7 ᠰᠠᠷ᠎ᠠ᠎ᠶᠢᠨ 24 ᠤ᠋ ᠡᠳᠦᠷ᠂ 《ᠲᠦᠮᠡᠨ ᠭᠠᠵᠠᠷ᠎ᠤᠨ ᠴᠠᠢ᠎ᠶ᠋ᠢᠨ ᠵᠠᠮ᠎ᠤᠨ ᠳᠤᠮᠳᠠᠳᠤ ᠤᠯᠤᠰ ᠲᠡᠬᠢ ᠠᠶᠠᠯᠠᠯ》 ᠤ᠋ᠨ᠎ᠬᠢᠨ ᠪᠠᠷᠠᠭᠤᠨ ᠦᠵᠦᠮᠦᠴᠢᠨ ᠬᠣᠰᠢᠭᠣᠨ ᠳ᠋ᠦ ᠵᠢᠯᠣᠭᠣ ᠡᠪᠭᠡᠵᠦ ᠲᠦᠷᠦᠭᠡ ᠮᠣᠯᠲᠣᠯᠣᠯᠠ᠃ ᠮᠣᠩᠭᠣᠯ ᠭᠡᠷ᠎ᠲᠦ ᠬᠦᠷᠢᠶᠡᠯᠡᠨ ᠰᠠᠭᠤᠬᠰᠠᠨ ᠣᠯᠠᠭᠣᠯᠠ ᠪᠠᠨ ᠣᠣᠭᠣᠭᠠᠳ ᠰᠠᠭᠣᠬᠣ ᠳ᠋ᠦ ᠣᠷᠮ᠎ᠠ ᠰᠡᠷᠬᠦᠮᠡᠷ ᠁》 ᠭᠡᠰᠡᠨ ᠣᠶᠠᠩᠭᠠᠲᠣ ᠲᠠᠭᠣᠣ᠎ᠶᠢ ᠬᠠᠩᠬᠢᠨᠠᠭᠣᠯᠣᠨᠠ᠃
《ᠵᠠ᠂ ᠲᠠᠯ᠎ᠠ ᠨᠤᠲᠤᠭ᠎ᠤᠨ ᠰᠦᠲᠡᠢ ᠴᠠᠢ᠎ᠶ᠋ᠢ ᠠᠮᠰᠠᠵᠦ ᠦᠵᠡᠭᠡᠷᠡᠢ᠃ ᠡᠨᠡ ᠪᠣᠯ ᠳᠠᠷᠤᠢ ᠲᠠᠨ᠎ᠤ ᠨᠤᠲᠤᠭ᠎ᠤᠨ ᠭᠡᠪ ᠤᠨᠴᠠᠢ ᠪᠠᠷ ᠴᠢᠨᠠᠬᠰᠠᠨ ᠰᠢᠦ᠂ ᠶᠠᠮᠠᠷᠰᠢᠤ ᠪᠠᠢᠬᠤᠪ ?》 ᠭᠡᠵᠦ ᠪᠠᠷᠠᠭᠤᠨ ᠦᠵᠦᠮᠦᠴᠢᠨ ᠬᠤᠱᠢᠭᠤᠨ᠎ᠤ ᠨᠠᠮ᠎ᠤᠨ ᠬᠤᠷᠢᠶᠠᠨ᠎ᠤ ᠪᠠᠢᠩᠭᠤ᠎ᠶ᠋ᠢᠨ ᠬᠡᠱᠢᠬᠦᠨ᠂ ᠤᠬᠠᠭᠤᠯᠬᠤ ᠬᠡᠯᠳᠡᠰ᠎ᠤᠨ ᠳᠠᠷᠤᠭ᠎ᠠ ᠯᠢ ᠱᠢᠤᠸᠠᠢ ᠶᠢᠩ᠎ᠤᠨ ᠬᠠᠯᠠᠭᠤᠮᠰᠣᠬ ᠶᠠᠷᠢᠶᠠᠲᠤᠳᠤᠨᠤᠰᠤᠭ ᠵᠤᠴᠢᠯᠠᠭ᠎ᠠ ᠳᠤ ᠤᠯᠠᠨ᠎ᠢᠶᠠᠷ᠎ᠢᠶᠠᠨ ᠠᠶᠠᠭ᠎ᠠ ᠲᠠᠢ ᠴᠠᠢ ᠪᠠᠨ ᠡᠷᠬᠦᠨ ᠠᠮᠳᠠᠷᠬᠠᠨ ᠤᠤᠭᠤᠨ᠎ᠠ᠃
