8 ᠰᠠᠷ᠎ᠠ ᠳ᠋ᠦ ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ ᠦᠨᠳᠦᠰᠦᠲᠡᠨ ᠤ᠋ ᠬᠥᠭ᠌ᠵᠢᠮ ᠤ᠋ᠨ ᠪᠦᠯᠬᠦᠮ ᠤ᠋ᠨ ᠬᠢᠨ ᠮᠣᠩᠭᠣᠯ ᠮᠤᠷᠢᠨ ᠤ᠋ ᠵᠣᠷᠢᠭ ᠰᠠᠨᠠᠭ᠎ᠠ ᠪᠣᠯᠤᠨ ᠤᠮᠠᠷᠠᠲᠤ ᠬᠢᠯᠢ ᠶ᠋ᠢᠨ ᠰᠣᠶᠣᠯ ᠤ᠋ᠨ ᠷᠢᠳᠢ ᠱᠢᠳᠢ ᠵᠢ ᠨᠢᠭ᠍ᠲᠠᠷᠠᠭᠤᠯᠤᠭ᠍ᠰᠠᠨ ᠲᠣᠮᠣ ᠬᠡᠯᠪᠡᠷᠢ ᠶ᠋ᠢᠨ ᠦᠨᠳᠦᠰᠦᠲᠡᠨ ᠤ᠋ ᠨᠠᠢᠷᠠᠯ ᠬᠥᠭ᠌ᠵᠢᠮ 《ᠮᠣᠩᠭᠣᠯ ᠮᠣᠷᠢ》 ᠶ᠋ᠢ ᠪᠥᠬᠥ᠌ ᠤᠯᠤᠰ ᠲᠦ᠍ ᠲᠣᠭᠣᠷᠢᠨ ᠲᠤᠭᠯᠠᠵᠤ᠂ 15 ᠡᠳᠦᠷ ᠤ᠋ᠨ ᠲᠤᠷᠰᠢ 7 ᠮᠤᠵᠢ ᠶ᠋ᠢᠨ 9 ᠬᠤᠳᠠ ᠳ᠋ᠦ 9 ᠲᠠᠯᠠᠪᠠᠢ ᠥᠨᠳᠥᠷ ᠲᠦᠪᠱᠢᠨ ᠪᠦᠬᠦᠢ ᠲᠣᠭ᠍ᠯᠠᠯᠲᠠ ᠭᠠᠷᠭᠠᠨ᠂ ᠰᠦᠷ ᠳᠠᠯᠠᠢᠴᠠᠲᠠᠢ ᠲᠠᠯ᠎ᠠ ᠨᠤᠲᠤᠭ ᠤ᠋ᠨ ᠬᠥᠭ᠌ᠵᠢᠮ ᠢ᠋ᠶ᠋ᠡᠷ ᠲᠦᠮᠡᠨ ᠭᠠᠵᠠᠷ ᠤ᠋ᠨ ᠠᠭᠤᠯᠠ ᠤᠰᠤᠨ ᠤ᠋ ᠳᠤᠮᠳᠠ ᠤᠮᠠᠷᠠᠲᠤ ᠬᠢᠯᠢ ᠶ᠋ᠢᠨ ᠲᠠᠭᠤᠨ ᠢ᠋ ᠴᠢᠪᠬᠠᠳᠠᠵᠤ᠂ ᠤᠮᠠᠷᠠᠲᠤ ᠬᠢᠯᠢ ᠶ᠋ᠢᠨ ᠰᠣᠶᠣᠯ ᠤ᠋ᠨ ᠰᠦᠷᠯᠢᠭ ᠰᠠᠢᠬᠠᠨ ᠬᠠᠭᠤᠳᠠᠰᠤ ᠵᠢ ᠪᠦᠬᠦ᠌ ᠤᠯᠤᠰ ᠤ᠋ᠨ ᠦᠵᠡᠭ᠌ᠴᠢᠳ ᠲᠦ᠍ ᠰᠤᠨᠢᠬᠠᠭᠤᠯᠪᠠ᠃
ᠲᠣᠰ ᠤᠳᠠᠭ᠎ᠠ ᠵᠢᠨ ᠲᠣᠭᠣᠷᠢᠨ ᠲᠣᠭ᠍ᠯᠠᠯᠲᠠ ᠨᠢ 8 ᠰᠠᠷ᠎ᠠ ᠶ᠋ᠢᠨ 5 ᠤ᠋ ᠡᠳᠦᠷ ᠯᠢᠶᠣᠤᠨᠢᠩ ᠮᠤᠵᠢ ᠶ᠋ᠢᠨ ᠮᠦᠭ᠌ᠳᠡᠨ ᠬᠤᠳᠠ ᠶ᠋ᠢᠨ ᠱᠧᠩ ᠵᠢᠩ ᠲᠣᠮᠣ ᠲᠢᠶᠠᠲ᠋ᠷ ᠲᠦ᠍ ᠡᠬᠢᠯᠡᠭᠰᠡᠨ ᠤ᠋ ᠲᠠᠷᠠᠭ᠎ᠠ ᠤᠷᠢᠳ ᠬᠤᠵᠢᠳ ᠱᠠᠨᠳᠦ᠋ᠩ ᠮᠤᠵᠢ ᠵᠢᠨ ᠲᠡᠶ ᠠᠨ᠂ ᠵᠢᠶᠠᠩᠰᠦ ᠮᠤᠵᠢ ᠶ᠋ᠢᠨ ᠢᠱᠢᠩ᠂ ᠴᠠᠩᠵᠧᠦ᠂ ᠬᠠᠢ᠌ᠮᠸᠨ᠂ ᠵᠧᠵᠢᠶᠠᠩ ᠮᠤᠵᠢ ᠵᠢᠨ ᠵᠦᠵᠢ᠂ ᠹᠦᠵᠢᠶᠠᠨ ᠮᠤᠵᠢ ᠵᠢᠨ ᠹᠦᠵᠧᠦ᠂ ᠵᠢᠶᠠᠩᠰᠢ ᠮᠤᠵᠢ ᠶ᠋ᠢᠨ ᠭᠠᠨᠵᠸᠤ ᠵᠡᠷᠭᠡ ᠬᠤᠳᠠ ᠳ᠋ᠦ ᠬᠦᠷᠴᠦ ᠲᠤᠭᠯᠠᠯᠳᠠ ᠭᠠᠷᠭᠠᠨ᠂ 8 ᠰᠠᠷ᠎ᠠ ᠶ᠋ᠢᠨ 19 ᠤ᠋ ᠡᠳᠦᠷ ᠬᠤᠨᠠᠨ ᠮᠤᠵᠢ ᠶ᠋ᠢᠨ ᠵᠦᠵᠸᠤ ᠬᠤᠳᠠ ᠶ᠋ᠢᠨ ᠱᠧᠨ ᠨᠦᠩ ᠲᠣᠮᠣ ᠲᠢᠶᠠᠲ᠋ᠷ ᠲᠦ᠍ ᠲᠤᠭᠤᠷᠢᠨ ᠲᠤᠭᠯᠠᠯᠳᠠ ᠪᠠᠨ ᠲᠡᠬᠦᠰᠬᠡᠵᠤ᠂ ᠠᠶᠠᠨ ᠵᠠᠮ ᠨᠢ ᠠᠪᠰᠠᠷᠬᠠᠨ ᠪᠤᠯᠪᠠᠴᠤ ᠠᠮᠵᠢᠯᠳᠠ ᠲᠦᠬᠦᠷᠡᠩ ᠪᠤᠴᠠᠵᠤ ᠢᠷᠡᠯ᠎ᠠ᠃ ᠡᠨᠡ ᠬᠦ᠌ ᠨᠠᠷᠢᠨ ᠨᠢᠮᠪᠠᠶ ᠲᠥᠯᠥᠪᠵᠢᠭᠦᠯᠦᠭ᠌ᠰᠡᠨ ᠵᠠᠮ ᠱᠤᠭᠤᠮ ᠨᠢ ᠲᠡᠦᠬᠡ ᠰᠣᠶᠣᠯ ᠤ᠋ᠨ ᠦᠶ ᠣᠯᠠᠨ ᠨᠡᠷᠡᠲᠦ ᠬᠣᠲᠠ ᠪᠣᠯᠤᠨ ᠣᠳᠣ ᠦᠶ᠎ᠡ ᠶ᠋ᠢᠨ ᠤᠷᠠᠯᠢᠭ ᠤ᠋ᠨ ᠬᠣᠲᠠ ᠵᠢ ᠬᠣᠯᠪᠣᠨ᠂ ᠤᠮᠠᠷᠠᠲᠤ ᠬᠢᠯᠢ ᠶ᠋ᠢᠨ ᠰᠣᠶᠣᠯ ᠤ᠋ᠨ ᠰᠤᠳᠤᠨ ᠪᠦᠳᠦᠭᠡᠯ ᠢ᠋ ᠨᠡᠩ ᠥᠷᠭᠡᠨ ᠳᠡᠯᠭᠡᠷ ᠵᠢᠡᠷ ᠦᠵᠡᠭᠴᠢᠳ ᠤ᠋ᠨ ᠬᠠᠷᠠᠭ᠎ᠠ ᠰᠤᠨᠤᠷ ᠲᠦ᠍ ᠬᠦᠷᠬᠡᠵᠤ᠂ ᠨᠡᠢᠭᠡᠮ ᠤ᠋ᠨ ᠡᠯ᠎ᠡ ᠡᠲᠡᠭᠡᠳ ᠤ᠋ᠨ ᠥᠷᠭᠡᠨ ᠳᠡᠯᠭᠡᠷ ᠮᠠᠭ᠍ᠲᠠᠭᠠᠯ ᠰᠠᠢᠱᠢᠶᠠᠯ ᠢ᠋ ᠤᠯᠵᠠᠢ᠃
ᠲᠤᠰ ᠲᠣᠭ᠍ᠯᠠᠯᠲᠠ ᠵᠢ ᠠᠯᠳᠠᠷᠲᠤ ᠬᠥᠭ᠌ᠵᠢᠮ ᠤ᠋ᠨ ᠵᠣᠬᠢᠶᠠᠯᠴᠢ᠂ ᠤᠳᠤᠷᠢᠳᠤᠭᠠᠴᠢ᠂ ᠥᠪᠥᠷ ᠮᠣᠩᠭᠣᠯ ᠤ᠋ᠨ ᠳᠠᠭᠤᠤ ᠬᠥᠭ᠌ᠵᠢᠮᠴᠢᠳ ᠤ᠋ᠨ ᠨᠡᠢᠭᠡᠮᠯᠢᠭ ᠤ᠋ᠨ ᠲᠡᠷᠢᠭᠦᠯᠡᠭ᠌ᠴᠢ ᠡᠷᠳᠡᠨᠢ ᠤᠳᠤᠷᠢᠳᠤᠭᠠᠯᠠᠪᠠ᠃ ᠡᠷᠳᠡᠨᠢ ᠭᠤᠧᠠᠢ ᠤᠷᠠᠯᠢᠭ ᠤ᠋ᠨ ᠭᠦᠨᠵᠡᠭᠡᠶ ᠮᠡᠳᠡᠷᠡᠮᠵᠢ ᠪᠠ ᠬᠦᠴᠦᠷᠬᠡᠭ ᠶᠡᠬᠡ ᠲᠠᠢᠰᠠᠨ ᠤ᠋ ᠡᠵᠡᠮᠳᠡᠯ ᠢ᠋ᠶ᠋ᠡᠷ ᠪᠦᠲᠦᠭᠡᠯ ᠤ᠋ᠨ ᠢ᠋ᠶ᠋ᠡᠨ ᠵᠣᠷᠢᠭ ᠰᠠᠨᠠᠭᠠᠨ ᠤ᠋ ᠠᠨᠢᠰᠤ ᠵᠢ ᠣᠨᠣᠴᠠᠲᠠᠶ ᠲᠠᠢᠯᠪᠤᠷᠢᠯᠠᠵᠤ᠂ ᠬᠥᠭ᠌ᠵᠢᠮ ᠤ᠋ᠨ ᠪᠦᠯᠬᠦᠮ ᠢ᠋ ᠬᠥᠲᠥᠯᠥᠨ ᠳᠠᠭᠠᠭᠤᠯᠵᠤ ᠲᠤᠢᠯ ᠤ᠋ᠨ ᠥᠨᠳᠥᠷ ᠤᠷᠠᠯᠢᠭ ᠤ᠋ᠨ ᠲᠦᠪᠱᠢᠨ ᠳ᠋ᠦ ᠬᠦᠷᠭᠡᠭ᠌ᠰᠡᠨ ᠶᠤᠮ᠃ ᠵᠣᠬᠢᠶᠠᠨ ᠪᠦᠲᠦᠭᠡᠯᠭᠡ ᠶ᠋ᠢᠨ ᠲᠠᠯ᠎ᠠ ᠪᠠᠷ ᠣᠷᠳᠣ ᠶ᠋ᠢᠨ ᠳᠠᠭᠤᠤ᠂ ᠬᠥᠭᠡᠮᠡᠶ᠂ ᠮᠣᠷᠢᠨ ᠬᠤᠭᠤᠷ᠂ ᠬᠤᠪᠢᠰ ᠵᠡᠷᠭᠡ ᠡᠯᠪᠡᠭ ᠪᠠᠶᠠᠯᠢᠭ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠡᠯᠧᠮᠧᠨ᠋ᠲ ᠢ᠋ ᠣᠲᠣ ᠦᠶ᠎ᠡ ᠶ᠋ᠢᠨ ᠨᠠᠢᠷᠠᠯ ᠬᠥᠭ᠌ᠵᠢᠮ ᠤ᠋ᠨ ᠠᠸ᠋ᠭᠠ ᠶᠡᠬᠡ ᠤᠷ᠎ᠠ ᠮᠡᠷᠭᠡᠵᠢᠯ ᠲᠡᠶ ᠪᠦᠲᠦᠭᠡᠯᠴᠢ ᠪᠡᠷ ᠠᠭᠤᠰᠤᠯᠴᠠᠭᠤᠯᠪᠠ᠃ ᠨᠠᠢᠷᠠᠯ ᠬᠥᠭ᠌ᠵᠢᠮ《ᠮᠣᠩᠭᠣᠯ ᠮᠣᠷᠢ》 ᠨᠢ 《ᠳᠡᠰᠪᠦᠷᠢ ᠬᠠᠳᠠᠭᠤᠵᠢᠯᠳᠠᠢ ᠴᠤᠴᠠᠯᠲᠠ ᠦᠭᠡᠢ ᠤᠷᠤᠭ᠍ᠰᠢᠯᠠᠬᠤ》 ᠮᠣᠩᠭᠣᠯ ᠮᠤᠷᠢᠨ ᠤ᠋ ᠵᠣᠷᠢᠭ ᠰᠠᠨᠠᠭᠠᠨ ᠤ᠋ ᠲᠣᠭᠣᠷᠢᠨ ᠳ᠋ᠦ ᠬᠦᠦᠷᠨᠢᠯ ᠢ᠋ᠶ᠋ᠡᠨ ᠥᠷᠨᠢᠭᠦᠯᠵᠦ᠍᠂ ᠳᠠᠭᠤᠤ ᠬᠥᠭ᠌ᠵᠢᠮ ᠤ᠋ᠨ ᠬᠦᠴᠦᠷᠬᠡᠭ ᠶᠡᠬᠡ ᠨᠥᠯᠥᠭᠡᠯᠡᠬᠦ᠌ ᠬᠦᠴᠦᠨ ᠢ᠋ᠶ᠋ᠡᠷ ᠳᠠᠮᠵᠢᠨ ᠪᠦᠬᠦ᠌ ᠤᠯᠤᠰ ᠤ᠋ᠨ ᠦᠵᠡᠭ᠌ᠴᠢᠳ ᠲᠦ᠍ ᠤᠮᠠᠷᠠᠲᠤ ᠬᠢᠯᠢ ᠶ᠋ᠢᠨ ᠬᠥᠪᠡᠭᠦᠳ ᠥᠬᠢᠳ ᠤ᠋ᠨ ᠡᠷᠡᠯᠬᠡᠭ ᠪᠠᠭᠠᠲᠤᠷᠯᠢᠭ᠂ ᠦᠨᠡᠨᠴᠢ ᠱᠢᠳᠤᠷᠭᠤ ᠪᠠ ᠵᠠᠮ ᠨᠡᠭᠡᠭᠡᠨ ᠤᠷᠤᠭᠰᠢᠯᠠᠬᠤ ᠰᠡᠳᠭᠢᠯᠭᠡ ᠵᠢ ᠠᠮᠢᠳᠤᠯᠢᠭ ᠢ᠋ᠶ᠋ᠠᠷ ᠳᠠᠮᠵᠢᠭᠤᠯᠪᠠ᠃ ᠲᠣᠭᠣᠷᠢᠨ ᠲᠣᠭ᠍ᠯᠠᠯᠲᠠ ᠨᠢ ᠬᠦᠷᠦᠭ᠌ᠰᠡᠨ ᠭᠠᠵᠠᠷ ᠪᠣᠯᠭᠠᠨ ᠳ᠋ᠦ ᠴᠥᠮ ᠦᠵᠡᠭᠴᠢᠳ ᠤ᠋ᠨ ᠬᠦᠷᠢᠶᠡᠯᠡᠯ ᠢ᠋ ᠤᠯᠵᠦ᠂ ᠤᠮᠠᠷᠠᠲᠤ ᠬᠢᠯᠢ ᠶ᠋ᠢᠨ ᠰᠣᠶᠣᠯ ᠤ᠋ᠨ ᠲᠦᠷᠦᠯ ᠲᠡᠮᠳᠡᠭ ᠤ᠋ᠨ ᠪᠥᠬᠥ᠌ ᠤᠯᠤᠰ ᠲᠠᠬᠢ ᠨᠥᠯᠥᠭᠡᠯᠡᠬᠦ᠌ ᠬᠦᠴᠦᠨ ᠪᠠ ᠨᠡᠷ᠎ᠠ ᠠᠯᠳᠠᠷᠱᠢᠯ ᠢ᠋ ᠶᠡᠬᠡᠪᠡᠷ ᠳᠡᠭᠡᠭ᠌ᠰᠢᠯᠡᠭᠦᠯᠵᠦ᠍᠂ ᠬᠦᠴᠦᠷᠬᠡᠭ ᠶᠡᠬᠡ ᠤᠷᠢᠶᠠᠯᠠᠬᠤ ᠬᠦᠴᠦᠨ ᠪᠠ ᠰᠣᠶᠣᠯ ᠤ᠋ᠨ ᠨᠥᠯᠥᠭᠡᠯᠡᠬᠦ᠌ ᠬᠦᠴᠦᠨ ᠢ᠋ ᠬᠦᠴᠦᠲᠡᠶ ᠬᠡᠷᠡᠴᠢᠯᠡᠵᠦ᠂ ᠳᠤᠮᠳᠠᠳᠤ ᠶ᠋ᠢᠨ ᠱᠢᠯᠢᠳᠡᠭ ᠤᠯᠠᠮᠵᠢᠯᠠᠯᠲᠤ ᠰᠣᠶᠣᠯ ᠢ᠋ ᠳᠡᠯᠭᠡᠷᠡᠭᠦᠯᠬᠦ᠌ ᠳ᠋ᠦ ᠪᠠᠰᠠ ᠨᠢᠭᠡᠨ ᠭᠡᠷᠡᠯ ᠰᠠᠴᠤᠷᠠᠩᠭᠤᠢ ᠬᠠᠭᠤᠳᠠᠰᠤ ᠵᠢ ᠪᠢᠴᠢᠭ᠌ᠯᠡᠵᠡᠢ᠃