ᠥᠪᠥᠷ ᠮᠣᠩᠭᠣᠯ ᠮᠠᠨ ᠤ᠋ ᠤᠯᠤᠰ ᠤ᠋ᠨ ᠤᠮᠠᠷᠠᠲᠤ ᠵᠢᠨ ᠴᠢᠬᠤᠯᠠ ᠠᠮᠢ ᠠᠬᠤᠶ ᠵᠢᠨ ᠠᠮᠤᠷ ᠲᠦᠪᠱᠢᠨ ᠤ᠋ ᠬᠠᠯᠬᠠᠪᠴᠢ ᠶ᠋ᠢ ᠬᠦᠴᠦᠯᠡᠨ ᠪᠡᠬᠢᠵᠢᠭᠦᠯᠵᠤ ᠨᠣᠮᠢᠨ ᠨᠣᠭᠣᠭᠠᠨ 《ᠣᠷᠳᠣ ᠴᠠᠭᠠᠨ ᠬᠡᠷᠡᠮ》 ᠪᠠᠢᠭᠤᠯᠵᠤ ᠨᠣᠮᠢᠨ ᠤᠰᠤ ᠬᠥᠬᠡᠮᠳᠦᠭ ᠠᠭᠤᠯᠠ ᠶ᠋ᠢ ᠰᠠᠬᠢᠨ ᠬᠠᠮᠠᠭᠠᠯᠠᠨᠠᠮ
2025-09-19 09:21:25
ᠵᠣᠬᠢᠶᠠᠭ᠍ᠴᠢ᠄
ᠫᠠᠨ ᠱᠢᠤᠢ ᠲᠤᠤ ᠂ ᠵᠠᠢ ᠴᠢᠨ ᠴᠢ ᠂ ᠵᠤᠤ ᠵᠢᠩ ᠹᠸᠩ
ᠣᠩᠱᠢᠭ᠍ᠰᠠᠨ ᠣᠳᠠᠭ᠎ᠠ᠄
★★★☆☆

ᠥᠷᠯᠥᠭᠡ ᠵᠢᠨ ᠨᠡᠷᠡ ᠶᠡᠬᠡ ᠬᠢᠩᠭᠠᠨ ᠳᠠᠪᠠᠭ᠎ᠠ ᠵᠢᠨ ᠬᠠᠢᠯᠠᠷ ᠨᠠᠷᠠᠰᠤᠨ ᠤᠢ ᠵᠢ ᠭᠡᠢᠬᠦᠯᠬᠦ᠎ᠳᠤ᠂ ᠤᠯᠠᠭᠠᠨᠪᠤᠬ᠎ᠠ ᠡᠯᠡᠰᠦᠨ ᠴᠥᠯ ᠤ᠋ᠨ ᠵᠠᠭ ᠮᠣᠳᠣ ᠪᠠᠰᠠ ᠨᠤᠢᠷᠰᠤᠭᠰᠠᠨ ᠬᠡᠪ ᠵᠢᠡᠷ ᠵᠢᠡᠨ;  ᠬᠥᠯᠥᠨ ᠪᠤᠢ᠌ᠷ ᠤ᠋ᠨ ᠲᠠᠯ᠎ᠠ ᠨᠤᠲᠤᠭ ᠲᠤ᠌ ᠰᠥᠨᠢ ᠵᠢᠨ ᠭᠦᠨ ᠪᠤᠯᠵᠤ᠂ ᠦᠬᠡᠷ ᠬᠤᠨᠢᠳ ᠬᠤᠲᠠᠨ ᠳ᠋ᠠᠭᠠᠨ ᠢᠷᠬᠠᠯᠠᠨ ᠭᠡᠪᠢᠵᠦ ᠪᠠᠢᠬᠤ ᠳ᠋ᠤ᠂ ᠳ᠋ᠸᠩᠺᠸᠤ ᠱᠢᠶᠠᠨ ᠤ᠋ ᠬᠠᠳᠤᠨ ᠭᠣᠣᠯ ᠤ᠋ᠨ ᠬᠥᠪᠡᠭᠡᠨ᠎ᠳᠡᠬᠢ ᠴᠠᠷᠭᠠᠰᠤ ᠮᠥᠨ ᠯᠡ ᠰᠢᠨᠭᠭᠡᠬᠦ ᠨᠠᠷᠠᠨ᠎ᠤ ᠤᠯᠠᠪᠢᠷ ᠲᠤᠶᠠᠭ᠎ᠠ ᠳ᠋ᠤ ᠪᠤᠳᠤᠭᠳᠠᠵᠤ ᠢᠳᠡᠷᠡᠭᠦᠨ ᠵᠢᠡᠷ ᠤᠷᠭᠤᠨ᠎ᠠ ᠁ ᠥᠪᠥᠷ ᠮᠣᠩᠭᠣᠯ ᠪᠠᠷᠠᠭᠤᠨ ᠬᠣᠢᠲᠤ ᠣᠷᠣᠨ᠂ ᠤᠮᠠᠷᠠᠲᠤ ᠣᠷᠣᠨ᠂ ᠵᠡᠭᠦᠨ ᠬᠣᠢᠲᠤ ᠣᠷᠣᠨ ᠢ᠋ ᠰᠤᠨᠳᠠᠯᠠᠵᠤ᠂ ᠮᠠᠨ ᠤ᠋ ᠤᠯᠤᠰ ᠤ᠋ᠨ ᠤᠮᠠᠷᠠᠲᠤ ᠵᠢᠨ ᠲᠠᠯᠠᠪᠠᠢ ᠪᠡᠷ ᠬᠠᠮᠤᠭ ᠤ᠋ᠨ ᠶᠡᠬᠡ᠂ ᠲᠦᠷᠦᠯ ᠵᠦᠢᠯ ᠵᠢᠡᠷ ᠬᠠᠮᠤᠭ ᠤ᠋ᠨ ᠪᠦᠷᠢᠨ ᠠᠮᠢ ᠠᠬᠤᠢ ᠵᠢᠨ ᠴᠢᠳᠠᠮᠵᠢᠳᠤ ᠣᠷᠣᠨ ᠪᠣᠯᠤᠭ᠍ᠰᠠᠨ ᠪᠥᠭᠡᠳ ᠮᠦᠨ ᠴᠤ᠌ ᠪᠦᠬᠦ᠌ ᠤᠯᠤᠰ ᠤ᠋ᠨ ᠡᠯᠡᠰᠦᠷᠬᠡᠭ᠌ᠵᠢᠵᠤ ᠴᠦᠯᠯᠡᠷᠭᠡᠭ᠌ᠵᠢᠭᠰᠡᠨ ᠭᠠᠵᠠᠷ ᠱᠢᠷᠣᠢ ᠬᠠᠮᠤᠭ ᠤ᠋ᠨ ᠲᠥᠪᠯᠡᠷᠡᠩᠭᠦᠢ᠂ ᠬᠣᠣᠷ ᠬᠥᠨᠥᠭᠡᠯ ᠵᠢᠡᠷ ᠬᠠᠮᠤᠭ ᠤ᠋ᠨ ᠬᠦᠨᠳᠦ ᠨᠣᠴᠢᠲᠠᠢ ᠤᠷᠤᠨ᠎ᠤ ᠨᠢᠭᠡ ᠪᠣᠯᠤᠭ᠍ᠰᠠᠨ ᠶᠤᠮ᠃

2023 ᠣᠨ ᠤ᠋ 6 ᠰᠠᠷ᠎ᠠ ᠳ᠋ᠤ᠂ ᠶᠡᠷᠦᠩᠬᠡᠢ ᠱᠦᠵᠢ ᠰᠢ ᠵᠢᠨ ᠫᠢᠩ ᠥᠪᠥᠷ ᠮᠣᠩᠭᠣᠯ ᠳ᠋ᠤ ᠱᠢᠨᠵᠢᠯᠡᠨ ᠪᠠᠢᠴᠠᠭᠠᠬᠤ᠎ᠳᠠᠭᠠᠨ᠄ 《ᠮᠠᠨ ᠤ᠋ ᠤᠯᠤᠰ ᠤ᠋ᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠱᠢᠨ ᠤ᠋ ᠬᠠᠯᠬᠠᠪᠴᠢ ᠶ᠋ᠢ ᠪᠠᠲᠤ ᠴᠣᠭ᠍ᠴᠠᠯᠠᠬᠤ ᠪᠣᠯ ᠥᠪᠥᠷ ᠮᠣᠩᠭᠣᠯ ᠤ᠋ᠨ ᠡᠷᠬᠡᠪᠰᠢ ᠪᠠᠲᠤ ᠴᠡᠭᠡᠵᠢᠯᠡᠬᠦ᠌ ᠬᠡᠷᠡᠭ᠌ᠲᠡᠢ 〈ᠤᠯᠤᠰ ᠤ᠋ᠨ ᠶᠡᠬᠡ ᠶᠠᠪᠤᠳᠠᠯ〉 ᠪᠣᠯᠤᠨ᠎ᠠ》 ᠭᠡᠵᠤ ᠵᠢᠭᠠᠵᠤ ᠭᠠᠷᠭᠠᠪᠠ᠃

