ᠳᠥᠷᠪᠡᠳᠦᠭᠡᠷ ᠬᠤᠭᠤᠴᠠᠭᠠᠨ᠎ᠤ ᠪᠥᠬᠥ᠌ ᠤᠯᠤᠰ᠎ᠤᠨ ᠦᠨᠳᠦᠰᠦᠲᠡᠨ᠎ᠦ ᠥᠰᠥᠭ ᠪᠢᠴᠢᠭ᠎ᠦᠨ ᠡᠷᠲᠠᠨ ᠤ᠋ ᠰᠤᠷᠪᠤᠯᠵᠢ ᠪᠢᠴᠢᠭ᠎ᠦᠨ ᠲᠣᠭᠠᠴᠢᠯᠠᠯᠳᠠ ᠵᠢᠨ ᠪᠣᠯᠪᠠᠰᠤᠷᠠᠯ᠎ᠤᠨ ᠠᠩᠭᠢ ᠬᠥᠬᠡᠬᠣᠲᠠ᠎ᠳᠤ ᠶᠠᠪᠤᠭᠳᠠᠪᠠ
2025-09-19 10:51:49
ᠵᠣᠬᠢᠶᠠᠭ᠍ᠴᠢ᠄
ᠪᠤᠤ ᠢᠤᠢ ᠶᠢᠡᠭ
ᠣᠩᠱᠢᠭ᠍ᠰᠠᠨ ᠣᠳᠠᠭ᠎ᠠ᠄
★★★☆☆

9 ᠰᠠᠷ᠎ᠠ᠎ᠶᠢᠨ 17 ᠡᠴᠡ 19 ᠤ᠋ ᠡᠳᠦᠷ ᠪᠣᠯᠲᠠᠯ᠎ᠠ᠂ ᠤᠯᠤᠰ᠎ᠤᠨ ᠦᠨᠳᠦᠰᠦᠲᠡᠨ᠎ᠦ ᠬᠡᠷᠡᠭ ᠡᠷᠭᠢᠯᠡᠬᠦ᠌ ᠵᠥᠪᠯᠡᠯ᠎ᠦᠨ ᠪᠥᠬᠥ᠌ ᠤᠯᠤᠰ᠎ᠤᠨ ᠴᠥᠭᠡᠨ ᠲᠣᠭᠠᠲᠤ᠌ ᠦᠨᠳᠦᠰᠦᠲᠡᠨ᠎ᠦ ᠡᠷᠲᠠᠨ ᠤ᠋ ᠰᠤᠷᠪᠤᠯᠵᠢ ᠪᠢᠴᠢᠭ᠎ᠢ ᠡᠮᠬᠢᠯᠡᠨ ᠰᠤᠳᠤᠯᠬᠤ ᠲᠠᠰᠤᠭ᠎ᠠᠴᠠ ᠵᠢᠯᠣᠭᠣᠳᠴᠤ᠌᠂ ᠤᠯᠤᠰ᠎ᠤᠨ ᠨᠣᠮ᠎ᠤᠨ ᠰᠠᠩ (ᠤᠯᠤᠰ᠎ᠤᠨ ᠡᠷᠲᠠᠨ ᠤ᠋ ᠰᠤᠷᠪᠤᠯᠵᠢ ᠪᠢᠴᠢᠭ᠎ᠦᠨ ᠬᠠᠮᠠᠭᠠᠯᠠᠯᠲᠠ᠎ᠶᠢᠨ ᠲᠥᠪ)᠎ᠡᠴᠠ ᠭᠤᠤᠯᠯᠠᠨ ᠡᠷᠭᠢᠯᠡᠭᠰᠡᠨ ᠳᠥᠷᠪᠡᠳᠦᠭᠡᠷ ᠬᠤᠭᠤᠴᠠᠭᠠᠨ᠎ᠤ ᠪᠥᠬᠥ᠌ ᠤᠯᠤᠰ᠎ᠤᠨ ᠦᠨᠳᠦᠰᠦᠲᠡᠨ᠎ᠦ ᠥᠰᠥᠭ ᠪᠢᠴᠢᠭ᠎ᠦᠨ ᠡᠷᠲᠠᠨ ᠤ᠋ ᠰᠤᠷᠪᠤᠯᠵᠢ ᠪᠢᠴᠢᠭ᠎ᠦᠨ ᠲᠣᠭᠠᠴᠢᠯᠠᠯᠳᠠ ᠵᠢᠨ ᠪᠣᠯᠪᠠᠰᠤᠷᠠᠯ᠎ᠤᠨ ᠠᠩᠭᠢ ᠬᠥᠬᠡᠬᠣᠲᠠ᠎ᠳᠤ ᠶᠠᠪᠤᠭᠳᠠᠪᠠ᠃ ᠪᠥᠬᠥ᠌ ᠤᠯᠤᠰ᠎ᠤᠨ 18 ᠮᠤᠵᠢ (ᠣᠷᠣᠨ᠂ ᠬᠣᠲᠠ) ᠵᠢᠨ ᠦᠨᠳᠦᠰᠦᠲᠡᠨ᠎ᠦ ᠥᠰᠥᠭ ᠪᠢᠴᠢᠭ᠎ᠦᠨ ᠡᠷᠲᠠᠨ ᠤ᠋ ᠰᠤᠷᠪᠤᠯᠵᠢ ᠪᠢᠴᠢᠭ᠎ᠢ ᠬᠣᠷᠢᠶᠠᠨ ᠬᠠᠳᠠᠭᠠᠯᠠᠬᠤ ᠨᠢᠭᠡᠴᠢ᠂ ᠶᠠᠬᠡ ᠳᠡᠭᠡᠳᠦ ᠰᠤᠷᠭᠠᠭᠤᠯᠢ᠂ ᠰᠢᠨᠵᠢᠯᠡᠬᠦ᠌ ᠤᠬᠠᠭᠠᠨ᠎ᠤ ᠰᠤᠳᠤᠯᠭᠠᠨ᠎ᠤ ᠬᠦᠷᠢᠶᠡᠯᠡᠩ ᠭᠠᠵᠠᠷ ᠵᠢᠴᠢ ᠦᠨᠳᠦᠰᠦᠲᠡᠨ᠎ᠦ ᠬᠡᠷᠡᠭ ᠡᠷᠭᠢᠯᠡᠬᠦ᠌ ᠵᠥᠪᠯᠡᠯ᠎ᠦᠨ ᠰᠢᠰᠲ᠋ᠧᠮ ᠵᠡᠷᠭᠡ ᠵᠢᠨ 120 ᠭᠠᠷᠤᠶ ᠰᠣᠷᠣᠯᠭᠠᠳᠡᠨ ᠪᠣᠯᠪᠠᠰᠤᠷᠠᠯ᠎ᠳᠤ ᠣᠷᠣᠯᠴᠠᠵᠠᠢ᠃

ᠤᠢᠯᠠᠭᠠᠭᠰᠠᠨ᠎ᠢᠶᠡᠷ᠂ ᠲᠣᠰ ᠤᠳᠠᠭ᠎ᠠ ᠵᠢᠨ ᠪᠣᠯᠪᠠᠰᠤᠷᠠᠯ᠎ᠳᠤ ᠪᠥᠬᠥ᠌ ᠤᠯᠤᠰ᠎ᠤᠨ ᠴᠥᠭᠡᠨ ᠲᠣᠭᠠᠲᠤ᠌ ᠦᠨᠳᠦᠰᠦᠲᠡᠨ᠎ᠦ ᠡᠷᠲᠠᠨ ᠤ᠋ ᠰᠤᠷᠪᠤᠯᠵᠢ ᠪᠢᠴᠢᠭ᠎ᠢ ᠡᠮᠬᠢᠯᠡᠨ ᠰᠤᠳᠤᠯᠬᠤ ᠲᠠᠰᠤᠭ᠂ ᠤᠯᠤᠰ᠎ᠤᠨ ᠨᠣᠮ᠎ᠤᠨ ᠰᠠᠩ᠂ ᠥᠪᠥᠷ ᠮᠣᠩᠭᠣᠯ᠎ᠤᠨ ᠶᠡᠬᠡ ᠰᠤᠷᠭᠠᠭᠤᠯᠢ ᠵᠡᠷᠭᠡ ᠨᠢᠭᠡᠴᠢ᠎ᠶᠢᠨ 10 ᠲᠤᠰᠬᠠᠶ ᠮᠡᠷᠭᠡᠵᠢᠯᠲᠡᠨ ᠡᠷᠳᠡᠮᠲᠡᠨ ᠢ᠋ ᠤᠷᠢᠵᠤ᠂ ᠡᠷᠲᠠᠨ ᠤ᠋ ᠰᠤᠷᠪᠤᠯᠵᠢ ᠪᠢᠴᠢᠭ᠎ᠢ ᠲᠣᠭᠠᠴᠢᠯᠠᠬᠤ ᠬᠠᠮᠢᠶ᠎ᠠ ᠪᠦᠬᠦᠢ ᠭᠤᠤᠯ ᠰᠡᠳᠦᠪ᠎ᠦᠨ ᠲᠣᠭᠣᠷᠢᠨ᠎ᠳᠤ᠂ 《ᠡᠷᠲᠠᠨ ᠤ᠋ ᠰᠤᠷᠪᠤᠯᠵᠢ ᠪᠢᠴᠢᠭ᠎ᠢ ᠠᠭᠤᠳᠠᠯᠬᠤ ᠥᠷᠲᠡᠭ᠂ AI ᠮᠡᠷᠭᠡᠵᠢᠯ ᠵᠢᠡᠷ ᠬᠦᠴᠦᠨ ᠨᠡᠮᠡᠷᠢᠯᠡᠬᠦ》᠂ 《ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ᠌ ᠴᠣᠭᠴᠠᠯᠠᠬᠤ ᠭᠣᠣᠯ ᠰᠢᠵᠢᠮ᠎ᠦᠨ ᠲᠣᠭᠣᠷᠢᠨ᠎ᠳᠤ ᠰᠢᠨ᠎ᠡ ᠴᠠᠭ ᠦᠶ᠎ᠡ᠎ᠶᠢᠨ ᠴᠥᠭᠡᠨ ᠲᠣᠭᠠᠲᠤ᠌ ᠦᠨᠳᠦᠰᠦᠲᠡᠨ᠎ᠦ ᠡᠷᠲᠠᠨ ᠤ᠋ ᠰᠤᠷᠪᠤᠯᠵᠢ ᠪᠢᠴᠢᠭ ᠤ᠋ᠨ ᠠᠵᠢᠯ᠎ᠢ ᠬᠡᠷᠬᠢᠨ ᠰᠠᠶ᠋ᠢᠲᠤᠷ ᠬᠢᠬᠦ᠌ ᠲᠤᠬᠠᠢ》᠂ 《〈ᠳᠤᠮᠳᠠᠳᠤ᠎ᠶᠢᠨ ᠡᠷᠲᠠᠨ ᠤ᠋ ᠰᠤᠷᠪᠤᠯᠵᠢ ᠪᠢᠴᠢᠭ᠎ᠢ ᠬᠠᠮᠠᠭᠠᠯᠠᠬᠤ ᠲᠥᠯᠥᠪᠯᠡᠭᠡ〉 ᠬᠢᠭᠡᠳ ᠦᠨᠳᠦᠰᠦᠲᠡᠨ᠎ᠦ ᠦᠰᠦᠭ ᠪᠢᠴᠢᠭ᠎ᠦᠨ ᠡᠷᠲᠠᠨ ᠤ᠋ ᠰᠤᠷᠪᠤᠯᠵᠢ ᠪᠢᠴᠢᠭ᠎ᠢ ᠬᠠᠮᠠᠭᠠᠯᠠᠬᠤ ᠠᠵᠢᠯ》᠂ 《ᠦᠨᠳᠦᠰᠦᠲᠡᠨ᠎ᠦ ᠦᠰᠦᠭ ᠪᠢᠴᠢᠭ᠎ᠦᠨ ᠡᠷᠲᠡᠨ᠎ᠦ ᠰᠤᠷᠪᠤᠯᠵᠢ ᠪᠢᠴᠢᠭ᠎ᠢ ᠲᠣᠭᠠᠴᠢᠯᠠᠨ ᠡᠮᠬᠢᠯᠡᠬᠦ᠌ ᠪᠠ ᠳᠡᠯᠭᠡᠷᠡᠭᠦᠯᠦᠨ ᠬᠡᠷᠡᠭᠯᠡᠬᠦ᠌ ᠠᠷᠭ᠎ᠠ ᠪᠤᠳᠤᠯᠭ᠎ᠠ》᠂ 