《ᠭᠡᠪ᠎ᠤᠨ ᠴᠠᠢ ᠪᠣᠯᠤᠨ ᠦᠨᠢᠶᠡᠨ ᠰᠦ᠎ᠶᠢᠨ ᠬᠠᠪᠣ᠎ᠲᠠᠢ ᠤᠶᠠᠯᠳᠤᠯ ᠡᠴᠡ ᠡᠢᠮᠦ᠍ ᠠᠩᠬᠢᠯᠤᠮ᠎ᠠ ᠦᠨᠦᠷ ᠬᠠᠩᠬᠣᠯᠲᠠᠬ ᠪᠠᠢᠵᠦ ᠰᠢᠦ》 ᠭᠡᠵᠦ 《ᠲᠦᠮᠡᠨ ᠭᠠᠵᠠᠷ᠎ᠤᠨ ᠴᠠᠢ᠎ᠶᠢᠨ ᠵᠠᠮ᠎ᠤᠨ ᠳᠤᠮᠳᠠᠳᠤ ᠤᠯᠤᠰ ᠲᠡᠬᠢ ᠠᠶᠠᠯᠠᠯ》 ᠤ᠋ᠨ ᠪᠦᠷᠢᠯᠳᠤᠬᠦᠨ ᠯᠸᠢ ᠴᠠᠩ ᠷᠸᠨ ᠮᠠᠰᠢᠳᠠ ᠭᠠᠢᠬᠠᠨ᠎ᠠ᠃
《ᠠᠶᠠᠭ᠎ᠠ ᠴᠠᠢ ᠣᠣᠭᠣᠪᠠᠯ ᠠᠶᠠᠨ᠎ᠤ ᠴᠢᠯᠡᠭᠡ ᠬᠣᠷᠣᠮᠬᠠᠨ ᠵᠠᠭᠣᠷ᠎ᠠ ᠲᠠᠢᠯᠣᠬᠲᠠᠨᠠ》 ᠭᠡᠵᠦ ᠣᠯᠠᠨ᠎ᠢᠶᠠᠷ᠎ᠢᠶᠠᠨ ᠠᠶᠠᠯᠲᠣᠨ ᠬᠠᠷᠢᠭᠣᠯᠣᠨᠠ᠃
《ᠳᠤᠮᠳᠠᠳᠤ ᠤᠯᠤᠰ᠎ᠤ᠋ᠨ ᠬᠠᠷ᠎ᠠ ᠴᠠᠢ᠎ᠶᠢᠨ ᠨᠤᠲᠤᠭ》 ᠭᠡᠮᠡᠭᠲᠡᠭᠰᠡᠨ ᠬᠤᠨᠠᠨ ᠮᠣᠵᠢ᠎ᠶᠢᠨ ᠠᠨ ᠬᠤᠸᠠ ᠰᠢᠶᠠᠨᠠ᠋ᠴᠠ ᠮᠣᠷᠲᠠᠵᠦ 《ᠳᠤᠮᠳᠠᠳᠤ ᠤᠯᠤᠰ᠎ᠤ᠋ᠨ ᠴᠠᠭᠠᠨ ᠠᠳᠤᠭᠤᠨᠤ᠋ ᠨᠤᠲᠤᠭ》 ᠪᠣᠯᠬᠣ ᠪᠠᠷᠠᠭᠤᠨ ᠦᠵᠦᠮᠦᠴᠢᠨ ᠬᠣᠰᠢᠭᠣ ᠬᠦᠷᠲᠡᠯ᠎ᠡ 《ᠲᠦᠮᠡᠨ ᠭᠠᠵᠠᠷ᠎ᠤᠨ ᠴᠠᠢ᠎ᠶᠢᠨ ᠵᠠᠮ᠎ᠤ᠋ᠨ ᠳᠤᠮᠳᠠᠳᠤ ᠤᠯᠤᠰ ᠲᠡᠬᠢ ᠠᠶᠠᠯᠠᠯ》 ᠨᠢ ᠬᠤᠨᠠᠨ᠂ ᠬᠤᠪᠧᠢ᠂ ᠾᠧᠨᠠᠨ᠂ ᠱᠠᠨ ᠱ᠋ᠢ᠂ ᠾᠧᠪᠧᠢ 5 ᠮᠣᠵᠢ᠎ᠶᠢ ᠳᠠᠮᠵᠢᠨ ᠡᠷᠲᠡᠨ᠎ᠦ᠌ ᠴᠠᠢ᠎ᠶᠢᠨ ᠵᠠᠮ᠎ᠢ᠋ ᠳᠠᠭᠠᠵᠤ ᠥᠪᠥᠷ ᠮᠣᠩᠭᠣᠯ᠎ᠤ᠋ᠨ ᠲᠠᠯ᠎ᠠ ᠨᠤᠲᠤᠭ᠎ᠲᠤ᠌ ᠬᠦᠷᠴᠦ ᠢᠷᠡᠪᠡ᠃
《ᠬᠤᠨᠠᠨ᠎ᠤ ᠰᠣᠶᠣᠯ ᠬᠢᠭᠡᠳ ᠲᠦᠮᠡᠨ ᠭᠠᠵᠠᠷ᠎ᠤᠨ ᠴᠠᠢ᠎ᠶ᠋ᠢᠨ ᠵᠠᠮ ᠳᠠᠭᠠᠤ ᠭᠠᠵᠠᠷ ᠣᠷᠣᠨ᠎ᠤ ᠰᠣᠶᠣᠯ᠎ᠤᠨ ᠰᠣᠯᠢᠯᠴᠠᠭ᠎ᠠ ᠵᠢ ᠠᠬᠢᠭᠤᠯᠵᠤ᠂ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠤᠨ ᠭᠠᠳᠠᠭ᠍ᠰᠢ ᠭᠠᠷᠴᠦ ᠶᠠᠪᠣᠬᠣ᠎ᠳᠤ ᠬᠦᠴᠦᠨ ᠨᠡᠮᠡᠷᠢᠯᠡᠬᠦ᠌᠎ᠶ᠋ᠢᠨ ᠬᠠᠮᠲᠤ ᠲᠦᠮᠡᠨ ᠭᠠᠵᠠᠷ᠎ᠤᠨ ᠴᠠᠢ᠎ᠶ᠋ᠢᠨ ᠵᠠᠮ ᠳᠠᠭᠠᠤ ᠭᠠᠵᠠᠷ ᠣᠷᠣᠨ᠎ᠤ ᠲᠡᠦᠬᠡ᠎ᠶ᠋ᠢᠨ ᠨᠥᠭᠡᠴᠡ ᠪᠣᠯᠤᠨ ᠪᠠᠢᠭᠠᠯᠢ ᠶ᠋ᠢᠨ ᠦᠵᠡᠮᠵᠢ᠎ᠶ᠋ᠢ ᠭᠦᠢᠴᠡᠳ ᠢᠯᠡᠷᠡᠭᠦᠯᠵᠦ᠍᠂ ᠰᠣᠶᠣᠯ ᠵᠢᠭᠤᠯᠴᠢᠯᠠᠯ᠎ᠢ ᠠᠭᠤᠰᠤᠯᠴᠠᠭᠤᠯᠤᠨ ᠬᠥᠭ᠌ᠵᠢᠭᠦᠯᠬᠦ᠌᠎ᠶ᠋ᠢᠨ ᠲᠥᠯᠥᠭᠡ ᠲᠤᠰ ᠤᠳᠠᠭᠠᠨ᠎ᠤ ᠠᠵᠢᠯᠯᠠᠭ᠎ᠠ ᠶ᠋ᠢ ᠤᠬᠠᠭᠠᠯᠠᠨ ᠰᠡᠳᠦᠭᠰᠡᠨ ᠶᠣᠮ》 ᠭᠡᠵᠦ ᠠᠵᠢᠯᠯᠠᠭ᠎ᠠ᠎ᠶᠢ ᠰᠡᠳᠦᠨ ᠡᠬᠦᠰᠭᠡᠭᠴᠢ ᠫᠸᠩ ᠶᠦ᠍ᠢ᠍ᠩ ᠬᠡᠯᠡᠨ᠎ᠡ᠃
ᠲᠦᠮᠡᠨ ᠭᠠᠵᠠᠷ᠎ᠤᠨ ᠴᠠᠢ᠎ᠶ᠋ᠢᠨ ᠵᠠᠮ᠂ ᠡᠨᠡᠬᠦ ᠪᠦᠬᠦ᠌ ᠤᠷᠳᠦ᠍ᠨᠢ 1.4 ᠲᠦᠮᠡᠨ ᠺᠢᠯᠦᠮᠧᠲᠷ ᠪᠦᠬᠦᠢ ᠡᠷᠳᠡᠨ᠎ᠤ ᠠᠷᠠᠯᠵᠢᠶᠠᠨ᠎ᠤ ᠵᠠᠮ ᠨᠢ ᠮᠢᠩ ᠤᠯᠤᠰ᠂ ᠴᠢᠩ ᠣᠯᠣᠰ ᠪᠣᠯᠣᠨ ᠳᠤᠮᠳᠠᠳᠤ ᠢᠷᠭᠡᠨ ᠤᠯᠤᠰ᠎ᠤᠨ ᠡᠬᠢᠨ᠎ᠤ ᠦᠶ᠎ᠡ᠎ᠳᠤ ᠲᠤᠮᠳᠠᠳᠤ᠂ ᠮᠤᠩᠭᠤᠯ᠂ ᠤᠷᠤᠰᠢ ᠬᠣᠯᠪᠣᠬᠰᠠᠨ ᠠᠵᠦ᠍ ᠠᠬᠤᠢ᠎ᠶ᠋ᠢᠨ ᠲᠤᠮᠣ ᠰᠤᠳᠠᠰᠤ ᠪᠠᠢᠵᠠᠢ᠃ ᠴᠠᠢ᠎ᠶᠢᠨ ᠵᠠᠮ ᠨᠢ ᠡᠮᠦᠨᠡᠲᠦ ᠣᠷᠣᠨ᠎ᠤ ᠴᠠᠱᠠᠨᠠ᠋ᠴᠠ ᠡᠬᠢ ᠠᠪᠴᠣ᠂ ᠬᠢᠯᠢ ᠬᠢᠵᠠᠭᠠᠷ᠎ᠢ᠋ ᠲᠤᠭᠤᠯᠵᠤ᠂ ᠮᠣᠩᠭᠣᠯ ᠣᠯᠣᠰ᠎ᠢ ᠲᠠᠮᠵᠢᠨ ᠣᠷᠣᠰ ᠲᠦ᠍ ᠬᠦᠷᠲᠡᠭ᠃ ᠴᠠᠢ᠎ᠶᠢᠨ ᠵᠠᠮ᠎ᠤᠨ ᠥᠷᠲᠡᠭ᠎ᠨᠢ ᠳᠠᠩ ᠴᠤᠯᠭᠤᠢ ᠬᠤᠳᠠᠯᠳᠤᠭᠠᠨ᠎ᠤ ᠬᠦᠷᠢᠶ᠎ᠡ ᠬᠡᠪᠴᠢᠶ᠎ᠡ᠎ᠠᠴᠠ ᠬᠠᠯᠢᠨ ᠳᠠᠪᠠᠵᠤ᠂ ᠪᠣᠯᠪᠠᠰᠤᠨ᠎ᠤ ᠰᠣᠯᠢᠯᠴᠠᠯ᠂ ᠰᠣᠶᠣᠯ᠎ᠤᠨ ᠬᠠᠷᠢᠯᠴᠠᠨ ᠲᠣᠯᠢᠯᠠᠯᠲᠠ᠎ᠶ᠋ᠢᠨ ᠴᠢᠬᠤᠯᠠ ᠬᠤᠯᠪᠣᠭᠠᠰᠤ ᠪᠣᠯᠤᠭ᠍ᠰᠠᠨ ᠪᠠᠢᠨ᠎ᠠ᠃
《ᠪᠠᠷᠠᠭᠤᠨ ᠦᠵᠦᠮᠦᠴᠢᠨ ᠬᠣᠰᠢᠭᠣ ᠪᠣᠯ 〈ᠲᠠᠯ᠎ᠠ ᠨᠤᠲᠤᠭ᠎ᠤ᠋ᠨ ᠴᠠᠢ᠎ᠶᠢᠨ ᠵᠠᠮ᠎ᠤ᠋ᠨ ᠠᠭᠣᠯᠵᠠᠷ〉ᠲᠦ᠍ ᠪᠠᠢᠷᠢᠯᠠᠵᠦ᠂ ᠴᠠᠢ᠎ᠶᠢ ᠤᠮᠠᠷᠠᠰᠢ ᠪᠣᠷᠣᠯᠠᠭᠤᠯᠬᠤ ᠬᠦᠢᠰᠦ ᠪᠣᠭᠣᠮᠲᠠ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠲᠠᠷᠢᠶᠠᠯᠠᠬᠣ ᠰᠣᠶᠣᠯ ᠪᠠ ᠮᠠᠯᠵᠢᠯ ᠰᠣᠶᠣᠯ ᠴᠠᠢ᠎ᠶᠢᠨ ᠠᠷᠠᠯᠵᠢᠶ᠎ᠠ᠎ᠪᠠᠷ ᠳᠠᠮᠵᠢᠨ ᠭᠦᠨᠵᠡᠭᠡᠢ ᠶᠠᠷᠢᠯᠴᠠᠭ᠎ᠠ ᠬᠢᠭ᠌ᠰᠡᠨ ᠭᠡᠷᠡᠴᠢ ᠪᠣᠯᠬᠣ ᠶᠣᠮ》᠃ 7 ᠰᠠᠷ᠎ᠠ᠎ᠶ᠋ᠢᠨ 27 ᠤ᠋ ᠡᠳᠦᠷ᠂ 《ᠴᠠᠢ᠎ᠶ᠋ᠢᠨ ᠰᠣᠶᠣᠯ᠎ᠢᠶᠠᠷ ᠲᠠᠯ᠎ᠠ ᠨᠤᠲᠤᠭ᠎ᠤᠨ ᠰᠣᠶᠣᠯ ᠵᠢᠭᠤᠯᠴᠢᠯᠠᠯ᠎ᠢ ᠠᠭᠤᠰᠤᠯᠴᠠᠭᠤᠯᠬᠤ》 ᠲᠣᠭᠤᠷᠢᠭ ᠱᠢᠷᠡᠭᠡᠨ᠎ᠤ ᠶᠠᠷᠢᠯᠴᠠᠭᠠᠨ᠎ᠤ ᠱᠢᠭᠤᠳ ᠨᠡᠪᠲᠡᠷᠡᠭᠦᠯᠭᠡ ᠳᠡᠭᠡᠷ᠎ᠡ᠂ ᠥᠪᠥᠷ ᠮᠣᠩᠭᠤᠯ᠎ᠤᠨ ᠴᠠᠢ᠎ᠶ᠋ᠢᠨ ᠵᠠᠮ ᠰᠤᠳᠤᠯᠭᠠᠨ᠎ᠤ ᠨᠡᠢᠭᠡᠮᠯᠢᠭ᠎ᠤᠨ ᠳᠡᠳ᠋ ᠳᠠᠷᠤᠭ᠎ᠠ ᠰᠦᠨ ᠱᠤ᠌ ᠾᠧᠩ ᠲᠦᠮᠡᠨ ᠭᠠᠵᠠᠷ᠎ᠤᠨ ᠴᠠᠢ᠎ᠶ᠋ᠢᠨ ᠵᠠᠮ᠎ᠤᠨ ᠰᠣᠶᠣᠯ ᠰᠤᠳᠤᠯᠭᠠᠨ ᠬᠢᠭᠡᠳ ᠰᠣᠶᠣᠯ ᠵᠢᠭᠤᠯᠴᠢᠯᠠᠯ᠎ᠢ ᠠᠭᠤᠰᠤᠯᠴᠠᠭᠤᠯᠤᠨ ᠬᠥᠭ᠌ᠵᠢᠭᠦᠯᠬᠦ᠌᠎ᠳᠤ ᠴᠤ᠋ ᠱᠢᠨ᠎ᠡ ᠬᠠᠷᠠᠭᠠᠰᠤ ᠬᠠᠩᠭᠠᠵᠤ᠂ ᠴᠠᠢ᠎ᠶ᠋ᠢᠨ ᠵᠠᠮ᠎ᠨᠢ ᠠᠷᠠᠯᠵᠢᠶ᠎ᠠ ᠬᠤᠳᠠᠯᠳᠤᠭ᠎ᠠ ᠨᠡᠪᠲᠡᠷᠡᠬᠦ ᠵᠠᠮ ᠪᠣᠯᠤᠨ ᠰᠣᠶᠣᠯᠰᠣᠯᠢᠯᠴᠠᠭᠠᠨᠤ ᠬᠥᠭᠦᠷᠭᠡ ᠪᠣᠯᠵᠦ ᠪᠠᠢᠬᠰᠠᠨ ᠬᠣᠣᠰ ᠦᠷᠳᠡᠭ᠎ᠢ ᠣᠯᠠᠨ ᠳ᠋ᠦ ᠲᠠᠨᠢᠯᠴᠠᠭᠣᠯᠣᠨᠠ᠃
ᠪᠠᠷᠠᠭᠤᠨ ᠦᠵᠦᠮᠦᠴᠢᠨ ᠬᠤᠱᠢᠭᠤᠨ ᠳ᠋ᠦ ᠪᠠᠢᠴᠠᠭᠠᠯᠲᠠ ᠰᠣᠷᠪᠣᠯᠵᠢᠯᠠᠭ᠎ᠠ ᠬᠢᠭᠰᠡᠨ ᠬᠡᠳᠦᠨ ᠡᠳᠦᠷ᠎ᠲᠤ᠌᠂ ᠠᠵᠢᠯᠯᠠᠭ᠎ᠠ ᠳᠤ ᠤᠷᠤᠯᠴᠠᠭᠰᠠᠳ ᠵᠢᠷᠤᠭ ᠱᠢᠭ᠋ ᠰᠠᠢᠬᠠᠨ ᠲᠠᠯ᠎ᠠ ᠨᠤᠲᠤᠭᠵᠢᠡᠷ ᠵᠣᠭᠠᠯᠠᠨ ᠤᠯᠠᠭᠠᠨ ᠤᠳᠠᠢ ᠣᠪᠣᠭᠠᠨᠤ ᠨᠢᠭᠤᠴᠡ᠎ᠶ᠋ᠢ ᠬᠠᠢᠵᠤ᠂ ᠦᠨᠳᠦᠷ ᠲᠦ᠍ ᠠᠪᠠᠷᠢᠨ ᠮᠣᠷᠣᠯᠵᠠᠨ ᠣᠷᠣᠰᠣᠬᠰᠠᠨ ᠪᠠᠯᠭᠠᠷᠭᠤᠣᠯ ᠢ ᠪᠠᠷᠠᠯᠠᠬᠣ ᠶᠢᠨ ᠬᠠᠮᠲᠤ ᠱᠢᠯᠢ᠎ᠶ᠋ᠢᠨ ᠭᠤᠣᠯ᠎ᠤᠨ ᠬᠤᠨᠢᠨ ᠮᠢᠬ᠎ᠠ ᠶ᠋ᠢ ᠠᠮᠲᠠᠯᠠᠯᠠ ᠁ ᠠᠳᠡ᠎ᠠᠴᠠ ᠲᠡᠳᠡ ᠲᠠᠯ᠎ᠠ ᠨᠤᠲᠤᠭ᠎ᠤᠨ ᠲᠠᠩᠰᠣᠬ ᠦᠵᠡᠰᠬᠦᠯᠡᠩ᠎ᠢ ᠣᠢᠯᠠᠭᠠᠵᠦ᠂ ᠡᠭᠦᠨ᠎ᠤ ᠣᠯᠠᠮ ᠶ᠋ᠢᠡᠷ ᠬᠤᠨᠠᠨ ᠥᠪᠥᠷ ᠮᠣᠩᠭᠤᠯ ᠬᠤᠶᠠᠷ ᠭᠠᠵᠠᠷ ᠣᠷᠣᠨ᠎ᠤ ᠰᠣᠶᠣᠯ ᠵᠢᠭᠤᠯᠴᠢᠯᠠᠯ᠎ᠤᠨ ᠱᠢᠨ᠎ᠡ᠎ᠶ᠋ᠢ ᠡᠭᠦᠳᠬᠦ᠌ ᠰᠡᠳᠭᠢᠴᠠ᠎ᠶᠢ ᠰᠣᠪᠢᠵᠦ ᠪᠢᠯᠭᠠᠨᠠ᠃