ᠠᠭᠤᠯᠠ ᠤᠰᠤ ᠤᠢ ᠮᠣᠳᠣ ᠭᠠᠵᠠᠷ ᠲᠠᠷᠢᠶ᠎ᠠ ᠨᠠᠭᠤᠷ ᠪᠦᠷᠢᠳᠦ ᠨᠤᠲᠤᠭ ᠪᠡᠯᠴᠢᠭᠡᠷ ᠡᠯᠡᠰᠦ ᠮᠠᠩᠬ᠎ᠠ ᠶ᠋ᠢ ᠨᠢᠭᠡ ᠴᠤᠬ᠍ᠴᠠᠵᠢᠭᠤᠯᠤᠨ ᠬᠠᠮᠠᠭᠠᠯᠠᠬᠤ ᠪᠠ ᠱᠢᠰᠲ᠋ᠧᠮ᠎ᠲᠡᠶ ᠵᠠᠰᠠᠬᠤ ᠶ᠋ᠢ ᠨᠢᠭᠡᠳᠦᠯᠲᠡᠢ ᠲᠥᠯᠥᠪᠵᠢᠭᠦᠯᠵᠦ᠍᠂ ᠥᠷᠭᠡᠨ ᠠᠭᠤᠳᠠᠮ ᠲᠠᠯ᠎ᠠ ᠨᠤᠲᠤᠭ ᠢ᠋ 《ᠴᠠᠯᠢᠩ᠎ᠲᠠᠶ ᠪᠡᠷ ᠠᠮᠠᠷᠠᠬᠤ》 ᠪᠣᠯᠭᠠᠵᠤ᠂ ᠬᠢᠩᠭᠠᠨ ᠠᠢᠮᠠᠭ ᠤ᠋ᠨ ᠤᠢ ᠱᠢᠭᠤᠢ ᠳ᠋ᠤ 《ᠰᠦᠬᠡ ᠪᠠᠨ ᠡᠯᠭᠦᠨ ᠮᠤᠳᠤ ᠤᠭᠳᠤᠯᠬᠤ ᠶ᠋ᠢ ᠵᠣᠭ᠍ᠰᠣᠭᠠᠬᠤ》᠂ ᠪᠡᠯ ᠭᠠᠵᠠᠷ᠂ ᠠᠳᠠᠷ ᠭᠠᠵᠠᠷ᠂ ᠬᠠᠶᠠᠭ᠍ᠳᠠᠮᠠᠯ ᠠᠭᠤᠷᠬᠠᠢ ᠵᠡᠷᠭᠡ ᠣᠷᠣᠨ ᠵᠠᠢ ᠶ᠋ᠢ ᠠᠱᠢᠭ᠍ᠯᠠᠨ 《ᠵᠠᠪᠰᠠᠷ ᠪᠤᠯᠭᠠᠨ ᠳ᠋ᠤ ᠨᠤᠭᠤᠭᠠᠷᠠᠭᠤᠯᠤᠯᠲᠠ ᠬᠢᠪᠡ》 ᠁ ᠶᠡᠷᠦᠩᠬᠡᠢ ᠱᠦᠵᠢ ᠰᠢ ᠵᠢᠨ ᠫᠢᠩ ᠤ᠋ᠨ ᠴᠢᠩ ᠰᠡᠳᠭᠢᠯ ᠤ᠋ᠨ ᠬᠦᠰᠡᠯ ᠨᠠᠢᠳᠠᠯᠭ᠎ᠠ ᠶ᠋ᠢ ᠪᠠᠲᠤ ᠴᠡᠭᠡᠵᠢᠯᠡᠵᠦ᠍᠂ ᠥᠪᠥᠷ ᠮᠣᠩᠭᠣᠯ ᠤ᠋ᠨ ᠥᠷᠭᠡᠨ ᠤᠯᠠᠨ ᠺᠠᠳ᠋ᠷ ᠤᠯᠠᠨ ᠲᠦᠮᠡᠨ ᠪᠣᠳᠠᠲᠠᠢ ᠠᠵᠢᠯᠯᠠᠨ ᠬᠠᠷᠢᠭᠤᠴᠠᠯᠭ᠎ᠠ ᠡᠭᠦᠷᠭᠡᠯᠡᠵᠦ᠍᠂ ᠡᠷᠡᠮᠡᠬᠡᠢᠯᠡᠨ ᠤᠷᠤᠭ᠍ᠰᠢᠯᠠᠵᠤ᠂ ᠡᠭᠡ ᠤᠯᠤᠰ ᠤ᠋ᠨ ᠤᠮᠠᠷᠠᠲᠤ ᠬᠢᠯᠢ ᠳ᠋ᠤ 《ᠨᠣᠮᠢᠨ ᠨᠣᠭᠣᠭᠠᠨ ᠲᠠᠯ᠎ᠠ ᠳ᠋ᠤ ᠦᠩᠭᠡ ᠵᠢᠨ ᠴᠡᠴᠡᠭ ᠮᠢᠷᠠᠯᠵᠠᠨ ᠳᠡᠯᠭᠡᠷᠡᠬᠦ᠌》᠂ 《ᠨᠤᠮᠢᠨ ᠤᠰᠤᠨ ᠳ᠋ᠤ ᠦᠳᠡᠰᠢ ᠵᠢᠨ ᠲᠤᠯᠤᠩ ᠲᠤᠨᠤᠷᠠᠭᠰᠠᠨ》 ᠦᠵᠡᠰᠭᠦᠯᠡᠩᠲᠦ ᠰᠠᠢᠬᠠᠨ ᠦᠩᠭᠡ ᠦᠵᠡᠮᠵᠢ ᠶ᠋ᠢ ᠳᠠᠬᠢᠨ ᠬᠠᠷᠠᠭᠤᠯᠪᠠ᠃

ᠡᠳᠦᠷ ᠳᠤᠮᠳᠠᠴᠢ ᠪᠡᠷ 6 ᠲᠦᠮᠡᠨ ᠮᠦ᠍ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠦ ᠶ᠋ᠢ ᠵᠠᠰᠠᠪᠠ

ᠤᠷᠳᠤᠰ ᠬᠤᠳᠠ ᠵᠢᠨ ᠲᠠᠯᠠᠳ ᠬᠣᠱᠢᠭᠤᠨ ᠤ᠋ ᠵᠤᠤ ᠵᠢᠶᠦ᠋ᠨ ᠪᠠᠯᠭᠠᠰᠤᠨ ᠤ᠋ ᠴᠠᠢ᠌ᠳ᠋ᠠᠮ ᠭᠠᠴᠠᠭ᠎ᠠ ᠳ᠋ᠤ᠂ ᠲᠣᠰᠭᠣᠨ ᠤ᠋ ᠠᠷᠠᠳ ᠪᠠᠢ ᠴᠢ ᠯᠣᠣ ᠬᠠᠳᠤᠨ ᠭᠣᠣᠯ ᠤ᠋ᠨ ᠡᠮᠦᠨ᠎ᠡ ᠬᠦᠪᠡᠭᠡ᠂ ᠬᠥᠪᠴᠢ ᠵᠢᠨ ᠡᠯᠡᠰᠦᠨ ᠤ᠋ ᠬᠣᠢᠲᠤ ᠵᠠᠬ᠎ᠠ ᠵᠢᠨ ᠬᠥᠲᠥᠯ ᠳᠡᠭᠡᠷ᠎ᠡ ᠵᠣᠭ᠍ᠰᠣᠵᠤ᠂ ᠢᠭ᠍ᠴᠤ ᠰᠠᠬᠤᠯᠢᠭ ᠤᠢ ᠱᠢᠭᠤᠢ ᠵᠢᠨ ᠪᠦᠰᠡ ᠶ᠋ᠢ ᠬᠠᠷᠠᠬᠤ᠎ᠳᠤ ᠡᠯᠡᠰᠦ ᠶ᠋ᠢ ᠵᠠᠰᠠᠵᠤ ᠪᠠᠢᠭ᠍ᠰᠠᠨ ᠪᠠᠢᠳᠠᠯ ᠨᠢᠳᠦᠨ᠎ᠳᠤᠨᠢ ᠲᠠᠬᠢᠨ ᠬᠠᠷᠠᠭᠳᠠᠬᠤ ᠮᠡᠳᠤ ᠪᠤᠯᠪᠠ ᠁

ᠬᠡᠳᠦᠨ ᠠᠷᠪᠠᠨ ᠵᠢᠯ ᠤ᠋ᠨ ᠡᠮᠦᠨ᠎ᠡ ᠪᠠᠶ ᠴᠢ ᠯᠤᠤ ᠡᠨᠳᠡ ᠠᠩᠬᠠᠨ ᠤ᠋ ᠤᠯᠢᠶᠠᠰᠤ ᠶ᠋ᠢ ᠲᠠᠷᠢᠬᠤ᠎ᠳᠠᠭᠠᠨ᠂ 《ᠪᠢᠳᠡ ᠡᠯᠡᠰᠦ ᠶ᠋ᠢ ᠬᠠᠱᠢᠵᠤ ᠲᠠᠷᠢᠶᠠᠨ ᠭᠠᠵᠠᠷ ᠵᠢᠡᠨ ᠰᠠᠢᠲᠤᠷ ᠬᠠᠮᠠᠭᠠᠯᠠᠬᠤ ᠶ᠋ᠢ ᠬᠦᠰᠡᠵᠦ᠍ ᠪᠠᠢᠨ᠎ᠠ》 ᠭᠡᠵᠤ ᠶᠠᠷᠢᠵᠦ ᠪᠠᠢᠭᠰᠠᠨ ᠪᠤᠯ ᠣᠳᠣ ᠨᠣᠭᠣᠭᠠᠷᠠᠭᠤᠯᠤᠯᠲᠠ ᠵᠢᠨ ᠪᠦᠰᠡ᠂ ᠨᠦᠯᠦᠮᠡᠯ ᠭᠠᠵᠠᠷ ᠤ᠋ᠨ ᠬᠠᠱᠢᠯᠭ᠎ᠠ᠂ ᠬᠡᠷᠡᠯᠴᠢ ᠴᠡᠨᠡᠭ ᠵᠢᠡᠷ ᠡᠯᠡᠰᠦ ᠶ᠋ᠢ ᠵᠠᠰᠠᠬᠤ ᠪᠦᠰᠡ᠂ ᠬᠥᠪᠡᠭᠡ ᠵᠠᠬ᠎ᠠ ᠶ᠋ᠢ ᠡᠮᠵᠢᠶᠡᠷᠢᠯᠡᠬᠦ ᠣᠶ ᠪᠡᠷ ᠪᠦᠷᠢᠯᠳᠦᠭ᠌ᠰᠡᠨ 《ᠳᠥᠷᠪᠡᠨ ᠰᠡᠷᠭᠡᠢᠯᠡᠯᠲᠡ ᠵᠢᠨ ᠱᠤᠭᠤᠮ》 ᠨᠡᠯᠤᠭᠡᠷ ᠡᠯᠡᠰᠦ ᠶ᠋ᠢ ᠲᠤᠱᠠᠵᠦ ᠴᠢᠳᠦᠷᠯᠡᠪᠡ᠃