《ᠮᠣᠩᠭᠣᠯ ᠬᠡᠯᠡᠨ᠎ᠦ ᠡᠷᠲᠠᠨ ᠤ᠋ ᠰᠤᠷᠪᠤᠯᠵᠢ ᠪᠢᠴᠢᠭ᠎ᠢ ᠲᠣᠭᠠᠴᠢᠯᠠᠬᠤ ᠬᠠᠮᠢᠶ᠎ᠠ ᠪᠦᠬᠦᠢ ᠰᠤᠳᠤᠯᠭᠠᠨ᠎ᠤ ᠠᠬᠢᠴᠠ》 ᠵᠡᠷᠭᠡ ᠰᠡᠳᠦᠪ ᠵᠢᠡᠷ᠂ ᠡᠷᠲᠡᠨ᠎ᠦ ᠰᠤᠷᠪᠤᠯᠵᠢ ᠪᠢᠴᠢᠭ ᠤ᠋ᠨ ᠲᠣᠭᠠᠴᠢᠯᠠᠯᠳᠠ ᠵᠢᠨ ᠬᠠᠮᠢᠶ᠎ᠠ ᠪᠦᠬᠦᠢ ᠲᠥᠷᠥ᠎ᠶᠢᠨ ᠪᠣᠳᠣᠯᠭ᠎ᠠ ᠪᠠ ᠲᠤᠰᠬᠠᠶ ᠮᠡᠷᠭᠡᠵᠢᠯ᠎ᠦᠨ ᠮᠡᠳᠡᠯᠭᠡ᠎ᠶᠢ ᠰᠢᠰᠲ᠋ᠧᠮ᠎ᠲᠡᠶ ᠵᠢᠭᠠᠪᠠ᠃

ᠲᠤᠰ ᠤᠳᠠᠭ᠎ᠠ᠎ᠶᠢᠨ ᠪᠣᠯᠪᠠᠰᠤᠷᠠᠯ ᠪᠣᠯ ᠨᠠᠮ᠎ᠤᠨ ᠲᠥᠪ ᠬᠣᠷᠢᠶ᠎ᠠ ᠵᠢᠨ ᠠᠯᠪᠠᠨ ᠲᠢᠩᠬᠢᠮ᠂ ᠲᠦᠷᠦ᠎ᠶᠢᠨ ᠶᠠᠪᠤᠳᠠᠯ᠎ᠤᠨ ᠬᠣᠷᠢᠶ᠎ᠠ ᠵᠢᠨ ᠠᠯᠪᠠᠨ ᠲᠢᠩᠬᠢᠮ᠎ᠦᠨ 《ᠰᠢᠨ᠎ᠡ ᠴᠠᠭ ᠦᠶ᠎ᠡ᠎ᠶᠢᠨ ᠡᠷᠲᠠᠨ ᠤ᠋ ᠰᠤᠷᠪᠤᠯᠵᠢ ᠪᠢᠴᠢᠭ᠎ᠦᠨ ᠠᠵᠢᠯ᠎ᠢ ᠠᠬᠢᠭᠤᠯᠬᠤ ᠲᠤᠬᠠᠢ ᠰᠠᠨᠠᠯ 》 ᠳ᠋ᠡᠬᠢ 《ᠡᠷᠲᠠᠨ ᠤ᠋ ᠰᠤᠷᠪᠤᠯᠵᠢ ᠪᠢᠴᠢᠭ᠎ᠦᠨ ᠡᠬᠢ ᠪᠠᠶᠠᠯᠢᠭ᠎ᠢ ᠣᠨᠳᠣᠣᠰᠢᠭᠤᠯᠤᠨ ᠠᠰᠢᠭᠯᠠᠬᠤ᠎ᠶᠢ ᠲᠦᠷᠭᠡᠳᠬᠡᠬᠦ᠌》 ᠱᠠᠭᠠᠷᠳᠠᠯᠭ᠎ᠠ᠎ᠶᠢ ᠭᠦᠨᠵᠡᠭᠡᠢ ᠲᠤᠭᠤᠰᠢᠯᠠᠭᠤᠯᠤᠨ ᠨᠠᠶ᠋ᠢᠳᠠᠪᠤᠷᠢᠵᠢᠭᠤᠯᠬᠤ ᠪᠣᠳᠠᠲᠠᠢ ᠦᠢᠯᠡᠳᠦᠯᠭᠡ ᠪᠣᠯᠤᠨ᠎ᠠ᠃ ᠲᠡᠭᠦᠨ᠎ᠦ ᠭᠣᠣᠯ ᠬᠠᠷᠠᠯᠲᠠ ᠨᠢ ᠪᠦᠬᠦ᠌ ᠤᠯᠤᠰ᠎ᠤᠨ ᠦᠨᠳᠦᠰᠦᠲᠡᠨ᠎ᠦ ᠦᠰᠦᠭ ᠪᠢᠴᠢᠭ᠎ᠦᠨ ᠡᠷᠲᠠᠨ ᠤ᠋ ᠰᠤᠷᠪᠤᠯᠵᠢ ᠪᠢᠴᠢᠭ᠎ᠢ ᠠᠪᠤᠷᠠᠨ ᠬᠠᠮᠠᠭᠠᠯᠠᠬᠤ ᠪᠠ ᠲᠣᠭᠠᠴᠢᠯᠠᠠ ᠠᠰᠢᠭᠯᠠᠬᠤ᠎ᠶᠢ ᠨᠢᠭᠡᠳᠦᠯᠲᠡᠢ ᠲᠥᠯᠥᠪᠵᠢᠭᠦᠯᠵᠦ᠍᠂ ᠬᠠᠮᠢᠶ᠎ᠠ ᠪᠦᠬᠦᠢ ᠠᠵᠢᠯᠳᠠᠨ᠎ᠤ ᠲᠣᠭᠠᠴᠢᠯᠠᠯᠳᠠ ᠵᠢᠨ ᠲᠤᠰᠬᠠᠢ ᠮᠡᠷᠭᠡᠵᠢᠯ᠎ᠦᠨ ᠴᠢᠳᠠᠪᠤᠷᠢ᠎ᠶᠢ ᠳᠡᠭᠡᠭᠰᠢᠯᠡᠭᠦᠯᠬᠦ᠌᠎ᠪᠡᠷ ᠳᠠᠮᠵᠢᠨ ᠡᠷᠲᠠᠨ ᠤ᠋ ᠰᠤᠷᠪᠤᠯᠵᠢ ᠪᠢᠴᠢᠭ᠎ᠢ ᠬᠠᠮᠠᠭᠠᠯᠠᠬᠤ ᠪᠠ ᠠᠮᠢᠳᠤᠯᠢᠭ ᠠᠰᠢᠭᠯᠠᠬᠤ ᠲᠦᠪᠰᠢᠨ᠎ᠢ ᠳᠡᠭᠡᠭᠰᠢᠯᠡᠬᠦᠯᠵᠦ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠤᠯᠠᠮ ᠪᠠᠲᠤ᠌ ᠴᠤᠭᠴᠠᠯᠠᠵᠤ᠂ ᠦᠨᠳᠦᠰᠦᠲᠡᠨ᠎ᠦ ᠰᠣᠶᠣᠯ᠎ᠤᠨ ᠬᠥᠭᠵᠢᠯ ᠴᠡᠴᠡᠭᠯᠡᠯ᠎ᠢ ᠠᠬᠢᠭᠤᠯᠬᠤ᠂ ᠡᠯ᠎ᠡ ᠦᠨᠳᠦᠰᠦᠲᠡᠨ᠎ᠦ ᠪᠦᠯᠬᠦᠮᠳᠡᠯ ᠳᠠᠪᠰᠢᠯᠳᠠ᠎ᠶᠢ ᠠᠬᠢᠭᠤᠯᠬᠤ᠎ᠳᠤ ᠪᠠᠲᠤ᠌ ᠪᠡᠬᠢ ᠲᠤᠯᠭᠠᠭᠤᠷᠢᠯᠠᠯ ᠬᠠᠩᠭᠠᠬᠤ ᠶᠠᠪᠤᠳᠠᠯ ᠪᠣᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号