠤᠳ᠎ᠤ᠋ᠨ ᠰᠡᠳᠬᠢᠯ᠎ᠳ᠋ᠦ᠍ ᠦᠨᠳᠦᠰᠦᠯᠡᠭᠦᠯᠦᠨ᠎ᠡ᠃

ᠬᠠᠩᠭᠢᠨ ᠬᠣᠢᠲᠤ ᠬᠤᠰᠢᠭᠤᠨ᠎ᠤ᠋ ᠦᠨᠳᠦᠰᠦᠲᠡᠨ᠎ᠦ᠌ ᠪᠦᠯᠬᠦᠮᠳᠡᠯ᠎ᠦ᠋ᠨ ᠭᠣᠣᠯ ᠰᠡᠳᠦᠪᠲᠦ ᠴᠡᠴᠡᠷᠯᠢᠭ᠎ᠲᠦ᠍ ᠬᠦᠷᠪᠡᠯ᠂ ︽ᠠᠨᠠᠷ᠎ᠤᠨ ᠦᠷ᠎ᠡ ᠮᠡᠲᠦ ᠬᠠᠷᠢᠯᠴᠠᠨ ᠲᠡᠪᠡᠷᠢᠯᠴᠡᠵᠦ᠂ ᠰᠡᠳᠭᠢᠯ ᠨᠢᠭᠡᠳᠦᠨ ᠵᠡᠭᠦᠳᠦ᠎ᠪᠡᠨ ᠲᠡᠷᠭᠡᠯᠰᠢᠭᠦᠯᠬᠦ︾ᠱᠤᠭᠤᠮᠠᠯ ᠨᠢ  ᠣᠯᠠᠨ᠎ᠤ᠋ ᠠᠩᠬᠠᠷᠤᠯ᠎ᠢ᠋ ᠣᠨᠴᠠ ᠲᠠᠲᠠᠨ᠎ᠠ᠃ ᠵᠢᠮᠢᠰ᠎ᠦ᠋ᠨ ᠮᠣᠳᠣ᠂ ᠨᠠᠭᠤᠷ᠎ᠤ᠋ᠨ ᠠᠷᠠᠯ᠂ ᠯᠢᠩᠬᠤ᠎ᠠ ᠴᠡᠴᠡᠭ᠎ᠤᠨ ᠴᠦᠩᠭᠦᠯ ᠵᠡᠷᠭᠡ ᠪᠠᠢᠭᠠᠯᠢ᠎ᠶ᠋ᠢᠨ ᠦᠵᠡᠮᠵᠢ ᠨᠢ ᠦᠨᠳᠦᠰᠦᠲᠡᠨ᠎ᠦ᠌ ᠪᠦᠯᠬᠦᠮᠳᠡᠯ᠎ᠦ᠋ᠨ ᠭᠣᠣᠯ ᠰᠡᠳᠦᠪᠲᠦ ᠱᠤᠭᠤᠮᠠᠯ ᠪᠣᠯᠤᠨ ᠦᠨᠳᠦᠰᠦᠲᠡᠨ᠎ᠦ᠌ ᠪᠦᠯᠬᠦᠮᠳᠡᠯ᠎ᠦ᠋ᠨ ᠤᠬᠠᠭᠤᠯᠭ᠎ᠠ᠎ᠶ᠋ᠢᠨ ᠤᠷᠢᠶ᠎ᠠ ᠯᠣᠽᠦ᠋ᠩ ᠲᠠᠢ ᠬᠠᠷᠢᠯᠴᠠᠨ ᠠᠭᠤᠰᠤᠯᠴᠠᠵᠤ᠂ ᠪᠠᠢᠭᠠᠯᠢ᠎ᠶ᠋ᠢᠨ ᠦᠵᠡᠮᠵᠢ ᠬᠢᠭᠡᠳ ᠬᠥᠮᠦᠨ ᠨᠡᠢᠭᠡᠮ᠎ᠦ᠋ᠨ ᠲᠡᠦᠬᠡ ᠲᠡᠭᠦᠰ ᠰᠠᠢᠬᠠᠨ ᠠᠭᠤᠰᠤᠯᠴᠠᠭᠰᠠᠨ᠂ ᠪᠡᠶ᠎ᠡ ᠴᠢᠭᠢᠷᠠᠭᠵᠢᠭᠤᠯᠤᠨ ᠰᠡᠯᠡᠭᠦᠴᠡᠬᠦ ᠬᠢᠭᠡᠳ ᠦᠵᠡᠯ ᠰᠠᠨᠠᠭᠠᠨ᠎ᠤ᠋ ᠬᠥᠮᠦᠵᠢᠯ᠎ᠢ᠋  ᠨᠢᠭᠡ  ᠴᠣᠭᠴᠠᠵᠢᠭᠤᠯᠤᠭᠰᠠᠨ ᠭᠣᠣᠯ ᠰᠡᠳᠦᠪᠲᠦ  ᠴᠡᠴᠡᠷᠯᠢᠭ᠎ᠢ᠋  ᠪᠣᠢ  ᠪᠣᠯᠭᠠᠪᠠ᠃

ᠬᠣᠲᠠ᠎ᠶ᠋ᠢᠨ ᠠᠷᠠᠳ ᠹᠦ ᠮᠠᠨ ᠯᠢᠶᠠᠩ ᠴᠡᠴᠡᠷᠯᠢᠭ᠎ᠦ᠋ᠨ ᠣᠷᠴᠢᠮ ᠰᠠᠭᠤᠵᠤ᠂ ᠦᠷᠭᠦᠯᠵᠢ ᠴᠡᠴᠡᠷᠯᠢᠭ᠎ᠲᠦ᠍ ᠣᠴᠢᠵᠤ ᠰᠡᠯᠡᠭᠦᠴᠡᠳᠡᠭ᠃ ᠲᠡᠷᠡ᠄ 《ᠭᠣᠣᠯ ᠰᠡᠳᠦᠪᠲᠦ ᠴᠡᠴᠡᠷᠯᠢᠭ ᠪᠣᠯ ᠦᠨᠳᠦᠰᠦᠲᠡᠨ᠎ᠦ᠌ ᠪᠦᠯᠬᠦᠮᠳᠡᠯ ᠎ᠢ᠋ ᠰᠤᠷᠲᠠᠯᠴᠢᠯᠠᠬᠤ ᠰᠠᠢᠬᠠᠨ ᠭᠠᠵᠠᠷ ᠮᠦᠨ》 ᠭᠡᠵᠦ  ᠱᠠᠭᠰᠢᠨ᠎ᠠ᠃

ᠦᠨᠳᠦᠰᠦᠲᠡᠨ᠎ᠦ᠌ ᠪᠦᠯᠬᠦᠮᠳᠡᠯ ᠨᠢ ᠪᠦᠬᠦ ᠨᠡᠢᠭᠡᠮ᠎ᠦ᠋ᠨ ᠬᠦᠴᠦᠨ᠎ᠢ᠋ ᠨᠢᠭᠲᠠᠷᠠᠭᠤᠯᠬᠤ ᠴᠢᠬᠤᠯᠠ ᠦᠢᠯᠡᠳᠦᠯ᠎ᠲᠠᠢ᠃ ᠪᠠᠶᠠᠨᠨᠠᠭᠤᠷ ᠬᠣᠲᠠ ᠨᠢ ᠰᠡᠳᠭᠢᠯ᠎ᠢᠶᠡᠨ ᠨᠢᠭᠲᠠᠷᠠᠭᠤᠯᠵᠤ ᠬᠦᠴᠦ ᠪᠠᠨ ᠬᠠᠮᠳᠤᠳᠬᠠᠬᠤ᠎ᠵᠢ ᠪᠠᠷᠢᠮᠳᠠᠯᠠᠵᠤ᠂ ᠦᠨᠳᠦᠰᠦᠲᠡᠨ᠎ᠦ᠌ ᠪᠦᠯᠬᠦᠮᠳᠡᠯ᠎ᠦ᠋ᠨ ᠴᠡᠴᠡᠭᠡᠰ᠎ᠤᠨ ᠦᠷ᠎ᠡ᠎ᠶ᠋ᠢ ᠦᠨᠳᠦᠰᠦᠲᠡᠨ ᠨᠤᠭᠦᠳ᠎ᠤᠨ ᠣᠯᠠᠨ ᠲᠦᠮᠡᠨ᠎ᠦ᠌ ᠰᠡᠳᠬᠢᠯ᠎ᠳ᠋ᠦ᠍ ᠰᠠᠴᠤᠵᠤ᠂ ᠦᠯᠦ ᠮᠡᠳᠡᠭᠳᠡᠮ᠎ᠡ᠎ᠪᠡᠷ ᠳᠤᠮᠳᠠᠳᠤ᠎ᠶ᠋ᠢᠨ ᠦᠨᠳᠦᠰᠦᠲᠡᠨ᠎ᠦ᠌ ᠬᠠᠮᠲᠤ᠎ᠶ᠋ᠢᠨ ᠴᠣᠭᠴᠠ᠎ᠶ᠋ᠢᠨ ᠤᠬᠠᠮᠰᠠᠷ᠎ᠢ᠋ ᠪᠠᠲᠤ ᠴᠤᠭᠴᠠᠯᠠᠨ᠎ᠠ᠃

ᠡᠬᠡ ᠤᠯᠤᠰ᠎ᠤ᠋ᠨ ᠤᠮᠠᠷᠠᠲᠤ ᠬᠢᠯᠢ᠎ᠳᠤ᠂ ᠮᠤᠨᠠ ᠠᠭᠤᠯᠠ᠎ᠶ᠋ᠢᠨ ᠬᠣᠷᠮᠣᠢ᠎ᠠ᠋ᠴᠠ ᠬᠠᠲᠤᠨ ᠭᠣᠣᠯ᠎ᠤ᠋ᠨ ᠡᠷᠭᠢ ᠬᠦᠷᠲᠡᠯ᠎ᠡ᠂ ᠪᠠᠶᠠᠨᠨᠠᠭᠤᠷ ᠬᠣᠲᠠ ᠶᠠᠭ ᠰᠢᠰᠲ᠋ᠧᠮᠲᠦ ᠰᠡᠳᠬᠢᠴᠡ᠎ᠪᠡᠷ ᠳᠤᠮᠳᠠᠳᠤ᠎ᠶ᠋ᠢᠨ ᠦᠨᠳᠦᠰᠦᠲᠡᠨ᠎ᠦ᠌ ᠬᠠᠮᠲᠤ᠎ᠶ᠋ᠢᠨ ᠴᠣᠭᠴᠠ᠎ᠶ᠋ᠢᠨ ᠤᠬᠠᠮᠰᠠᠷ ᠎ᠢ᠋ ᠪᠠᠲᠤ ᠴᠤᠭᠴᠠᠯᠠᠬᠤ᠎ᠵᠢ ᠬᠡᠯᠪᠡᠷᠢᠵᠢᠭᠦᠯᠵᠦ᠂ ᠪᠣᠳᠠᠲᠠᠢᠵᠢᠭᠤᠯᠵᠤ᠂ ᠪᠠᠢᠩᠭᠤᠵᠢᠭᠤᠯᠵᠤ᠂ ᠤᠯᠤᠰ ᠲᠥᠷᠥ᠎ᠶ᠋ᠢᠨ ᠪᠦᠲᠦᠭᠡᠨ ᠪᠠᠢᠭᠤᠯᠤᠯᠲᠠ᠎ᠶ᠋ᠢᠨ 《ᠨᠢᠷᠤᠭᠤ ᠲᠤᠯᠭᠠᠭᠤᠷᠢ》 ᠂ ᠰᠣᠶᠣᠯ᠎ᠤᠨ ᠨᠡᠪᠴᠢᠯᠲᠡ᠎ᠶᠢᠨ 《ᠣᠶᠤᠨ ᠰᠠᠨᠠᠭᠠᠨ᠎ᠤ᠋ ᠨᠢᠭᠤᠴᠠ ᠨᠣᠮᠧᠷ》᠂ ᠨᠡᠢᠭᠡᠮ᠎ᠦ᠋ᠨ ᠠᠭᠤᠰᠤᠯᠴᠠᠯ᠎ᠤᠨ 《ᠦᠢᠯᠡᠳᠦᠯᠭᠡ᠎ᠶ᠋ᠢᠨ ᠵᠢᠷᠤᠭ᠎ᠤᠨ ᠵᠢᠭᠰᠠᠯ》 ᠵᠢᠡᠷ ᠳᠠᠮᠵᠢᠭᠤᠯᠤᠨ᠂ 《ᠮᠡᠳᠡᠷᠡᠬᠦ᠂ ᠠᠭᠤᠰᠤᠯᠴᠠᠬᠤ᠂ ᠬᠥᠭᠵᠢᠭᠦᠯᠬᠦ》 ᠰᠠᠢᠨ ᠣᠷᠴᠢᠯ᠎ᠤ᠋ᠨ ᠵᠠᠮ ᠮᠥᠷ᠎ᠢ᠋ ᠬᠠᠢᠨ ᠰᠦᠪᠡᠭᠴᠢᠯᠡᠵᠦ᠂ ᠳᠤᠮᠳᠠᠳᠤ᠎ᠶ᠋ᠢᠨ ᠦᠨᠳᠦᠰᠦᠲᠡᠨ᠎ᠦ᠌ ᠬᠠᠮᠲᠤ ᠎ᠶ᠋ᠢᠨ ᠣᠶᠤᠨ ᠰᠠᠨᠠᠭᠠᠨ᠎ᠤ᠋ ᠭᠡᠷ ᠣᠷᠣᠨ ᠎ᠢ᠋ ᠪᠦᠬᠦ ᠬᠦᠴᠦᠨ᠎ᠢ᠋ᠶ᠋ᠡᠷ᠎ᠢ᠋ᠶ᠋ᠡᠨ ᠴᠣᠭᠴᠠᠯᠠᠨ ᠪᠠᠢᠭᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号