《ᠪᠢᠳᠡ 〈ᠤᠮᠠᠷᠠᠲᠤ ᠵᠢᠨ ᠭᠤᠷᠪᠠᠨ ᠣᠷᠣᠨ〉 ᠤ᠋ ᠢᠨᠵᠧᠨᠧᠷᠢᠩ ᠤ᠋ᠨ ᠪᠣᠭᠣᠮᠲᠠ ᠱᠢᠪᠲᠤᠯᠬᠤ ᠳᠠᠢᠯᠠᠯᠳᠤᠭᠠᠨ ᠢ᠋ ᠪᠦᠬᠦ᠌ ᠲᠠᠯ᠎ᠠ ᠪᠡᠷ ᠡᠬᠢᠯᠡᠭᠦᠯᠵᠦ᠍᠂ ᠡᠳᠦᠷ ᠳᠤᠮᠳᠠᠴᠢ ᠪᠡᠷ 6 ᠲᠦᠮᠡᠨ ᠮᠦ᠍ ᠵᠢᠨ ᠬᠤᠷᠳᠤᠴᠠ ᠪᠡᠷ ᠡᠯᠡᠰᠦᠷᠬᠡᠭ᠌ᠵᠢᠯ ᠢ᠋ ᠰᠡᠷᠭᠡᠢᠯᠡᠨ ᠡᠯᠡᠰᠦ ᠶ᠋ᠢ ᠵᠠᠰᠠᠬᠤ ᠠᠵᠢᠯ ᠢ᠋ ᠠᠬᠢᠭᠤᠯᠪᠠ᠃ ᠮᠤᠤᠠᠤᠰᠤ ᠵᠢᠨ ᠡᠯᠡᠰᠦᠷᠬᠡᠭ ᠭᠠᠵᠠᠷ ᠢ᠋ ᠵᠠᠰᠠᠭ᠍ᠰᠠᠨ ᠠᠬᠢᠴᠠ 80%᠎ᠳ᠋ᠤ ᠬᠦᠷᠴᠦ᠍᠂ ᠬᠥᠪᠴᠢ ᠵᠢᠨ ᠡᠯᠡᠰᠦᠨ ᠳ᠋ᠤ 〈ᠬᠡᠷᠡᠯᠴᠢ ᠴᠡᠨᠡᠭ ᠤ᠋ᠨ ᠣᠷᠳᠣ ᠴᠠᠭᠠᠨ ᠬᠡᠷᠡᠮ〉 ᠢ᠋ ᠪᠠᠢᠭᠤᠯᠤᠨ᠂ ᠪᠠᠳᠠᠶ ᠵᠢᠨ ᠵᠢᠷᠠᠨ᠂ ᠲᠩᠷᠢ᠂ ᠤᠯᠠᠭᠠᠨᠪᠤᠬ᠎ᠠ ᠭᠤᠷᠪᠠᠨ ᠶᠡᠬᠡ ᠡᠯᠡᠰᠦᠨ ᠴᠥᠯ ᠤ᠋ᠨ ᠬᠥᠪᠡᠭᠡ ᠵᠠᠬ᠎ᠠ ᠶ᠋ᠢ ᠡᠮᠵᠢᠶᠠᠷᠢᠯᠡᠭᠰᠡᠨ ᠣᠶ ᠱᠢᠭᠤᠶ ᠨᠤᠲᠤᠭ ᠪᠡᠯᠴᠢᠭᠡᠷ ᠤ᠋ᠨ ᠪᠦᠰᠡ ᠶ᠋ᠢ ᠨᠡᠢᠯᠡᠭᠦᠯᠪᠡ》 ᠭᠡᠵᠤ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠣᠶ ᠱᠢᠭᠤᠶ ᠪᠠ ᠨᠤᠲᠤᠭ ᠪᠡᠯᠴᠢᠭᠡᠷ ᠤ᠋ᠨ ᠲᠣᠪᠴᠢᠶᠠᠨ ᠤ᠋ ᠳᠡᠳ᠋ ᠳᠠᠷᠤᠭ᠎ᠠ ᠲᠢᠶᠸ ᠨᠢᠤ ᠲᠠᠨᠢᠯᠴᠠᠭᠤᠯᠤᠨ᠎ᠠ᠃

ᠠᠯᠠᠱᠠ ᠠᠢᠮᠠᠭ ᠤ᠋ᠨ ᠨᠤᠲᠤᠭ ᠳᠡᠪᠢᠰᠭᠡᠷ᠎ᠲᠡᠬᠢ ᠤᠯᠠᠭᠠᠨᠪᠤᠬ᠎ᠠ ᠡᠯᠡᠰᠦᠨ ᠴᠥᠯ ᠬᠠᠲᠤᠨ ᠭᠤᠤᠯ᠎ᠢ ᠬᠦᠪᠡᠭᠡᠳᠡᠵᠦ 5.7 ᠺᠢᠯᠣᠮᠧᠲ᠋ᠷ ᠦᠷᠬᠦᠯᠵᠢᠯᠡᠵᠦ ᠪᠠᠢᠳᠠᠭ᠃ ᠥᠩᠭᠡᠷᠡᠭ᠌ᠰᠡᠨ ᠳ᠋ᠤ ᠶᠠᠪᠠᠭᠠᠨ ᠬᠥᠮᠦᠨ ᠪᠠ ᠲᠡᠮᠡᠭᠡᠨ ᠵᠢᠩ ᠡᠨᠡᠬᠦᠷ ᠦᠨᠭᠭᠡᠷᠡᠬᠦ ᠳ᠋ᠡᠭᠡᠨ ᠡᠯᠡᠰᠤᠨ ᠳ᠋ᠤ ᠰᠢᠬᠢᠳᠴᠤ ᠭᠤᠤᠯ ᠳ᠋ᠤ ᠭᠤᠳᠤᠷᠴᠤ ᠤᠷᠤᠬᠤ ᠠᠶᠤᠯ᠎ᠲᠠᠶ ᠪᠠᠢᠵᠠᠢ᠃ 《ᠥᠩᠭᠡᠷᠡᠭ᠌ᠰᠡᠨ ᠳ᠋ᠤ ᠬᠠᠳᠤᠨ ᠭᠤᠤᠯ ᠡᠯᠡᠰᠦ ᠶ᠋ᠢ ᠢᠳᠡᠭ᠌ᠳᠡᠭᠦᠯᠵᠦ᠍᠂ ᠶᠡᠬᠡ ᠬᠡᠮᠵᠢᠶᠡᠨ ᠤ᠋ ᠡᠯᠡᠰᠦ ᠬᠠᠳᠤᠨ ᠭᠤᠤᠯ ᠳ᠋ᠤ ᠤᠷᠤᠰᠤᠨ ᠣᠷᠣᠵᠤ᠂ ᠭᠤᠤᠯ ᠤ᠋ᠨ ᠬᠡᠪᠡᠯᠢ ᠳ᠋ᠤ ᠶᠡᠬᠡ ᠬᠡᠮᠵᠢᠶᠡᠨ ᠤ᠋ ᠨᠦᠯᠦᠮᠡᠯ ᠰᠢᠪᠠᠷ ᠬᠤᠷᠠᠮᠳᠤᠵᠤ ᠪᠠᠢᠪᠠ》 ᠭᠡᠵᠤ ᠠᠯᠠᠱᠠ ᠵᠡᠭᠦᠨ ᠬᠣᠱᠢᠭᠤᠨ ᠤ᠋ ᠪᠠᠶᠠᠨᠮᠥ᠋ᠷᠡᠨ ᠰᠤᠮᠤ ᠵᠢᠨ ᠨᠠᠮ ᠤ᠋ᠨ ᠬᠣᠷᠢᠶᠠᠨ ᠤ᠋ ᠱᠦᠵᠢ ᠸᠠᠩ ᠱᠢᠤᠢ ᠲᠠᠨᠢᠯᠴᠠᠭᠤᠯᠤᠨ᠎ᠠ᠃

ᠤᠳᠤ ᠡᠨᠳᠡ ᠬᠤᠩᠭᠤᠷᠴᠤᠭ᠍ᠳᠤ ᠮᠣᠳᠣ᠂ ᠨᠠᠢᠯᠵᠠᠭᠤᠷ ᠬᠠᠷᠭᠠᠨ᠎ᠠ᠂ ᠳᠠᠷᠪᠠᠯᠵᠢ᠂ ᠥᠷᠭᠡᠰᠦᠲᠦ ᠬᠤᠸᠠᠢᠰᠠ ᠮᠣᠳᠣ ᠢᠭ᠍ᠴᠤ ᠰᠠᠬᠤᠯᠢᠭ ᠤᠷᠭᠤᠵᠤ᠂ ᠦᠷᠭᠦᠯᠵᠢᠯᠡᠭᠰᠡᠨ ᠡᠪᠡᠰᠤᠨ ᠳᠦᠷᠪᠡᠯᠵᠢ ᠲᠠᠢ ᠬᠠᠮᠳᠤ ᠬᠠᠳᠤᠨ ᠭᠣᠣᠯ ᠤ᠋ᠨ ᠬᠥᠪᠡᠭᠡᠨ ᠳ᠋ᠤ ᠡᠯᠡᠰᠦ ᠶ᠋ᠢ ᠲᠣᠭ᠍ᠲᠠᠪᠤᠷᠢᠵᠢᠭᠤᠯᠬᠤ ᠪᠠᠲᠤ ᠪᠡᠬᠢ ᠬᠠᠯᠬᠠᠪᠴᠢ ᠪᠤᠯᠪᠠ᠃ ᠰᠢᠪᠠᠷ ᠰᠢᠷᠤᠢ᠎ᠬᠠᠲᠤᠨ ᠭᠤᠤᠯ ᠳ᠋ᠤ ᠤᠷᠤᠰᠤᠨ ᠤᠷᠤᠬᠤ ᠶ᠋ᠢ ᠬᠣᠷᠢᠭ᠍ᠯᠠᠬᠤ ᠠᠮᠢ ᠠᠬᠤᠶ ᠶ᠋ᠢ ᠰᠡᠷᠭᠦᠭᠡᠬᠦ᠌ ᠢᠨᠵᠧᠨᠧᠷᠢᠩ᠎ᠢ ᠭᠡᠷᠡᠭᠵᠢᠬᠦᠯᠦᠭᠰᠡᠨ ᠡᠴᠡ ᠨᠠᠭᠠᠰᠢ᠂ ᠡᠨᠡ ᠬᠡᠰᠡᠭ ᠣᠷᠣᠨ ᠪᠦᠰᠡ ᠵᠢᠨ ᠤᠷᠭᠤᠮᠠᠯ ᠤ᠋ᠨ ᠬᠤᠴᠢᠯᠭ᠎ᠠ ᠵᠢᠨ ᠪᠦᠷᠬᠦᠴᠡ ᠵᠢᠨ ᠨᠣᠷᠮ᠎ᠠ ᠶᠡᠬᠡ᠎ᠪᠡᠷ ᠳᠡᠭᠡᠭ᠌ᠰᠢᠯᠡᠪᠡ᠃

ᠨᠠᠮ ᠤ᠋ᠨ ᠠᠷᠪᠠᠨ ᠨᠠᠶ᠋ᠮᠠᠳᠤᠭᠠᠷ ᠶᠡᠬᠡ ᠬᠤᠷᠠᠯ ᠡᠴᠡ ᠨᠠᠭᠠᠰᠢ᠂ ᠥᠪᠥᠷ ᠮᠣᠩᠭᠣᠯ ᠨᠡᠢᠲᠡ 1.48 ᠳ᠋ᠦᠩᠱᠢᠭᠤᠷ ᠮᠥ᠍ ᠣᠢᠵᠢᠭᠤᠯᠵᠤ᠂ 3.67 ᠳ᠋ᠦᠩᠱᠢᠭᠤᠷ ᠮᠥ᠍ ᠡᠪᠡᠰᠦ ᠳᠠᠷᠢᠵᠤ᠂ 1.85 ᠳ᠋ᠦᠩᠱᠢᠭᠤᠷ ᠮᠥ᠍ ᠡᠯᠡᠰᠦᠷᠭᠡᠭᠵᠢᠯ᠎ᠢ ᠰᠡᠷᠭᠡᠢᠯᠡᠨ ᠡᠯᠡᠰᠦ ᠵᠢ ᠵᠠᠰᠠᠵᠤ᠂ ᠬᠡᠪᠴᠢᠶ᠎ᠡ ᠨᠢ ᠴᠥᠮ ᠪᠥᠬᠥ᠌ ᠤᠯᠤᠰ ᠤ᠋ᠨ ᠲᠡᠷᠢᠭᠦᠨ ᠳ᠋ᠤ ᠣᠷᠣᠪᠠ᠃ ᠥᠪᠥᠷ ᠮᠣᠩᠭᠣᠯ ᠤ᠋ᠨ ᠡᠯ᠎ᠡ ᠭᠠᠵᠠᠷ ᠤ᠋ᠨ᠎ᠬᠢᠨ 《ᠨᠣᠭᠣᠭᠠᠷᠠᠭᠤᠯᠤᠯᠲᠠ ᠤᠷᠤᠭ᠍ᠰᠢᠯᠠᠵᠤ ᠡᠯᠡᠰᠦ ᠤᠬᠤᠷᠢᠭᠰᠠᠨ》 ᠠᠮᠢ ᠠᠬᠤᠶ ᠵᠢᠨ ᠭᠠᠢᠬᠠᠮᠱᠢᠭ ᠢ᠋ ᠦᠷᠭᠦᠯᠵᠢᠯᠡᠨ ᠡᠭᠦᠳᠴᠦ᠍ ᠪᠣᠶ᠃

9.7 ᠳ᠋ᠦᠩᠱᠢᠭᠤᠷ ᠮᠦ᠍ ᠨᠤᠲᠤᠭ ᠪᠡᠯᠴᠢᠭᠡᠷ  ᠢ᠋  《ᠴᠠᠯᠢᠩ᠎ᠲᠠᠶ ᠪᠡᠷ ᠠᠮᠠᠷᠠᠭᠤᠯᠪᠠ》

ᠪᠣᠷᠣᠭᠠᠨ ᠤ᠋ ᠳᠠᠷᠠᠭ᠎ᠠ᠂ ᠬᠥᠯᠥᠨ ᠪᠣᠢᠷ ᠬᠣᠲᠠ ᠵᠢᠨ ᠬᠠᠭᠤᠴᠢᠨ ᠪᠠᠷᠭᠤ ᠬᠣᠱᠢᠭᠤᠨ ᠤ᠋ ᠨᠤᠲᠤᠭ ᠪᠡᠯᠴᠢᠭᠡᠷ ᠬᠠᠯᠢᠭᠤᠷᠠᠨ ᠨᠤᠭᠤᠭᠠᠷᠠᠭᠠᠳ ᠤᠨᠴᠠ ᠵᠢᠨ ᠭᠤᠢᠳᠠ ᠪᠠᠢᠯ᠎ᠠ᠃ ᠠᠷᠢᠭᠤᠨ᠎ᠬᠡᠷ ᠪᠦᠯᠢ ᠵᠢᠨ ᠮᠠᠯᠵᠢᠯ ᠤ᠋ᠨ ᠲᠠᠯᠠᠪᠠᠶ ᠳ᠋ᠤ ᠮᠠᠯᠴᠢᠨ ᠲᠠᠯᠢᠶ᠎ᠠ ᠵᠢᠭᠤᠯᠴᠢᠯᠠᠭᠰᠠᠳ ᠢ᠋ ᠭᠥᠯᠢᠶᠡᠨ ᠠᠪᠴᠤ᠌ ᠶᠠᠭᠠᠷᠠᠨ᠎ᠠ᠃

《ᠥᠩᠭᠡᠷᠡᠭ᠌ᠰᠡᠨ ᠳ᠋ᠤ ᠲᠠᠭᠠᠭᠠᠴᠠ ᠡᠴᠡ ᠭᠡᠳᠤᠷᠡᠳᠡᠯ᠎ᠡ ᠪᠡᠯᠴᠢᠭᠡᠷᠯᠡᠬᠦᠯᠦᠨ ᠮᠠᠯᠵᠢᠬᠰᠠᠨ ᠡᠴᠡ ᠪᠤᠯᠵᠦ ᠨᠤᠲᠤᠭ ᠪᠡᠯᠴᠢᠭᠡᠷ ᠬᠦᠨᠳᠦ ᠨᠣᠴᠢᠲᠠᠶ ᠮᠠᠭᠤᠲᠠᠬᠰᠠᠨ》 ᠭᠡᠵᠤ ᠲᠠᠯᠢᠶ᠎ᠠ ᠬᠡᠯᠡᠨ᠎ᠡ᠃ ᠣᠲᠣ ᠪᠡᠯᠴᠢᠭᠡᠷ ᠢ᠋ ᠠᠮᠠᠷᠠᠭᠤᠯᠤᠭᠰᠠᠨ ᠤ᠋ ᠳᠠᠷᠠᠭ᠎ᠠ ᠲᠠᠳᠠ ᠵᠢᠯ ᠳ᠋ᠤ 7 ᠲᠦᠮᠡᠨ ᠲᠥᠭᠥᠷᠢᠭ ᠤ᠋ᠨ ᠨᠥᠬᠥᠪᠥᠷᠢ ᠣᠯᠵᠤ᠂ ᠨᠤᠲᠤᠭ ᠪᠡᠯᠴᠢᠭᠡᠷ ᠴᠤ᠌ ᠢᠯᠡᠳᠲᠡ ᠰᠠᠢᠵᠢᠷᠠᠪᠠ᠃ ᠰᠤᠯᠠ ᠰᠡᠯᠡᠭᠦᠦ ᠴᠠᠭ ᠵᠢᠡᠨ ᠠᠰᠢᠬᠯᠠᠨ ᠲᠡᠳᠠᠨᠠᠢᠬᠢᠨ ᠠᠷᠠᠳ᠎ᠤᠨ ᠤᠷᠤᠨ ᠰᠠᠭᠤᠴᠠ ᠵᠡᠷᠭᠡ ᠵᠢᠭᠤᠯᠴᠢᠯᠠᠯ ᠡᠷᠬᠢᠯᠡᠵᠤ᠂ ᠠᠷᠠᠯᠵᠢᠶ᠎ᠠ ᠮᠠᠢᠮᠠᠢ ᠨᠢ ᠮᠠᠰᠢ ᠬᠥᠭ᠌ᠵᠢᠶᠡᠨ᠎ᠲᠡᠶ ᠪᠤᠯᠵᠠᠢ᠃