《ᠡᠨᠡ ᠤᠳᠠᠭ᠎ᠠ ᠶᠢᠨ ᠠᠶᠠᠯᠠᠯ ᠮᠠᠰᠢ ᠣᠳᠬ᠎ᠠ ᠠᠭᠣᠯᠭ᠎ᠠ ᠲᠠᠢ ᠪᠣᠯᠣᠯ᠎ᠠ᠃ ᠪᠠᠷᠠᠭᠤᠨ ᠦᠵᠦᠮᠦᠴᠢᠨ ᠬᠣᠰᠢᠭᠣ ᠪᠠᠬᠠᠷᠣᠮᠠ ᠰᠠᠢᠬᠠᠨ ᠲᠠᠯ᠎ᠠ ᠨᠤᠲᠤᠭ ᠲᠠᠢ ᠮᠦᠷᠲᠡᠭᠡᠨ ᠪᠠᠶᠠᠯᠢᠬ ᠣᠨᠴᠠᠯᠢᠭ᠍ᠲᠤ ᠰᠣᠶᠣᠯ ᠤ᠋ᠨ ᠪᠦᠲᠦᠭᠡᠯᠴᠢ ᠦᠢᠯᠡᠳᠬᠦᠨ ᠪᠣᠢ᠃ ᠮᠢᠨᠦ᠍ ᠦᠵᠡᠬᠦ᠌ ᠪᠡᠷ ᠰᠤᠳᠤᠯᠤᠨ ᠰᠤᠷᠤᠯᠴᠠᠬᠤ᠂ ᠦᠪᠡᠰᠦᠪᠡᠨ ᠲᠡᠷᠭᠡ ᠵᠢᠯᠣᠭᠣᠲᠣᠨ ᠠᠶᠠᠯᠠᠬᠣ᠂ ᠡᠷᠡᠭᠦᠯᠵᠢᠯ ᠰᠤᠪᠢᠯᠠᠯᠲᠠ ᠵᠡᠷᠭᠡ ᠭᠤᠷᠪᠠᠨ ᠲᠠᠯ᠎ᠠ᠎ᠪᠠᠷ ᠰᠣᠶᠣᠯ ᠵᠢᠭᠣᠯᠴᠢᠯᠠᠯᠢ ᠲᠥᠯᠥᠪᠯᠡᠨ᠂ ᠵᠠᠬ᠎ᠠ ᠳᠡᠯᠭᠡᠭᠦᠷ᠎ᠲᠦ᠍ ᠳᠡᠯᠭᠡᠷᠡᠭᠦᠯᠵᠦ᠍ 《ᠲᠠᠯ᠎ᠠ ᠨᠤᠲᠤᠭ᠎ᠤ᠋ᠨ ᠴᠠᠢ᠎ᠶᠢᠨ ᠵᠠᠮ + ᠬᠤᠨᠠᠨᠤ᠋ ᠴᠠᠢ᠎ᠶᠢᠨ ᠡᠬᠦᠰᠦᠯ》 ᠭᠡᠬᠦ ᠪᠠᠶᠠᠴᠢᠯᠠᠨ ᠣᠢᠯᠠᠭᠠᠵᠦ ᠰᠤᠳᠤᠯᠤᠨ ᠰᠤᠷᠤᠯᠴᠠᠬᠤ ᠦᠢᠯᠡᠳᠬᠦᠨᠢ᠋ ᠡᠭᠦᠳᠦᠨ ᠪᠦᠲᠦᠭᠡᠵᠦ᠂ ᠲᠣᠬᠠᠢᠯᠠᠪᠠᠯ 《ᠶᠤᠸᠠᠢ ᠯᠦ᠍ ᠪᠢᠴᠢᠭ᠎ᠤ᠋ᠨ ᠬᠦᠷᠢᠶᠡᠯᠡᠩ ᠡᠴᠡ ᠲᠡᠦᠬᠡ ᠣᠩᠰᠢᠵᠦ + ᠲᠠᠯ᠎ᠠ ᠨᠤᠲᠤᠭ ᠲᠦ᠍ ᠮᠣᠷᠢ ᠣᠨᠣᠵᠦ ᠡᠷᠬᠡ ᠴᠢᠯᠥᠭᠡ ᠶᠢ ᠮᠡᠳᠡᠷᠡᠬᠦ》ᠵᠡᠷᠭᠡ ᠶᠢ ᠦᠷᠨᠢᠬᠦᠯᠵᠦ ᠪᠣᠯᠣᠨ᠎ᠠ᠃ ᠣᠷᠣᠨ ᠪᠠᠢᠷᠢ ᠪᠣᠯᠤᠨ ᠦᠵᠡᠮᠵᠢ᠎ᠶᠢᠨ ᠭᠠᠵᠠᠷ᠎ᠤ᠋ᠨ ᠣᠨᠴᠠᠯᠢᠭᠲᠤ᠌ ᠴᠢᠭ᠌ᠯᠡᠭᠦᠯᠦᠨ᠂ ᠥᠪᠡᠰᠦᠪᠡᠨ ᠲᠡᠷᠭᠡ ᠵᠢᠯᠣᠭᠣᠳᠭᠤ ᠪᠤᠶᠤ ᠰᠣᠯᠠ ᠲᠠᠷᠠᠬᠠᠢ ᠵᠢᠭᠣᠯᠴᠢᠯᠠᠯ᠎ᠤᠨ ᠱᠤᠭᠤᠮ ᠲᠣᠭ᠍ᠲᠠᠭᠠᠵᠦ ᠪᠣᠯᠣᠨ᠎ᠠ᠃ ᠦᠲᠡᠬᠦᠰ ᠨᠠᠰᠣᠲᠠᠳ ᠲᠦ᠍ ᠴᠢᠭ᠌ᠯᠡᠭᠦᠯᠦᠨ᠂ ᠪᠠᠷᠠᠭᠤᠨ ᠦᠵᠦᠮᠦᠴᠢᠨ ᠬᠤᠱᠢᠭᠤᠨ᠎ᠤ ᠲᠠᠯ᠎ᠠ ᠨᠤᠲᠤᠭ᠎ᠤᠨ ᠵᠣᠰᠠᠯᠠᠩ᠎ᠤᠨ ᠲᠤᠰᠭᠠᠢ ᠱᠤᠭᠤᠮ ᠪᠠ ᠬᠤᠨᠠᠨ᠎ᠤ ᠬᠠᠯᠠᠭᠤᠨ ᠷᠠᠱᠢᠶᠠᠨ᠎ᠤ ᠲᠤᠰᠭᠠᠢ ᠱᠤᠭᠤᠮ ᠭᠠᠷᠭᠠᠵᠦ ᠪᠣᠯᠣᠨ᠎ᠠ》 ᠭᠡᠵᠦ ᠰᠣᠶᠣᠯ ᠵᠢᠭᠤᠯᠴᠢᠯᠠᠯ᠎ᠤᠨ ᠵᠠᠬ᠎ᠠ ᠲᠡᠯᠭᠡᠬᠦᠷ ᠲᠦ᠍ ᠣᠯᠠᠨ ᠵᠢᠯ ᠠᠵᠢᠯᠯᠠᠬᠰᠠᠨ ᠬᠣᠨᠠᠨ ᠵᠢᠶᠠᠩᠰᠢ᠎ᠶᠢᠨ ᠠᠭᠤᠯᠵᠠᠷ ᠤᠷᠤᠨ᠎ᠤ ᠰᠣᠶᠣᠯ ᠵᠢᠭᠤᠯᠴᠢᠯᠠᠯ᠎ᠤᠨ ᠬᠤᠯᠪᠣᠭᠠᠨ᠎ᠤ ᠳᠡᠳ᠋ ᠲᠡᠷᠢᠭᠦᠯᠡᠭ᠌ᠴᠢ᠂ ᠯᠢᠦ ᠶᠠᠩ ᠬᠤᠲᠠ᠎ᠶ᠋ᠢᠨ ᠵᠢᠦ ᠵᠧᠦ ᠵᠢᠭᠤᠯᠴᠢᠯᠠᠯ᠎ᠤᠨ ᠬᠤᠷᠢᠶᠠᠨ᠎ᠤ ᠬᠢᠵᠠᠭᠠᠷᠲᠤ ᠺᠣᠮᠫᠠᠨᠢ᠎ᠶ᠋ᠢᠨ ᠶᠡᠷᠦᠩᠬᠡᠶ ᠳᠠᠭᠠᠭᠠᠮᠠᠯ ᠴᠧᠨ ᠬᠤᠤ ᠦᠪᠦᠷ ᠮᠣᠩᠭᠣᠯ ᠬᠣᠨᠠᠨ ᠬᠤᠶᠠᠷ ᠭᠠᠵᠠᠷ᠎ᠤᠨ ᠰᠣᠶᠣᠯ ᠵᠢᠭᠤᠯᠴᠢᠯᠠᠯ᠎ᠤᠨ ᠬᠥᠭ᠌ᠵᠢᠯᠲᠡ᠎ᠶᠢᠨ ᠲᠣᠬᠠᠢ ᠦᠪᠡᠷ᠎ᠤᠨ ᠰᠠᠨᠠᠯ ᠶ᠋ᠢᠡᠨ ᠲᠡᠯᠭᠡᠨ᠎ᠡ᠃
ᠬᠣᠨᠠᠨ ᠮᠣᠵᠢ᠎ᠶᠢᠨ ᠠᠨ ᠬᠣᠸᠠ ᠰᠢᠶᠠᠨ ᠬᠢᠭᠡᠳ ᠰᠢᠯᠢ᠎ᠶᠢᠨ ᠭᠣᠣᠯ ᠠᠢᠮᠠᠬ᠎ᠤᠨ ᠪᠠᠷᠠᠭᠣᠨ ᠦᠵᠦᠮᠦᠴᠢᠨ ᠬᠣᠰᠢᠭᠣᠨ᠎ᠤ ᠰᠣᠷᠲᠠᠯ ᠣᠬᠠᠭᠣᠯᠭ᠎ᠠ ᠰᠣᠶᠣᠯ᠎ᠤᠨ ᠰᠢᠰᠲ᠋ᠸᠮ᠎ᠤᠨ ᠬᠠᠮᠢᠶ᠎ᠠ ᠪᠦᠬᠦᠢ ᠬᠠᠷᠢᠭᠣᠴᠠᠯᠭᠠᠲᠠᠨ ᠰᠣᠶᠣᠯ ᠵᠢᠭᠣᠯᠴᠢᠯᠠᠯ᠎ᠤᠨ ᠬᠠᠮᠵᠢᠯᠴᠠᠭᠠᠨ᠎ᠤ ᠵᠦᠪᠲᠡᠯᠴᠡᠭᠡᠷ ᠲᠦ᠍ ᠭᠠᠷᠤᠨ ᠦᠰᠦᠭ ᠵᠢᠷᠣᠬᠣ ᠦᠶ᠎ᠡ ᠳ᠋ᠦ ᠬᠣᠶᠠᠷ ᠭᠠᠵᠠᠷ ᠣᠷᠣᠨ᠎ᠤ ᠰᠣᠶᠣᠯ᠎ᠤᠨ ᠬᠠᠮᠲᠣ᠎ᠶᠢᠨ ᠲᠠᠨᠢᠯᠲᠠ ᠪᠣᠲᠠᠲᠠᠢ ᠬᠠᠮᠲᠣᠷᠠᠨ ᠠᠵᠢᠯᠯᠠᠬᠣ ᠦᠢᠯᠡᠳᠦᠯᠭᠡ ᠪᠣᠯᠣᠬᠰᠠᠨ ᠭᠡᠲᠡᠭ᠎ᠢ ᠬᠠᠷᠠᠭᠣᠯᠵᠦ ᠪᠠᠢᠯ᠎ᠠ᠃
《ᠲᠦᠮᠡᠨ ᠭᠠᠵᠠᠷ᠎ᠤᠨ ᠴᠠᠢ᠎ᠶᠢᠨ ᠵᠠᠮ᠎ᠤᠨ ᠲᠣᠮᠲᠠᠲᠣ ᠣᠯᠣᠰ ᠲᠡᠬᠢ ᠠᠶᠠᠯᠠᠯ ᠮᠠᠨ᠎ᠤ ᠬᠣᠰᠢᠭᠣᠨ ᠳ᠋ᠦ ᠲᠡᠬᠦᠰ ᠠᠮᠵᠢᠯᠲᠠ ᠲᠠᠢ ᠦᠨᠳᠦᠷᠯᠡᠭᠰᠡᠨ ᠨᠢ ᠲᠠᠯ᠎ᠠ ᠨᠣᠲᠣᠬ᠎ᠤᠨ ᠴᠠᠢ᠎ᠶᠢᠨ ᠵᠠᠮ᠎ᠤᠨ ᠰᠣᠶᠣᠯ᠎ᠤᠨ ᠦᠷᠲᠡᠭ᠎ᠢ ᠲᠣᠲᠣ ᠬᠠᠷᠠᠭᠣᠯᠣᠬᠰᠠᠨ ᠪᠠᠢᠨ᠎ᠠ᠃ ᠪᠢᠳᠡ ᠡᠨᠡ ᠣᠲᠠᠭᠠᠨ᠎ᠤ ᠠᠵᠢᠯᠯᠠᠭ᠎ᠠ ᠪᠡᠷ ᠠᠵᠠ ᠲᠣᠬᠢᠶᠠᠯ ᠪᠣᠯᠭᠠᠵᠦ᠂ ᠴᠠᠢ᠎ᠶᠢᠨ ᠵᠠᠮ᠎ᠤᠨ ᠰᠣᠶᠣᠯ᠎ᠢ ᠦᠷᠭᠡᠨ ᠶ᠋ᠢᠡᠷ ᠣᠬᠠᠭᠣᠯᠵᠦ᠂ ᠣᠮᠠᠷᠠᠲᠣ ᠬᠢᠯᠢ᠎ᠶᠢᠨ ᠣᠨᠴᠠᠯᠢᠬᠲᠣ ᠦᠯᠢᠭᠡᠷ᠎ᠢ ᠶᠠᠷᠢᠵᠦ᠂ ᠲᠠᠯ᠎ᠠ ᠨᠣᠲᠣᠬ᠎ᠤᠨ ᠰᠦ ᠲᠠᠢ ᠴᠠᠢ᠎ᠶᠢ ᠰᠢᠨ᠎ᠡ ᠴᠠᠬ ᠦᠶ᠎ᠡ ᠳ᠋ᠦ ᠰᠢᠨ᠎ᠡ ᠬᠢᠯᠪᠠᠭ᠎ᠠ ᠰᠠᠴᠣᠷᠠᠭᠣᠯᠵᠦ᠂ ᠣᠷᠣᠨ ᠪᠦᠰᠡ᠎ᠶᠢᠨ ᠰᠣᠶᠣᠯ᠎ᠤᠨ ᠲᠦᠷᠦᠯ ᠲᠡᠮᠲᠡᠭ᠎ᠤᠨ ᠨᠦᠯᠦᠭᠡᠯᠡᠬᠦ ᠬᠦᠴᠦᠨ ᠪᠣᠯᠣᠨ ᠠᠯᠲᠠᠷᠰᠢᠯ᠎ᠢ ᠦᠷᠭᠡᠳᠭᠡᠨ᠎ᠡ》 ᠭᠡᠵᠦ ᠯᠢ ᠰᠢᠣᠸᠠᠢ ᠶᠢᠩ ᠶᠠᠷᠢᠨ᠎ᠠ᠃