ᠲᠠᠪᠣᠨ ᠲᠠᠩᠰᠣᠬ ᠬᠦᠯᠦᠨ ᠪᠣᠢᠷ ᠬᠡᠦᠬᠡᠳ ᠤ᠋ᠨ ᠨᠠᠢᠷᠠᠯ ᠲᠠᠭᠣᠣ ᠵᠢᠨ ᠪᠦᠯᠬᠦᠮ ᠤ᠋ᠨ ᠬᠢᠨ ᠬᠦᠯᠦᠨ ᠨᠠᠭᠣᠷ ᠬᠦᠯᠭᠡ ᠣᠩᠭᠣᠴᠠᠨ ᠳ᠋ᠦ ᠭᠠᠷᠴᠦ ᠲᠣᠬᠯᠠᠯᠲᠠ ᠭᠠᠷᠭᠠᠪᠠ
2025-08-04 10:17:50
ᠵᠣᠬᠢᠶᠠᠭ᠍ᠴᠢ᠄
​ᠯᠢ ᠺᠸ ᠰᠢᠨ
ᠣᠩᠱᠢᠭ᠍ᠰᠠᠨ ᠣᠳᠠᠭ᠎ᠠ᠄
★★★☆☆

ᠨᠠᠭᠣᠷ ᠣᠩᠭᠣᠴᠠ ᠨᠡᠷᠡᠢᠲᠦᠯ ᠨᠢᠭᠡᠳᠡᠢ᠂ ᠴᠡᠷᠢᠭ ᠠᠷᠠᠳ ᠰᠡᠳᠬᠢᠯ ᠨᠢᠭᠡᠲᠡᠢ᠃ ᠲᠦᠷᠦᠬᠦᠭᠡᠨ ᠲᠠᠪᠣᠨ ᠲᠠᠩᠰᠣᠬ ᠬᠦᠯᠦᠨ ᠪᠣᠢᠷ ᠬᠡᠦᠬᠡᠳ ᠤ᠋ᠨ ᠨᠠᠢᠷᠠᠯ ᠲᠠᠭᠣᠣ ᠵᠢᠨ ᠪᠦᠯᠬᠦᠮ ᠤ᠋ᠨ ᠬᠢᠨ ᠦᠨᠳᠦᠰᠦᠲᠡᠨ ᠤ᠋ ᠬᠣᠪᠴᠠᠰᠣ ᠵᠠᠰᠠᠯ ᠵᠢᠡᠷ ᠶ᠋ᠢᠡᠨ ᠭᠣᠶᠣᠯᠠᠵᠦ᠂ ᠦᠩ ᠦᠷᠭᠡᠨ ᠲᠠᠯ᠎ᠠ ᠵᠢᠨ ᠠᠷᠢᠭᠣᠨ ᠬᠠᠢᠷ᠎ᠠ ᠡᠷᠬᠢᠮ ᠬᠦᠨᠳᠤᠳᠭᠡᠯ ᠢ᠋ ᠡᠪᠦᠷᠯᠡᠨ ᠬᠦᠯᠦᠨ ᠨᠠᠭᠣᠷ ᠬᠦᠯᠭᠡ ᠣᠩᠭᠣᠴᠠᠨ ᠳ᠋ᠦ ᠭᠠᠷᠴᠣ᠂ ᠴᠡᠷᠢᠭ ᠪᠠᠢᠯᠲᠣᠬᠴᠢᠳ ᠢ᠋ ᠲᠣᠬᠣᠨᠢᠭᠣᠯᠬᠣ ᠲᠣᠬᠯᠠᠯᠲᠠ ᠭᠠᠷᠭᠠᠵᠦ᠂ ᠲᠣᠩᠭᠠᠯᠠᠬ ᠴᠡᠭᠡᠯᠭᠡᠨ ᠬᠣᠭᠣᠯᠠᠢ ᠪᠡᠷ ᠶ᠋ᠢᠡᠨ ᠬᠦᠯᠦᠨ ᠪᠣᠢᠷ ᠬᠢᠭᠡᠳ ᠬᠦᠯᠦᠨ ᠨᠠᠭᠣᠷ ᠬᠦᠯᠭᠡ ᠣᠩᠭᠣᠴᠠ ᠵᠢᠨ ᠬᠣᠶᠠᠷ ᠢ᠋ ᠬᠦᠷᠢᠶᠡᠯᠡᠵᠦ ᠬᠠᠮᠲᠣ ᠪᠡᠷ ᠪᠦᠲᠦᠭᠡᠨ ᠪᠠᠢᠭᠣᠯᠬᠣ ᠰᠡᠳᠬᠢᠯ ᠬᠦᠲᠡᠯᠭᠡᠮ᠎ᠡ ᠦᠯᠢᠭᠡᠷ ᠢ᠋ ᠦᠷᠬᠦᠯᠵᠢᠯᠡᠨ ᠪᠢᠴᠢᠭᠯᠡᠯ᠎ᠠ᠃