ᠲᠣᠭ᠎ᠠ ᠪᠠᠷᠢᠮᠲᠠ ᠡᠴᠡ ᠦᠵᠡᠪᠡᠯ᠂ 20 ᠭᠠᠷᠤᠶ ᠵᠢᠯ ᠤ᠋ᠨ ᠡᠮᠦᠨ᠎ᠡ᠂ ᠳᠠᠭᠠᠭᠠᠴᠠ ᠡᠴᠡ ᠬᠡᠲᠦᠷᠡᠲᠡᠯ᠎ᠡ ᠪᠡᠯᠴᠢᠭᠡᠷᠯᠡᠭᠦᠯᠦᠭᠰᠡᠨ ᠵᠡᠷᠭᠡ ᠱᠢᠯᠲᠠᠭᠠᠨ ᠡᠴᠡ ᠪᠣᠯᠵᠣ᠂ ᠬᠥᠯᠥᠨ ᠪᠣᠢᠷ ᠤ᠋ᠨ ᠲᠠᠯ᠎ᠠ ᠨᠤᠲᠤᠭ ᠵᠢᠯ ᠪᠦᠷᠢ 2% ᠤ᠋ᠨ ᠬᠤᠷᠳᠤᠴᠠ ᠪᠡᠷ ᠮᠠᠭᠤᠳᠠᠵᠤ ᠪᠠᠢᠪᠠ᠃ ᠣᠢᠷ᠎ᠠ ᠵᠢᠨ ᠵᠢᠯ ᠤ᠋ᠨ ᠲᠤᠷᠰᠢ᠂ ᠥᠪᠥᠷ ᠮᠣᠩᠭᠣᠯ ᠮᠠᠯ ᠪᠡᠯᠴᠢᠭᠡᠷ ᠤ᠋ᠨ ᠲᠡᠩᠴᠡᠭᠦᠷᠢ ᠶ᠋ᠢ ᠪᠠᠲᠤᠯᠠᠬᠤ ᠪᠠ ᠪᠡᠯᠴᠢᠭᠡᠷᠯᠡᠭᠦᠯᠬᠦ᠌ ᠶ᠋ᠢ ᠴᠠᠭᠠᠵᠠᠯᠠᠵᠤ ᠪᠡᠯᠴᠢᠭᠡᠷ ᠢ᠋ ᠠᠮᠠᠷᠠᠭᠤᠯᠬᠤ ᠣᠯᠠᠨ ᠡᠱᠢᠵᠢᠭ᠌ᠰᠡᠨ ᠨᠥᠬᠥᠪᠥᠷᠢ ᠵᠢᠨ ᠲᠣᠭ᠍ᠲᠠᠴᠠ ᠶ᠋ᠢ ᠦᠷᠭᠦᠯᠵᠢᠯᠡᠨ ᠬᠠᠢᠨ ᠰᠦᠪᠡᠭ᠌ᠴᠢᠯᠡᠵᠦ᠍᠂ ᠨᠤᠲᠤᠭ ᠪᠡᠯᠴᠢᠭᠡᠷ ᠤ᠋ᠨ ᠠᠮᠢ ᠠᠬᠤᠶ ᠵᠢᠨ ᠬᠠᠮᠠᠭᠠᠯᠠᠯᠲᠠ ᠵᠢᠨ ᠦᠷ᠎ᠡ ᠪᠦᠲᠦᠮᠵᠢ ᠬᠢᠭᠡᠳ ᠨᠥᠬᠥᠪᠥᠷᠢ ᠱᠠᠩᠨᠠᠯ ᠤ᠋ᠨ ᠪᠠᠯᠠ ᠮᠥᠩᠭᠥ ᠵᠢᠨ ᠬᠤᠪᠢᠶᠠᠷᠢᠯᠠᠯᠲᠠ ᠶ᠋ᠢ ᠬᠣᠯᠪᠣᠭ᠍ᠳᠠᠭᠤᠯᠵᠤ ᠤᠷᠮᠠᠱᠢᠭᠤᠯᠤᠨ ᠬᠢᠵᠠᠭᠠᠷᠯᠠᠬᠤ ᠲᠥᠷᠥ ᠵᠢᠨ ᠪᠣᠳᠣᠯᠭ᠎ᠠ ᠶ᠋ᠢ ᠬᠡᠷᠡᠭ᠌ᠵᠢᠭᠦᠯᠵᠤ 2025 ᠣᠨ ᠳ᠋ᠤ᠂ 9.7 ᠳ᠋ᠦᠩᠱᠢᠭᠤᠷ ᠮᠥ᠍ ᠨᠤᠲᠤᠭ ᠪᠡᠯᠴᠢᠭᠡᠷ 《ᠴᠠᠯᠢᠩ᠎ᠲᠠᠶ ᠪᠡᠷ ᠠᠮᠠᠷᠠᠬᠤ》 ᠶ᠋ᠢ ᠪᠡᠶᠡᠯᠡᠭᠦᠯᠪᠡ᠃

ᠪᠡᠯᠴᠢᠭᠡᠷᠯᠡᠬᠦᠯᠤᠨ ᠮᠠᠯᠵᠢᠬᠤ ᠡᠵᠡᠩᠨᠡᠯᠳᠡ ᠵᠢᠨ ᠠᠷᠭ᠎ᠠ ᠮᠠᠶᠢᠬ᠎ᠢ ᠬᠢᠵᠠᠭᠠᠷᠯᠠᠭᠰᠠᠨ ᠪᠠᠢᠳᠠᠯ ᠲᠤᠤᠷ᠎ᠠ᠂ ᠠᠵᠤ ᠦᠢᠯᠡᠰ ᠤ᠋ᠨ ᠬᠥᠭ᠌ᠵᠢᠯᠲᠡ ᠨᠢ ᠶᠠᠭᠠᠬᠢᠪᠠᠯ ᠰᠠᠶᠢ ᠬᠢᠵᠠᠭᠠᠷᠯᠠᠭ᠍ᠳᠠᠬᠤ ᠦᠭᠡᠢ ᠪᠠᠢᠵᠤ ᠴᠢᠳᠠᠬᠤ ᠪᠤᠢ? ᠵᠠᠩᠭᠢᠯᠠᠭ᠎ᠠ ᠨᠢ ᠡᠵᠡᠩᠨᠡᠯᠳᠡ ᠵᠢᠨ ᠠᠷᠭ᠎ᠠ ᠮᠠᠶᠢᠭ ᠵᠢᠡᠨ ᠬᠤᠪᠢᠷᠠᠭᠤᠯᠬᠤ ᠳ᠋ᠤ ᠪᠠᠢᠨ᠎ᠠ᠃

ᠱᠢᠯᠢ ᠵᠢᠨ ᠭᠤᠤᠯ ᠠᠢᠮᠠᠭ ᠤ᠋ᠨ ᠱᠢᠯᠤᠭᠤᠨ ᠬᠥᠬᠡ ᠬᠣᠱᠢᠭᠤᠨ ᠤ᠋ 《ᠰᠠᠢᠨ ᠮᠠᠯᠴᠢᠨ》 ᠬᠣᠷᠱᠢᠶ᠎ᠠ ᠵᠢᠨ ᠣᠳᠣᠬᠢᠴᠢᠯᠠᠭ᠍ᠰᠠᠨ ᠦᠬᠡᠷ ᠤ᠋ᠨ ᠬᠠᠱᠢᠶᠠᠨ ᠳ᠋ᠤ᠂ ᠦᠬᠡᠷ ᠲᠡᠵᠢᠭᠡᠬᠦ᠌ ᠲᠡᠷᠭᠡ ᠰᠦᠯᠵᠢᠯᠳᠦᠵᠦ᠍᠂ ᠪᠤᠷᠤ ᠴᠠᠷᠭᠠᠰᠤ ᠪᠠ ᠨᠣᠬᠠᠶ ᠵᠢᠨ ᠬᠣᠱᠢᠭᠤ ᠵᠢᠨ ᠠᠩᠬᠢᠯᠤᠮ᠎ᠠ ᠦᠨᠦᠷ ᠬᠠᠩᠬᠤᠯᠤᠨ᠎ᠠ᠃

《ᠪᠢᠳᠡ ᠣᠲᠣ ᠮᠠᠯ ᠪᠡᠯᠴᠢᠭᠡᠷ ᠢ᠋ ᠬᠣᠯᠪᠣᠯᠳᠤᠭᠤᠯᠬᠤ ᠠᠷᠭ᠎ᠠ ᠬᠡᠯᠪᠡᠷᠢ᠎ᠪᠡᠷ ᠡᠷᠬᠢᠨ ᠲᠣᠭᠣᠷᠢᠨ ᠤ᠋ ᠮᠠᠯᠴᠢᠳ᠎ᠲᠠᠶ ᠬᠣᠯᠪᠣᠭᠠᠯᠠᠨ ᠬᠣᠷᠱᠢᠶ᠎ᠠ ᠪᠠᠢᠭᠤᠯᠵᠤ᠂ ᠨᠤᠲᠤᠭ ᠪᠡᠯᠴᠢᠭᠡᠷ᠂ ᠬᠠᠱᠢᠶ᠎ᠠ ᠰᠠᠷᠠᠪᠴᠢ᠂ ᠬᠥᠳᠡᠯᠮᠦᠷᠢ ᠬᠦᠴᠦᠨ ᠢ᠋ ᠨᠡᠢᠳᠭᠡᠵᠦ᠍᠂ ᠲᠡᠵᠢᠭᠡᠯ ᠡᠪᠡᠰᠦ ᠳᠠᠷᠢᠬᠤ᠂ ᠬᠡᠪᠴᠢᠶᠡᠵᠢᠭᠦᠯᠦᠨ ᠲᠡᠵᠢᠭᠡᠨ ᠦᠷᠡᠵᠢᠭᠦᠯᠬᠦ᠌᠂ ᠨᠠᠷᠢᠯᠢᠭ ᠡᠳ᠋ᠱᠢᠭᠦᠯᠵᠤ ᠪᠤᠯᠪᠠᠰᠤᠷᠠᠭᠤᠯᠬᠤ ᠵᠡᠷᠭᠡ ᠲᠤᠬᠠᠢᠯᠠᠭ᠍ᠰᠠᠨ ᠠᠵᠢᠯ ᠢ᠋ ᠥᠷᠨᠢᠭᠦᠯᠵᠦ᠍ ᠪᠠᠢᠨ᠎ᠠ》 ᠭᠡᠵᠤ ᠬᠣᠷᠱᠢᠶ᠎ᠠ ᠵᠢᠨ ᠬᠠᠷᠢᠭᠤᠴᠠᠯᠭᠠᠲᠠᠨ ᠬᠤᠤ ᡁᠢ ᠵᠥᠩ ᠬᠡᠯᠡᠨ᠎ᠡ᠃ ᠲᠠᠨᠢᠯᠴᠠᠭᠤᠯᠤᠭ᠍ᠰᠠᠨ ᠵᠢᠡᠷ᠂ ᠬᠣᠷᠱᠢᠶ᠎ᠠ ᠵᠢᠨ ᠥᠪᠡᠰᠦᠪᠡᠨ ᠲᠠᠷᠢᠭᠰᠠᠨ ᠪᠤᠷᠤ ᠴᠠᠷᠭᠠᠰᠤ ᠵᠢᠨ ᠥᠪᠡᠷ ᠤ᠋ᠨ ᠥᠷᠲᠡᠭ᠎ᠨᠢ ᠵᠥᠪᠬᠡᠨ ᠵᠠᠬ᠎ᠠ ᠳᠡᠯᠭᠡᠭᠦᠷ ᠤ᠋ᠨ ᠦᠨ᠎ᠡ ᠵᠢᠨ 1 / 3 ᠬᠤᠪᠢ ᠪᠠᠢᠵᠤ᠂ ᠰᠢᠯᠢᠮᠳᠡᠭ᠎ᠢ ᠦᠪᠡᠷ᠎ᠤᠨ ᠵᠢᠡᠨ ᠲᠠᠷᠢᠬᠰᠠᠨ ᠡᠰᠢ ᠰᠦᠷᠡᠯ ᠲᠡᠶ ᠨᠡᠢᠯᠡᠭᠦᠯᠤᠨ᠂ ᠪᠣᠷᠳᠣᠭᠠᠨ ᠤ᠋ ᠥᠪᠡᠷ ᠤ᠋ᠨ ᠥᠷᠲᠡᠭ ᠢ᠋ ᠶᠡᠬᠡ᠎ᠪᠡᠷ ᠪᠠᠭᠤᠷᠠᠭᠤᠯᠤᠭᠰᠠᠨ ᠪᠦᠭᠡᠳ ᠮᠢᠬᠠᠨ ᠤ᠋ ᠦᠬᠡᠷ ᠢ᠋ ᠬᠤᠳᠠᠯᠳᠤᠬᠤ ᠦᠶᠡᠯᠡᠯ ᠤ᠋ᠨ ᠬᠤᠭᠤᠴᠠᠭ᠎ᠠ ᠶ᠋ᠢ 3 ᠰᠠᠷ᠎ᠠ ᠪᠣᠭᠣᠨᠢᠰᠭᠠᠪᠠ᠃

ᠳᠠᠭᠠᠭᠠᠴᠠ ᠡᠴᠡ ᠬᠡᠲᠦᠷᠡᠲᠡᠯ᠎ᠡ ᠪᠡᠯᠴᠢᠭᠡᠷᠯᠡᠭᠦᠯᠬᠦ ᠠᠰᠠᠭᠤᠳᠠᠯ ᠢ᠋ ᠱᠢᠢᠳᠪᠦᠷᠢᠯᠡᠬᠦ᠌ ᠵᠢᠨ ᠲᠦᠯᠦᠭᠡ᠂ ᠥᠪᠥᠷ ᠮᠣᠩᠭᠣᠯ ᠬᠠᠱᠢᠶᠠᠯᠠᠨ ᠲᠡᠵᠢᠭᠡᠬᠦ ᠪᠤᠶᠤ ᠬᠠᠭᠠᠰ ᠬᠠᠱᠢᠶᠠᠯᠠᠨ ᠲᠡᠵᠢᠭᠡᠬᠦ᠌ ᠵᠠᠭ᠍ᠪᠤᠷ ᠢ᠋ ᠬᠡᠷᠡᠭᠵᠢᠬᠦᠯᠵᠤ᠂ ᠮᠠᠯᠴᠢᠳ ᠤ᠋ᠨ ᠡᠬᠢ ᠪᠠᠶᠠᠯᠢᠭ ᠵᠢᠡᠨ ᠨᠡᠢᠳᠭᠡᠭᠦ᠌᠂ ᠲᠥᠬᠥᠭᠡᠷᠦᠮᠵᠢ ᠬᠤᠳᠠᠯᠳᠤᠨ ᠠᠪᠬᠤ᠂ ᠬᠠᠱᠢᠶ᠎ᠠ ᠰᠠᠷᠠᠪᠴᠢ ᠪᠠᠢᠭᠤᠯᠬᠤ ᠶ᠋ᠢ ᠲᠡᠮᠵᠢᠵᠤ᠂ ᠲᠠᠷᠢᠮᠠᠯ ᠲᠡᠵᠢᠭᠡᠯ ᠡᠪᠡᠰᠦ ᠪᠣᠯᠤᠨ ᠪᠠᠢᠭᠠᠯᠢ ᠵᠢᠨ ᠨᠤᠲᠤᠭ ᠪᠡᠯᠴᠢᠭᠡᠷ ᠤ᠋ᠨ ᠲᠡᠵᠢᠭᠡᠯ ᠡᠪᠡᠰᠦ ᠵᠢᠨ ᠭᠠᠷᠤᠯᠲᠠ ᠶ᠋ᠢ ᠨᠡᠮᠡᠭ᠌ᠳᠡᠭᠦᠯᠵᠦ᠍᠂ ᠡᠷᠴᠢᠮᠵᠢᠭᠦᠯᠵᠤ ᠬᠡᠪᠴᠢᠶᠡᠵᠢᠭᠦᠯᠦᠨ ᠲᠡᠵᠢᠭᠡᠨ ᠦᠷᠡᠵᠢᠭᠦᠯᠬᠦ᠌ ᠶ᠋ᠢ ᠪᠡᠶᠡᠯᠡᠭᠦᠯᠤᠨ᠂ ᠤᠯᠠᠮᠵᠢᠯᠠᠯᠲᠤ ᠮᠠᠯ ᠠᠵᠤ ᠠᠬᠤᠢ ᠵᠢᠨ ᠬᠡᠯᠪᠡᠷᠢ᠎ᠪᠡᠨ ᠬᠤᠪᠢᠷᠠᠭᠤᠯᠤᠨ ᠲᠡᠰ ᠳᠡᠪᠱᠢᠬᠦ᠌ ᠶ᠋ᠢ ᠠᠬᠢᠭᠤᠯᠪᠠ᠃

ᠶᠡᠬᠡ ᠬᠢᠩᠭᠠᠨ ᠳᠠᠪᠠᠭᠠᠨ ᠤ᠋ ᠣᠢ ᠱᠢᠭᠤᠶ ᠳ᠋ᠤ 《ᠰᠦᠬᠡ ᠪᠠᠨ ᠡᠯᠭᠦᠨ ᠮᠤᠳᠤ ᠤᠭᠳᠤᠯᠬᠤ ᠶ᠋ᠢ ᠵᠤᠭᠰᠤᠭᠠᠪᠠ》

ᠬᠢᠩᠭᠠᠨ ᠠᠢᠮᠠᠭ ᠤ᠋ᠨ ᠷᠠᠱᠢᠶᠠᠨ ᠬᠤᠳᠠ᠂ ᠶᠡᠬᠡ ᠬᠢᠩᠭᠠᠨ ᠳᠠᠪᠠᠭ᠎ᠠ ᠵᠢᠨ ᠪᠠᠷᠠᠭᠤᠨ ᠡᠮᠦᠨ᠎ᠡ ᠪᠡᠯ ᠵᠢᠡᠷ  ᠵᠠᠭᠤᠨ ᠲᠦᠮᠡᠨ ᠮᠦ᠍ ᠵᠢᠨ ᠲᠠᠷᠢᠮᠠᠯ ᠤᠢ ᠵᠢᠨ ᠳᠤᠷᠠᠰᠭᠠᠯ ᠤ᠋ᠨ ᠬᠥᠱᠢᠢ᠎ᠡ ᠠᠭᠤᠯᠠᠨ ᠳᠤᠮᠳᠠ ᠰᠡᠬᠦᠢᠨ ᠰᠦᠨᠳᠡᠷᠯᠡᠨ᠎ᠡ᠃

《ᠲᠡᠷᠡ ᠬᠡᠰᠡᠭ ᠣᠢ ᠳ᠋ᠤ ᠮᠠᠨ ᠤ᠋ ᠭᠡᠷ ᠤ᠋ᠨ ᠭᠤᠷᠪᠠᠨ ᠦᠶ᠎ᠡ᠎ᠪᠡᠷ ᠵᠢᠡᠨ ᠲᠠᠷᠢᠭ᠍ᠰᠠᠨ ᠮᠣᠳᠣ ᠪᠤᠢ》 ᠭᠡᠵᠤ ᠭᠤᠴᠢᠭᠠᠳ ᠨᠠᠰᠤᠳᠠᠢ ᠵᠠᠯᠠᠭᠤ ᠸᠠᠩ ᠴᠢᠶᠠᠩ ᠠᠭᠤᠯᠠᠨ ᠤᠷᠤᠢ ᠳ᠋ᠤ ᠵᠣᠭ᠍ᠰᠣᠵᠤ᠂ ᠤᠢ ᠱᠢᠭᠤᠢ ᠶ᠋ᠢ ᠪᠠᠷᠠᠯᠠᠨ ᠪᠠᠷᠳᠠᠮ ᠬᠡᠯᠡᠨ᠎ᠡ᠃

ᠸᠠᠩ ᠴᠢᠶᠠᠩ ᠪᠣᠯ 《ᠭᠤᠷᠪᠠᠳᠤᠭᠠᠷ ᠦᠶ᠎ᠡ ᠵᠢᠨ ᠤᠢᠵᠢᠭᠤᠯᠤᠭᠴᠢ》᠃ ᠥᠷᠯᠥᠭᠡ ᠪᠦᠷᠢ ᠵᠢᠨ 8 ᠴᠠᠭ᠎ᠲᠤ᠂ ᠲᠠᠷᠠ ᠠᠵᠢᠯ ᠤ᠋ᠨ ᠬᠤᠪᠴᠠᠰᠤ ᠪᠡᠨ ᠡᠮᠦᠰᠴᠦ᠍᠂ ᠭᠠᠯ ᠤᠨᠲᠠᠷᠠᠭᠠᠬᠤ ᠪᠠᠭᠠᠵᠢ ᠪᠡᠨ ᠪᠠᠷᠢᠭᠠᠳ ᠤᠢ ᠳ᠋ᠤ ᠣᠷᠣᠵᠤ᠂ ᠭᠠᠯ ᠤ᠋ᠨ ᠠᠶᠤᠯ ᠤ᠋ᠨ ᠬᠡᠮ ᠰᠣᠭᠣᠭ ᠪᠣᠯᠤᠨ ᠡᠪᠡᠳᠴᠢᠨ ᠬᠣᠷᠣᠬᠠᠢ ᠵᠢᠨ ᠬᠥᠨᠥᠭᠡᠯ ᠢ᠋  ᠪᠠᠢᠴᠠᠭᠠᠳᠠᠭ᠃ ᠣᠯᠠᠩᠬᠢ ᠴᠠᠭ᠎ᠲᠤ᠂ ᠲᠡᠷᠡ ᠵᠥᠪᠬᠡᠨ ᠥᠪᠡᠷ ᠤ᠋ᠨ ᠵᠢᠡᠨ ᠬᠥᠯ ᠤ᠋ᠨ ᠴᠢᠮᠡᠭᠡ᠎ᠵᠢ ᠯᠡ ᠣᠯᠵᠤ ᠰᠣᠨᠣᠰᠳᠠᠬ᠃ 《ᠣᠢ ᠱᠢᠭᠤᠶ ᠡᠳᠦᠷ ᠡᠴᠡ ᠡᠳᠦᠷ ᠢᠭ᠍ᠴᠤᠷᠠᠨ ᠰᠠᠬᠤᠯᠢᠭᠵᠢᠬᠤ ᠶ᠋ᠢ ᠬᠠᠷᠠᠭᠠᠳ ᠠᠯᠢᠪᠠ ᠬᠦᠴᠢᠷ ᠵᠤᠪᠠᠭᠤᠷᠢ  ᠴᠥᠮ ᠦᠨ᠎ᠡ ᠴᠡᠨ᠎ᠠ᠎ᠲᠡᠶ ᠰᠠᠨᠠᠭᠳᠠᠬᠤ ᠪᠤᠯᠵᠠᠢ》 ᠭᠡᠵᠦ᠍ ᠸᠠᠩ ᠴᠢᠶᠠᠩ ᠬᠡᠯᠡᠪᠡ᠃

ᠣᠶ ᠱᠢᠭᠤᠶ ᠶ᠋ᠢ ᠨᠡᠯᠢᠶᠡᠳ ᠡᠷᠲᠡ ᠨᠡᠭᠡᠭᠡᠨ ᠬᠥᠭ᠌ᠵᠢᠭᠦᠯᠦᠭ᠌ᠰᠡᠨ ᠭᠠᠵᠠᠷ ᠣᠷᠣᠨ ᠪᠣᠯᠤᠭ᠍ᠰᠠᠨ ᠤ᠋ ᠬᠤᠪᠢ ᠳ᠋ᠤ᠂ ᠷᠠᠱᠢᠶᠠᠨ ᠬᠦᠨᠳᠤ ᠨᠤᠴᠢᠲᠠᠢ ᠰᠦᠢᠳᠭᠡᠭᠳᠡᠵᠤ᠂ ᠬᠠᠭᠠᠰ ᠵᠠᠭᠤᠨ᠎ᠦ ᠬᠤᠭᠤᠴᠠᠭᠠᠨ ᠳ᠋ᠤ  ᠷᠠᠱᠢᠶᠠᠨ ᠤ᠋ ᠠᠰᠢᠭᠯᠠᠵᠤ ᠪᠣᠯᠬᠤ ᠣᠶ ᠮᠣᠳᠣᠨ ᠤ᠋ ᠡᠬᠢ ᠪᠠᠶᠠᠯᠢᠭ ᠬᠣᠭᠣᠰᠣᠷᠠᠬᠤ ᠱᠢᠬᠠᠵᠠᠶ᠃ ᠤᠳᠤ ᠪᠣᠯᠲᠠᠯ᠎ᠠ ᠲᠤᠬᠠᠢ ᠵᠢᠨ ᠵᠢᠯ ᠣᠭ᠍ᠲᠣᠯᠤᠭᠠᠳ ᠦᠯᠡᠳᠡᠭ᠌ᠰᠡᠨ ᠬᠠᠷ᠎ᠠ ᠪᠤᠯᠠᠭᠠᠷᠢ ᠮᠤᠳᠤ ᠬᠠᠯᠬ᠎ᠠ ᠭᠣᠣᠯ ᠤ᠋ᠨ ᠳᠡᠭᠡᠳᠦ ᠤᠷᠤᠰᠭᠠᠯ ᠳᠠᠭᠠᠤ ᠭᠠᠵᠠᠷ ᠵᠢᠡᠷ ᠬᠠᠷᠠᠭᠳᠠᠳᠠᠭ᠃

2015 ᠣᠨ ᠳ᠋ᠤ᠂ ᠥᠪᠥᠷ ᠮᠣᠩᠭᠣᠯ ᠤ᠋ᠨ ᠶᠡᠬᠡ ᠬᠢᠩᠭᠠᠨ ᠳᠠᠪᠠᠭ᠎ᠠ ᠵᠢᠨ ᠤᠯᠤᠰ ᠤ᠋ᠨ ᠥᠮᠴᠢᠯᠡᠯ ᠤ᠋ᠨ ᠭᠤᠤᠯᠳᠠᠯᠭ᠎ᠠ᠎ᠲᠠᠶ ᠱᠢᠭᠤᠢᠲᠤ ᠣᠷᠣᠨ ᠳ᠋ᠤ ᠪᠠᠢᠭᠠᠯᠢ ᠵᠢᠨ ᠣᠶ ᠶ᠋ᠢ ᠬᠤᠳᠠᠯᠳᠤᠭᠠᠨ ᠤ᠋ ᠴᠢᠨᠠᠷᠲᠠᠶ ᠪᠡᠷ ᠣᠭ᠍ᠲᠣᠯᠬᠤ ᠶ᠋ᠢ ᠪᠥᠬᠥ᠌ ᠲᠠᠯ᠎ᠠ ᠪᠡᠷ ᠵᠣᠭ᠍ᠰᠣᠭᠠᠪᠠ᠃ 10 ᠵᠢᠯ ᠤ᠋ᠨ ᠬᠤᠭᠤᠴᠠᠭᠠᠨ ᠳ᠋ᠤ᠂ ᠥᠪᠥᠷ ᠮᠣᠩᠭᠣᠯ ᠤ᠋ᠨ ᠶᠡᠬᠡ ᠬᠢᠩᠭᠠᠨ ᠳᠠᠪᠠᠭ᠎ᠠ ᠵᠢᠨ ᠤᠯᠤᠰ ᠤ᠋ᠨ ᠥᠮᠴᠢᠯᠡᠯ ᠤ᠋ᠨ ᠭᠤᠤᠯᠳᠠᠯᠭ᠎ᠠ᠎ᠲᠠᠶ ᠱᠢᠭᠤᠢᠲᠤ ᠣᠷᠣᠨ ᠤ᠋ ᠣᠶ ᠱᠢᠭᠤᠶ ᠵᠢᠨ ᠬᠠᠳᠠᠭᠠᠯᠠᠭ᠍ᠳᠠᠴᠠ 8.03 ᠳ᠋ᠦᠩᠱᠢᠭᠤᠷ ᠪᠣᠰᠣᠭ᠎ᠠ ᠳᠥᠷᠪᠡᠯᠵᠢᠨ ᠮᠧᠲ᠋ᠷ ᠪᠠᠢᠭ᠍ᠰᠠᠨ ᠡᠴᠡ ᠪᠡᠨ ᠨᠡᠮᠡᠭ᠌ᠳᠡᠭᠡᠳ 10.29 ᠳ᠋ᠦᠩᠱᠢᠭᠤᠷ ᠪᠣᠰᠣᠭ᠎ᠠ ᠳᠥᠷᠪᠡᠯᠵᠢᠨ ᠮᠧᠲ᠋ᠷ ᠪᠣᠯᠵᠣ᠂ ᠭᠤᠷᠪᠠᠨ ᠬᠤᠪᠢ ᠱᠢᠬᠠᠮ ᠨᠡᠮᠡᠭ᠌ᠳᠡᠵᠡᠶ; ᠬᠡᠭᠡᠷ᠎ᠡ ᠵᠢᠨ ᠤᠷᠭᠤᠮᠠᠯ 1848 ᠵᠦᠢᠯ ᠪᠠᠢᠭ᠍ᠰᠠᠨ ᠡᠴᠡ ᠪᠡᠨ ᠨᠡᠮᠡᠭ᠌ᠳᠡᠭᠡᠳ 1937 ᠵᠦᠢᠯ ᠪᠣᠯᠵᠤ᠂ ᠬᠡᠭᠡᠷ᠎ᠡ ᠵᠢᠨ ᠠᠮᠢᠲᠠᠨ 390 ᠵᠦᠢᠯ ᠪᠠᠢᠭ᠍ᠰᠠᠨ ᠡᠴᠡ ᠪᠡᠨ ᠨᠡᠮᠡᠭ᠌ᠳᠡᠭᠡᠳ 439 ᠵᠦᠢᠯ ᠪᠣᠯᠵᠠᠶ᠃

ᠨᠤᠮᠢᠨ ᠤᠰᠤ ᠬᠦᠬᠡᠮᠳᠦᠭ ᠠᠭᠤᠯᠠ ᠪᠠᠢᠳᠠᠭ ᠯᠡ ᠶᠤᠮ ᠪᠤᠯ ᠠᠯᠲᠠᠨ ᠠᠭᠤᠯᠠ ᠮᠦᠩᠭᠦᠨ ᠬᠠᠢᠷᠬᠠᠨ ᠢ᠋ ᠰᠤᠯᠢᠵᠤ ᠠᠪᠴᠢᠷᠠᠵᠤ ᠳᠡᠢᠯᠬᠦ᠌ ᠦᠭᠡᠢ  ᠡᠴᠡ ᠵᠣᠪᠠᠬᠤ ᠶᠠᠭᠤᠨ ?

ᠣᠶ ᠱᠢᠭᠤᠶ ᠵᠢᠨ ᠠᠮᠢ ᠠᠬᠤᠶ ᠵᠢᠨ ᠵᠢᠭᠤᠯᠴᠢᠯᠠᠯ ᠤ᠋ᠨ ᠣᠷᠣᠨ ᠢ᠋ ᠪᠠᠢᠭᠤᠯᠵᠤ᠂ ᠢᠳᠡᠭᠡᠨ ᠤᠮᠳᠠᠭᠠᠨ᠂ ᠬᠣᠨᠣᠭ ᠪᠠᠭᠤᠳᠠᠯ᠂ ᠵᠢᠭᠤᠯᠴᠢᠯᠠᠯ ᠢ᠋ ᠨᠢᠭᠡ ᠴᠣᠭ᠍ᠴᠠᠵᠢᠭᠤᠯᠤᠭ᠍ᠰᠠᠨ ᠦᠶ᠋ᠯᠡᠴᠢᠯᠡᠭᠡ ᠬᠠᠩᠭᠠᠪᠠ; ᠣᠶ ᠱᠢᠭᠤᠶ ᠵᠢᠨ ᠢᠳᠡᠭᠡᠨ ᠢ᠋ ᠨᠡᠭᠡᠭᠡᠨ ᠬᠥᠭ᠌ᠵᠢᠭᠦᠯᠵᠦ᠍᠂ ᠳᠠᠯᠳᠠᠸ᠋᠂ ᠮᠥᠭᠥ᠌᠂ ᠴᠠᠭᠠᠨ ᠭᠣᠶᠣᠣ ᠵᠡᠷᠭᠡ ᠣᠶ ᠵᠢᠨ ᠳᠤᠤᠷᠠᠬᠢ ᠲᠠᠷᠢᠮᠠᠯ ᠢ᠋ ᠲᠠᠷᠢᠪᠠ; ᠣᠶ ᠱᠢᠭᠤᠶ ᠵᠢᠨ ᠨᠡᠭᠦᠷᠡᠰᠦᠲᠥ᠋ᠷᠥᠭ᠌ᠴᠢ ᠵᠢᠨ ᠬᠤᠷᠠᠮᠳᠤᠭᠤᠯᠭ᠎ᠠ ᠵᠢᠨ ᠲᠥᠷᠥᠯ ᠵᠦᠶ᠋ᠯ ᠤ᠋ᠨ ᠲᠤᠷᠱᠢᠯᠲᠠ ᠵᠢᠨ ᠴᠡᠭ ᠢ᠋ ᠬᠠᠢᠨ᠎ᠰᠦᠪᠡᠭ᠌ᠴᠢᠯᠡᠵᠦ᠍᠂ ᠨᠡᠭᠦᠷᠡᠰᠦᠲᠥ᠋ᠷᠥᠭ᠌ᠴᠢ ᠵᠢᠨ ᠬᠤᠷᠠᠮᠳᠤᠭᠤᠯᠭ᠎ᠠ ᠵᠢᠨ ᠪᠦᠲᠦᠭᠡᠭ᠌ᠳᠡᠬᠦᠨ ᠢ᠋ ᠪᠣᠷᠣᠯᠠᠭᠤᠯᠪᠡ ᠁ ᠥᠪᠥᠷ ᠮᠣᠩᠭᠣᠯ ᠤ᠋ᠨ ᠶᠡᠬᠡ ᠬᠢᠩᠭᠠᠨ ᠳᠠᠪᠠᠭ᠎ᠠ ᠵᠢᠨ ᠤᠯᠤᠰ ᠤ᠋ᠨ ᠥᠮᠴᠢᠯᠡᠯ᠎ᠤᠨ ᠭᠤᠤᠯᠳᠠᠯᠭ᠎ᠠ᠎ᠲᠠᠶ ᠱᠢᠭᠤᠢᠲᠤ ᠣᠷᠣᠨ ᠦᠷᠭᠦᠯᠵᠢᠯᠡᠨ ᠠᠮᠢ ᠠᠬᠤᠶ ᠵᠢᠨ ᠳᠠᠪᠠᠭᠤᠯᠢᠭ ᠵᠢᠡᠨ ᠬᠥᠭ᠌ᠵᠢᠯᠲᠡ ᠵᠢᠨ ᠳᠠᠪᠠᠭᠤᠯᠢᠭ ᠪᠣᠯᠭᠠᠨ ᠬᠤᠪᠢᠷᠠᠭᠤᠯᠵᠤ᠂ ᠣᠶ ᠱᠢᠭᠤᠶ ᠵᠢᠨ ᠠᠮᠢ ᠠᠬᠤᠶ ᠵᠢᠨ ᠥᠷᠲᠡᠭ ᠢ᠋ ᠪᠡᠶᠡᠯᠡᠭᠦᠯᠬᠦ᠌ ᠰᠢᠨ᠎ᠡ ᠵᠠᠮ ᠢ᠋ ᠬᠠᠢᠨ ᠰᠦᠪᠡᠭᠴᠢᠯᠡᠪᠠ᠃

(2025 ᠣᠨ ᠤ᠋ 9 ᠰᠠᠷ᠎ᠠ ᠵᠢᠨ 14 ᠤ᠋ ᠡᠳᠦᠷ ᠤ᠋ᠨ 《ᠠᠷᠠᠳ ᠤ᠋ᠨ ᠡᠳᠦᠷ ᠤ᠋ᠨ ᠰᠣᠨᠢᠨ》 ᠤ᠋ 1 ᠳ᠋ᠤᠭᠡᠷ ᠨᠢᠭᠤᠷ ᠡᠴᠡ ᠰᠢᠯᠵᠢᠬᠦᠯᠦᠨ ᠨᠡᠢᠳᠡᠯᠡᠪᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号