ᠬᠦᠯᠦᠨ ᠨᠠᠭᠣᠷ ᠬᠦᠯᠭᠡ ᠣᠩᠭᠣᠴᠠ ᠪᠣᠯᠣᠨ ᠬᠦᠯᠦᠨ ᠪᠣᠢᠷ ᠤ᠋ᠨ ᠬᠣᠪᠢ ᠪᠠᠷᠢᠯᠲᠣᠯᠭ᠎ᠠ ᠵᠢ 2017 ᠤᠨ ᠡᠴᠡ ᠡᠬᠢᠯᠡᠵᠦ ᠶᠠᠷᠢᠬᠣ ᠶᠣᠰᠣᠲᠠᠢ᠃ ᠲᠡᠷᠡ ᠵᠢᠯ ᠬᠦᠯᠦᠨ ᠨᠠᠭᠣᠷ ᠬᠦᠯᠭᠡ ᠣᠩᠭᠣᠴᠠ ᠵᠢ ᠵᠢᠩᠬᠢᠨᠢ ᠪᠡᠷ ᠴᠡᠷᠢᠭ ᠠᠩᠬᠢ ᠳ᠋ᠦ ᠲᠣᠰᠢᠶᠠᠬᠰᠠᠨ ᠪᠦᠭᠡᠳ ᠬᠦᠯᠦᠨ ᠪᠣᠢᠷ ᠬᠣᠲᠠ ᠯᠣᠭ᠎ᠠ 《ᠬᠣᠲᠠ ᠬᠢᠭᠡᠳ ᠬᠦᠯᠭᠡ ᠣᠩᠭᠣᠴᠠ ᠵᠢᠨ ᠬᠣᠶᠠᠷ ᠢ᠋ ᠬᠦᠷᠢᠶᠡᠯᠡᠵᠦ ᠬᠠᠮᠲᠣ ᠪᠡᠷ ᠪᠦᠲᠦᠭᠡᠨ ᠪᠠᠢᠭᠣᠯᠬᠣ ᠬᠡᠯᠡᠯᠴᠡᠭᠡᠷ》 ᠲᠣᠬᠲᠠᠵᠦ᠂ ᠣᠮᠠᠷᠠᠲᠣ ᠬᠢᠯᠢ ᠵᠢᠨ ᠲᠠᠯ᠎ᠠ ᠨᠣᠲᠣᠬ ᠪᠣᠯᠣᠨ ᠠᠯᠣᠰ ᠲᠠᠯᠠᠢ ᠵᠢᠨ ᠬᠦᠯᠭᠡ ᠣᠩᠭᠣᠴᠠ ᠵᠢᠨ ᠰᠠᠯᠣᠰᠢ ᠦᠭᠡᠢ ᠪᠠᠷᠢᠯᠲᠣᠯᠭ᠎ᠠ ᠵᠢ ᠲᠠᠯᠪᠢᠵᠠᠢ᠃ ᠬᠡᠳᠦᠨ ᠵᠢᠯ ᠤ᠋ᠨ ᠲᠣᠷᠰᠢ ᠬᠣᠶᠠᠷ ᠲᠠᠯ᠎ᠠ ᠵᠢᠨ ᠬᠠᠷᠢᠯᠴᠠᠭ᠎ᠠ ᠶᠠᠪᠣᠯᠴᠠᠭ᠎ᠠ ᠨᠢᠬᠲᠠᠷᠠᠵᠦ᠂ ᠬᠠᠢᠷ᠎ᠠ ᠰᠡᠳᠬᠢᠯᠭᠡ ᠵᠣᠵᠠᠭᠠᠷᠠᠬᠰᠠᠭᠠᠷ᠃

ᠰᠠᠯᠬᠢ ᠰᠡᠪᠢᠯᠵᠠᠨ ᠲᠣᠬ ᠨᠠᠮᠢᠷᠠᠨ᠎ᠠ᠃ ᠣᠩᠭᠣᠴᠠᠨ ᠤ᠋ ᠱᠠᠯᠠ ᠲᠡᠭᠡᠷ᠎ᠡ ᠲᠣᠬᠣᠨᠢᠭᠣᠯᠬᠣ ᠲᠣᠬᠯᠠᠯᠲᠠ ᠵᠢᠨ ᠬᠦᠰᠢᠭᠡ ᠰᠡᠬᠦᠵᠦ᠂ ᠨᠠᠢᠷᠠᠯ ᠲᠠᠭᠣᠣ ᠵᠢᠨ ᠪᠦᠯᠬᠦᠮ ᠤ᠋ᠨ ᠠᠶ᠎ᠠ ᠲᠠᠭᠣᠣ ᠬᠠᠩᠬᠢᠨᠠᠨ᠎ᠠ᠃ 《ᠰᠢᠭᠡᠷ ᠰᠢᠭᠡᠷ》 ᠲᠠᠭᠣᠣ ᠵᠢᠨ ᠲᠡᠭᠵᠢᠨ ᠴᠣᠪᠣᠭᠣ ᠠᠶ᠎ᠠ ᠣᠷᠣᠰᠣᠨ ᠣᠶᠠᠩᠭᠠᠷᠠᠵᠦ᠂ ᠲᠠᠯ᠎ᠠ ᠨᠣᠲᠣᠬ ᠤ᠋ᠨ ᠠᠮᠢᠵᠢᠷᠠᠯ ᠤ᠋ᠨ ᠬᠦᠴᠦᠨ ᠢ᠋ ᠲᠦᠲᠡᠭᠡᠨ ᠵᠠᠭᠣᠷ᠎ᠠ ᠬᠦᠯᠭᠡ ᠣᠩᠭᠣᠴᠠᠨ ᠳ᠋ᠦ ᠠᠪᠴᠢᠷᠠᠬᠰᠠᠨ ᠮᠡᠲᠦ᠃ 《ᠬᠠᠢᠯᠠᠷ ᠮᠦᠷᠡᠨ ᠤ᠋ ᠪᠠᠢᠬᠣ ᠳ᠋ᠦ ᠬᠠᠷᠠᠵᠠᠨ ᠤ᠋ ᠣᠰᠣ ᠡᠴᠡ ᠣᠣᠭᠣᠬᠣ ᠪᠡᠷ ᠦᠭᠡᠢ ᠁》 ᠭᠡᠵᠦ ᠠᠷᠠᠳ ᠤ᠋ᠨ ᠲᠠᠭᠣᠣ ᠬᠠᠩᠬᠢᠨᠠᠬᠣ ᠳ᠋ᠦ ᠲᠣᠭᠣᠢᠯᠠᠵᠦ ᠰᠠᠭᠣᠬᠰᠠᠨ ᠴᠡᠷᠢᠭ ᠪᠠᠢᠯᠲᠣᠬᠴᠢᠳ ᠬᠦᠭᠵᠢᠮ ᠤ᠋ᠨ ᠡᠭᠡᠰᠢᠭ ᠲᠦ᠍ ᠰᠣᠬᠲᠣᠭᠣᠷᠠᠵᠦ᠂ ᠠᠮᠠᠨ ᠤ᠋ ᠠᠶ᠎ᠠ ᠪᠡᠷ ᠰᠡᠮ ᠬᠢᠩᠰᠢᠵᠦ ᠠᠯᠣᠰ ᠬᠣᠯᠠᠬᠢ ᠬᠦᠯᠦᠨ ᠪᠣᠢᠷ ᠤ᠋ᠨ ᠲᠠᠯ᠎ᠠ ᠨᠣᠲᠣᠬ ᠲᠦ᠍ ᠪᠡᠶ᠎ᠡ ᠪᠡᠷ ᠵᠢᠡᠨ ᠬᠦᠷᠦᠭᠰᠡᠨ ᠮᠡᠲᠦ ᠰᠠᠨᠠᠬᠲᠠᠨ᠎ᠠ᠃

《 ᠲᠠᠢᠴᠢᠨ ᠴᠡᠷᠢᠭ ᠤ᠋ᠨ ᠢᠯᠠᠭᠣᠬᠰᠠᠨ ᠲᠠᠭᠣᠣ 》 ᠶ᠋ᠢᠨ ᠣᠮᠣᠬᠯᠠᠩ ᠠᠶ᠎ᠠ ᠠᠭᠠᠷ ᠢ᠋ ᠵᠦᠰᠦᠨ ᠴᠣᠣᠷᠢᠶᠠᠳᠴᠣ ᠲᠣᠬᠯᠠᠯᠲᠠ ᠵᠢ ᠣᠷᠬᠢᠯ ᠳ᠋ᠤ ᠬᠦᠲᠦᠯᠪᠡ᠃ 《ᠨᠠᠮ ᠤ᠋ᠨ ᠵᠢᠯᠤᠭᠤᠳᠤᠯᠭ᠎ᠠ ᠶ᠋ᠢ ᠲᠠᠭᠠᠬᠤ᠂ ᠢᠯᠭᠤᠬ᠍ᠰᠠᠨ ᠲᠠᠢ᠌ᠨ ᠬᠢᠵᠤ ᠴᠢᠳᠠᠬᠤ᠂ ᠱᠢᠯᠢᠳᠡᠭ ᠬᠡᠪ ᠰᠤᠷᠳᠠᠯ ᠲᠠᠢ ᠠᠷᠠᠳ ᠤ᠋ᠨ ᠴᠡᠷᠢᠭ ᠠᠩᠬᠢ ᠵᠢ ᠪᠠᠢᠭᠣᠯᠣᠨ᠎ᠠ 》 ᠭᠡᠰᠡᠨ ᠢᠲᠡᠯᠢᠭ ᠬᠦᠴᠦᠷᠬᠡᠭ ᠣᠷᠢᠶ᠎ᠠ ᠬᠡᠦᠬᠡᠳ ᠤ᠋ᠨ ᠴᠡᠭᠡᠯᠬᠡᠨ ᠬᠣᠭᠣᠯᠠᠢ ᠲᠠᠢ ᠣᠶᠠᠯᠲᠣᠨ ᠨᠡᠢᠯᠡᠵᠦ᠂ ᠴᠡᠷᠢᠭ ᠠᠷᠠᠳ ᠰᠡᠳᠬᠢᠯ ᠨᠢᠭᠡᠲᠦᠨ ᠬᠠᠮᠲᠣ ᠪᠡᠷ ᠪᠣᠯᠣᠳ ᠲᠡᠮᠤᠷ ᠮᠡᠲᠦ ᠣᠷᠲᠣ ᠴᠠᠭᠠᠨ ᠬᠡᠷᠡᠮ ᠢ᠋ ᠪᠠᠢᠭᠣᠯᠬᠣ ᠢᠲᠡᠭᠡᠯ ᠬᠦᠰᠡᠯ ᠢ᠋ ᠠᠮᠢᠲᠣᠯᠢᠬ ᠬᠠᠷᠠᠭᠣᠯᠣᠨ᠎ᠠ᠃

ᠲᠣᠬᠯᠠᠯᠲᠠ ᠵᠢᠨ ᠵᠠᠪᠰᠠᠷ ᠲᠡᠬᠢ ᠬᠣᠷᠰᠢᠯᠴᠠᠬᠣ ᠭᠣᠬᠴᠣᠭ᠎ᠠ ᠨᠢ ᠬᠠᠢᠷ᠎ᠠ ᠪᠡᠷ ᠪᠢᠯᠬᠠᠵᠦ ᠬᠠᠯᠠᠮᠵᠢ ᠪᠡᠷ ᠣᠶᠠᠩᠭᠠᠷᠠᠨ᠎ᠠ᠃ ᠬᠡᠦᠬᠡᠳ ᠤ᠋ᠤᠨ ᠦᠪᠡᠷ ᠤ᠋ᠨ ᠨᠡᠷ᠎ᠡ ᠪᠠᠨ ᠪᠢᠴᠢᠭᠰᠡᠨ CD ᠲᠠᠪᠠᠬ ᠶ᠋ᠢᠡᠨ ᠠᠳᠬᠤᠨ ᠴᠡᠷᠢᠭ ᠪᠠᠢᠯᠲᠣᠬᠴᠢᠳ ᠤ᠋ᠨ ᠵᠦᠭ ᠢᠪᠡᠷᠡᠨ᠎ᠡ᠃ CD ᠲᠠᠪᠠᠬ ᠲᠡᠭᠡᠷ᠎ᠡ 《 ᠪᠠᠢᠯᠲᠣᠬᠴᠢ ᠠᠪᠠᠭ᠎ᠠ ᠨᠡᠷ ᠵᠦᠲᠡᠷᠡᠯ᠎ᠡ᠂ ᠲᠠ ᠪᠦᠬᠦᠨ ᠤ᠋ ᠠᠮᠣᠷ ᠵᠢᠷᠭᠠᠯ ᠢ᠋ ᠬᠦᠰᠡᠶ᠎ᠡ》᠂ 《ᠲᠠᠯᠠᠢ ᠵᠢᠨ ᠴᠡᠷᠢᠭ ᠤ᠋ᠨ ᠠᠪᠠᠭ᠎ᠠ ᠨᠠᠷ ᠬᠦᠯᠦᠨ ᠨᠠᠭᠣᠷ ᠰᠢᠬ ᠠᠭᠣᠲᠠᠮ ᠡᠷᠡᠯᠬᠡᠭ ᠪᠠᠢᠭᠠᠰᠠᠢ 》 ᠂ 《ᠡᠨᠡ ᠪᠣᠯ ᠪᠢᠳᠡᠨ ᠤ᠋ ᠨᠠᠢᠷᠠᠯ ᠲᠠᠭᠣᠣ ᠵᠢᠨ ᠪᠦᠯᠬᠦᠮ ᠤ᠋ᠨ ᠲᠠᠭᠣᠣ ᠶᠣᠮ᠂ ᠬᠦᠯᠦᠨ ᠪᠣᠢᠷ ᠤ᠋ᠨ ᠲᠠᠯ᠎ᠠ ᠨᠣᠲᠣᠬ ᠤ᠋ᠨ ᠲᠠᠭᠣᠣ ᠪᠣᠢ᠂ ᠭᠡᠷ ᠨᠣᠲᠣᠬ ᠶ᠋ᠢᠡᠨ ᠰᠠᠨᠠᠬᠣ ᠦᠶᠡᠰ ᠰᠣᠨᠣᠰᠤᠭᠠᠷᠠᠢ》 ᠭᠡᠵᠦ ᠬᠡᠦᠬᠡᠳ ᠤ᠋ᠳ ᠤ᠋ᠨ ᠬᠦᠰᠡᠯ ᠪᠤᠳᠤᠯ ᠢ᠋ ᠪᠢᠴᠢᠭᠰᠡᠨ ᠪᠠᠢᠨ᠎ᠠ᠃    

ᠨᠠᠷᠠ ᠠᠭᠣᠯᠠ ᠵᠢᠨ ᠲᠣᠯᠣᠭᠠᠢ ᠰᠢᠬᠦᠷᠴᠦ᠂ ᠬᠦᠯᠭᠡ ᠣᠩᠭᠣᠴᠠᠨ ᠲᠡᠭᠡᠷ᠎ᠡ ᠳ᠋ᠸᠩ ᠵᠣᠯᠠ ᠬᠢᠯᠠᠯᠵᠠᠯ᠎ᠠ᠃ ᠨᠠᠢᠷᠠᠯ ᠲᠠᠭᠣᠣ ᠵᠢᠨ ᠪᠦᠯᠬᠦᠮ ᠤ᠋ᠨ ᠬᠡᠦᠬᠡᠳ ᠤ᠋ᠤᠨ ᠲᠣᠬᠯᠠᠯᠲᠠ ᠵᠢᠨ ᠬᠣᠪᠴᠠᠰᠣ ᠪᠠᠨ ᠰᠣᠯᠢᠵᠦ ᠡᠮᠦᠰᠦᠨ ᠲᠣᠰᠬᠠᠢ ᠲᠣᠬᠯᠠᠯᠲᠠ ᠭᠠᠷᠭᠠᠵᠦ᠂ ᠠᠷᠠᠳ ᠤ᠋ᠨ ᠴᠢᠯᠦᠭᠡᠯᠡᠬᠦ ᠴᠡᠷᠢᠭ ᠪᠠᠢᠭᠣᠯᠣᠬᠲᠠᠬᠰᠠᠨ ᠪᠠᠶᠠᠷ ᠢ᠋ ᠣᠷᠢᠳᠴᠢᠯᠠᠨ ᠲᠡᠪᠰᠢᠬᠦᠯᠵᠠᠢ᠃

ᠲᠤᠰ ᠤᠳᠠᠭ᠎ᠠ ᠵᠢᠨ ᠲᠣᠬᠣᠨᠢᠭᠣᠯᠬᠣ ᠲᠣᠬᠯᠠᠯᠲᠠ ᠪᠣᠯ ᠬᠦᠯᠦᠨ ᠪᠣᠢᠷ ᠬᠣᠲᠠ ᠪᠣᠯᠣᠨ ᠬᠦᠯᠦᠨ ᠨᠠᠭᠣᠷ ᠬᠦᠯᠭᠡ ᠣᠩᠭᠣᠴᠠ ᠵᠢᠨ ᠰᠣᠶᠣᠯ ᠢ᠋ ᠬᠠᠮᠲᠣ ᠪᠡᠷ ᠪᠠᠢᠭᠣᠯᠵᠦ᠂ ᠬᠣᠶᠠᠷ ᠢ᠋ ᠬᠦᠷᠢᠶᠡᠯᠡᠵᠦ ᠬᠠᠮᠲᠣ ᠪᠡᠷ ᠪᠦᠲᠦᠭᠡᠨ ᠪᠠᠢᠭᠣᠯᠬᠣ ᠵᠢᠨ ᠠᠮᠢᠲᠣᠯᠢᠬ ᠦᠢᠯᠡᠲᠦᠯᠭᠡ ᠪᠣᠯᠬᠣ ᠶᠣᠮ᠃ ᠬᠦᠯᠦᠨ ᠪᠣᠢᠷ ᠲᠠᠪᠣᠨ ᠲᠠᠩᠰᠣᠬ ᠬᠡᠦᠬᠡᠳ ᠤ᠋ᠨ ᠨᠠᠢᠷᠠᠯ ᠲᠠᠭᠣᠣ ᠵᠢᠨ ᠪᠦᠯᠬᠦᠮ ᠨᠢ ᠣᠮᠠᠷᠠᠲᠣ ᠬᠢᠯᠢ ᠵᠢᠨ ᠰᠣᠶᠣᠯ ᠢ᠋ ᠣᠯᠠᠮᠵᠢᠯᠠᠨ ᠰᠣᠷᠲᠠᠯᠴᠢᠯᠠᠬᠣ ᠡᠯᠴᠢ ᠪᠤᠯᠬᠤ ᠮᠦᠷᠲᠡᠭᠡᠨ ᠬᠦᠯᠦᠨ ᠪᠣᠢᠷ ᠬᠣᠲᠠ ᠵᠢᠨ ᠰᠣᠶᠣᠯ ᠤ᠋ᠨ ᠨᠡᠷ᠎ᠡ ᠵᠢᠨ ᠬᠠᠭᠣᠲᠠᠰᠣ ᠪᠠᠢᠵᠤ᠂ ᠲᠡᠳᠡ ᠠᠶ᠎ᠠ ᠲᠠᠭᠣᠣ ᠪᠡᠷ ᠶ᠋ᠢᠡᠨ ᠠᠷᠠᠳ ᠤ᠋ᠨ ᠴᠡᠷᠢᠭ ᠠᠩᠬᠢ ᠳ᠋ᠦ ᠬᠦᠨᠳᠦᠳᠭᠡᠯ ᠪᠠᠬᠠᠷᠬᠠᠯ ᠶ᠋ᠢᠡᠨ ᠲᠡᠪᠰᠢᠬᠦᠯᠤᠨ᠂ ᠴᠡᠷᠢᠭ ᠪᠠᠢᠯᠲᠣᠬᠴᠢᠳ ᠲᠦ᠍ ᠲᠠᠯ᠎ᠠ ᠨᠣᠲᠣᠬ ᠤ᠋ᠨ ᠰᠣᠶᠣᠯ ᠤ᠋ᠨ ᠭᠠᠢᠬᠠᠮᠰᠢᠬ ᠢ᠋ ᠮᠡᠳᠡᠷᠡᠬᠦᠯᠦᠯ᠎ᠡ᠃ ᠲᠡᠬᠡᠬᠦ ᠳ᠋ᠤ ᠬᠦᠯᠦᠨ ᠨᠠᠭᠣᠷ ᠬᠦᠯᠭᠡ ᠣᠩᠭᠣᠴᠠ ᠨᠢ ᠬᠦᠲᠡᠯᠵᠦ ᠨᠡᠬᠦᠲᠡᠯᠯᠡᠬᠦ ᠬᠤᠳᠠ ᠵᠢᠨ ᠨᠡᠷ᠎ᠡ ᠵᠢᠨ ᠬᠠᠭᠣᠲᠠᠰᠣ ᠰᠢᠬ ᠬᠣᠷᠸ᠎ᠠ ᠵᠢᠨ ᠰᠣᠨᠣᠷ ᠲᠦ᠍ ᠬᠦᠯᠦᠨ ᠪᠣᠢᠷ ᠤ᠋ᠨ ᠠᠯᠲᠠᠷ ᠢ᠋ ᠲᠠᠭᠣᠷᠢᠰᠣᠭᠣᠯᠣᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号